ᠲᠤᠨᠤᠮᠠᠯ ᠪᠤᠳᠤᠷᠤᠯ ᠭᠡᠮᠡᠭᠦ ᠤᠶᠠᠩᠭ᠎ᠠ ᠶᠢᠨ ᠨᠠᠢᠮᠠᠨ ᠮᠥᠷᠳᠥ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ                    ᠭᠥᠰᠡᠷ ᠤᠨ ᠴᠢᠯᠠᠭᠤ ᠭᠡᠳᠡᠭ ᠴᠠᠷᠴᠠᠭᠰᠠᠨ ᠴᠡᠴᠡᠭ ᠶᠤᠮ      ᠭᠥᠯᠥᠭ ᠤᠨ ᠥᠥᠷᠰᠡᠯ ᠭᠡᠳᠡᠭ ᠴᠠᠩᠳᠤᠭᠰᠠᠨ ᠠᠶᠤᠩᠭ᠎ᠠ ᠶᠤᠮ      ᠭᠥᠭᠡᠮᠡᠢ ᠶᠢᠨ ᠡᠭᠡᠰᠢᠭ ᠭᠡᠳᠡᠭ ᠴᠢᠯᠠᠭᠤᠵᠢᠭᠰᠠᠨ ᠠᠪᠢᠶ᠎ᠠ ᠶᠤᠮ      ᠭᠥᠵᠢ ᠶᠢᠨ ᠭᠠᠯ ᠭᠡᠳᠡᠭ ᠠᠩᠭᠢᠯᠤᠭᠰᠠᠨ ᠰᠥᠵᠢᠭ ᠶᠤᠮ      ᠭᠥᠭᠦᠭᠡ ᠶᠢᠨ ᠲᠠᠭᠤᠨ ᠭᠡᠳᠡᠭ ᠥᠷᠭᠦᠭᠰᠡᠨ ᠠᠶᠠᠯᠭᠤ ᠶᠤᠮ      ᠭᠥᠪᠴᠢ ᠶᠢᠨ ᠰᠠᠯᠭᠢᠨ ᠭᠡᠳᠡᠭ ᠴᠢᠪᠴᠠᠷᠠᠭᠰᠠᠨ ᠲᠠᠷᠨᠢ ᠶᠤᠮ      ᠭᠥᠭᠡ ᠮᠤᠩᠭᠤᠯ ᠭᠡᠳᠡᠭ ᠲᠤᠨᠤᠷᠠᠭᠰᠠᠨ ᠪᠠᠶᠢᠭᠠᠯᠢ ᠶᠤᠮ᠃            ᠴᠠᠭᠠᠨ ᠴᠠᠰᠤ ᠬᠠᠶᠢᠯᠪᠠᠯ ᠬᠠᠷ᠎ᠠ ᠤᠰᠤ ᠪᠤᠯᠳᠠᠭ      ᠴᠠᠶᠢᠯᠭᠠᠨ ᠰᠡᠳᠭᠢᠯ ᠭᠭᠢᠷᠳᠥᠪᠡᠯ ᠬᠠᠷ᠎ᠠ ᠨᠢᠭᠦᠯ ᠪᠤᠯᠳᠠᠭ      ᠴᠠᠷᠴᠠ ᠶᠢᠨ ᠰᠥᠷᠥᠭ ᠬᠠᠷᠠᠩᠭᠤᠶᠢᠯᠠᠪᠠᠯ ᠲᠡᠭᠷᠢ ᠶᠢᠨ ᠵᠤᠳ ᠪᠤᠯᠳᠠᠭ      ᠴᠠᠮᠴᠠᠨ ᠤ ᠲᠤᠪᠴᠢ ᠮᠥᠯᠳᠥᠷᠡᠪᠡᠯ ᠵᠢᠪᠠᠷ ᠤᠨ ᠥᠵᠥᠭᠦᠷ ᠰᠢᠷᠭᠤᠳᠠᠭ      ᠴᠠᠭᠠᠴᠢ ᠶᠢᠨ ᠲᠤᠭ᠎ᠠ ᠠᠷᠪᠢᠳᠪᠠᠯ ᠤᠤᠭᠠᠯ ᠨᠤᠳᠤᠭ ᠰᠡᠭᠯᠡᠷᠡᠳᠡᠭ      ᠴᠠᠭ ᠤᠨ ᠭᠥᠷᠳᠥ ᠬᠠᠭᠰᠠᠪᠠᠯ ᠴᠥᠪ ᠤᠨ ᠰᠡᠭᠦᠳᠡᠷ ᠲᠤᠰᠳᠠᠭ      ᠴᠠᠭᠠᠵᠠ ᠶᠢᠨ ᠬᠠᠳᠠᠭᠤ ᠭᠡᠳᠥᠷᠡᠪᠡᠯ ᠲᠥᠷᠥ ᠶᠢᠨ ᠰᠥᠨᠥᠯ ᠲᠥᠭᠦᠳᠡᠭ      ᠴᠢᠨᠠᠳᠤ ᠶᠢᠨ ᠶᠢᠷᠳᠢᠨᠴᠤ ᠬᠠᠵᠠᠶᠢᠪᠠᠯ ᠭᠥᠮᠥᠨ ᠤ ᠮᠥᠭᠦᠯ ᠢᠷᠡᠳᠡᠭ᠃            ᠨᠢᠭᠡᠨ ᠲᠡᠭᠷᠢ ᠠᠴᠠ ᠬᠤᠶᠠᠷ ᠶᠠᠩᠵᠤ ᠶᠢᠨ ᠪᠤᠷᠤᠭᠠᠨ‌‍ᠱᠠᠭᠢᠮᠤᠢ      ᠨᠢᠭᠡ ᠨᠢ ᠰᠡᠳᠭᠢᠯ ᠤᠨ᠂ ᠨᠥᠭᠦᠭᠡ ᠨᠢ ᠮᠥᠩᠭᠦᠨ ᠤ ᠪᠤᠷᠤᠭᠠᠨ ᠠᠵᠤᠭᠤ      ᠨᠢᠭᠡᠨ ᠴᠡᠴᠡᠭ ᠠᠴᠠ ᠬᠤᠶᠠᠷ ᠶᠠᠩᠵᠤ ᠶᠢᠨ ᠲᠡᠯᠪᠡᠭᠡ ᠤᠷᠭᠤᠮᠤᠢ      ᠨᠢᠭᠡ ᠨᠢ ᠶᠠᠭᠠᠨ᠂ ᠨᠥᠭᠦᠭᠡ ᠨᠢ ᠴᠠᠭᠠᠨ ᠥᠩᠭᠡ ᠶᠢᠨ ᠠᠵᠤᠭᠤ      ᠨᠢᠭᠡᠨ ᠭᠡᠭᠦᠨ ᠠᠴᠠ ᠬᠤᠶᠠᠷ ᠶᠠᠩᠵᠤ ᠶᠢᠨ ᠤᠨᠠᠭ᠎ᠠ ᠭᠠᠷᠤᠮᠤᠢ      ᠨᠢᠭᠡ ᠨᠢ ᠬᠤᠷᠳᠤᠨ ᠤ ᠨᠥᠭᠦᠭᠡ ᠨᠢ ᠬᠤᠨᠢᠨ ᠤ ᠮᠤᠷᠢ ᠠᠵᠤᠭᠤ      ᠨᠢᠭᠡᠨ ᠶᠢᠷᠳᠢᠨᠴᠤ ᠠᠴᠠ ᠬᠤᠶᠠᠷ ᠶᠠᠩᠵᠤ ᠶᠢᠨ ᠭᠥᠮᠥᠨ ᠲᠥᠷᠥᠮᠥᠢ      ᠨᠢᠭᠡ ᠨᠢ ᠪᠤᠷᠬᠠᠨ ᠤ᠂ ᠨᠥᠭᠦᠭᠡ ᠨᠢ ᠪᠤᠭ ᠤᠨ ᠲᠥᠷᠥᠯᠭᠡ ᠠᠵᠤᠭᠤ᠃            ᠨᠠᠳᠠᠳᠤ ᠢᠯᠡᠭᠦᠳᠡᠭᠰᠡᠨ ᠶᠠᠭᠤᠮ᠎ᠠ ᠴᠢᠮᠠᠳᠤ ᠲᠤᠳᠠᠵᠤ ᠪᠠᠶᠢᠳᠠᠭ      ᠴᠢᠮᠠᠳᠤ ᠲᠤᠳᠠᠭᠰᠠᠨ ᠶᠠᠭᠤᠮ᠎ᠠ ᠨᠠᠳᠠᠳᠤ ᠢᠯᠡᠭᠦᠳᠡᠵᠥ ᠪᠠᠶᠢᠳᠠᠭ      ᠮᠢᠨᠤ ᠥᠵᠡᠨ ᠶᠠᠳᠠᠳᠠᠭ ᠶᠠᠭᠤᠮ᠎ᠠ ᠶᠢ ᠴᠢ ᠰᠢᠳᠥᠵᠥ ᠪᠠᠶᠢᠳᠠᠭ      ᠴᠢᠨᠤ ᠰᠢᠳᠤᠨ ᠪᠢᠰᠢᠷᠡᠳᠡᠭ ᠶᠠᠭᠤᠮ᠎ᠠ ᠶᠢ ᠪᠢ ᠰᠡᠵᠢᠭᠯᠡᠵᠥ ᠪᠠᠶᠢᠳᠠᠭ      ᠴᠠᠰᠤᠨ ᠳᠤ ᠴᠠᠷᠴᠠᠭᠰᠠᠨ ᠭᠥᠮᠥᠨ ᠵᠤᠨ ᠢ ᠵᠡᠭᠦᠳᠥᠯᠡᠵᠥ ᠪᠠᠶᠢᠳᠠᠭ      ᠨᠠᠷᠠᠨ ᠳᠤ ᠴᠤᠨᠤᠭᠰᠠᠨ ᠭᠥᠮᠥᠨ ᠡᠪᠤᠯ ᠢ ᠮᠥᠷᠥᠭᠡᠳᠴᠤ ᠪᠠᠶᠢᠳᠠᠭ      ᠡᠪᠡᠰᠤ ᠲᠠᠢ ᠭᠠᠵᠠᠷ ᠮᠠᠯ ᠲᠤᠭᠳᠠᠬᠤ ᠥᠭᠡᠢ ᠪᠠᠶᠢᠳᠠᠭ      ᠵᠢᠷᠭᠠᠯ ᠲᠠᠢ ᠭᠠᠵᠠᠷ ᠭᠥᠮᠥᠨ ᠰᠠᠭᠤᠷᠢᠰᠢᠬᠤ ᠥᠭᠡᠢ ᠪᠠᠶᠢᠳᠠᠭ            ᠠᠪᠤ ᠡ︕ ᠡᠵᠢ ᠡ︕ ᠁ ᠭᠡᠪᠡᠴᠤ ᠭᠡᠥᠭᠡᠳ ᠢᠶᠠᠨ ᠢᠯᠡᠭᠦᠥ ᠳᠤ ᠪᠤᠳᠤᠨ᠎ᠠ      ᠠᠷᠠᠳ ᠲᠥᠮᠡᠨ ᠮᠢᠨᠢ ᠁ ᠭᠡᠪᠡᠴᠤ ᠠᠮᠢ ᠪᠠᠨ ᠢᠯᠡᠭᠦᠥ ᠳᠤ ᠪᠤᠳᠤᠨ᠎ᠠ      ᠠᠯᠤᠰ ᠢᠷᠡᠭᠡᠳᠤᠢ ᠁ ᠭᠡᠪᠡᠴᠤ ᠠᠬᠤᠢ ᠪᠠᠨ ᠢᠯᠡᠭᠦᠥ ᠳᠤ ᠪᠤᠳᠤᠨ᠎ᠠ      ᠠᠵᠢᠯ ᠥᠢᠯᠡᠰ ᠁ ᠭᠡᠪᠡᠴᠤ ᠠᠮᠠᠷᠠᠬᠤ ᠪᠠᠨ ᠢᠯᠡᠭᠦᠥ ᠳᠤ ᠪᠤᠳᠤᠨ᠎ᠠ      ᠤᠯᠤᠰ ᠥᠨᠳᠥᠰᠥᠳᠡᠨ ᠁ ᠭᠡᠪᠡᠴᠤ ᠨᠡᠷ᠎ᠡ ᠪᠠᠨ ᠢᠯᠡᠭᠦᠥ ᠳᠤ ᠪᠤᠳᠤᠨ᠎ᠠ      ᠤᠤᠭᠠᠯ ᠰᠤᠶᠤᠯ ᠁ ᠭᠡᠪᠡᠴᠤ ᠠᠰᠢᠭ ᠢᠶᠠᠨ ᠢᠯᠡᠭᠦᠥ ᠳᠤ ᠪᠤᠳᠤᠨ᠎ᠠ      ᠪᠤᠷᠬᠠᠨ ᠪᠤᠷᠬᠠᠨ ᠁ ᠭᠡᠪᠡᠴᠤ ᠪᠤᠶᠠᠨ ᠢᠶᠠᠨ ᠢᠯᠡᠭᠦᠥ ᠳᠤ ᠪᠤᠳᠤᠨ᠎ᠠ      ᠪᠤᠭᠤᠷᠤᠯ ᠪᠤᠭᠤᠷᠤᠯ ᠁ ᠭᠡᠪᠡᠴᠤ ᠵᠠᠯᠠᠭᠤᠰ ᠢᠶᠠᠨ ᠢᠯᠡᠭᠦᠥ ᠳᠤ ᠪᠤᠳᠤᠨ᠎ᠠ᠃            ᠨᠠᠭᠤᠷ ᠪᠥᠷᠢᠳᠥ ᠨᠢ ᠪᠥᠳᠥᠨ ᠪᠤᠯ ᠰᠢᠪᠠᠭᠤᠳ ᠨᠢ ᠪᠥᠷᠢᠨ ᠪᠠᠶᠢᠬᠤ      ᠨᠤᠳᠤᠭ ᠨᠤᠭᠤ ᠨᠢ ᠠᠮᠤᠭᠤᠯᠠᠩ ᠪᠤᠯ ᠭᠥᠮᠥᠰ ᠨᠢ ᠲᠥᠪᠰᠢᠨ ᠪᠠᠶᠢᠬᠤ      ᠨᠤᠮᠤ ᠰᠤᠮᠤ ᠨᠢ ᠤᠮᠤᠭᠯᠠᠩ ᠪᠤᠯ ᠭᠥᠷᠥᠨ ᠨᠢ ᠲᠡᠭᠡᠷᠡᠩᠭᠦᠢ ᠪᠠᠶᠢᠬᠤ      ᠨᠢᠭᠤᠴᠠ ᠲᠠᠷᠨᠢ ᠨᠢ ᠲᠤᠭᠰᠢᠨ ᠪᠤᠯ ᠱᠠᠵᠢᠨ ᠨᠢ ᠲᠠᠭᠱᠠᠨ ᠪᠠᠶᠢᠬᠤ      ᠨᠠᠪᠳᠠᠭ ᠰᠠᠪᠳᠠᠭ ᠨᠢ ᠰᠡᠷᠭᠦᠯᠡᠩ ᠪᠤᠯ ᠭᠠᠵᠠᠷ ᠨᠢ ᠥᠩᠭᠡᠯᠢᠭ ᠪᠠᠶᠢᠬᠤ      ᠨᠠᠷᠠᠨ ᠰᠠᠷᠠᠨ ᠨᠢ ᠲᠤᠩᠭᠠᠯᠠᠭ ᠪᠤᠯ ᠤᠷᠴᠢᠯᠠᠩ ᠨᠢ   ᠪᠠᠳᠠᠷᠠᠩᠭᠤᠢ ᠪᠠᠶᠢᠬᠤ      ᠨᠠᠶᠢᠷ ᠨᠠᠭᠠᠳᠤᠮ ᠨᠢ ᠰᠥᠷᠵᠢᠩ ᠪᠤᠯ ᠲᠡᠭᠷᠢ ᠨᠢ ᠲᠠᠩᠰᠤᠭ ᠪᠠᠶᠢᠬᠤ      ᠨᠠᠶᠢᠷᠠᠭ ᠰᠢᠯᠥᠭ ᠨᠢ ᠵᠢᠪᠬᠤᠯᠠᠩ ᠪᠤᠯ ᠤᠩᠰᠢᠭᠴᠢ ᠨᠢ ᠵᠢᠷᠭᠠᠯᠠᠩ ᠪᠠᠶᠢᠬᠤ            ᠶᠠᠭᠤᠮᠠᠨ ᠲᠥᠷᠥᠭᠦᠨ ᠳᠤ ᠮᠡᠳᠡᠮᠡᠭᠡᠶᠢᠷᠡᠨ ᠠᠭᠠᠰᠢᠯᠠᠭᠴᠢ ᠲᠥᠷᠥᠭᠦᠯᠡᠵᠥ ᠲᠤᠤᠭᠠᠷᠤᠭᠰᠠᠨ ᠭᠥᠭᠦᠭᠡ ᠮᠡᠳᠤ      ᠶᠠᠭᠤᠮᠠᠨ ᠲᠥᠷᠥᠭᠦᠨ ᠳᠤ ᠭᠠᠪᠢᠶᠠᠷᠬᠠᠨ ᠰᠠᠭᠰᠠᠭᠤᠷᠠᠭᠴᠢ ᠥᠨᠳᠡᠭᠡ ᠲᠥᠷᠥᠭᠦᠯᠥᠭᠰᠡᠨ ᠲᠠᠭᠢᠶ᠎ᠠ ᠮᠡᠳᠤ      ᠶᠠᠭᠤᠮᠠᠨ ᠲᠥᠷᠥᠭᠦᠨ ᠳᠤ ᠠᠰᠢᠭ ᠬᠠᠷᠠᠭᠴᠢ ᠴᠠᠳᠬᠤᠯᠠᠩ ᠭᠤᠪᠰᠢᠭᠰᠠᠨ ᠢᠰᠢᠭᠡ ᠮᠡᠳᠤ      ᠶᠠᠭᠤᠮᠠᠨ ᠲᠥᠷᠥᠭᠦᠨ ᠳᠤ ᠬᠠᠷᠠᠳᠠᠨ ᠰᠡᠵᠢᠭᠯᠡᠭᠴᠢ ᠬᠤᠳᠠ ᠮᠠᠨᠠᠭᠰᠠᠨ ᠨᠤᠬᠠᠢ ᠮᠡᠳᠤ      ᠶᠠᠭᠤᠮᠠᠨ ᠲᠥᠷᠥᠭᠦᠨ ᠳᠤ ᠵᠤᠷᠢᠭ ᠬᠤᠯᠴᠢᠢᠭᠴᠢ ᠡᠷᠴᠢ ᠨᠢ ᠬᠠᠷᠢᠭᠰᠠᠨ ᠲᠡᠭᠡᠰᠥ ᠮᠡᠳᠤ      ᠶᠠᠭᠤᠮᠠᠨ ᠲᠥᠷᠥᠭᠦᠨ ᠳᠤ ᠵᠠᠯᠢᠳᠠᠨ ᠮᠡᠭᠡᠯᠡᠭᠴᠢ ᠪᠠᠭ ᠵᠡᠭᠦᠭᠰᠡᠨ ᠬᠤᠳᠤᠭᠴᠢᠨ ᠮᠡᠳᠤ      ᠶᠠᠭᠤᠮᠠᠨ ᠲᠥᠷᠥᠭᠦᠨ ᠳᠤ ᠠᠳᠠᠭ᠎ᠠ ᠴᠠᠭᠢᠭᠴᠢ ᠲᠤᠳᠤᠷ ᠠᠴᠠ ᠪᠠᠨ ᠳᠡᠰᠥᠷᠡᠭᠰᠡᠨ ᠲᠠᠷᠢ ᠮᠡᠳᠤ      ᠶᠠᠭᠤᠮᠠᠨ ᠲᠥᠷᠥᠭᠦᠨ ᠳᠤ ᠲᠠᠭᠠᠨ ᠰᠠᠪᠰᠠᠭᠴᠢ ᠭᠤᠳᠤᠮᠵᠢᠨ ᠳᠤ ᠭᠡᠶᠢᠰᠥᠭᠰᠡᠨ ᠴᠠᠭᠠᠰᠥ ᠮᠡᠳᠤ            ᠡᠵᠢ ᠠᠪᠤ ᠬᠤᠶᠠᠷ ᠢᠶᠠᠨ ᠬᠠᠶᠢᠷᠠᠯᠠᠵᠤ ᠴᠢᠳᠠᠬᠤ ᠥᠭᠡᠢ ᠪᠠᠶᠢᠵᠤ      ᠡᠭᠡ ᠤᠷᠤᠨ ᠢᠶᠠᠨ ᠬᠠᠶᠢᠷᠠᠯᠠᠨ᠎ᠠ ᠭᠡᠳᠡᠭ ᠶᠠᠭᠤ ᠯᠠ ᠶᠤᠮ ᠪᠤᠯ      ᠡᠨᠡᠷᠢᠯᠳᠤ ᠪᠠᠭᠰᠢ ᠨᠠᠷ ᠢᠶᠠᠨ ᠭᠥᠨᠳᠥᠯᠡᠵᠥ ᠴᠢᠳᠠᠬᠤ ᠥᠭᠡᠢ ᠪᠠᠶᠢᠵᠤ      ᠡᠷᠳᠡᠮ ᠤᠬᠠᠭᠠᠨ ᠢ ᠰᠤᠷᠤᠨ᠎ᠠ ᠭᠡᠳᠡᠭ ᠶᠠᠭᠤ ᠯᠠ ᠶᠤᠮ ᠪᠤᠯ      ᠡᠷᠳᠡᠨᠢᠳᠤ ᠪᠤᠭᠤᠷᠤᠯ ᠤᠨ ᠢᠶᠠᠨ ᠶᠤᠰᠤ ᠶᠢ ᠲᠡᠭᠡᠳᠥᠯᠡᠭᠦ ᠰᠡᠳᠭᠢᠯ ᠥᠭᠡᠢ ᠪᠠᠶᠢᠵᠤ      ᠡᠷᠭᠢᠮ ᠮᠤᠩᠭᠤᠯ ᠰᠤᠶᠤᠯ ᠢᠶᠠᠨ ᠭᠥᠭᠵᠢᠭᠦᠯᠥᠨ᠎ᠡ ᠭᠡᠳᠡᠭ ᠶᠠᠭᠤ ᠯᠠ ᠶᠤᠮ ᠪᠤᠯ      ᠡᠯᠢᠭᠡᠨ ᠰᠠᠳᠤᠨ ᠲᠠᠢ ᠪᠠᠨ ᠨᠠᠶᠢᠷᠰᠠᠬᠤ ᠰᠠᠨᠠᠭ᠎ᠠ ᠥᠭᠡᠢ ᠪᠠᠶᠢᠵᠤ      ᠡᠩᠭᠡ ᠨᠠᠶᠢᠷᠠᠮᠳᠠᠯ ᠤᠨ ᠲᠥᠯᠥᠭᠡ ᠵᠢᠳᠭᠦᠨ᠎ᠡ ᠭᠡᠳᠡᠭ ᠶᠠᠭᠤ ᠯᠠ ᠶᠤᠮ ᠪᠤᠯ            ᠲᠡᠭᠡᠳᠥᠰ ᠤᠨ ᠢᠶᠠᠨ ᠪᠥᠳᠥᠷᠢᠭᠰᠡᠨ ᠴᠢᠯᠠᠭᠤᠨ ᠳᠤ ᠲᠠᠭᠢᠵᠤ ᠪᠥᠳᠥᠷᠢᠭᠰᠡᠨ ᠤ ᠭᠡᠷᠡᠭ ᠥᠭᠡᠢ      ᠲᠡᠪᠡᠯ ᠤᠨ ᠢᠶᠠᠨ ᠡᠩᠭᠡᠷ ᠢ ᠪᠤᠰᠤᠳ ᠤᠨ ᠨᠢᠯᠪᠤᠰᠤ ᠪᠠᠷ ᠲᠡᠪᠳᠥᠭᠡᠭᠰᠡᠨ ᠤ ᠭᠡᠷᠡᠭ ᠥᠭᠡᠢ      ᠲᠡᠷᠭᠡᠳᠡ ᠢᠯᠡ ᠪᠠᠶᠢᠭ᠎ᠠ ᠶᠠᠭᠤᠮ᠎ᠠ ᠶᠢ ᠲᠡᠷᠳᠡᠭᠡ ᠲᠠᠯᠳᠠ ᠠᠴᠠ ᠡᠷᠢᠭᠰᠡᠨ ᠤ ᠭᠡᠷᠡᠭ ᠥᠭᠡᠢ      ᠲᠡᠮᠡᠢ ᠪᠠᠯᠠᠢ ᠶᠠᠭᠤᠮ᠎ᠠ ᠴᠢᠭᠢᠵᠥ ᠲᠠᠷᠢᠭᠢ ᠪᠠᠨ ᠭᠠᠰᠢᠯᠭᠠᠭᠰᠠᠨ ᠤ ᠭᠡᠷᠡᠭ ᠥᠭᠡᠢ      ᠳ᠋ᠧᠩ ᠤᠨ ᠡᠷᠪᠡᠭᠡᠢ ᠶᠢ ᠲᠠᠭᠠᠵᠤ ᠭᠠᠯ ᠳᠤ ᠰᠢᠳᠠᠵᠤ ᠥᠭᠦᠭᠰᠡᠨ ᠤ ᠭᠡᠷᠡᠭ ᠥᠭᠡᠢ      ᠲᠡᠮᠪᠡᠷᠢᠯ ᠵᠠᠶᠠᠭ᠎ᠠ ᠪᠠᠨ ᠰᠥᠭᠦᠷᠡᠭᠦᠯᠵᠥ ᠬᠠᠷᠢ ᠶᠢᠨ ᠥᠯᠮᠡᠢ ᠶᠢ ᠲᠤᠯᠢᠶᠠᠭᠰᠠᠨ ᠤ ᠭᠡᠷᠡᠭ ᠥᠭᠡᠢ      ᠲᠡᠷᠭᠡᠵᠥ ᠬᠤᠶᠢᠯᠠᠷᠠᠭᠰᠠᠨ ᠠᠳᠤᠭᠤ ᠪᠠᠨ ᠲᠡᠭᠡᠷᠮ᠎ᠡ ᠶᠢᠨ ᠡᠯᠵᠢᠭᠡ ᠪᠠᠷ ᠠᠷᠠᠯᠵᠢᠭᠰᠠᠨ ᠤ ᠭᠡᠷᠡᠭ ᠥᠭᠡᠢ᠃            ᠬᠠᠮᠤᠭ ᠤᠨ ᠴᠡᠪᠡᠷ ᠶᠠᠭᠤᠮ᠎ᠠ ᠬᠠᠮᠤᠭ ᠲᠥᠷᠥᠭᠦᠨ ᠳᠤ ᠭᠭᠢᠷ ᠰᠠᠭᠤᠶᠤ      ᠬᠠᠮᠤᠭ ᠤᠨ ᠶᠡᠭᠡ ᠰᠡᠵᠢᠭ ᠬᠠᠮᠤᠭ ᠤᠨ ᠲᠥᠷᠥᠭᠦᠨ ᠳᠤ ᠡᠪᠡᠳᠴᠢᠨ ᠪᠤᠯᠤᠶᠤ      ᠬᠠᠮᠤᠭ ᠤᠨ ᠴᠢᠭᠢᠴᠢ ᠭᠥᠮᠥᠨ ᠬᠠᠮᠤᠭ ᠤᠨ ᠲᠥᠷᠥᠭᠦᠨ ᠳᠤ ᠰᠢᠷᠬ᠎ᠠ ᠤᠯᠤᠶᠤ      ᠬᠠᠮᠤᠭ ᠤᠨ ᠰᠢᠯᠤᠭᠤᠨ ᠮᠤᠳᠤ ᠬᠠᠮᠤᠭ ᠤᠨ ᠲᠥᠷᠥᠭᠦᠨ ᠳᠤ ᠭᠥᠷᠥᠭᠡᠨ ᠳᠤ ᠥᠷᠳᠥᠶᠤ      ᠬᠠᠮᠤᠭ ᠤᠨ ᠰᠠᠶᠢᠨ ᠱᠠᠪᠢ ᠬᠠᠮᠤᠭ ᠤᠨ ᠲᠥᠷᠥᠭᠦᠨ ᠳᠤ ᠪᠠᠭᠰᠢ ᠪᠠᠨ ᠮᠠᠷᠳᠠᠶᠤ      ᠬᠠᠮᠤᠭ ᠤᠨ ᠵᠤᠵᠢᠭ ᠢᠮᠠᠭ᠎ᠠ ᠬᠠᠮᠤᠭ ᠤᠨ ᠲᠥᠷᠥᠭᠦᠨ ᠳᠤ ᠴᠢᠨ᠋ᠸ᠎ᠠ ᠳᠤ ᠪᠠᠷᠢᠭᠳᠠᠶᠤ      ᠬᠠᠮᠤᠭ ᠤᠨ ᠥᠩᠭᠡᠳᠥ ᠪᠥᠭᠦᠨ ᠬᠠᠮᠤᠭ ᠤᠨ ᠲᠥᠷᠥᠭᠦᠨ ᠳᠤ ᠬᠠᠷᠠᠭᠠᠨ ᠳᠤ ᠲᠤᠰᠤᠶᠤ      ᠬᠠᠮᠤᠭ ᠤᠨ   ᠭᠥᠭᠡᠷᠥᠭᠦᠨ ᠴᠡᠴᠡᠭ ᠬᠠᠮᠤᠭ ᠤᠨ ᠲᠥᠷᠥᠭᠦᠨ ᠳᠤ ᠭᠠᠷ ᠲᠤ ᠲᠠᠰᠤᠷᠠᠶᠤ᠃            ᠡᠪᠡᠳᠴᠢᠨ ᠢ ᠪᠠᠭ᠎ᠠ ᠳᠤ ᠨᠢ ᠡᠰᠡ ᠵᠠᠰᠠᠪᠠᠰᠤ ᠥᠭᠦᠯ ᠳᠤᠷ ᠲᠥᠷᠭᠡᠨ ᠭᠥᠷᠭᠦ      ᠠᠯᠳᠠᠭ᠎ᠠ ᠶᠢ ᠪᠠᠭ᠎ᠠ ᠳᠤ ᠨᠢ ᠡᠰᠡ ᠵᠠᠰᠠᠪᠠᠰᠤ ᠮᠥᠭᠦᠯ ᠳᠤᠷ ᠲᠥᠷᠭᠡᠨ ᠭᠥᠷᠭᠦ      ᠥᠷᠢ ᠶᠢ ᠪᠠᠭ᠎ᠠ ᠳᠤ ᠨᠢ ᠡᠰᠡ ᠲᠥᠯᠥᠪᠡᠰᠥ ᠬᠤᠭᠤᠰᠤᠷᠤᠯ ᠳᠤᠷ ᠲᠥᠷᠭᠡᠨ ᠭᠥᠷᠭᠦ      ᠠᠳᠠ ᠶᠢ ᠪᠠᠭ᠎ᠠ ᠳᠤ ᠨᠢ ᠡᠰᠡ ᠠᠷᠭᠠᠯᠠᠪᠠᠰᠤ ᠬᠤᠤᠷᠯᠠᠯ ᠳᠤᠷ ᠲᠥᠷᠭᠡᠨ ᠭᠥᠷᠭᠦ      ᠭᠡᠥᠭᠡᠳ ᠢ ᠪᠠᠭ᠎ᠠ ᠳᠤ ᠨᠢ ᠡᠰᠡ ᠰᠤᠷᠭᠠᠪᠠᠰᠤ ᠲᠠᠩᠬᠠᠢ ᠳᠤᠷ ᠲᠥᠷᠭᠡᠨ ᠭᠥᠷᠭᠦ      ᠭᠥᠯᠥᠭ ᠢ ᠪᠠᠭ᠎ᠠ ᠳᠤ ᠨᠢ ᠡᠰᠡ ᠲᠠᠰᠬᠠᠪᠠᠰᠤ ᠵᠡᠷᠯᠢᠭ ᠲᠤᠷ ᠲᠥᠷᠭᠡᠨ ᠭᠥᠷᠭᠦ      ᠭᠥᠢᠳᠡᠨ‌ᠢ ᠪᠠᠭ᠎ᠠ ᠳᠤ ᠨᠢ ᠡᠰᠡ ᠬᠠᠭᠠᠪᠠᠰᠤ ᠤᠰᠤᠯ ᠳᠤᠷ ᠲᠥᠷᠭᠡᠨ ᠭᠥᠷᠭᠦ      ᠭᠥᠰᠡᠯ ᠢ ᠪᠠᠭ᠎ᠠ ᠳᠤ ᠨᠢ ᠡᠰᠡ‌‍ᠲ᠋ᠡᠪᠴᠢᠪᠡᠰᠥ ᠰᠢᠨᠥᠯ ᠳᠤᠷ ᠲᠥᠷᠭᠡᠨ ᠭᠥᠷᠭᠦ            ᠭᠠᠯ ᠢᠶᠠᠨ ᠥᠷᠳᠡᠭᠦ ᠥᠭᠡᠢ ᠲᠤᠭᠤᠭ᠎ᠠ ᠪᠠᠨ ᠥᠩᠭᠡᠶᠢᠵᠥ ᠰᠠᠭᠤᠬᠤ ᠮᠡᠳᠤ ᠮᠠᠨ ᠳᠤᠷ ᠨᠢᠭᠡᠨ ᠮᠤᠩᠬᠠᠷᠠᠯ ᠪᠤᠢ      ᠭᠠᠷ ᠢᠶᠠᠨ ᠵᠠᠭᠢᠷᠬᠤ ᠥᠭᠡᠢ ᠲᠤᠯᠤᠭᠠᠢ ᠪᠠᠨ ᠪᠠᠯᠪᠠᠵᠤ ᠰᠠᠭᠤᠬᠤ ᠮᠡᠳᠤ ᠮᠠᠨ ᠳᠤᠷ ᠨᠢᠭᠡᠨ ᠭᠤᠨᠢᠭᠯᠠᠯ ᠪᠤᠢ      ᠭᠠᠳᠠᠨᠠᠭᠢ ᠪᠠᠨ ᠲᠤᠳᠤᠮᠳᠠᠬᠤ ᠥᠭᠡᠢ ᠭᠡᠷ ᠲᠠᠬᠢ ᠪᠠᠨ ᠬᠠᠭᠤᠷᠠᠶᠢᠯᠠᠵᠤ ᠰᠠᠭᠤᠬᠤ ᠮᠡᠳᠤ ᠮᠠᠨ ᠳᠤᠷ ᠨᠢᠭᠡᠨ‌ᠠᠳᠡᠭᠦᠷᠡᠯ ᠪᠤᠢ      ᠭᠠᠰᠠᠯᠤᠩᠭᠤᠢ ᠮᠤᠳᠤᠨ ᠤ ᠨᠠᠪᠴᠢᠰ ᠢᠶᠠᠷ ᠬᠤᠪᠴᠠᠰᠤ ᠤᠶᠤᠬᠤ ᠶᠢ ᠵᠡᠭᠦᠳᠥᠯᠡᠭᠦ ᠮᠡᠳᠤ ᠮᠠᠨ‌‍ᠳᠤᠷ ᠨᠢᠭᠡᠨ ᠮᠥᠷᠥᠭᠡᠰᠥᠯ ᠪᠤᠢ      ᠥᠴᠥᠭᠡᠳᠥᠷ ᠤᠨ ᠰᠢᠭᠦᠳᠡᠷᠢ ᠪᠠᠷ ᠮᠠᠷᠭᠠᠰᠢ ᠶᠢᠨ ᠴᠠᠢ ᠶᠢ ᠪᠡᠯᠡᠳᠭᠦ ᠮᠡᠳᠤ ᠮᠠᠨ ᠳᠤᠷ ᠨᠢᠭᠡᠨ ᠲᠡᠮᠡᠶᠢᠷᠡᠯ ᠪᠤᠢ      ᠥᠷᠥᠭᠡᠯ ᠤᠨ ᠰᠡᠭᠦᠳᠡᠷ ᠢᠶᠠᠷ ᠥᠪᠡᠷ ᠤᠨ ᠭᠡᠷᠡᠯ ᠢ ᠪᠤᠯᠠᠬᠤ ᠮᠡᠳᠤ ᠮᠠᠨ ᠳᠤᠷ ᠨᠢᠭᠡᠨ ᠲᠤᠶᠢᠯᠰᠢᠷᠠᠯ ᠪᠤᠢ      ᠥᠷᠥᠰᠢᠶᠡᠯ ᠤᠨ ᠬᠤᠷ᠎ᠠ ᠪᠠᠷ ᠪᠡᠷᠳᠡᠭᠴᠢᠨ ᠤ ᠪᠤᠷᠳᠠᠭ ᠢ ᠴᠠᠶᠢᠯᠭᠠᠬᠤ ᠮᠡᠳᠤ ᠮᠠᠨ ᠳᠤᠷ ᠨᠢᠭᠡᠨ‌‍ᠰᠤᠯᠤᠭᠠᠶᠢᠷᠠᠯ ᠪᠤᠢ      ᠡᠷᠥᠭᠡᠨ ᠤ ᠤᠭᠤᠰᠤᠷ ᠢᠶᠠᠷ ᠥᠳᠡᠰᠢ ᠶᠢᠨ ᠰᠠᠷᠠ‌‍ᠶᠢ ᠤᠷᠭᠠᠯᠠᠬᠤ ᠮᠡᠳᠤ ᠮᠠᠨ ᠳᠤᠷ ᠨᠢᠭᠡᠨ ᠭᠠᠶᠢᠬᠠᠰᠢᠷᠠᠯ ᠪᠤᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号