ᠭᠤᠳᠤᠮᠵᠢ ᠶᠢᠨ ᠭᠤᠷᠪᠠᠨ ᠲᠡᠭᠦᠪᠥᠷᠢ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ                  ᠨᠢᠭᠡ᠂  ᠂᠂᠂ ᠮᠡᠳᠤ ᠥᠵᠡᠯ ᠰᠠᠨᠠᠭ᠎ᠠ      ᠬᠤᠷᠸ᠎ᠠ ᠶᠢᠨ ᠨᠠᠷᠠ ᠰᠠᠷᠠ ᠶᠢ ᠲᠤᠭᠤᠵᠤ ᠠᠯᠳᠠᠭᠰᠠᠨ      ᠬᠤᠳᠠ ᠶᠢᠨ ᠶᠡᠭᠡᠷᠭᠡᠭ ᠭᠥᠮᠥᠰ      ᠤᠬᠠᠮᠰᠠᠷ ᠤᠨ ᠢᠶᠠᠨ ᠴᠤᠭᠤᠷᠤᠬᠠᠢ ᠪᠠᠷ      ᠥᠵᠡᠯ ᠰᠠᠨᠠᠭ᠎ᠠ ᠪᠠᠨ ᠭᠠᠷ ᠤᠨ ᠢᠶᠠᠨ ᠰᠠᠯᠠᠭ᠎ᠠ ᠪᠠᠷ ᠭᠤᠭᠤᠵᠢᠭᠤᠯᠤᠭᠰᠠᠭᠠᠷ ᠶᠠᠪᠤᠨᠠᠮ      ᠲᠤᠮᠤᠴᠤᠤᠯ ᠤᠨ ᠥᠵᠡᠯ ᠰᠠᠨᠠᠭ᠎ᠠ ᠭᠡᠥᠭᠡᠳ ᠲᠤ ᠬᠠᠯᠳᠠᠪᠤᠷᠢᠯᠠᠵᠤ      ᠲᠤᠮᠤ ᠲᠡᠯᠭᠡᠭᠦᠷ ᠤᠨ ᠲᠤᠳᠤᠨ᠎ᠠ ᠭᠠᠳᠠᠨ᠎ᠠ ᠡᠰᠡᠭᠦᠯ᠎ᠡ ᠴᠡᠴᠡᠷᠯᠢᠭ ᠲᠤ ᠭᠡᠶᠢᠰᠥᠭᠰᠡᠭᠡᠷ ᠪᠥᠯᠥᠭᠡ      ᠲᠡᠮᠥᠷ ᠮᠡᠳᠤ ᠲᠡᠪᠴᠢᠶᠡᠷᠢ ᠲᠠᠢ ᠭᠤᠳᠤᠮᠵᠢ ᠴᠡᠪᠡᠷᠯᠡᠭᠴᠢ      ᠲᠡᠭᠦᠵᠥ ᠬᠠᠮᠤᠵᠤ ᠠᠮᠵᠢᠬᠤ ᠥᠭᠡᠢ ᠴᠦ ᠲᠡᠭᠦᠭᠰᠡᠭᠡᠷ ᠪᠠᠶᠢᠪᠠ      ᠭᠥᠮᠥᠨ ᠲᠥᠷᠥᠯᠭᠢᠳᠡᠨ ᠲᠠᠢ ᠪᠠᠨ      ᠭᠥᠢ ᠶᠢᠨ ᠬᠤᠯᠪᠤᠭᠠᠲᠠᠢ ᠲᠡᠷᠡ ᠥᠵᠡᠯ ᠰᠠᠨᠠᠭᠠᠨ ᠳᠤ      ᠰᠠᠭᠠᠷᠠᠯ ᠭᠤᠳᠤᠮᠵᠢ ᠳ᠋ᠧᠩ ᠤᠳ ᠬᠠᠨᠢᠶᠠᠵᠤ ᠬᠠᠭ᠋ᠠᠵᠤ      ᠰᠠᠯᠭᠢ ᠠᠯᠠᠭᠠᠳᠠᠭᠰᠠᠨ ᠠᠰᠠᠷ ᠤᠨ ᠴᠤᠩᠬᠤ ᠪᠥᠭᠰᠢᠭᠦᠯᠥᠨ ᠴᠠᠷᠴᠠᠵᠤ      ᠤᠷᠴᠢᠨ ᠥᠶ᠎ᠡ ᠶᠢᠨ ᠬᠤᠳᠠ ᠰᠠᠭᠤᠷᠢᠨ ᠤ ᠥᠵᠡᠰᠭᠦᠯᠡᠩᠳᠤ ᠴᠢᠷᠠᠢ ᠲᠥᠳᠡᠭᠡᠨ᠎ᠡ ᠬᠠᠯᠳᠠᠷᠳᠤᠵᠤ      ᠤᠪ ᠵᠢᠪ ᠮᠡᠳᠤ ᠤᠷᠭᠤᠭᠰᠠᠨ ᠲᠠᠷᠢᠮᠠᠯ ᠴᠡᠴᠡᠭ ᠤᠳ ᠢᠴᠢᠵᠥ ᠥᠭᠦᠨᠡᠮ ᠠᠵᠢ      ᠢᠯᠠᠭ᠎ᠠ ᠮᠡᠳᠤ ᠥᠵᠡᠯ ᠰᠠᠨᠠᠭ᠎ᠠ ᠪᠠᠷ ︽ᠫᠤᠯᠤᠭ ᠰᠢᠭᠠᠭᠰᠠᠨ︾      ᠢᠷᠮᠡᠭᠦᠨ ᠵᠠᠭᠤᠨ ᠤ ᠲᠠᠪᠴᠢᠭᠤᠬᠠᠨ ᠤᠷᠤᠨ ᠵᠠᠢ ᠳᠤ      ᠪᠢᠳᠠ ᠮᠥᠨ ᠯᠠ ᠠᠮᠢᠰᠬᠤᠭᠰᠠᠭᠠᠷ ᠶᠠᠪᠤᠯᠤᠭ᠎ᠠ ᠁            ᠬᠤᠶᠠᠷ᠂ ᠮᠤᠬᠤᠷ ᠭᠤᠳᠤᠮᠵᠢ ᠶᠢᠨ ᠨᠥᠭᠦᠭᠡ ᠲᠠᠯ᠎ᠠ ᠳᠤ      ᠮᠤᠬᠤᠷ ᠭᠤᠳᠤᠮᠵᠢ ᠶᠢᠨ ᠨᠥᠭᠦᠭᠡ ᠲᠠᠯ᠎ᠠ ᠳᠤ      ᠮᠤᠤᠷ᠂ ᠨᠤᠬᠠᠢ ᠰᠢᠷ᠎ᠠ ᠰᠢᠪᠠᠭᠤ ᠭᠥᠷᠳᠡᠯ᠎ᠡ ᠲᠤᠯᠤᠭᠠᠢ ᠨᠢ ᠡᠷᠭᠢᠨ᠎ᠡ      ᠲᠡᠨᠳᠡ ᠭᠥᠮᠥᠰ ᠠᠯᠭᠤᠷᠬᠠᠨ ᠢᠶᠠᠷ ᠥᠪᠡᠷ ᠢ ᠪᠠᠨ ᠠᠯᠠᠨ᠎ᠠ      ᠲᠠᠶᠢᠰᠤᠨ ᠢᠶᠠᠷ ᠢᠶᠠᠨ ᠪᠢᠰᠢ ᠠᠨᠳᠠ ᠪᠠᠷ ᠢᠶᠠᠨ ᠠᠯᠠᠭᠤᠯᠤᠭᠰᠠᠨ ᠭᠥᠮᠥᠰ ᠢᠨᠢᠶᠡᠯᠳᠥᠨ ᠵᠥᠷᠢᠨ᠎ᠡ      ᠭᠢᠳᠤᠭᠠᠨ ᠳᠤ ᠪᠢᠰᠢ ᠬᠤᠨᠳᠠᠭ᠎ᠠ ᠲᠠᠢ ᠠᠷᠢᠭᠢᠨ ᠳᠤ ᠭᠢᠷᠥᠭᠡᠳᠡᠭᠦᠯᠵᠥ ᠥᠭᠦᠭᠰᠡᠨ ᠭᠥᠮᠥᠰ      ᠲᠤᠯᠭᠢᠶ᠎ᠠ ᠨᠢ ᠪᠠᠶᠢᠨ ᠪᠠᠶᠢᠨ ᠪᠥᠳᠥᠷᠢᠭᠦ ᠷᠠᠳᠢᠤ᠋ ᠮᠡᠳᠤ      ᠲᠠᠰᠤᠭ ᠪᠤᠰᠠᠭ ᠲᠠᠭᠤᠯᠠᠭᠰᠠᠭᠠᠷ ᠬᠤᠷᠤᠭᠤ ᠵᠢᠮᠡᠯᠴᠡᠭᠰᠡᠭᠡᠷ ᠨᠢᠭᠡ ᠶᠢ ᠪᠠᠨ ᠪᠠᠭᠠᠯᠵᠤᠤᠷᠳᠠᠭᠰᠠᠭᠠᠷ ᠪᠠᠶᠢᠪᠠ      ᠡᠷᠭᠡ ᠠᠰᠢᠭ ᠤᠨ ᠮᠤᠳᠤᠨ ᠠᠴᠠ ᠲᠡᠭᠦᠵᠢᠯᠡᠵᠥ ᠥᠭᠦᠭᠰᠡᠳ      ᠡᠷᠯᠢᠭ ᠨᠤᠮᠤᠨ ᠬᠠᠭᠠᠨ ᠤ ᠲᠤᠰᠢᠶᠠᠯ ᠳᠤ ᠭᠤᠷᠢᠯᠠᠭᠠᠳ      ᠭᠡᠷᠡᠮ ᠲᠡᠭᠡᠷ᠎ᠡ ᠬᠠᠳᠠᠭᠤᠯᠤᠭᠰᠠᠨ ᠭᠥᠷᠥᠭ ᠮᠡᠳᠤ ᠴᠣᠪᠳᠤᠯᠠᠭᠤᠯᠵᠤ ᠪᠠᠶᠢᠪᠠ      ᠵᠤᠭᠤᠰᠤᠨ ᠤ ᠤᠷᠢᠶᠠᠯᠳᠠ ᠪᠠᠷ ᠪᠤᠭᠤᠵᠤ ᠥᠭᠦᠭᠰᠡᠨ ᠲᠡᠷᠡ ᠭᠤᠸᠠᠢ      ᠵᠤᠭᠤᠭ ᠤᠨ ᠭᠠᠵᠠᠷ ᠤᠨ ᠮᠥᠩᠭᠦᠨ ᠤ ᠬᠠᠶᠢᠷᠴᠠᠭ ᠲᠤ ᠴᠣᠣᠵᠢ ᠲᠠᠢ ᠨᠢ ᠬᠠᠮᠳᠤ ᠵᠢᠭᠤᠷᠠᠯᠳᠤᠨ᠎ᠠ      ᠡᠷᠭᠡ ᠲᠠᠢ ᠮᠥᠩᠭᠦ ᠲᠠᠢ ᠡᠷᠡᠴᠣᠣᠯ ᠤᠨ ᠡᠪᠥᠷ ᠥᠷᠳᠡᠭᠡᠯᠡᠵᠥ      ᠬᠤᠷᠮᠤᠢ ᠶᠢᠨ ᠳ᠋ᠤᠩ ᠱᠥᠭᠯᠡᠭᠰᠡᠨ ᠭᠠᠩᠭᠠᠩ ᠪᠥᠰᠡᠭᠦᠢ ᠯᠠ ᠬᠠᠷᠢᠨ      ᠨᠢᠳᠤ ᠪᠠᠨ ᠪᠥᠯᠳᠡᠷᠡᠳᠡᠯ᠎ᠡ ᠤᠭᠢᠯᠠᠨ᠎ᠠ      ᠠᠳᠡ ᠡᠷ᠎ᠡ ᠭᠥᠮᠥᠨ ᠤ ᠢᠨᠠᠭ ᠡᠷᠭᠡᠳᠡᠨ ᠥᠢᠯᠡᠳᠥᠯ ᠢᠶᠠᠨ ᠠᠯᠳᠠᠭᠰᠠᠨ ᠠᠵᠢ      ᠥᠩᠭᠡ ᠥᠭᠡᠢ ᠵᠡᠭᠦᠳᠥ ᠮᠡᠳᠤ      ᠥᠭᠡ ᠥᠭᠡᠢ ᠥᠯᠢᠭᠡᠷ ᠮᠡᠳᠤ      ᠮᠤᠬᠤᠷ ᠭᠤᠳᠤᠮᠵᠢ ᠶᠢᠨ ᠨᠥᠭᠦᠭᠡ ᠲᠠᠯ᠎ᠠ ᠳᠤ      ᠥᠭᠦᠯ ᠲᠤᠳᠤᠷ᠎ᠠ ᠠᠮᠢᠳᠤᠷᠠᠯ᠂ ᠠᠮᠢᠳᠤᠷᠠᠯ ᠲᠤᠳᠤᠷ᠎ᠠ ᠥᠭᠦᠯ      ᠭᠢᠮᠢ ᠶᠢᠨ ᠤᠷᠪᠠᠯ ᠮᠡᠳᠤ ᠤᠷᠤᠰᠢᠬᠤᠢ            