ᠮᠤᠷᠢᠨ ᠴᠠᠭ ᠤᠨ ᠵᠡᠭᠦᠳᠥ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ        ᠵᠡᠭᠦᠳᠥ ᠤᠴᠢᠷ ᠲᠠᠢ ᠵᠡᠭᠦᠥ ᠰᠥᠪᠡᠭᠴᠢ ᠲᠠᠢ      ︵ᠠᠷᠠᠳ ᠤᠨ ᠴᠡᠴᠡᠨ ᠥᠭᠡ︶      ᠡᠵᠢ ᠶᠢᠨ ᠠᠶᠠᠭ᠎ᠠ ᠲᠠᠢ ᠴᠠᠶᠢᠨ ᠳᠤ      ᠴᠠᠩᠭᠠᠭᠰᠠᠨ ᠲᠡᠭᠷᠢ ᠮᠡᠯᠳᠡᠭᠡᠨᠡᠵᠤ      ᠡᠪᠤᠭᠡᠳ ᠤᠨ ᠪᠤᠭᠤᠷᠤᠯ ᠵᠤᠭᠤᠭ ᠲᠤ      ᠲᠡᠥᠭᠡ ᠶᠢᠨ ᠠᠨᠢᠷ ᠭᠥᠪᠥᠷᠢᠨ᠎ᠡ      ᠡᠩᠭᠡᠷ ᠤᠨ ᠮᠥᠩᠭᠦᠨ ᠲᠤᠪᠴᠢᠨ ᠳᠤ      ᠨᠠᠷᠠᠨ ᠤ ᠲᠤᠶᠠᠭ᠎ᠠ ᠭᠠᠯᠭᠢᠵᠤ      ᠢᠩᠭᠡᠨ ᠴᠠᠭᠠᠨ ᠪᠤᠶᠢᠯᠠᠭᠠᠨ ᠳᠤ      ᠬᠤᠨᠢᠨ ᠵᠡᠷᠭᠡᠯᠭᠡᠨ ᠪᠤᠴᠠᠯᠤᠨ᠎ᠠ      ᠮᠤᠳᠤᠨ ᠲᠤᠮᠪᠤ ᠲᠠᠢ ᠠᠶᠢᠷᠠᠭ      ᠪᠥᠰᠡᠯᠡᠭᠦᠷ ᠲᠡᠶᠢᠷᠴᠤ ᠱᠤᠤᠭᠢᠨ᠎ᠠ      ᠮᠥᠩᠭᠦᠨ ᠭᠥᠴᠡ ᠮᠡᠭᠦᠶᠢᠯᠭᠡᠵᠥ      ᠬᠤᠭᠤᠷ ᠤᠨ ᠴᠢᠪᠬᠠᠳᠠᠰᠤ ᠲᠤᠶᠢᠯᠠᠨ᠎ᠠ      ᠮᠥᠩᠭᠡ ᠭᠠᠯ ᠤᠨ ᠰᠤᠷ ᠲᠡᠭᠡᠷ᠎ᠡ      ᠤᠷᠳᠤ ᠶᠢᠨ ᠲᠠᠭᠤᠤ ᠲᠠᠷᠭᠢᠯᠤᠨ᠎ᠠ      ᠮᠥᠨᠳᠥᠷ ᠴᠠᠭᠠᠨ ᠭᠡᠷ ᠲᠤ      ᠲᠡᠭᠷᠢ ᠶᠢᠨ ᠠᠶᠠᠯᠭᠤ ᠬᠠᠷᠭᠢᠶᠠᠳᠤᠨ᠎ᠠ      ᠤᠯᠠᠭᠠᠨ ᠨᠠᠪᠴᠢ ᠰᠢᠵᠢᠭᠢᠨᠡᠭᠦᠯᠵᠥ      ᠨᠠᠮᠤᠷ ᠤᠨ ᠴᠢᠮᠡᠭᠡ ᠠᠨᠢᠷᠳᠠᠬᠤᠢ      ᠠᠭᠤᠯᠠ ᠶᠢᠨ ᠪᠤᠭᠤ ᠮᠥᠷᠭᠦᠯᠳᠥᠵᠥ      ᠠᠯᠲᠠᠢ ᠶᠢᠨ ᠴᠠᠰᠤ ᠭᠡᠭᠵᠡᠷᠡᠭᠦᠢ      ᠤᠷᠭ᠎ᠠ ᠶᠢᠨ ᠬᠤᠶᠢᠪᠢ ᠲᠤᠰᠤᠩᠭᠠᠷᠠᠵᠤ      ᠠᠳᠤᠭᠤᠨ ᠤ ᠲᠡᠯ ᠲᠠᠭᠠᠭᠢᠷᠠᠬᠤᠢ      ᠤᠨᠠᠭᠰᠠᠨ ᠪᠥᠭᠡ ᠶᠢᠨ ᠤᠷᠤᠮ ᠲᠡᠭᠡᠷ᠎ᠡ      ᠭᠡᠨᠵᠡ ᠢᠷᠭᠤᠢ ᠲᠤᠷᠮᠤᠯᠵᠠᠬᠤᠢ      ᠤᠳᠤᠭ᠎ᠠ ᠵᠠᠭᠤᠭᠰᠠᠨ ᠢᠰᠡᠭᠡᠢ ᠮᠡᠳᠤ      ᠡᠭᠦᠯᠡᠰ ᠴᠡᠴᠡᠭᠯᠡᠵᠥ      ᠲᠠᠳᠠᠯᠭᠠᠨ ᠮᠤᠩᠭᠤᠯ ᠥᠰᠥᠭ ᠮᠡᠳᠤ      ᠠᠶᠤᠩᠭ᠎ᠠ ᠴᠠᠭᠢᠯᠤᠨ᠎ᠠ      ᠤᠶᠠᠩᠭ᠎ᠠ ᠶᠢᠨ ᠪᠤᠯᠤᠷ ᠰᠢᠯᠥᠭ ᠮᠡᠳᠤ      ᠪᠤᠷᠤᠭᠠᠨ ᠴᠢᠳᠬᠤᠯᠠᠵᠤ      ᠲᠠᠩᠭᠠᠷᠠᠬᠤ ᠠᠳᠤᠭᠤᠨ ᠤ ᠲᠡᠯ ᠮᠡᠳᠤ      ᠡᠪᠡᠰᠤ ᠬᠤᠶᠢᠯᠠᠷᠠᠨ᠎ᠠ      ᠰᠠᠷᠠᠨ ᠤ ᠨᠠᠨᠳᠢᠨ ᠨᠢᠯᠪᠤᠰᠤᠨ ᠳᠤ      ᠴᠡᠴᠡᠭ ᠤᠨ ᠮᠡᠯᠮᠡᠢ ᠠᠷᠢᠭᠤᠰᠴᠣ      ᠰᠠᠷᠬᠤᠳ ᠤᠨ ᠲᠤᠩᠭᠠᠯᠠᠭ ᠲᠥᠯᠥᠨ ᠳᠤ      ᠵᠢᠷᠥᠭᠡᠨ ᠤ ᠥᠭᠡᠰ ᠲᠥᠷᠡᠯᠵᠡᠨ᠎ᠡ      ᠰᠠᠭᠠᠬᠠᠯᠳᠠ ᠶᠢᠨ ᠠᠳᠤᠭᠤᠨ ᠤ ᠵᠡᠯᠡᠨ ᠳᠤ      ᠠᠮᠠᠷᠠᠭ ᠤᠨ ᠮᠥᠷᠥᠭᠡᠰᠥᠯ ᠴᠤᠪᠬᠤᠴᠢᠵᠥ      ᠰᠠᠭᠠᠯᠢ ᠶᠢᠨ ᠠᠮᠳᠠ ᠲᠠᠢ ᠤᠷᠤᠭᠤᠯ      ᠬᠤᠨᠳᠠᠭᠠᠨ ᠤ ᠢᠷᠮᠡᠭ ᠲᠡᠭᠡᠷ᠎ᠡ ᠴᠡᠮᠴᠡᠭᠡᠨᠡᠨ᠎ᠡ      ᠵᠢᠷᠠᠨ ᠤ ᠰᠢᠷᠭᠠᠯ ᠪᠥᠷᠢᠳᠤᠨ ᠳᠤ      ᠡᠭᠦᠯᠡᠨ ᠤ ᠭᠠᠯᠪᠢᠷ ᠴᠠᠷᠴᠠᠵᠤ      ᠵᠡᠯᠡᠯᠡᠭᠰᠡᠨ ᠰᠢᠪᠠᠭᠤᠳ ᠤᠨ ᠪᠠᠷ᠎ᠠ      ᠵᠢᠷᠭᠠᠯ ᠤᠨ ᠭᠢᠵᠠᠭᠠᠷ ᠲᠤ ᠵᠠᠮᠬᠠᠷᠠᠨ᠎ᠠ      ᠵᠡᠭᠡᠷ᠎ᠡ ᠶᠢᠨ ᠴᠠᠭᠢᠮ ᠰᠢᠯᠪᠢᠨ ᠳᠤ      ᠭᠤᠪᠢ ᠶᠢᠨ ᠭᠡᠶᠢᠮᠥᠷᠢ ᠤᠴᠢᠯᠠᠵᠤ      ᠵᠢᠮᠢᠢᠭᠰᠡᠨ ᠪᠤᠷᠬᠠᠨ ᠤ ᠰᠤᠷᠮᠤᠤᠰᠤᠨ ᠳᠤ      ᠴᠠᠭ ᠤᠨ ᠵᠢᠷᠤᠬᠠᠢ ᠪᠤᠭᠤᠷᠤᠯᠳᠤᠨ᠎ᠠ      ᠵᠠᠭ ᠤᠨ ᠵᠠᠳᠠᠭᠠᠢ ᠭᠠᠯ ᠳᠤ      ᠰᠢᠪᠠᠭᠤᠳ ᠤᠨ ᠵᠢᠷᠭᠢᠭᠡ ᠪᠥᠯᠢᠶᠡᠰᠭᠦᠢ      ᠽᠠᠨᠳᠠᠨ ᠤ ᠲᠤᠷᠭᠠᠨ ᠨᠠᠪᠴᠢᠨ ᠳᠤ      ᠮᠤᠩᠭᠤᠯ ᠤᠨ ᠨᠢᠭᠤᠴᠠ ᠱᠠᠷᠭᠢᠯᠠᠬᠤᠢ      ᠽᠠᠮᠪᠤᠯᠢᠩ ᠤᠨ ᠠᠯᠳᠠᠨ ᠲᠤᠭᠤᠨᠤᠨ ᠳᠤ      ᠲᠠᠪᠢᠯᠠᠩ ᠤᠨ ᠬᠠᠳᠠᠭ ᠰᠡᠮᠡᠷᠡᠭᠦᠢ      ᠵᠠᠮ ᠤᠨ ᠴᠢᠨᠳᠠᠮᠤᠨᠢ ᠥᠵᠥᠭᠦᠷ ᠲᠤ      ᠢᠷᠥᠭᠡᠯ ᠤᠨ ᠬᠤᠯᠠᠨ ᠲᠤᠩᠭᠤᠷᠠᠬᠤᠢ      ᠴᠠᠭᠢᠯᠬᠤ ᠴᠠᠭ ᠤᠨ ᠤᠭᠳᠠᠷᠭᠤᠢ ᠳᠤ      ᠲᠤᠷᠤᠨ᠎ᠠ ᠶᠢᠨ ᠰᠤᠯᠤᠩᠭ᠎ᠠ ᠭᠥᠪᠴᠢᠷᠡᠵᠥ      ᠴᠠᠯᠭᠢᠬᠤ ᠮᠥᠷᠡᠨ ᠤ ᠠᠮᠢᠰᠬᠤᠯ ᠳᠤ      ᠲᠤᠮᠤᠭ ᠤᠨ ᠪᠢᠳᠡᠭᠦᠥ ᠲᠠᠶᠢᠯᠤᠷᠠᠨ᠎ᠠ      ᠴᠠᠮᠨᠠᠬᠤ ᠪᠥᠭᠡ ᠶᠢᠨ ᠰᠤᠪᠢᠩ ᠮᠡᠳᠤ      ᠮᠤᠷᠢᠨ ᠴᠠᠭ ᠤᠨ ᠵᠡᠭᠦᠳᠥ      ᠴᠠᠪᠴᠢᠬᠤ ᠢᠯᠳᠤᠨ ᠤ ᠤᠮᠤᠭ ᠮᠡᠳᠤ      ᠮᠤᠩᠭᠤᠯ ᠤᠨ ᠵᠠᠶᠠᠭ᠎ᠠ ᠪᠠᠳᠠᠷᠠᠨ᠎ᠠ ᠡ᠃      ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号