ᠲᠤᠷ᠎ᠠ ᠦᠭᠡᠢ ᠶᠠᠭᠤᠮᠠᠨ ᠤ ᠪᠠᠨ ᠲᠥᠯᠥᠭᠡ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ                        ᠠᠭᠤᠯᠵᠠᠬᠤ ᠦᠭᠡᠢ ᠭᠡᠰᠡᠨ ᠭᠥᠮᠥᠨ ᠲᠠᠢ ᠭᠤᠷᠪᠠ ᠠᠭᠤᠯᠵᠠᠳᠠᠭ                  ᠶᠠᠪᠤᠬᠤ ᠦᠭᠡᠢ ᠭᠡᠰᠡᠨ ᠭᠠᠵᠠᠷ ᠢᠶᠠᠨ ᠭᠤᠷᠪᠠ ᠶᠠᠪᠤᠳᠠᠭ                  ᠤᠤᠭᠤᠬᠤ ᠦᠭᠡᠢ ᠭᠡᠰᠡᠨ ᠠᠶᠠᠭᠠᠨ ᠠᠴᠠ ᠪᠠᠨ ᠭᠤᠷᠪᠠ ᠤᠤᠭᠤᠳᠠᠭ                                              — ᠠᠷᠠᠳ ᠤᠨ ᠴᠡᠴᠡᠨ ᠥᠭᠡ                  ︽ᠥᠪᠡᠷ ᠤᠨ ᠲᠤᠷ᠎ᠠ ᠪᠠᠷ ᠪᠤᠯᠳᠠᠭ ᠦᠭᠡᠢ                  ᠥᠢᠯᠡ ᠶᠢᠨ ᠡᠷᠭᠡ ᠪᠠᠷ ᠪᠤᠯᠳᠠᠭ︾                                          — ᠳ᠋᠊᠂ ᠷᠠᠪᠵᠠᠢ   ᠲᠤᠷ᠎ᠠ ᠲᠠᠢ ᠴᠦ ᠲᠤᠷ᠎ᠠ ᠦᠭᠡᠢ ᠴᠦ ᠡᠨᠡ ᠬᠤᠷᠸ᠎ᠠ ᠳᠤᠪᠢᠳᠠ ᠠᠮᠢᠳᠤ ᠶᠠᠪᠤᠵᠤ ᠪᠠᠶᠢᠨ᠎ᠠ      ᠲᠤᠮᠳᠠᠭᠤᠷ ᠲᠥᠭᠦᠷᠡᠩ ᠴᠦ ᠵᠠᠶᠠᠭᠠᠨ ᠤ ᠪᠠᠨ ᠡᠷᠭᠡ ᠪᠠᠷ      ᠪᠢᠳᠠ ᠮᠥᠴᠢ ᠲᠡᠴᠢ ᠠᠮᠢᠳᠤᠷᠠᠵᠤ ᠪᠠᠶᠢᠨ᠎ᠠ      ᠲᠤᠷᠠᠯᠠᠭᠰᠠᠨ ᠲᠤᠷᠠᠯᠠᠭ᠎ᠠ ᠦᠭᠡᠢ ᠴᠦ ᠪᠥᠰᠡᠭᠦᠢ ᠪᠥᠭᠦᠨ      ᠪᠢᠳᠠᠨ ᠳᠤ ᠲᠠᠭᠠᠯᠠᠭᠳᠠᠵᠤ ᠪᠠᠶᠢᠨ᠎ᠠ      ᠲᠤᠤᠭᠠᠷᠤᠭᠰᠠᠨ ᠲᠤᠤᠭᠠᠷᠤᠭ᠎ᠠ ᠦᠭᠡᠢ ᠴᠦ ᠡᠷᠭᠡ ᠴᠢᠯᠥᠭᠡ      ᠪᠢᠳᠠᠨ ᠳᠤ ᠥᠭᠡᠶᠢᠯᠡᠭᠳᠡᠵᠥ ᠪᠠᠶᠢᠨ᠎ᠠ            ᠭᠡᠯᠡᠶ᠎ᠡ ᠭᠡᠰᠡᠨ ᠥᠭᠡ ᠭᠡᠯᠡᠨ ᠲᠤᠤᠷ᠎ᠠ      ᠰᠤᠬᠤᠷ ᠨᠤᠮᠤᠨ ᠮᠡᠳᠤ ᠪᠥᠳᠡᠵᠥ ᠥᠭᠦᠭᠦ ᠶᠤᠮ      ᠭᠢᠶ᠎ᠡ ᠭᠡᠰᠡᠨ ᠠᠵᠢᠯ᠂ ᠪᠤᠳᠤᠯ ᠤᠨ ᠲᠤᠳᠤᠷ᠎ᠠ      ᠰᠤᠯᠤᠭᠠᠢ ᠵᠠᠶᠠᠭ᠎ᠠ ᠮᠡᠳᠤ ᠲᠠᠷᠴᠢᠯᠠᠨ ᠵᠤᠪᠠᠭ᠋ᠤ ᠶᠤᠮ      ᠭᠥᠷᠥᠶ᠎ᠡ ᠭᠡᠰᠡᠨ ᠭᠠᠵᠠᠷ᠂ ᠮᠥᠷᠥᠭᠡᠳᠥᠯ ᠤᠨ ᠲᠡᠷᠳᠡᠭᠡ      ᠭᠡᠭᠡᠷ᠎ᠡ ᠶᠢᠨ ᠭᠥᠷᠥᠭᠡᠰᠥ ᠮᠡᠳᠤ ᠴᠠᠭᠢᠯᠵᠤ ᠬᠤᠯᠠᠳᠬᠤ ᠶᠤᠮ      ᠭᠥᠷᠳᠡᠶ᠎ᠡ ᠭᠡᠰᠡᠨ ᠭᠡᠰᠢᠭ᠂ ᠵᠡᠭᠦᠳᠥᠨ ᠤ ᠭᠢᠵᠠᠭᠠᠷ      ᠭᠡᠢ ᠥᠵᠡᠭᠳᠡᠯ ᠮᠡᠳᠤ ᠵᠠᠮᠬᠠᠷᠠᠵᠤ ᠤᠳᠬᠤ ᠶᠤᠮ            ᠲᠡᠮᠡᠭᠡ ᠭᠡᠳᠥᠢ ᠲᠤᠮᠤ ᠪᠠᠶᠢᠭᠰᠠᠨ ᠴᠦ      ᠪᠤᠷᠠᠨᠳᠠᠭ ᠤᠨ ᠢᠶᠠᠨ ᠠᠶᠠᠰ ᠢᠶᠠᠷ ᠶᠠᠪᠤᠨ᠎ᠠ      ᠵᠠᠭᠠᠨ ᠭᠡᠳᠥᠢ ᠭᠥᠴᠥᠳᠡᠢ ᠪᠠᠶᠢᠭᠰᠠᠨ ᠴᠦ      ᠵᠠᠮ ᠤᠨ ᠢᠶᠠᠨ ᠠᠶᠠᠰ ᠢᠶᠠᠷ ᠭᠡᠯᠳᠥᠷᠢᠨ᠎ᠡ      ᠰᠢᠪᠠᠭᠤ ᠭᠡᠳᠥᠢ ᠴᠢᠯᠥᠭᠡᠳᠡᠢ ᠪᠠᠶᠢᠭᠰᠠᠨ ᠴᠦ      ᠤᠯᠠᠷᠢᠯ ᠤᠨ ᠢᠶᠠᠨ ᠠᠶᠠᠰ ᠢᠶᠠᠷ ᠨᠡᠭᠦᠭᠡᠯᠳᠥᠨ᠎ᠡ      ᠭᠥᠮᠥᠨ ᠭᠡᠳᠥᠢ ᠤᠬᠠᠭᠠᠨ ᠲᠠᠢ ᠪᠠᠶᠢᠭᠰᠠᠨ ᠴᠦ      ᠽᠠᠮᠪᠤᠯᠢᠩ ᠤᠨ ᠠᠶᠠᠰ ᠢᠶᠠᠷ ᠲᠤᠭᠳᠠᠯᠴᠠᠨ᠎ᠠ            ᠠᠷᠢᠯᠤᠭᠰᠠᠨ ᠪᠤᠷᠬᠠᠨ ᠢᠶᠠᠨ ᠥᠪᠡᠷ ᠢᠶᠠᠨ ᠪᠥᠳᠥᠭᠡᠭᠡᠳ      ᠥᠮᠡᠭᠡᠢ ᠴᠤᠬᠤ ᠮᠡᠳᠤ ᠲᠤᠩᠭᠤᠯᠵᠠᠨᠠᠮ᠂ ᠪᠢᠳᠠ      ᠠᠯᠳᠠᠨ ᠵᠤᠭᠤᠰ ᠢᠶᠠᠨ ᠥᠪᠡᠷ ᠢᠶᠠᠨ ᠴᠢᠳᠬᠤᠭᠠᠳ      ᠥᠯᠥᠨ ᠪᠠᠷᠰ ᠮᠡᠳᠤ ᠰᠢᠩᠰᠢᠯᠡᠨᠡᠮ᠂ ᠪᠢᠳᠠ      ᠤᠯᠤᠰ ᠲᠥᠷᠥ ᠪᠠᠨ ᠥᠪᠡᠷ ᠢᠶᠠᠨ ᠡᠭᠦᠰᠭᠡᠭᠡᠳ      ᠷᠤᠮ ᠤᠨ ᠪᠤᠭᠤᠯ ᠮᠡᠳᠤ ︽ᠶᠠᠯᠠᠯᠠᠭᠳᠠᠨᠠᠮ︾᠂ ᠪᠢᠳᠠ      ᠤᠷᠬᠠᠭ ᠨᠢᠭᠦᠯ ᠢᠶᠠᠨ ᠥᠪᠡᠷ ᠢᠶᠠᠨ ᠥᠢᠯᠡᠳᠥᠭᠡᠳ      ᠲᠠᠮᠤ ᠶᠢᠨ ᠠᠮᠢᠳᠠᠨ ᠮᠡᠳᠤ ᠰᠢᠨᠠᠯᠤᠨᠠᠮ᠂ ᠪᠢᠳᠠ            ᠰᠠᠷᠭᠠᠢ ᠴᠡᠴᠡᠭ ᠤᠨ ᠥᠷᠭᠡᠰᠥ ᠲᠠᠢ ᠶᠢ ᠮᠡᠳᠡᠭᠰᠡᠭᠡᠷ ᠠᠳᠠᠯ᠎ᠠ      ᠰᠠᠶᠢᠬᠠᠨ ᠪᠥᠰᠡᠭᠦᠢ ᠳᠤ ᠬᠠᠶᠢᠷ᠎ᠠ ᠪᠠᠨ ᠢᠯᠡᠴᠢᠯᠡᠭᠦ ᠭᠡᠮᠡᠨ      ᠬᠠᠳᠬᠤᠯᠤᠨ ᠰᠢᠪᠡᠭᠦᠯᠥᠨ      ᠲᠠᠴᠢᠶᠠᠳᠠᠨ ᠲᠠᠰᠤᠳᠠᠭᠰᠠᠭᠠᠷ ᠪᠠᠶᠢᠬᠤ ᠶᠤᠮ      ᠰᠠᠨᠰᠠᠷ ᠬᠤᠷᠸ᠎ᠠ ᠶᠢᠨ ᠮᠥᠩᠭᠡ ᠪᠤᠰᠤ ᠶᠢ ᠮᠡᠳᠡᠭᠰᠡᠭᠡᠷ ᠠᠳᠠᠯ᠎ᠠ      ᠰᠠᠯᠠᠭ᠎ᠠ ᠨᠠᠮᠠᠭ᠎ᠠ ᠠᠴᠠ ᠪᠠᠨ ᠰᠡᠭᠦᠯᠴᠢ ᠶᠢᠨ ᠨᠠᠪᠴᠢ      ᠰᠠᠯᠠᠭᠠᠨᠠᠨ ᠲᠡᠭᠦᠵᠢᠩᠨᠡᠨ      ᠥᠭᠦᠨ ᠵᠠᠭᠤᠷᠠᠯᠳᠤᠭᠰᠠᠭᠠᠷ ᠪᠠᠶᠢᠬᠤ ᠶᠤᠮ            ᠰᠠᠷᠠ ᠨᠢ ᠭᠠᠷᠥᠭᠠᠳ ᠢᠷᠡᠭᠦᠯᠡᠷ      ᠨᠠᠷᠠ ᠨᠢ ᠵᠢᠷᠭᠠᠭᠠᠳ ᠤᠳᠴᠢᠬᠠᠬᠤ ᠶᠤᠮ      ᠨᠠᠷᠠᠨ ᠨᠢ ᠮᠠᠨᠳᠤᠭᠠᠳ ᠭᠠᠷᠬᠤᠯᠠᠷ      ᠰᠠᠷᠠ ᠨᠢ ᠪᠥᠳᠡᠭᠢᠷᠡᠭᠡᠳ ᠶᠠᠪᠤᠴᠢᠬᠠᠬᠤ ᠶᠤᠮ      ᠰᠠᠨᠠᠭ᠎ᠠ ᠪᠠᠷ ᠢᠶᠠᠨ ᠤᠳᠤ ᠨᠢᠭᠡ ︽ᠰᠠᠪᠠᠶ᠎ᠠ︾ ᠳ᠋ᠠ ᠭᠡᠭᠦᠯᠡᠷ      ᠰᠠᠨᠴᠢᠭ ᠤᠨ ᠥᠵᠥᠭᠦᠷ ᠭᠢᠷᠠᠭᠤ ᠤᠨᠠᠴᠢᠬᠠᠬᠤ ᠶᠤᠮ      ᠨᠠᠰᠤ ᠪᠠᠷ ᠢᠶᠠᠨ ᠨᠢᠭᠡ ᠵᠢᠷᠭᠠᠶ᠎ᠠ ᠳ᠋ᠠ ᠭᠡᠭᠦᠯᠡᠷ      ᠥᠭᠦᠯ ᠳᠤ ᠴᠠᠯᠮᠠᠳᠠᠭᠤᠯᠤᠭᠠᠳ ᠲᠠᠭᠤᠰᠬᠤ ᠶᠤᠮ            ᠥᠭᠡᠳᠡ ᠪᠠᠨ ᠬᠠᠷᠠᠭᠠᠳ ᠭᠡᠪᠳᠡᠭᠦ ᠳᠤ      ᠭᠠᠵᠠᠷ ᠨᠢ ᠠᠷᠥ ᠳᠤ ᠭᠠᠷᠴᠢᠬᠠᠬᠤ ᠶᠤᠮ      ᠤᠷᠤᠭᠤ ᠪᠠᠨ ᠬᠠᠷᠠᠭᠠᠳ ᠭᠡᠪᠳᠡᠭᠦ ᠳᠤ      ᠲᠡᠭᠷᠢ ᠨᠢ ᠲᠡᠭᠡᠷ᠎ᠡ ᠭᠠᠷᠴᠢᠬᠠᠬᠤ ᠶᠤᠮ      ᠨᠢᠭᠡ ᠶᠢ ᠤᠯᠤᠭᠠᠳ ᠠᠪᠬᠤ ᠳᠤ      ᠨᠥᠭᠦᠭᠡ ᠶᠢ ᠠᠯᠳᠠᠭᠠᠳ ᠪᠠᠶᠢᠬᠤ ᠶᠤᠮ      ᠨᠡᠯᠮᠡᠭᠡᠷ ᠭᠥᠢᠳᠡᠨ ᠤᠷᠴᠢᠯᠠᠩ ᠳᠤ      ᠭᠢᠰᠠᠭᠠᠨ ᠢᠶᠠᠷ ᠲᠥᠭᠦᠷᠥᠭᠡᠳ ᠪᠠᠶᠢᠬᠤ ᠶᠤᠮ            ᠵᠤᠪᠠᠯᠠᠩ ᠮᠠᠳᠤ ᠥᠨᠡᠨ᠂ ᠵᠢᠷᠭᠠᠯᠠᠩ ᠮᠡᠳᠤ ᠬᠠᠭᠤᠷᠮᠠᠭ      ᠭᠠᠴᠢᠯᠠᠩᠳᠤ ᠡᠨᠡ ᠲᠡᠯᠡᠭᠡᠢ ᠳᠤ      ᠰᠢᠯᠳᠠᠭᠠᠨ ᠮᠡᠳᠤ ᠥᠯᠥ ᠪᠠᠷᠠᠭᠳᠠᠬᠤ᠂ ᠰᠥᠨᠤᠯ ᠮᠡᠳᠤ ᠥᠯᠥ ᠲᠠᠭᠤᠰᠬᠤ      ᠭᠥᠮᠥᠨ ᠤ ᠲᠠᠪᠢᠯᠠᠩ ᠭᠥᠪᠥᠷᠢᠨ᠎ᠡ      ᠭᠠᠴᠢᠯᠠᠩ ᠤᠨ ᠲᠠᠭᠤᠨ ᠭᠠᠭᠴᠠ ᠬᠤᠷᠤᠮ ᠴᠦ      ᠥᠯᠥ ᠲᠠᠰᠤᠯᠳᠠᠬᠤ ᠭᠠᠵᠠᠷ ᠲᠡᠯᠡᠭᠡᠢ ᠳᠤ      ᠭᠠᠢ ᠯᠠᠴᠢᠭ᠂ ᠭᠠᠯᠵᠠᠭᠤ ᠴᠡᠩᠭᠡᠯ      ᠡᠳᠥᠷ ᠰᠥᠨᠢ ᠮᠡᠳᠤ ᠡᠭᠡᠯᠵᠢᠯᠡᠨ᠎ᠡ            ᠲᠤᠷ᠎ᠠ ᠦᠭᠡᠢ ᠶᠠᠭᠤᠮᠠᠨ ᠤ ᠪᠠᠨ ᠲᠥᠯᠥᠭᠡ ᠪᠢᠳᠠ      ᠲᠤᠷᠠᠳᠠᠢ ᠶᠤᠮ ᠰᠢᠭ᠋ ᠠᠮᠢᠳᠤᠷᠠᠵᠤ ᠪᠠᠶᠢᠨ᠎ᠠ      ᠲᠤᠷᠠᠯᠠᠭᠰᠠᠨ ᠶᠠᠭᠤᠮᠠᠨ ᠤ ᠪᠠᠨ ᠲᠥᠯᠥᠭᠡ ᠪᠢᠳᠠ      ᠰᠠᠨᠠᠭ᠎ᠠ ᠲᠤᠮᠳᠠᠭᠤᠷ ᠶᠠᠪᠤᠵᠤ ᠪᠠᠶᠢᠨ᠎ᠠ      ᠲᠤᠷ᠎ᠠ ᠦᠭᠡᠢ ᠶᠠᠭᠤᠮᠠᠨ ᠤ ᠪᠠᠨ ᠲᠥᠯᠥᠭᠡ ᠪᠢᠳᠠ      ᠬᠤᠨᠳᠠᠭ᠎ᠠ ᠪᠠᠨ ᠲᠤᠯᠭᠠᠶ᠎ᠠ      ᠲᠤᠷ᠎ᠠ ᠲᠠᠢ ᠲᠤᠷ᠎ᠠ ᠦᠭᠡᠢ ᠴᠦ      ᠡᠨᠡ ᠬᠤᠷᠸ᠎ᠠ ᠲᠠᠢ ᠡᠪᠯᠡᠷᠡᠵᠥ ᠠᠮᠢᠳᠤᠷᠠᠶ᠎ᠠ︕ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号