ᠮᠤᠬᠤᠷ ᠭᠤᠳᠤᠮᠵᠢ ᠶᠢᠨ ᠨᠥᠭᠦᠭᠡ ᠲᠠᠯ᠎ᠠ ᠳᠤ      ᠮᠤᠤᠷ᠂ ᠨᠤᠬᠠᠢ ᠰᠢᠷ᠎ᠠ ᠰᠢᠪᠠᠭᠤ ᠭᠥᠷᠳᠡᠯ᠎ᠡ ᠲᠤᠯᠤᠭᠠᠢ ᠪᠠᠨ ᠤᠯᠬᠤ ᠥᠭᠡᠢ            ᠭᠤᠷᠪᠠ᠂ ᠭᠤᠳᠤᠮᠵᠢᠨ ᠳᠤ ᠭᠢᠮᠡᠯ ᠤᠷᠤᠰᠬᠠᠯ᠂᠂᠂      ᠭᠡᠭᠡᠷ᠎ᠡ ᠶᠢᠨ ᠰᠠᠯᠭᠢ ᠠᠳᠡ ᠶᠠᠪᠤᠬᠤ ᠭᠠᠵᠠᠷ ᠠᠯᠠᠭ᠎ᠠ      ᠭᠡᠷᠡᠮ ᠮᠡᠳᠤ ᠮᠥᠷᠭᠦᠭᠰᠡᠨ ᠬᠤᠯᠠᠭᠠᠢ ᠵᠢᠪᠠᠷ ᠪᠤᠯᠬᠤ᠃      ᠭᠢᠯᠠᠭᠠᠷ ᠤᠭᠤᠳᠠ ᠴᠠᠭᠠᠨ ᠭᠡᠷᠢᠶ᠎ᠡ ᠮᠡᠳᠤ ᠨᠢᠰᠥᠯᠳᠥᠭᠦ᠃      ᠭᠡᠭᠡᠮᠰᠥᠭ ᠪᠥᠰᠡᠭᠦᠶᠢᠴᠥᠥᠯ ᠥᠪᠡᠷ ᠤᠨ ᠴᠥᠩᠭᠦ᠂ ᠭᠤᠳᠤᠯ᠂ ᠤᠶᠢᠮᠤᠰᠤ᠂ ᠲᠣᠳᠣᠭᠤᠵᠢ      ᠭᠢᠮᠡᠯ ᠰᠤᠷᠮᠤᠤᠰᠤ᠂ ᠥᠷᠭᠡᠨ ᠲᠠᠰᠢᠶ᠎ᠠ      ᠭᠥᠭᠦᠪᠴᠢ᠂ ᠤᠷᠤᠭᠤᠯ ᠤᠨ ᠪᠤᠳᠤᠭ ᠲᠠᠭᠠᠨ ᠲᠤᠷᠠᠯᠠᠵᠤ ᠱᠠᠩᠳᠠᠭᠤᠷᠠᠬᠤ᠃      ᠭᠡᠵᠢᠶ᠎ᠡ ᠬᠤᠶᠢᠨ᠎ᠠ ᠡᠭᠦᠪᠡᠷ ᠶᠠᠪᠠᠭᠠᠨ ᠥᠯᠢᠭᠡᠷ ᠤᠷᠤᠰᠴᠤ ᠥᠩᠭᠡᠷᠡᠭᠰᠡᠨ ᠪᠠᠶᠢᠬᠤ᠃      ᠭᠡᠷᠡᠭᠦᠯ ᠴᠤᠤᠭᠢᠶᠠᠨ ᠬᠠᠷ᠎ᠠ ᠴᠠᠭᠠᠨ ᠭᠡᠯᠡ ᠠᠮᠠ      ᠭᠡᠳᠤ ᠲᠡᠯᠭᠡᠭᠦᠷ ᠤᠨ ᠭᠠᠳᠠᠨ᠎ᠠ ᠲᠤᠳᠤᠨ᠎ᠠ ᠡᠭᠦᠰᠴᠤ ᠮᠡᠳᠡᠭᠦ᠃      ᠶᠠᠳᠠᠬᠤ ᠳᠠᠭᠠᠨ ᠠᠳᠡ ᠢᠮᠠᠭᠠᠨ ᠤ ᠰᠠᠷᠭᠢᠨᠠᠭ ᠠᠯᠠᠭ᠎ᠠ᠃      ᠢᠯᠠᠭ᠎ᠠ ᠨᠢᠰᠭᠡᠯ ᠮᠡᠳᠤ ᠲᠥᠩᠭᠢᠨᠡᠭᠦ ᠠᠭᠠᠳ ᠬᠠᠵᠠᠬᠤ ᠨᠢ ᠥᠭᠡᠢ᠃      