ᠪᠢ ᠬᠤᠳᠠᠯ ᠭᠡᠯᠡᠵᠥ ᠪᠠᠶᠢᠨ᠎ᠠ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ                  ᠡᠨᠡ ᠬᠤᠳᠠᠯ ᠬᠠᠭᠤᠷᠮᠠᠭ ᠶᠢᠷᠳᠢᠨᠴᠤ ᠶᠢ ᠥᠵᠡᠨ ᠶᠠᠳᠠᠵᠤ ᠪᠠᠶᠢᠭᠰᠠᠨ ᠢᠶᠠᠨ ᠲᠡᠭᠦᠨ ᠲᠠᠢ ᠠᠶᠠᠳᠠᠨ ᠲᠡᠰᠬᠤ ᠪᠤᠯᠪᠠ᠂ ᠠᠶᠠᠳᠠᠨ ᠲᠠᠰᠴᠤ ᠪᠠᠶᠢᠭᠰᠠᠨ ᠢᠶᠠᠨ ᠲᠠᠭᠠᠨ ᠪᠠᠶᠠᠰᠬᠤ ᠪᠤᠯᠪᠠ ᠪᠢ᠃ ᠮᠠᠭᠳᠠᠭᠠᠯ ᠤᠨ ᠥᠭᠡ ᠮᠠᠯ ᠤᠨ ᠬᠤᠷᠭᠤᠰᠤ ᠰᠢᠭ᠋ ᠡᠯᠪᠡᠭ ᠪᠤᠯᠤᠭᠰᠠᠨ ᠡᠷᠢᠨ ᠳᠤ ᠮᠠᠷᠵᠠᠩᠨᠠᠭᠰᠠᠨ ᠮᠠᠵᠤᠤᠯᠠᠭᠰᠠᠨ ᠰᠢᠯᠥᠭ ᠪᠢᠴᠢᠵᠥ ᠴᠢᠳᠠᠬᠤ ᠪᠠᠨ ᠪᠤᠯᠢᠵᠤ ᠪᠠᠶᠢᠨ᠎ᠠ ᠪᠢ᠃ ᠵᠥᠪᠭᠡᠨ ᠬᠤᠳᠠᠯ ᠭᠡᠯᠡᠭᠦ ᠠᠴᠠ ᠁            ᠭᠡᠭᠡᠮᠰᠥᠭ ᠠᠭᠠᠳ ᠶᠡᠭᠡᠮᠰᠥᠭ ᠠᠭᠠᠳ ᠡᠷᠭᠢᠮᠰᠥᠭ ᠠᠭᠠᠳ ᠥᠨᠡᠨᠴᠢᠷᠭᠡᠭ ᠲᠠᠨᠠᠷ      ᠨᠠᠮᠠᠢᠢ ᠰᠤᠨᠤᠰ︕ ᠪᠢ ᠬᠤᠳᠠᠯ ᠭᠡᠯᠡᠭᠦ ᠭᠡᠳ ᠪᠠᠶᠢᠨ᠎ᠠ      ᠨᠢᠭᠤᠭᠠᠳ ᠶᠠᠭᠠᠭᠢᠬᠤᠪ᠂ ᠶᠠᠭ ᠰᠠᠶᠢᠬᠠᠨ ᠬᠤᠳᠠᠯ ᠭᠡᠯᠡᠵᠥ ᠪᠠᠶᠢᠨ᠎ᠠ      ᠭᠡᠨ ᠬᠤᠳᠠᠯ ᠭᠡᠯᠡᠪᠡᠯ ᠲᠠᠩᠰᠤᠭ ᠠᠮᠢᠳᠤᠷᠠᠳᠠᠭ ᠴᠠᠭ ᠪᠤᠯᠵᠡᠢ      ᠭᠡᠷᠢᠶ᠎ᠡ ᠰᠢᠪᠠᠭᠤ ᠨᠢᠭᠡ ᠶᠢ ᠪᠠᠨ ᠴᠠᠰᠤ ᠮᠡᠳᠤ ᠴᠠᠪ ᠴᠠᠭᠠᠨ ᠭᠡᠯᠴᠡᠳᠡᠭ ᠪᠤᠯᠵᠡᠢ      ᠬᠤᠷᠠᠯ ᠲᠡᠭᠡᠷ᠎ᠡ᠂ ᠬᠤᠳᠳᠠᠭ ᠤᠨ ᠠᠮᠠᠰᠠᠷ ᠲᠡᠭᠡᠷ᠎ᠡ᠂ ᠬᠠᠯᠠᠭᠤᠨ ᠭᠥᠨᠵᠢᠯᠡ ᠲᠤᠳᠤᠷ᠎ᠡ      ᠭᠢᠴᠢᠶᠡᠯ ᠤᠨ ᠪᠢᠴᠢᠭ ᠲᠡᠭᠡᠷ᠎ᠡ᠂ ᠢᠳᠡᠭᠡᠨ ᠤᠮᠳᠠᠭᠠᠨ ᠤ ᠰᠤᠷᠳᠠᠯᠴᠢᠯᠠᠭ᠎ᠠ᠂ ᠠᠯᠪᠠᠨ ᠲᠠᠮᠠᠭᠠᠨ ᠲᠤᠤᠷ᠎ᠠ      ᠠᠷᠠᠳ ᠤᠨ ᠮᠥᠩᠭᠦᠨ ᠤ ᠨᠢᠭᠤᠴᠠ ᠲᠡᠮᠳᠡᠭ ᠲᠡᠭᠡᠷ᠎ᠡ      ᠠᠭᠠᠯᠢ ᠦᠭᠡᠢ ᠥᠭᠡ ︽ᠭᠠᠯᠯᠠᠭᠰᠠᠨ︾ ᠠᠮᠠᠷᠠᠭ ᠤᠯᠠᠭᠠᠨ ᠤᠷᠤᠭᠤᠯ ᠲᠡᠭᠡᠷ᠎ᠡ      ᠠᠷᠪᠠᠨ ᠲᠥᠭᠦᠷᠢᠭ ᠲᠤᠰᠤᠭᠰᠠᠨ ᠭᠤᠶᠢᠷᠠᠨᠴᠢ ᠶᠢᠨ ᠢᠨᠢᠶᠡᠮᠰᠥᠭᠯᠡᠯ ᠲᠤᠳᠤᠷ᠎ᠠ      ᠢᠯᠠᠯᠳᠠ ᠪᠠᠶᠢᠭᠤᠯᠤᠭᠳᠠᠭᠰᠠᠨ ᠮᠡᠳᠡᠭᠡ᠂ ᠲᠠᠷᠢᠭᠢᠨ ᠤ ᠪᠢᠴᠢᠯᠭᠡ      ᠴᠠᠭᠢᠮ ᠰᠢᠣᠳᠠᠨ᠂ ᠴᠠᠭ ᠠᠭᠠᠷ ᠤᠨ ᠪᠥᠷᠭᠦᠭ ᠮᠡᠳᠡᠭᠡᠯᠡᠯ ᠲᠡᠭᠡᠷ᠎ᠡ      ᠬᠤᠰᠠᠷᠠᠩ ᠥᠨᠢᠶ᠎ᠡ ᠮᠡᠳᠤ ᠬᠤᠳᠠᠯ ᠥᠭᠡ      ᠬᠤᠯᠠᠨ ᠮᠡᠳᠤ ᠭᠥᠶᠥᠯᠳᠥᠭᠡᠳ᠂ ᠬᠤᠯᠤᠭᠠᠨ᠎ᠠ ᠮᠡᠳᠤ ᠥᠷᠡᠵᠢᠭᠡᠳ      ᠬᠤᠷᠢᠮ ᠤᠨ ᠢᠷᠥᠭᠡᠯ ᠮᠡᠳᠤ ᠰᠤᠨᠤᠰᠳᠠᠭᠠᠳ᠂ ᠬᠤᠮ ᠲᠠᠢ ᠲᠡᠮᠡᠭᠡ ᠮᠡᠳᠤ ᠬᠠᠩᠬᠠᠯᠵᠠᠨᠠᠮ      ᠲᠡᠥᠭᠡ ᠶᠢᠨ ᠮᠤᠳᠤᠨ ᠠᠴᠠ ᠲᠥᠭᠦᠭᠡᠢ ᠵᠢᠮᠢᠰ ᠤᠨᠠᠳᠠᠭ ᠪᠤᠯᠵᠤ ᠁      ᠲᠥᠯᠡᠭᠡᠨ ᠤ ᠬᠤᠵᠣᠣᠯ᠎ᠠ ᠠᠴᠠ ᠰᠠᠷᠭᠠᠢ ᠴᠡᠴᠡᠭ ᠤᠷᠭᠤᠳᠠᠭ ᠪᠤᠯᠵᠤ ᠁      ᠲᠥᠢᠮᠡᠷ ᠲᠤᠮᠳᠠᠭᠤᠷ ᠤᠰᠤ ᠥᠶᠡᠷᠯᠡᠵᠥ ᠤᠷᠤᠰᠳᠠᠭ ᠪᠤᠯᠵᠤ ᠁      ᠲᠥᠷᠭᠡᠨ ᠠᠪᠤᠷᠠᠯᠳᠠ ᠶᠢᠨ ᠲᠡᠷᠭᠡᠨ ᠤ ᠬᠠᠵᠠᠭᠤ ᠪᠠᠷ ᠬᠤᠷᠢᠮ ᠤᠨ ᠲᠡᠷᠭᠡ ᠤᠷᠤᠯᠳᠣᠳᠠᠭ ᠪᠤᠯᠵᠤ ᠁      ᠲᠠᠷᠢ ᠥᠨᠥᠷᠯᠡᠭᠡ ᠦᠭᠡᠢ ᠭᠥᠮᠥᠨ ᠲᠠᠶᠢᠨ ᠤ ᠲᠤᠬᠠᠢ ᠪᠢᠴᠢᠭᠡᠳ      ᠲᠥᠷᠥ ᠶᠢᠨ ᠱᠠᠩᠨᠠᠯ ᠲᠤᠰᠤᠨᠠᠮ      ᠲᠠᠯᠠᠢ ᠥᠵᠡᠭᠡ ᠦᠭᠡᠢ ᠭᠥᠮᠥᠨ ᠲᠤᠯᠠᠨ ᠵᠢᠭᠠᠰᠤ ᠲᠠᠢ      ᠪᠥᠵᠢᠭ ᠭᠢᠭᠰᠡᠨ ᠢᠶᠠᠨ ᠶᠠᠷᠢᠨᠠᠮ      ᠬᠠᠭᠤᠷᠮᠠᠭ ᠠᠭᠠᠰᠢᠯᠠᠵᠥ ︽ᠬᠤᠶᠠᠷ ᠭᠠᠷᠳᠠᠭᠤᠯᠵᠤ︾      ᠲᠡᠭᠡᠭᠦᠷ ᠰᠠᠭᠠᠳᠠᠵᠤ ᠲᠡᠭᠡᠵᠢ ᠠᠮᠰᠠᠨᠠᠮ      ᠬᠤᠳᠠᠯ ᠭᠡᠯᠡᠭᠴᠢ ᠬᠤᠪ ᠵᠥᠭᠡᠭᠴᠢ      ᠠᠯᠳᠠᠷ ᠤᠨ ᠰᠣᠯᠣᠩᠭᠠᠨ ᠲᠡᠭᠡᠷ᠎ᠡ ᠰᠠᠨᠳᠠᠶᠢᠯᠠᠨᠠᠮ      ᠬᠠᠮᠠᠷ ᠤᠨ ᠢᠶᠠᠨ ᠨᠥᠭᠡ ᠪᠠᠷ ᠪᠥᠭᠡᠰᠥ ᠪᠠᠨ ᠤᠨᠤᠭᠠᠳ ᠤᠷᠤᠵᠤ ᠶᠠᠪᠤᠨ᠎ᠠ ᠭᠡᠵᠥ      ᠪᠢ ᠲᠠᠩᠳᠠ ᠵᠡᠭᠦᠳᠥᠯᠡᠵᠥ ᠪᠠᠶᠢᠨ᠎ᠠ      ᠬᠠᠷ᠎ᠠ ᠲᠠᠷᠤᠭᠰᠠᠨ ᠵᠡᠭᠦᠳᠤ ᠥᠨᠡᠨ ᠳᠡᠭᠡᠨ ᠠᠶᠠᠳᠠᠶᠢᠬᠠᠨ ᠪᠠᠶᠢᠳᠠᠭ ᠶᠤᠮ ᠭᠡᠵᠥ      ᠪᠢ ᠰᠠᠨᠠᠭᠤᠯᠵᠤ ᠪᠠᠶᠢᠨ᠎ᠠ      ᠬᠠᠷᠭᠠᠨ᠎ᠠ ᠳᠤ ᠨᠠᠭᠠᠯᠳᠤᠭᠰᠠᠨ ᠨᠤᠤᠰᠤ ᠪᠠᠷ ᠢᠰᠡᠭᠡᠢ ᠵᠤᠯᠠᠬᠤ ᠳᠤ ᠠᠮᠠᠷᠬᠠᠨ ᠳ᠋ᠠ ᠭᠡᠵᠥ      ᠪᠢ ᠠᠶᠢᠯᠠᠳᠴᠤ ᠪᠠᠶᠢᠨ᠎ᠠ      ᠬᠠᠳᠠᠭ ᠴᠠᠭᠠᠨ ᠥᠨᠡᠭᠡ ᠥᠨᠡᠰᠥᠨ ᠲᠡᠭᠡᠷ᠎ᠡ ᠭᠥᠯᠪᠡᠷᠢᠭᠦ ᠴᠠᠭ ᠢᠷᠡᠨ᠎ᠡ ᠳ᠋ᠠ ᠭᠡᠵᠥ      ᠪᠢ ᠮᠡᠷᠭᠡᠯᠡᠵᠥ ᠪᠠᠶᠢᠨ᠎ᠠ      ᠮᠠᠩᠬᠠᠨ ᠨᠤᠳᠤᠭ ᠠᠴᠠ ᠮᠠᠯ ᠤᠨ ᠮᠥᠷ ᠲᠠᠰᠤᠷᠠᠪᠠᠯ      ᠮᠠᠯᠴᠢᠨ ᠭᠥᠮᠥᠨ ᠵᠢᠷᠭᠠᠯ ᠤᠨ ᠬᠤᠶᠢᠮᠤᠷ ᠰᠠᠭᠠᠳᠠᠨ᠎ᠠ      ᠮᠠᠨ ᠤ ᠮᠤᠩᠭᠤᠯ ᠤᠨ ︽ᠴᠠᠭᠠᠨ ᠲᠤᠯᠤᠭᠠᠢ︾ ᠲᠠᠯᠠᠢ ᠶᠢᠨ ᠡᠷᠭᠢ ᠪᠠᠷ ᠬᠠᠳᠠᠷᠢᠪᠠᠯ      ᠬᠠᠳᠤᠨ ᠭᠤᠤᠯ ᠪᠤᠴᠠᠵᠤ ᠤᠷᠤᠰᠤᠨ᠎ᠠ      ᠮᠢᠨᠵᠢ ᠪᠤᠯᠠᠭ᠎ᠠ ᠶᠢᠨ ᠰᠤᠷ ᠮᠡᠳᠤ ᠭᠤᠪᠢ ᠶᠢᠨ ᠤᠷᠭᠤᠮᠠᠯ      ᠲᠡᠭᠷᠢ ᠶᠢᠨ ᠤᠮᠤᠷᠤᠤ ᠳᠤ ᠥᠷᠭᠡᠰᠥ ᠪᠠᠨ ᠰᠢᠭᠠᠨ᠎ᠠ      ᠮᠡᠯᠡᠭᠡᠢ ᠶᠢᠨ ᠰᠢᠯᠥᠰᠥ ᠰᠠᠷᠠᠨ ᠳᠤ ᠥᠰᠥᠷᠴᠥ ᠽᠠᠨᠳᠠᠨ ᠮᠤᠳᠤᠨ ᠤ ᠭᠢᠨᠢ ᠨᠠᠮᠠᠭ᠎ᠠ      ᠪᠤᠷᠬᠠᠨ ᠤ ᠠᠯᠠᠭᠠᠨ ᠲᠡᠭᠡᠷ᠎ᠡ ᠤᠨᠠᠨ᠎ᠠ      ᠭᠥᠮᠥᠰ ᠡ︕ ᠨᠠᠮᠠᠢᠢ ᠲᠠᠭᠠᠭᠠᠳ ᠬᠤᠳᠠᠯ ᠭᠡᠯᠡᠴᠡᠭᠡ︕      ᠬᠤᠳᠠᠯ ᠢᠨᠢᠶᠡᠵᠡᠭᠡ︕ ᠬᠤᠳᠠᠯ ᠮᠠᠭᠳᠠᠵᠠᠭ᠎ᠠ︕      ᠭᠥᠢᠳᠡᠨ ᠬᠠᠯᠠᠭᠤᠨ ᠭᠢᠮᠤᠷᠠᠭᠰᠠᠨ ᠤᠷᠴᠢᠯᠠᠩ ᠳᠤ      ᠲᠡᠶᠢᠮᠥ ᠤᠯᠠᠨ ᠥᠨᠡᠨ ᠥᠭᠡ ᠬᠠᠮᠢᠭ᠎ᠠ ᠪᠠᠶᠢᠨ᠎ᠠ︖      ᠠᠪᠤ ᠡᠵᠢ ᠳᠡᠭᠡᠨ ᠬᠤᠳᠠᠯ ᠭᠡᠯᠡ︕ ᠠᠮᠠᠷᠠᠭ ᠲᠠᠭᠠᠨ ᠬᠤᠳᠠᠯ ᠭᠡᠯᠡ︕      ᠪᠤᠷᠬᠠᠨ ᠳᠠᠭᠠᠨ ᠬᠤᠳᠠᠯ ᠭᠡᠯᠡ︕      ᠠᠯᠠᠭ ᠲᠡᠯᠡᠭᠡᠢ ᠳᠤ ᠠᠮᠢᠳᠤᠷᠠᠬᠤ ᠪᠤᠭᠤᠨᠢᠬᠠᠨ ᠬᠤᠭᠤᠴᠠᠭᠠᠨ ᠳᠠᠭᠠᠨ      ᠬᠤᠳᠠᠯ ᠭᠡᠯᠡᠵᠥ ᠠᠮᠵᠢᠴᠠᠭ᠎ᠠ︕      ᠳ᠋ᠧᠪᠠᠵᠢᠨ ᠳᠤ ᠡᠰᠡᠭᠦᠯ᠎ᠡ ᠲᠠᠮᠤ ᠶᠢᠨ ᠢᠷᠤᠭᠠᠷ ᠲᠤ      ᠬᠤᠳᠠᠯ ᠭᠡᠯᠡᠵᠥ ᠲᠡᠶᠢᠯᠳᠡᠭ ᠦᠭᠡᠢ ᠶᠤᠮ      ᠳ᠋ᠧᠩ ᠤᠨ ᠡᠷᠪᠡᠭᠡᠢ ᠶᠢ ᠤᠷᠤᠯᠠᠵᠤ ᠭᠠᠯ ᠳᠤ ᠰᠢᠳᠠᠵᠤ      ᠥᠭᠦᠵᠥ ᠪᠤᠯᠳᠠᠭ ᠦᠭᠡᠢ ᠶᠤᠮ      ᠲᠠᠮᠠᠭᠢ ᠪᠠᠨ ᠰᠠᠶᠢᠨ ᠲᠠᠳᠠ︕ ᠡᠳᠥᠷ ᠲᠤ ᠠᠷᠪᠠᠨ ᠬᠠᠶᠢᠷᠴᠠᠭ᠃      ᠭᠡᠮ ᠪᠠᠶᠢᠬᠤ ᠦᠭᠡᠢ      ᠠᠷᠢᠭᠢ ᠪᠠᠨ ᠵᠠᠳᠠ ᠤᠤᠭᠤ︕ ᠬᠠᠮᠠᠷ ᠠᠮᠠ ᠪᠠᠷ ᠢᠶᠠᠨ ᠴᠤᠷᠭᠢᠳᠠᠯ᠎ᠠ᠃      ᠠᠵᠢᠭ ᠪᠠᠶᠢᠬᠤ ᠦᠭᠡᠢ      ᠭᠡᠥᠭᠡᠨ ᠪᠤᠯᠭᠠᠨ ᠲᠠᠢ ᠰᠠᠮᠠᠭᠤᠷᠠ︕ ᠭᠥᠭᠰᠢᠨ ᠵᠠᠯᠠᠭᠤ ᠦᠭᠡᠢ᠃      ᠨᠡᠷ᠎ᠡ ᠲᠥᠷᠥ ᠳᠤ ᠶᠠᠭᠤ ᠴᠦ ᠪᠤᠯᠬᠤ ᠦᠭᠡᠢ      ᠡᠷ᠎ᠡ ᠪᠥᠭᠦᠨ ᠲᠠᠢ ᠲᠡᠪᠡᠷᠢᠯᠳᠥ︕ ᠶᠠᠳᠠᠭᠤ ᠪᠠᠶᠠᠨ ᠦᠭᠡᠢ᠃      ᠭᠠᠩᠭᠠᠩ ᠪᠡᠶ᠎ᠡ ᠳᠤ ᠭᠠᠷᠤᠵᠠ ᠪᠤᠯᠬᠤ ᠦᠭᠡᠢ᠃      ᠬᠠᠭᠤᠷᠮᠠᠭ ᠡᠮ ᠵᠤᠭᠢᠶᠠ︕ ᠬᠠᠭᠤᠷᠮᠠᠭ ᠵᠤᠭᠤᠰ ᠪᠠᠷᠯᠡ︕      ᠬᠠᠤᠯᠢ ᠶᠢᠨ ᠴᠣᠭᠤᠷᠬᠠᠢ ᠪᠠᠷ ᠮᠥᠯᠭᠦ︕      ᠬᠤᠤᠷ ᠲᠠᠳᠠ︕ ᠭᠡᠤᠭᠡᠳ ᠬᠤᠳᠠᠯᠳᠤ︕      ᠭᠥᠮᠥᠨ ᠮᠡᠭᠡᠯᠡ︕ ᠲᠡᠯᠪᠡ ᠪᠠᠶᠠᠵᠢ︕      ᠭᠡᠭᠡᠯᠢ ᠢᠳᠡ︕ ᠬᠠᠭ᠋ᠤᠤᠯᠢ ᠲᠥᠯᠭᠢ︕      ᠠᠷᠤ ᠶᠢᠨ ᠬᠠᠭᠠᠯᠭ᠎ᠠ ᠪᠠᠷ ᠥᠭᠦᠨ ᠬᠠᠳᠠᠨ ᠴᠢᠭᠢᠯᠳᠥ︕      ᠭᠡᠷᠭᠡᠢ ᠠᠴᠠ ᠪᠠᠨ ᠰᠠᠯ︕ ᠭᠡᠷ ᠪᠥᠯᠢ ᠴᠤᠴᠠᠯ︕      ᠭᠡᠮ ᠦᠭᠡᠢ ᠭᠥᠮᠥᠨ ᠢ ᠭᠢᠰᠭᠢ︕      ᠪᠤᠯᠤᠮᠵᠢ ᠲᠠᠢ ᠪᠤᠯ ᠵᠡᠷᠭᠡ ᠵᠢᠩᠰᠠᠳᠠᠨ ᠶᠢ ᠪᠢᠯᠳᠠᠤᠴᠢᠯᠠᠭᠠᠳ᠂      ᠪᠤᠯᠬᠤ ᠦᠭᠡᠢ ᠪᠤᠯ ᠬᠤᠳᠠᠯᠳᠤᠭᠠᠳ ᠠᠪᠴᠢᠬ᠎ᠠ      ᠠᠵᠢᠯ ᠤᠨ ᠲᠥᠯᠥᠭᠡ ᠲᠡᠭᠡᠵᠥ ︽ᠮᠠᠯ ᠪᠤᠯᠬᠤ︾ ᠶᠢᠨ      ᠭᠡᠷᠡᠭ ᠠᠯᠠᠭ᠎ᠠ᠂ ᠡᠪ ᠢ ᠨᠢ ᠤᠯᠬᠤ ᠶᠢ ᠪᠤᠳᠤ︕      ᠠᠮᠵᠢᠯᠳᠠ ᠪᠤᠯ ᠲᠡᠷᠡ᠃ ᠠᠰᠢᠭ ᠪᠤᠯ ᠲᠡᠷᠡ᠃      ᠮᠡᠷᠭᠡᠨ ᠴᠡᠴᠡᠨ ᠪᠤᠯ ᠲᠡᠷᠡ᠃      ᠬᠠ ᠬᠠ ᠁ ᠥᠨᠡᠨ ᠨᠢ ᠬᠠᠭᠠᠨᠴᠢᠯᠠᠭᠰᠠᠨ ᠶᠢᠷᠳᠢᠨᠴᠤ ᠶᠢ      ᠬᠠᠭᠤᠷᠮᠠᠭ ᠨᠢᠳᠤ ᠪᠠᠷ ᠪᠠᠶᠢᠨ ᠪᠠᠶᠢᠨ ᠬᠠᠷᠠᠵᠤ      ᠬᠠᠶᠠ ᠬᠠᠶᠠ ᠬᠤᠳᠠᠯ ᠭᠡᠯᠡᠭᠦ ᠰᠠᠶᠢᠬᠠᠨ ᠰᠢᠤ︕      ᠨᠢᠯᠪᠤᠰᠤ ᠪᠠᠨ ᠨᠢᠭᠤᠭᠠᠳ ᠲᠠᠰ ᠲᠠᠰ ᠭᠥᠭᠦᠷᠡᠭᠦ ᠪᠥᠷ ᠰᠠᠶᠢᠬᠠᠨ      ᠥᠨᠡᠨ ᠢᠶᠠᠷ ᠶᠠᠪᠤᠪᠠᠯ ᠥᠭᠡᠷ ᠲᠡᠷᠭᠡ ᠪᠠᠷ      ᠲᠠᠤᠯᠠᠢ ᠭᠥᠢᠴᠡᠨ᠎ᠡ ᠭᠡᠳᠡᠭ ᠬᠤᠳᠠᠯ      ᠥᠢᠯᠡ‌‍ᠶᠢᠨ ᠥᠷ᠎ᠡ ᠡᠵᠡᠨ ᠢᠶᠠᠨ ᠲᠠᠭᠠᠨ᠎ᠠ      ᠭᠡᠳᠡᠭ ᠬᠤᠳᠠᠯ      ᠤᠰᠤᠨ ᠲᠡᠭᠡᠷ᠎ᠡ ᠥᠷᠥᠮ᠎ᠡ ᠲᠤᠭᠳᠠᠬᠤ ᠦᠭᠡᠢ      ᠭᠡᠳᠡᠭ ᠪᠠᠰᠠ ᠬᠤᠳᠠᠯ      ᠬᠤᠳᠳᠤᠭ ᠤᠨ ᠮᠡᠯᠡᠭᠡᠢ ᠬᠤᠨ ᠤ ᠮᠢᠬ᠎ᠠ ᠤᠯᠵᠤ      ᠢᠳᠡᠭᠦ ᠦᠭᠡᠢ ᠭᠡᠳᠡᠭ ᠬᠤᠳᠠᠯ      ᠬᠤᠷ᠎ᠠ ᠶᠢᠨ ᠤᠰᠤᠨ ᠳᠤ ᠬᠤᠵᠢᠷ ᠪᠠᠶᠢᠬᠤ ᠦᠭᠡᠢ      ᠭᠡᠳᠡᠭ ᠶᠤᠰᠤᠲᠠᠢ ᠬᠤᠳᠠᠯ      ᠬᠤᠳᠠᠯ ᠭᠡᠯᠡᠪᠡᠯ ᠬᠤᠶᠢᠨ᠎ᠠ ᠪᠠᠨ ᠭᠡᠮ ᠲᠠᠢ ᠭᠡᠳᠡᠭ      ᠪᠥᠷ ᠱᠠᠯ ᠬᠤᠳᠠᠯ      ᠵᠤᠷᠢᠭᠳᠠᠶᠢᠬᠠᠨ ᠬᠤᠳᠠᠯ ᠭᠡᠯᠡ︕ ᠵᠤᠯᠪᠤᠭᠠᠳᠠᠶᠢᠬᠠᠨ      ᠬᠤᠳᠠᠯ ᠭᠡᠯᠡ︕      ᠵᠤᠷᠢᠭᠰᠠᠨ ᠳᠠᠭᠠᠨ ᠭᠥᠷᠴᠥ ᠴᠢᠳᠠᠳᠠᠯ᠎ᠠ ᠪᠠᠨ      ᠬᠤᠳᠠᠯ ᠭᠡᠯᠡ︕      ᠭᠡᠨ ᠬᠤᠳᠠᠯ ᠭᠡᠯᠡᠵᠤ ᠴᠢᠳᠠᠪᠠᠯ ᠭᠡᠮᠵᠢᠶ᠎ᠡ ᠦᠭᠡᠢ ᠰᠠᠶᠢᠬᠠᠨ ᠠᠮᠢᠳᠤᠷᠠᠵᠤ ᠴᠢᠳᠠᠮᠤᠢ      ᠬᠠᠮᠢᠶ᠎ᠠ ᠦᠭᠡᠢ ᠡ᠂ ᠬᠤᠳᠠᠯ ᠭᠡᠯᠡ︕ ᠠᠶᠠᠳᠠᠶᠢᠬᠠᠨ ᠬᠤᠳᠠᠯ ᠭᠡᠯᠡᠵᠥ ᠰᠤᠷ︕      ᠲᠡᠨᠡᠷ ᠨᠠᠮᠠᠢᠢ ᠢᠳᠡᠭᠡᠭᠡᠷᠡᠢ︕ ᠪᠢ ᠪᠠᠰᠠ ᠯᠠ ᠬᠤᠳᠠᠯ ᠭᠡᠯᠡᠵᠥ ᠪᠠᠶᠢᠨ᠎ᠠ      ᠲᠠᠯᠠᠨ ᠬᠤᠳᠠᠯᠴᠢ ᠰᠢᠭ᠋ ᠬᠤᠳᠠᠯ ᠭᠡᠯᠡᠭᠦ ᠴᠦ ᠭᠤᠶᠤ ᠰᠢᠤ︕            ᠠᠭᠤᠴᠢᠯᠠᠭᠠᠷᠠᠢ︕ ᠡᠨᠡ ᠪᠥᠭᠦᠨ ᠮᠢᠨᠤ ᠪᠤᠷᠤᠭᠤ ᠪᠢᠰᠢ ᠡᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号