ᠶᠠᠭᠤ ᠴᠦ ᠪᠠᠶᠢᠬᠤ ᠮᠡᠳᠤ ᠶᠠᠭᠤ ᠴᠦ ᠪᠠᠶᠢᠬᠤ ᠦᠭᠡᠢ ᠮᠡᠳᠤ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ                  ᠪᠤᠷᠬᠠᠨ ᠳᠤ      ᠪᠤᠶᠠᠨ ᠲᠠᠢ ᠨᠢᠭᠦᠯ ᠲᠠᠢ ᠪᠥᠭᠦᠨ      ᠪᠤᠤ ᠲᠠᠢ ᠴᠡᠴᠡᠭ ᠲᠠᠢ ᠪᠥᠭᠦᠨ      ᠬᠠᠷ᠎ᠠ ᠴᠠᠭᠠᠨ ᠪᠥᠭᠦᠨ      ᠬᠠᠷᠠᠳᠠᠯᠭ᠎ᠠ ᠰᠡᠷᠡᠳᠡᠯᠭᠡ᠂ ᠬᠠᠷᠢᠶᠠᠯ ᠢᠷᠥᠭᠡᠯ ᠪᠥᠭᠦᠨ      ᠰᠢᠷᠢᠳᠡᠭ ᠰᠢᠳᠥᠯᠭᠡ ᠬᠤᠶᠠᠷ ᠢ ᠰᠡᠮᠡᠷᠡᠳᠡᠯ᠎ᠡ ᠨᠢ ᠮᠥᠷᠭᠦᠵᠥ ᠪᠠᠶᠢᠨ᠎ᠠ      ᠪᠤᠷᠬᠠᠨ ᠤ ᠠᠪᠤᠷᠠᠯ ᠳᠤ      ᠪᠠᠭᠳᠠᠭᠰᠠᠨ ᠮᠡᠳᠤ ᠪᠠᠭᠳᠠᠭ᠎ᠠ ᠦᠭᠡᠢ ᠴᠦ ᠮᠡᠳᠤ      ᠤᠷᠴᠢᠯᠠᠩ ᠤᠨ ᠲᠡᠭᠡᠪᠥᠷ ᠲᠤ      ᠤᠶᠤᠭᠠᠷᠢ ᠭᠢᠵᠠᠭᠠᠷ ᠪᠠᠶᠢᠬᠤ ᠮᠡᠳᠤ᠂ ᠪᠠᠰᠠ ᠪᠠᠶᠢᠬᠤ ᠦᠭᠡᠢ ᠮᠡᠳᠤ      ᠨᠠᠷᠠ᠂ ᠰᠠᠷᠠ᠂ ᠤᠳᠤ᠂ ᠡᠭᠦᠯᠡ᠂ ᠵᠠᠯᠪᠠᠷᠢᠯ᠂ ᠮᠥᠷᠥᠭᠡᠳᠥᠯ ᠁      ᠨᠠᠭᠠᠨ᠎ᠠ ᠨᠢ ᠪᠠᠶᠢᠬᠤ ᠰᠢᠭ᠋᠂ ᠴᠠᠭᠠᠨ᠎ᠠ ᠨᠢ ᠴᠦ ᠪᠠᠶᠢᠬᠤ      ᠠᠰᠤᠷᠤ ᠭᠥᠨ ᠲᠡᠭᠷᠢ ᠬᠠᠷᠠᠭᠳᠠᠨ᠎ᠠ      ᠨᠢᠰᠥᠭᠡᠳ ᠲᠡᠮᠡᠥᠯᠥᠭᠡᠳ ᠭᠡᠵᠢᠶ᠎ᠡ ᠴᠦ ᠥᠯᠥ ᠭᠠᠳᠤᠯᠤᠨ᠎ᠠ      ᠲᠡᠭᠷᠢ ᠭᠡᠮᠡᠭᠴᠢ ᠮᠥᠩᠭᠡ ᠤᠷᠤᠰᠢᠬᠤᠢ      ᠪᠠᠶᠢᠬᠤ ᠮᠡᠳᠤ᠂ ᠪᠠᠶᠢᠬᠤ ᠦᠭᠡᠢ ᠮᠡᠳᠤ      ᠪᠥᠯᠢᠭᠰᠡᠨ ᠠᠶᠢᠷᠠᠭ ᠤᠨ ︽ᠡᠮᠳᠡᠷᠬᠡᠢ︾ ᠥᠰᠥᠷᠴᠥ ᠭᠥᠷᠭᠦ      ᠪᠤᠳᠠ ᠲᠠᠢ ᠲᠡᠨᠵᠢᠨ ᠲᠡᠭᠡᠷ᠎ᠡ      ᠡᠭᠡᠰᠢᠭ ᠲᠤᠯᠤᠭ᠎ᠠ ᠮᠡᠳᠤ ᠰᠤᠯᠤᠩᠭ᠎ᠠ ᠲᠠᠳᠠᠨ᠎ᠠ      ᠪᠠᠷᠢᠬᠤ ᠭᠡᠳ ᠭᠥᠶᠥᠭᠡᠳ ᠤᠴᠢᠬᠤ ᠳᠤ      ᠴᠠᠭᠠᠳᠤ ᠭᠥᠳᠥᠯ ᠲᠡᠭᠡᠷ᠎ᠡ ᠁      ᠪᠠᠰᠠ ᠭᠥᠭᠡᠭᠡᠭᠡᠳ ᠭᠥᠷᠭᠦ ᠳᠤ      ᠴᠠᠭᠠᠳᠤ ᠠᠭᠤᠯᠠᠨ ᠲᠡᠭᠡᠷ᠎ᠡ ᠁      ᠰᠤᠯᠤᠩᠭ᠎ᠠ ᠭᠡᠮᠡᠭᠴᠢ ︽ᠲᠤᠮᠤᠭᠳᠤ ᠨᠠᠭᠠᠳᠤᠭᠠᠢ︾      ᠪᠠᠶᠢᠬᠤ ᠮᠡᠳᠤ᠂ ᠪᠠᠶᠢᠬᠤ ᠦᠭᠡᠢ ᠮᠡᠳᠤ      ᠵᠡᠭᠡᠰᠥᠨ ᠤ ᠲᠤᠯᠤᠭᠠᠢ ᠪᠠᠷ ᠭᠤᠤᠴᠢᠯᠠᠬᠤ      ᠵᠡᠭᠦᠷᠮᠡᠭ ᠴᠠᠭᠠᠨ ᠨᠠᠭᠤᠷ ᠮᠡᠳᠤ      ᠵᠡᠷᠭᠡᠯᠭᠡ ᠲᠤᠩᠭᠤᠴᠢᠨ᠎ᠠ      ︵ᠴᠠᠩᠭᠠᠭᠰᠠᠨ ᠠᠮᠢᠳᠠᠰ ᠬᠠᠷᠠᠴᠠ ᠪᠠᠷ ᠢᠶᠠᠨ ᠵᠠᠯᠭᠢᠯᠠᠵᠤ      ᠡᠯᠳᠡᠭᠰᠡᠭᠡᠷ ᠲᠠᠭᠤᠭᠰᠠᠭᠠᠷ ᠬᠠᠳᠠᠵᠤ ᠦᠬᠦᠭᠰᠡᠡ ᠪᠠᠶᠢᠬᠤ ᠶᠤᠮ︶      ᠵᠡᠷᠭᠡᠯᠭᠡ ᠭᠡᠮᠡᠭᠴᠢ ᠭᠠᠵᠠᠷ ᠤᠨ ᠰᠥᠨᠡᠰᠥ      ᠪᠠᠶᠢᠬᠤ ᠮᠡᠳᠤ᠂ ᠪᠠᠶᠢᠬᠤ ᠦᠭᠡᠢ ᠮᠡᠳᠤ      ᠵᠡᠭᠦᠳᠥ᠂ ᠵᠥᠩ ᠰᠣᠪᠢᠩ᠂ ᠬᠤᠪᠢ ᠲᠠᠪᠢᠯᠠᠩ᠂      ᠰᠥᠨᠡᠰᠥ᠂ ᠴᠢᠳᠭᠦᠷ᠂ ᠴᠤᠤᠷᠢᠶ᠎ᠠ᠂ ᠨᠠᠪᠳᠠᠭ ᠰᠠᠪᠳᠠᠭ ᠁      ᠤᠷᠤᠰᠢᠬᠤ ᠮᠡᠳᠤ᠂ ᠡᠰᠡ ᠤᠷᠤᠰᠢᠬᠤ ᠮᠡᠳᠤ      ᠲᠡᠭᠷᠢ      ᠭᠥᠷᠴᠥ ᠪᠤᠯᠬᠤ ᠦᠭᠡᠢ ᠥᠨᠳᠥᠷ ᠲᠤ ᠬᠠᠷᠠᠭᠳᠠᠳᠠᠭ ᠴᠦ      ᠥᠨᠡᠨ ᠳᠡᠭᠡᠨ      ᠠᠯᠠᠭᠠᠨ ᠳᠤ      ᠠᠨᠢᠰᠬᠠᠨ ᠳᠤ      ᠠᠮᠢᠰᠬᠤᠭᠠᠨ ᠳᠤ ᠪᠠᠶᠢᠬᠤ ᠮᠡᠳᠤ ᠡ      ︵ᠬᠠᠮᠤᠭ ‍ᠤᠨ‌ᠦᠵᠡᠭᠳᠡᠬᠦ ᠲᠤᠷ᠎ᠠ ᠦᠭᠡᠢ ᠶᠠᠭᠤᠮ᠎ᠠ      ᠬᠠᠮᠤᠭ ᠤᠨ ᠲᠤᠳᠤ ᠤᠷᠤᠰᠢᠳᠠᠭ︶      ᠬᠠᠷᠠᠭᠳᠠᠳᠠᠭ ᠪᠤᠯᠭᠠᠨ ᠥᠨᠡᠨ ᠮᠡᠳᠤ ᠪᠠᠰᠠ ᠬᠤᠭᠤᠰᠤᠨ ᠮᠡᠳᠤ      ᠬᠠᠷᠠᠭᠳᠠᠬᠤ ᠮᠡᠳᠤ᠂ ᠪᠠᠷᠢᠭᠳᠠᠬᠤ ᠦᠭᠡᠢ ᠮᠡᠳᠤ ᠬᠤᠭᠤᠰᠤᠨ      ᠪᠠᠶᠢᠬᠤ ᠮᠡᠳᠤ᠂ ᠪᠠᠰᠠ ᠪᠠᠶᠢᠬᠤ ᠦᠭᠡᠢ ᠮᠡᠳᠤ ᠡᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号