ᠵᠥᠪᠭᠡᠨ ᠠᠷᠢᠭᠢ ᠯᠡ ᠁
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ                  ᠵᠥᠪᠭᠡᠨ ᠠᠷᠢᠭᠢ ᠯᠡ ᠪᠠᠶᠢᠪᠠᠯ ᠠᠯᠢᠪᠠ ᠪᠠᠶᠢᠨ᠎ᠠ      ᠲᠡᠶᠢᠮᠥ ᠡ︕ ᠠᠯᠢᠪᠠ ᠪᠠᠶᠢᠨ᠎ᠠ      ᠵᠥᠪᠭᠡᠨ ᠠᠷᠢᠭᠢ ᠯᠡ ᠪᠢᠳᠠᠨ ᠢ ᠪᠥᠷᠢᠮᠥᠰᠥᠨ      ︽  ᠬᠠᠭᠠᠴᠢᠯᠠᠵᠤ︾ ᠲᠥᠩᠭᠡᠨ᠎ᠡ      ᠮᠢᠨᠤ ᠲᠠᠩᠰᠤᠭ ᠪᠤᠶᠠᠨᠰᠠᠭ ᠴᠥᠭᠡᠭᠡᠨ ᠭᠡᠳᠥᠨ ᠮᠤᠩᠭᠤᠯ ᠮᠢᠨᠢ      ︽ᠰᠢᠩᠭᠡᠨ ᠭᠠᠯ︾ ᠢᠶᠠᠷ ᠲᠤᠯᠤᠭᠠᠢ ᠪᠠᠨ ᠤᠰᠤᠯᠠᠭᠰᠠᠨ      ᠰᠠᠳᠤᠨ ᠨᠤᠭᠤᠳ ᠮᠢᠨᠢ      ᠠᠯᠳᠠᠭ᠎ᠠ᠂ ᠤᠨᠤᠭ᠎ᠠ᠂ ᠭᠡᠶᠢᠷᠭᠡᠯ᠂ ᠲᠠᠶᠢᠳᠬᠤᠷᠠᠯ᠂ ᠪᠠᠶᠠᠷ ᠲᠠᠯᠠᠷᠬᠠᠯ      ᠠᠷᠪᠠᠨ ᠥᠩᠭᠡ ᠲᠠᠪᠤᠨ ᠲᠠᠯ᠎ᠠ ᠪᠠᠨ      ᠵᠥᠪᠭᠡᠨ ᠠᠷᠢᠭᠢᠨ ᠳᠤ ᠯᠡ ᠨᠠᠶᠢᠳᠠᠴᠢᠬ᠎ᠠ︕      ᠪᠠᠭᠠᠳᠤᠷ ᠤᠳ ᠮᠢᠨᠢ      ᠰᠢᠭᠢᠷ ᠲᠡᠭᠡᠷ᠎ᠡ ᠰᠠᠭᠤᠭᠰᠠᠨ ᠢᠯᠠᠭ᠎ᠠ ᠮᠡᠳᠤ ᠯᠤᠩᠬᠤᠨ ᠤ      ᠠᠮᠠᠰᠠᠷ ᠲᠡᠭᠡᠷ᠎ᠡ ᠪᠥᠭᠡᠮᠨᠡᠷᠡᠵᠥ ᠰᠠᠭᠤᠭᠠᠳ ᠯᠡ      ᠶᠤᠰᠤᠲᠠᠢ ᠨᠢᠭᠡ ᠤᠤᠭᠤᠳᠠᠭ ᠰᠢᠭ᠋ ᠢᠶᠠᠨ ᠤᠤᠭᠤᠵᠤ ᠨᠠᠷᠭᠢᠳᠠᠭ ᠰᠢᠭ᠋ ᠢᠶᠠᠨ ᠨᠠᠷᠭᠢ︕      ᠠᠵᠢᠯ ᠶᠠᠪᠤᠳᠠᠯ ᠢᠶᠠᠨ᠂ ᠠᠮᠢᠵᠢᠷᠭᠠᠨ ᠤ ᠲᠥᠪᠰᠢᠨ ᠢᠶᠠᠨ      ᠠᠯᠳᠠᠷ ᠨᠠᠷ᠎ᠡ ᠪᠠᠨ᠂ ᠠᠭᠠᠭ ᠤᠮᠤᠭ ᠢᠶᠠᠨ      ᠠᠷᠪᠠᠳᠤ᠂ ᠲᠠᠪᠢᠳᠤ᠂ ᠵᠠᠭᠤᠳᠤ ᠶᠢᠨ ᠴᠠᠭᠠᠰᠤ ᠪᠠᠨ      ᠠᠷᠪᠠᠭᠤᠯᠠ ᠲᠠᠪᠤᠭᠤᠯᠠ ᠨᠡᠶᠢᠯᠡᠭᠡᠳ ᠤᠤᠭᠤᠵᠤ ᠤᠷᠭᠢ︕      ᠭᠠᠩᠳᠠᠨ ᠪᠠᠭᠤᠷᠠᠰᠢ ᠥᠭᠡᠢ ᠨᠠᠶᠢᠵᠠ ᠨᠤᠭᠤᠳ ᠮᠢᠨᠢ      ᠤᠤᠭᠤᠵᠤ ᠴᠢᠳᠠᠳᠠᠭ ᠨᠢ ᠤᠬᠠᠭᠠᠨ ᠢᠶᠠᠨ ᠵᠠᠯᠭᠢᠯᠠᠵᠤ      ᠤᠤᠭᠤᠵᠤ ᠴᠢᠳᠠᠬᠤ ᠪᠠᠨ ᠪᠤᠯᠢᠭᠰᠠᠨ ᠨᠢ      ᠨᠢᠳᠤ ᠪᠠᠷ ᠢᠶᠠᠨ ᠵᠠᠯᠭᠢᠯᠠᠵᠤ      ᠠᠶᠤᠵᠤ ᠢᠴᠢᠭᠦ᠂ ᠥᠵᠡᠨ ᠶᠠᠳᠠᠬᠤ᠂ ᠰᠢᠷᠠᠳᠠᠬᠤ ᠰᠢᠨᠠᠯᠬᠤ ᠪᠠᠨ      ᠠᠭᠢᠭᠠᠳ ᠯᠠ ᠢᠷᠡᠭᠦ ᠰᠠᠷ᠎ᠠ ᠰᠢᠨ᠎ᠡ ᠶᠢᠨ ᠡᠳᠤᠷ ᠤᠳ ᠢᠶᠠᠨ ᠴᠦ      ᠠᠷᠢᠭᠢᠨ ᠳᠤ ᠨᠤᠨᠳᠠᠭᠯᠠᠵᠤ ᠵᠠᠭᠤᠷᠠᠭᠠᠳ ᠭᠤᠳᠤᠷᠠᠵᠤ ᠤᠷᠭᠢ︕      ᠤᠶᠢᠳᠬᠠᠷ ᠪᠤᠭᠢᠨᠢᠳᠤᠯ᠂ ᠭᠠᠭᠴᠠᠭᠠᠷᠳᠠᠯ᠂ ᠭᠠᠩᠰᠠᠷᠠᠯ᠂ ᠴᠥᠭᠦᠷᠡᠯ      ᠥᠩᠭᠡᠷᠡᠭᠰᠡᠨ᠂ ᠤᠳᠤ᠂ ᠢᠷᠡᠭᠡᠳᠤᠢ ᠶᠢᠨ      ᠡᠭᠡᠳᠡᠷᠭᠡᠨᠳᠥ ᠤᠴᠢᠷ ᠢᠶᠠᠨ ᠮᠠᠷᠳᠠᠬᠤ ᠶᠢᠨ ᠲᠥᠯᠥᠭᠡ      ᠡᠮᠥᠨᠡᠭᠢ ᠬᠤᠨᠳᠠᠭ᠎ᠠ ᠲᠠᠢ ᠠᠷᠢᠭᠢ ᠪᠠᠨ ᠲᠠᠲᠠᠴᠢᠬ᠎ᠠ︕      ᠵᠥᠪᠭᠡᠨ ᠠᠷᠢᠭᠢ ᠯᠠ ᠲᠡᠭᠦᠨ ᠢ ᠮᠠᠷᠳᠠᠭᠤᠯᠵᠤ ᠴᠢᠳᠠᠨ᠎ᠠ      ᠲᠤᠰᠢᠶ᠎ᠠ ᠲᠠᠢ ᠲᠡᠮᠡᠭᠡ ᠴᠥᠮᠴᠢᠷᠡᠭᠦ ᠮᠡᠳᠤ ᠪᠤᠭᠤᠷᠤᠯ ᠡᠮᠧ      ᠲᠥᠯᠡᠭᠡᠨ ᠳᠤ ᠶᠠᠪᠤᠭᠠᠳ ᠡᠷᠭᠢᠵᠥ ᠢᠷᠡᠭᠡ ᠥᠭᠡᠢ ᠶᠢ ᠮᠠᠷᠳᠠᠵᠤ      ᠲᠤᠷᠭᠢᠯᠳᠤᠬᠤ ᠠᠳᠤᠭᠤᠳ ᠤᠨ ᠪᠥᠯᠢᠶᠡᠨ ᠠᠨᠢᠷ      ᠲᠥᠮᠡᠨ ᠪᠠᠷ᠎ᠠ ᠶᠢᠨ ᠴᠠᠭᠠᠨ᠎ᠠ ᠵᠠᠮᠬᠠᠷᠠᠵᠤ ᠶᠠᠪᠤᠭ᠎ᠠ ᠶᠢ ᠮᠠᠷᠳᠠᠵᠤ      ᠲᠤᠷᠠᠯᠠᠭᠰᠠᠨ ᠭᠡᠥᠭᠡᠨ ᠤ ᠲᠠᠯᠮᠢᠶᠠᠷᠠᠭᠰᠠᠨ ᠨᠢᠳᠥ ᠮᠡᠳᠤ ᠮᠡᠯᠮᠡᠷᠡᠭᠦ      ᠲᠤᠮᠳᠠᠭᠤᠷ ᠲᠠᠪᠢᠯᠠᠩ ᠮᠡᠳᠤ ᠬᠤᠨᠳᠠᠭ᠎ᠠ ᠲᠠᠢ ᠠᠷᠢᠭᠢ ᠪᠠᠨ ᠭᠥᠨᠳᠡᠷᠴᠢᠭᠡ︕ ᠲᠠᠨᠠᠷ ᠮᠢᠨᠢ      ᠵᠥᠪᠭᠡᠨ ᠠᠷᠢᠭᠢ ᠯᠠ ᠲᠡᠭᠦᠨ ᠢ ᠮᠠᠷᠳᠠᠭᠤᠯᠵᠤ ᠴᠢᠳᠠᠨ᠎ᠠ      ᠪᠤᠰᠤᠳ ᠠᠴᠠ ᠪᠢᠳᠠ ᠶᠠᠭᠤ ᠪᠠᠷ ᠢᠶᠠᠨ ᠲᠤᠳᠠᠭᠤ ᠪᠠᠶᠢᠬᠤ ᠪᠠᠨ      ᠪᠤᠰᠤᠳ ᠠᠴᠠ ᠪᠢᠳᠠ ᠶᠠᠭᠤ ᠪᠠᠷ ᠢᠶᠠᠨ ᠢᠯᠡᠭᠦᠥ ᠪᠠᠶᠢᠬᠤ ᠪᠠᠨ ᠬᠤᠯᠠ ᠮᠠᠷᠳᠠᠵᠤ      ᠬᠠᠮᠤᠭ ᠤᠨ ᠴᠤᠭᠯᠢᠭ ᠶᠠᠳᠠᠭᠤᠷᠠᠯ ᠢᠶᠠᠨ ᠮᠠᠷᠳᠠᠵᠤ      ᠬᠠᠮᠤᠭ ᠤᠨ   ᠭᠡᠶᠢᠮᠤᠷᠢᠯᠢᠭ ᠴᠠᠭᠠᠴᠢᠯᠠᠯ ᠢᠶᠠᠨ ᠮᠠᠷᠳᠠᠵᠤ      ᠡᠷᠡᠭᠦᠯ ᠰᠠᠷᠠᠭᠤᠯ ᠳᠠᠭᠠᠨ ᠵᠢᠷᠥᠭᠡᠯᠡᠵᠥ ᠭᠡᠯᠡᠵᠥ ᠴᠢᠳᠠᠭ᠎ᠠ ᠥᠭᠡᠢ      ᠬᠤᠪᠳᠤᠯ ᠳᠤ ᠲᠤᠨᠤᠭᠰᠠᠨ ᠵᠢᠩ ᠲᠠᠢ ᠵᠥᠩ ᠲᠠᠢ ᠥᠭᠡ ᠪᠠᠨ      ᠬᠤᠨᠳᠠᠭ᠎ᠠ ᠬᠤᠨᠳᠠᠭ᠎ᠠ ᠠᠷᠢᠭᠢ ᠪᠠᠷ ᠥᠷᠭᠦᠭᠡᠨ ᠪᠤᠰᠬᠠᠵᠤ      ᠤᠳᠤ ᠡᠨᠡ ᠯᠠ ᠰᠢᠷᠡᠭᠡᠨ ᠲᠡᠭᠡᠷ᠎ᠡ ᠴᠢᠳᠬᠤᠭᠠᠳ ᠠᠯᠢ︕      ᠡᠭᠡ ᠤᠷᠤᠨ ᠮᠢᠨᠢ ᠬᠠᠳᠠᠭᠰᠠᠨ ᠲᠤᠷᠤᠰᠬ᠎ᠠ ᠮᠡᠳᠤ ᠠᠳᠤᠷᠢᠵᠤ      ᠡᠭᠡᠰᠢᠭ ᠭᠡᠶᠢᠭᠦᠯᠥᠭᠴᠢ ᠮᠢᠨᠢ ᠬᠠᠭᠤᠴᠢᠷᠡᠠᠭᠰᠠᠨ ᠲᠠᠸᠠᠷ ᠮᠡᠳᠤ      ᠭᠢᠮᠳᠠᠷᠠᠵᠤ ᠶᠠᠪᠤᠭ᠎ᠠ ᠶᠢ ᠪᠥᠷ ᠮᠠᠷᠳᠠᠵᠤ      ᠢᠩᠭᠡᠨ ᠰᠥ ᠲᠡᠪᠡᠷᠡᠳᠡᠭ ᠰᠢᠷᠡᠮᠥᠨ ᠲᠤᠭᠤᠭ᠎ᠠ ᠵᠢᠪᠡᠷᠡᠭᠰᠡᠨ ᠢ      ᠡᠵᠢ ᠶᠢᠨ ᠮᠢᠨᠢ ᠰᠠᠨᠠᠭ᠎ᠠ ᠠᠯᠳᠠᠯᠳᠠ ᠭᠥᠢᠳᠡᠨ ᠤᠷᠤᠰᠬᠠᠯ ᠪᠤᠯᠵᠤ ᠬᠤᠪᠢᠯᠤᠭᠰᠠᠨ ᠢ      ᠡᠳᠥᠭᠡ ᠪᠢᠳᠠ ᠭᠤᠶᠤ ᠮᠠᠷᠳᠠᠵᠤ ᠭᠤᠶᠤ ᠰᠤᠭᠳᠤᠵᠠᠭᠠᠶ᠎ᠠ︕      ᠵᠥᠪᠭᠡᠨ ᠠᠷᠢᠭᠢ ᠯᠠ ᠲᠡᠭᠦᠨ ᠢ ᠠᠪᠤᠷᠠᠵᠤ ᠴᠢᠳᠠᠨ᠎ᠠ ᠭᠡᠵᠥ      ᠮᠥᠭᠦᠯ ᠤᠨ ᠷᠠᠳᠢᠣ᠋ ᠶᠠᠷᠢᠵᠤ ᠪᠠᠶᠢᠨ᠎ᠠ      ᠵᠥᠪᠭᠡᠨ ᠠᠷᠢᠭᠢ ᠯᠠ ᠁ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号