ᠬᠠᠷ᠎ᠠ ᠵᠤᠯᠠ᠂ ᠴᠤᠬᠤᠷ ᠤᠳᠤᠭ᠎ᠠ᠂ ᠠᠯᠳᠠᠨ ᠴᠠᠰᠤ      ᠬᠠᠮᠢᠭᠠᠰᠢ ᠪᠠᠨ ᠬᠠᠷᠠᠪᠠᠴᠤ ᠲᠡᠭᠷᠢ ᠥᠯᠥ ᠥᠵᠡᠭᠳᠡᠭᠦ᠃      ᠵᠠᠭᠪᠤᠷ ᠮᠡᠳᠤ ᠢᠨᠢᠶᠡᠮᠰᠥᠭᠯᠡᠯ│ ᠵᠠᠷ ᠮᠡᠳᠤ ᠶᠡᠭᠡᠮᠰᠥᠭᠯᠡᠯ│ ᠵᠢᠭᠠᠰᠤ ᠮᠡᠳᠤ ᠭᠠᠶᠢᠬᠠᠰᠢᠷᠠᠯ      ᠵᠠᠯᠭᠢᠬᠤ ᠮᠡᠳᠤ ᠵᠠᠬ᠎ᠠ ᠠᠴᠠ ᠵᠠᠵᠢᠯᠬᠤ ᠮᠡᠳᠤ ᠭᠤᠸᠠᠨᠵᠠ ᠭᠥᠷᠳᠡᠯ᠎ᠡ      ᠭᠠᠵᠠᠷ ᠤᠨ ᠲᠤᠰᠤ ᠬᠠᠭᠤᠷᠠᠶᠢᠯᠠᠭᠰᠠᠨ ᠲᠡᠮᠥᠷ ᠴᠤᠬᠤ ︵ᠪᠤᠶᠤ ᠮᠡᠯᠡᠭᠡᠢ︶      ᠬᠤᠭᠤᠯᠠᠢ ᠪᠠᠨ ᠭᠡᠷᠴᠢᠭᠦᠯᠭᠦ ᠮᠡᠳᠤ ᠤᠷᠢᠯᠠᠬᠤ᠃      ᠤᠯᠠᠭᠠᠨ ᠨᠤᠭᠤᠭᠠᠨ ᠨᠢᠳᠤ ᠢᠷᠮᠡᠯᠴᠡᠨ ᠲᠤᠬᠤᠭᠤᠷᠬᠠᠬᠤ᠃      ᠤᠷᠤᠭᠤᠯ ᠵᠤᠤᠮᠠᠯᠵᠠᠬᠤ ᠮᠡᠳᠤ ᠲᠠᠴᠢᠶᠠᠩᠭᠤᠢ ᠭᠡᠷᠡᠯ ᠤᠳ      ᠥᠮᠥᠳᠥ ᠪᠠᠨ ᠲᠠᠶᠢᠴᠢᠬᠤ ᠮᠡᠳᠤ ᠨᠢᠭᠡ ᠢᠯᠡ ᠨᠢᠭᠡ ᠲᠠᠯᠳᠠ᠃      ᠤᠭ ᠠᠴᠠ ᠪᠠᠨ ᠡᠨᠡ ᠭᠤᠳᠤᠮᠵᠢᠨ ᠳᠤ ᠨᠢᠭᠤᠴᠠᠭᠠᠶᠢᠯᠠᠬᠤ ᠬᠠᠭᠠᠴᠠᠶᠢᠯᠠᠬᠤ ᠶᠠᠭᠤᠮ᠎ᠠ ᠥᠯᠥ ᠤᠷᠤᠰᠢᠬᠤ᠃      ᠭᠤᠳᠤᠮᠵᠢᠨ ᠤ      ᠡᠨᠡᠳᠡᠭᠡ ᠡᠷᠭᠢ ᠠᠴᠠ ᠲᠡᠷᠳᠡᠭᠡ ᠡᠷᠭᠢ ᠭᠥᠷᠳᠡᠯ᠎ᠡ      ᠬᠤᠶᠠᠷ ᠰᠡᠳᠭᠢᠯ ᠤᠨ ᠵᠠᠢ ᠮᠡᠳᠤ ᠬᠤᠯᠠᠬᠠᠨ ᠪᠠᠰᠠ ᠤᠶᠢᠷᠠᠬᠠᠨ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号