ᠲᠥᠷᠪᠡᠳ ᠭᠤᠷᠯᠤᠰ ᠢ ᠤᠢᠢᠯᠠᠭᠠᠬᠤᠢ
ᠨᠡᠶᠢᠲᠡᠯᠡᠭᠰᠡᠨ ᠴᠠᠭ᠄
2020/3/6
    ᠲᠡᠷᠡ ᠬᠤᠯᠠ ᠲᠡᠷᠳᠡᠭᠡ ᠨᠤᠳᠤᠭ ᠬᠠᠷᠠᠮᠦ᠋ᠷᠡᠨ ᠮᠣᠵᠢ ᠪᠠ ᠭᠢᠷᠢᠨ ᠮᠤᠵᠢ ᠳᠤ ᠪᠠᠰᠠ ᠲᠥᠷᠪᠡᠳ᠂ ᠭᠤᠷᠯᠤᠰ ᠭᠡᠬᠦ ᠬᠤᠶᠠᠷ ᠠᠶᠢᠮᠠᠭ ᠮᠤᠩᠭᠤᠯ ᠪᠠᠶᠢᠨ᠎ᠠ ᠭᠡᠳᠡᠭ ᠢ ᠬᠡᠴᠢᠨᠡᠨ ᠬᠥᠮᠥᠨ ᠮᠡᠳᠡᠳᠡᠭ ᠢ ᠪᠥᠷᠢᠳᠭᠡᠬᠦ ᠶᠢᠨ ᠠᠷᠭ᠎ᠠ ᠥᠭᠡᠢ ᠪᠤᠯᠪᠠᠴᠤ᠂ ᠶᠠᠰᠤ ᠮᠢᠬᠠᠨ ᠤ ᠲᠠᠰᠤᠷᠬᠠᠢ ᠪᠤᠯᠵᠤ ᠥᠯᠡᠳᠡᠭᠰᠡᠨ ᠲᠥᠷᠪᠡᠳ ᠭᠤᠷᠯᠤᠰ ᠤᠨ ᠲᠡᠤᠬᠡᠨ ᠢᠷᠡᠯᠳᠡ ᠵᠢᠴᠢ ᠲᠡᠭᠦᠨ ᠤ ᠪᠥᠬᠦ ᠮᠤᠩᠭᠤᠯ ᠲᠠᠢ ᠶᠠᠮᠠᠷ ᠬᠤᠯᠪᠤᠭ᠎ᠠ ᠲᠠᠢ᠂ ᠣᠨᠴᠠᠭᠠᠢᠢᠯᠠᠨ ᠬᠠᠷᠠᠮᠥ᠋ᠷᠡᠨ ᠤ ᠲᠥᠷᠪᠡᠳ ᠨᠢ ᠰᠢᠨᠵᠢᠶᠠᠩ ᠤᠨ ᠤᠢᠢᠷᠠᠳ ᠤᠨ ᠳᠦᠷᠪᠡᠳ᠂ ᠦᠪᠤᠷ ᠮᠤᠩᠭᠤᠯ ᠤᠨ ᠤᠯᠠᠭᠠᠨᠴᠠᠪ ᠤᠨ ᠳᠦᠷᠪᠡᠳ᠂ ᠮᠤᠩᠭᠤᠯ ᠤᠯᠤᠰ ᠤᠨ ᠳᠦᠷᠪᠡᠳ ᠲᠠᠢ ᠶᠠᠮᠠᠷ ᠢᠯᠭᠠᠭ᠎ᠠ ᠲᠠᠢ ᠪᠠᠶᠢᠬᠤ᠂ ᠬᠠᠷᠠᠮᠥ᠋ᠷᠡᠨ ᠤ ᠲᠥᠷᠪᠡᠳ ᠶᠠᠭᠠᠬᠢᠵᠤ ᠤᠯᠠᠷᠢᠨ ᠬᠤᠪᠢᠷᠠᠵᠤ ᠢᠷᠡᠭᠰᠡᠨ ᠭᠡᠳᠡᠭ ᠢ ᠪᠢᠴᠢᠭ ᠰᠤᠶᠤᠯᠳᠠᠨ᠂ ᠰᠤᠶᠤᠯ ᠡᠷᠳᠡᠮᠳᠡᠨ᠂ ᠲᠡᠤᠬᠡ ᠰᠤᠳᠤᠯᠤᠭᠴᠢ ᠵᠡᠷᠭᠡ ᠴᠥᠬᠡᠨ ᠬᠥᠮᠥᠰ ᠲᠤᠳᠤᠷᠬᠠᠢ ᠤᠢᠢᠯᠠᠭᠠᠬᠤ ᠠᠴᠠ ᠭᠠᠳᠠᠨ᠎ᠠ᠂ ᠡᠩ ᠤᠨ ᠮᠤᠩᠭᠤᠯ ᠣᠩᠰᠢᠬᠴᠢ᠂ ᠢᠯᠠᠩᠭᠤᠶ᠎ᠠ ᠵᠠᠯᠠᠭᠤ ᠪᠠᠭᠠᠴᠤᠤᠯ ᠪᠥᠷ ᠤᠢᠢᠯᠠᠭᠠᠬᠤ ᠥᠭᠡᠢ ᠶᠤᠮ ᠭᠡᠳᠡᠭ ᠢ ᠪᠠᠳᠤᠯᠠᠵᠤ ᠪᠤᠯᠤᠨ᠎ᠠ᠃ ᠲᠥᠷᠪᠡᠳ ᠭᠤᠷᠯᠤᠰ ᠢᠶᠠᠷ ᠰᠤᠷᠪᠤᠯᠵᠢᠯᠠᠨ ᠶᠠᠪᠤᠬᠤ ᠲᠤᠮᠳᠠ᠂ ᠡᠷᠳᠡᠮ ᠰᠤᠳᠤᠯᠭᠠᠨ ᠤ ᠲᠠᠯ᠎ᠠ ᠠᠴᠠ ᠪᠢᠰᠢ᠂ ᠬᠠᠷᠢᠨ ᠡᠩ ᠤᠨ ᠣᠩᠰᠢᠬᠴᠢ ᠶᠢᠨ ᠬᠠᠷᠠᠭᠠᠨ ᠠᠴᠠ ᠡᠨᠡᠬᠦ ᠠᠰᠠᠭᠤᠳᠠᠯ ᠢ ᠢᠯᠡᠭᠦᠥ ᠠᠩᠬᠠᠷᠴᠤ᠂ ᠲᠡᠳᠡᠨᠠᠷ ᠤᠨ ᠲᠤᠬᠠᠢ ᠲᠥᠭᠦᠮ ᠴᠤ ᠪᠤᠯᠤᠭ ᠲᠥᠭᠦᠭᠡᠢ ᠴᠤ ᠪᠤᠯᠤᠭ ᠲᠡᠤᠬᠡᠨ ᠲᠡᠯ᠎ᠠ ᠠᠴᠠ ᠨᠢ ᠲᠠᠨᠢᠯᠴᠠᠭᠤᠯᠬᠤ ᠭᠡᠵᠤ ᠢᠳᠡ ᠰᠢᠪᠬᠠᠭᠰᠠᠨ ᠪᠢᠯᠡ᠃    ︽ᠬᠤᠷᠴᠢᠨ︾ ᠭᠡᠳᠡᠭ ᠥᠭᠡ ᠴᠡᠷᠢᠭ ᠠᠩᠬᠢ ᠶᠢᠨ ᠨᠡᠷᠡᠶᠢᠳᠤᠯ ᠠᠴᠠ ᠠᠶᠢᠮᠠᠭ ᠪᠥᠯᠥᠭ ᠤᠨ ᠬᠤᠪᠢᠶᠠᠷᠢᠯᠠᠯ ᠪᠤᠯᠤᠭᠰᠠᠨ ᠨᠢ ᠲᠥᠷᠪᠡᠳ ᠭᠤᠷᠯᠤᠰ ᠢ ᠲᠠᠨᠢᠯᠴᠠᠭᠤᠯᠬᠤ ᠳᠤ ᠶᠠᠭᠤᠨ ᠤ ᠡᠮᠥᠨ᠎ᠡ᠂ ᠬᠤᠷᠴᠢᠨ ᠠᠶᠢᠮᠠᠭ ᠢ ᠲᠤᠷᠠᠳᠬᠤ ᠴᠢᠬᠤᠯᠠᠳᠠᠢ᠃ ᠲᠡᠤᠬᠡᠨ ᠪᠢᠴᠢᠭ ᠰᠤᠳᠤᠷ ᠪᠠ ᠲᠥᠷᠪᠡᠳ ᠭᠤᠷᠯᠤᠰ ᠤᠨ ᠮᠤᠩᠭᠤᠯ ᠡᠷᠳᠡᠮᠳᠡᠳ᠂ ᠨᠠᠰᠤ ᠠᠬᠠᠴᠤᠤᠯ ᠤᠨ ᠲᠠᠨᠢᠯᠴᠠᠭᠤᠯᠤᠭᠰᠠᠨ ᠪᠠᠷ᠂ ᠬᠤᠷᠴᠢᠨ ᠪᠤᠯ ᠮᠤᠩᠭᠤᠯ ᠤᠨ ᠲᠤᠳᠤᠷ᠎ᠠ ᠪᠠᠨ ᠲᠤᠮᠤᠬᠠᠨ ᠨᠢᠭᠡᠨ ᠬᠥᠴᠥᠷᠬᠡᠭ ᠠᠶᠢᠮᠠᠭ ᠪᠤᠯᠬᠤ ᠪᠠ ᠲᠡᠷᠡ ᠨᠢ ᠠᠩᠬᠠᠨ ᠳᠠᠭᠠᠨ ᠵᠥᠪᠬᠡᠨ ᠴᠡᠷᠢᠭ ᠠᠩᠬᠢ ᠶᠢᠨ ᠵᠣᠬᠢᠶᠠᠨ ᠪᠠᠶᠢᠭᠤᠯᠤᠯᠳᠠ ᠶᠢᠨ ᠨᠢᠭᠡᠴᠢ ᠪᠤᠶᠤ ᠨᠢᠭᠡᠨ ᠲᠥᠷᠥᠯ ᠢ ᠵᠢᠭᠠᠭᠰᠠᠨ ᠨᠡᠷᠡᠶᠢᠳᠥᠯ ᠪᠠᠶᠢᠭᠰᠠᠨ ᠠᠴᠠ ᠪᠠᠨ ᠬᠤᠵᠢᠮ ᠨᠢ ᠰᠠᠶ᠋ᠢ ᠨᠢᠭᠡ ᠠᠶᠢᠮᠠᠭ ᠪᠥᠯᠥᠭ ᠢ ᠲᠤᠳᠤᠷᠬᠠᠢᠢᠯᠠᠭᠰᠠᠨ ᠲᠤᠰᠬᠠᠢ ᠨᠡᠷ᠎ᠡ ᠲᠤᠮᠢᠶ᠎ᠠ ᠪᠤᠯᠤᠭᠰᠠᠨ ᠪᠢᠯᠡ᠃ ᠲᠠᠷᠤᠢ ᠨᠡᠶᠢᠳᠡ ᠶᠢᠨ ᠣᠨ ᠲᠣᠭᠠᠯᠠᠯ ᠤᠨ 1189 ᠣᠨ ᠳᠤ ᠲᠡᠮᠤᠵᠢᠨ ︽ᠬᠠᠮᠤᠭ ᠮᠤᠩᠭᠤᠯ ᠤᠯᠤᠰ︾ ᠤᠨ ᠬᠠᠨ ᠢᠶᠠᠷ ᠡᠷᠭᠦᠮᠵᠢᠯᠡᠭᠳᠡᠭᠰᠡᠨ ᠤ ᠲᠠᠷᠠᠭ᠎ᠠ ᠨᠠᠶᠠᠨ ᠬᠡᠪᠳᠡᠭᠦᠯ ᠲᠠᠯᠠᠨ ᠲᠤᠷᠬᠠᠬ ᠢᠶᠠᠷ ᠪᠥᠷᠢᠯᠳᠥᠭᠰᠡᠨ ᠨᠢᠭᠡ ᠵᠠᠭᠤ ᠲᠠᠪᠢᠨ ᠬᠥᠮᠥᠨ ᠤ ᠬᠡᠰᠢᠭᠳᠡᠨ ᠴᠡᠷᠢᠭ ᠢ ᠵᠣᠬᠢᠶᠠᠨ ᠪᠠᠶᠢᠭᠤᠯᠤᠭᠰᠠᠨ ᠪᠠ ᠡᠭᠦᠨ ᠳᠤ ᠬᠤᠷ ᠰᠠᠭᠠᠳᠠᠭ ᠠᠭᠰᠠᠭᠠᠨ ᠬᠠᠨ ᠤ ᠣᠷᠳᠣᠨ ᠢ ᠰᠠᠬᠢᠨ ᠬᠠᠮᠠᠭᠠᠯᠠᠳᠠᠭ ᠰᠢᠳᠡᠷ ᠴᠡᠷᠢᠭ ᠢᠶᠠᠨ ︽ᠬᠤᠷᠴᠢᠨ︾ ᠭᠡᠪᠡ᠃ 1206 ᠣᠨ ᠳᠤ ᠮᠤᠩᠭᠤᠯ ᠤᠨ ᠬᠠᠭᠠᠨᠳᠤ ᠤᠯᠤᠰ ᠪᠠᠶᠢᠭᠤᠯᠤᠭᠳᠠᠬᠤ ᠳᠤ ᠪᠤᠭᠳᠠ ᠡᠵᠡᠨ ᠴᠢᠩᠬᠢᠰ ᠬᠠᠭᠠᠨ ᠲᠠᠨ ᠪᠠᠷ ᠬᠡᠰᠢᠭᠳᠡᠨ ᠴᠡᠷᠢᠭ ᠢᠶᠠᠨ ᠲᠥᠮᠡ ᠪᠤᠯᠭᠠᠨ ᠥᠷᠭᠡᠳᠭᠡᠵᠡᠢ᠃ ᠮᠥᠨ ᠡᠨᠡ ᠣᠨ ᠳᠤ ᠴᠢᠩᠬᠢᠰ ᠬᠠᠭᠠᠨ ᠲᠠᠨ ᠪᠠᠷ ᠥᠪᠡᠷ ᠤᠨ ᠡᠵᠢ᠂ ᠲᠡᠭᠦᠥ ᠨᠠᠷ᠂ ᠬᠥᠪᠡᠭᠦᠨ᠂ ᠲᠥᠷᠥᠯ ᠰᠠᠳᠤᠨ᠂ ᠭᠠᠪᠢᠶᠠᠳᠤ ᠵᠠᠩᠵᠤᠨ᠂ ᠢᠳᠡᠭᠡᠯᠳᠥ ᠲᠥᠰᠢᠮᠡᠯ ᠢᠶᠠᠨ ᠬᠥᠬᠢᠭᠦᠯᠥᠨ ᠱᠠᠩᠨᠠᠵᠤ ᠬᠤᠪᠢ ᠬᠤᠪᠢᠶᠠᠯᠠᠬᠤ ᠥᠶᠡᠰ ᠲᠡᠭᠦᠥ ᠬᠠᠰᠠᠷ ᠲᠠᠭᠠᠨ ᠮᠢᠩᠭᠠᠨ᠂ ᠯᠤᠤᠰᠠᠴᠢᠨ ᠲᠡᠷᠢᠭᠦᠳᠡᠨ ︽ᠲᠥᠷᠪᠡᠨ ᠮᠢᠩᠭᠠᠬᠤᠨ ᠢᠷᠭᠡᠨ︾ ᠬᠤᠪᠢᠳᠠᠵᠤ ᠥᠮᠴᠢᠯᠡᠭᠦᠯᠥᠭᠰᠡᠨ ᠪᠥᠭᠡᠳ ᠬᠤᠷᠴᠢᠨ ᠴᠡᠷᠢᠭ ᠤᠳ ᠴᠤ ᠪᠠᠭᠳᠠᠭᠳᠠᠨ ᠪᠠᠶᠢᠭᠰᠠᠨ᠃ ᠲᠠᠶᠢᠨ ᠪᠠᠶᠢᠯᠳᠤᠭᠠᠨ ᠳᠤ ᠬᠤᠰᠢᠭᠤᠴᠢ ᠴᠡᠷᠢᠭ ᠢ ᠤᠳᠤᠷᠢᠳᠤᠨ ᠶᠠᠪᠤᠳᠠᠭ ᠬᠠᠰᠠᠷ ᠤᠨ ᠴᠡᠷᠢᠭ ︽ᠨᠤᠮᠤ ᠰᠤᠮᠤᠳᠤ ᠴᠡᠷᠢᠭ︾ ᠪᠤᠶᠤ ︽ᠬᠤᠷ ᠠᠭᠰᠠᠭᠠᠭᠰᠠᠨ ᠬᠤᠷᠴᠢᠨ ᠴᠡᠷᠢᠭ︾ ᠬᠡᠮᠡᠭᠳᠡᠬᠦ ᠪᠥᠭᠡᠳ ᠡᠳᠡᠭᠡᠷ ᠴᠡᠷᠢᠭ ᠨᠢ ᠬᠡᠵᠢᠶ᠎ᠡ ᠥᠷᠬᠦᠯᠵᠢ ᠬᠠᠭᠠᠨ ᠤ ᠵᠠᠷᠯᠢᠭ ᠢᠶᠠᠷ ᠬᠠᠰᠠᠷ ᠡᠵᠡᠨ ᠢᠶᠠᠨ ᠲᠠᠭᠠᠵᠤ ᠡᠮᠥᠨᠡᠰᠢ ᠲᠠᠭᠠᠷᠢᠵᠤ ᠥᠷᠥᠨᠡᠰᠢ ᠲᠠᠶᠢᠯᠠᠨ ᠢᠮᠠᠭᠳᠠ ᠲᠠᠶᠢᠨ ᠤ ᠡᠮᠥᠨ᠎ᠡ ᠡᠩᠨᠡᠭᠡ ᠳᠤ ᠬᠤᠰᠢᠭᠤᠷᠠᠨ ᠶᠠᠪᠤᠵᠤ ᠴᠢᠰᠥᠨ ᠭᠠᠪᠢᠶ᠎ᠠ ᠪᠠᠶᠢᠭᠤᠯᠤᠭᠰᠠᠨ ᠶᠤᠮ᠃ ︽ᠬᠤᠷᠴᠢᠨ︾ ᠤ ᠠᠷᠤ ᠲᠠᠯ᠎ᠠ ᠶᠢᠨ ᠰᠠᠭᠤᠷᠢᠨ ᠪᠤᠶᠤ ᠨᠤᠳᠤᠭ ᠪᠡᠯᠴᠢᠭᠡᠷ ᠨᠢ ᠭᠤᠤᠯᠳᠠᠭᠤ ᠮᠤᠩᠭᠤᠯ ᠤᠨ ᠥᠨᠳᠦᠷᠯᠢᠭ ᠤᠨ ᠵᠡᠭᠦᠨ ᠬᠤᠶᠢᠳᠥ ᠬᠡᠰᠡᠭ ᠲᠤ᠂ ᠲᠠᠷᠤᠢ ᠡᠷᠭᠦᠨ᠎ᠡ ᠭᠤᠤᠯ ᠬᠠᠶᠢᠯᠠᠷ ᠭᠤᠤᠯ ᠤᠨ ᠬᠤᠶᠠᠷ ᠬᠥᠪᠡᠭᠡ᠂ ᠬᠥᠯᠥᠨ ᠨᠠᠭᠤᠷ᠂ ᠪᠤᠶᠢᠷ ᠨᠠᠭᠤᠷ ᠠᠴᠠ ᠤᠮᠠᠷᠠᠰᠢᠬᠢ ᠥᠷᠭᠡᠨ ᠠᠭᠤᠳᠠᠮ ᠨᠤᠳᠤᠭ ᠲᠤ ᠪᠠᠶᠢᠭᠰᠠᠨ ᠪᠢᠯᠠ᠃ 15 ᠳ᠋ᠤᠭᠠᠷ ᠵᠠᠭᠤᠨ ᠤ ᠥᠶᠡᠰ ᠢᠶᠠᠷ ︽ᠬᠤᠷᠴᠢᠨ︾ ᠭᠡᠳᠡᠭ ᠨᠢ ᠵᠥᠪᠬᠡᠨ ᠴᠡᠷᠢᠭ ᠤᠨ ᠨᠢᠭᠡᠨ ᠲᠥᠷᠥᠯ ᠢ ᠵᠢᠭᠠᠭᠰᠠᠨ ᠲᠡᠳᠤᠢ ᠪᠢᠰᠢ᠂ ᠬᠠᠷᠢᠨ ᠡᠳᠡᠭᠡᠷ ᠴᠡᠷᠢᠭ ᠡᠷ᠎ᠡ ᠵᠢᠴᠢ ᠲᠡᠳᠡᠨᠡᠷ ᠤᠨ ᠭᠡᠷ ᠪᠥᠯᠢ᠂ ᠲᠥᠷᠥᠯ ᠰᠠᠳᠤᠨ᠂ ᠵᠠᠷᠤᠴᠠ ᠪᠤᠭᠤᠯ᠂ ᠤᠷᠭᠤᠳᠤᠤᠯ ᠣᠯᠵᠠᠯᠠᠭᠰᠠᠳ ᠵᠡᠷᠭᠡ ᠪᠠᠷ ᠪᠥᠷᠢᠯᠳᠥᠭᠰᠡᠨ ᠨᠢᠭᠡᠨ ᠲᠤᠮᠤᠬᠠᠨ ᠬᠠᠮᠳᠤ ᠶᠢᠨ ᠴᠣᠭᠴᠠ — ᠨᠢᠭᠡᠨ ᠠᠶᠢᠮᠠᠭ ᠪᠥᠯᠥᠭ ᠤᠨ ᠨᠡᠷᠡᠶᠢᠳᠥᠯ ᠪᠤᠯᠤᠨ ᠬᠤᠪᠢᠷᠠᠵᠠᠢ᠃ ︽ᠨᠤᠨ ᠬᠤᠷᠴᠢᠨ︾ ᠠᠴᠠ ︽ᠵᠢᠷᠢᠮ ᠤᠨ ᠴᠢᠭᠤᠯᠭᠠᠨ︾ ᠤ ᠤᠯᠠᠷᠢᠯ    16 ᠳ᠋ᠤᠭᠠᠷ ᠵᠠᠭᠤᠨ ᠤ ᠭᠤᠴᠢᠭᠠᠳ ᠤᠨ ᠠᠴᠠ ᠡᠬᠢᠯᠡᠵᠤ᠂ ᠬᠤᠷᠴᠢᠨ ᠤ ᠨᠡᠬᠦᠳᠡᠯ ᠨᠤᠲᠤᠭ ᠠᠭᠠᠵᠢᠮ ᠢᠶᠠᠷ ᠡᠮᠦᠨᠡᠰᠢᠯᠠᠵᠤ᠂ ᠬᠠᠪᠣᠳᠣ ᠬᠠᠰᠠᠷ ᠤᠨ ᠠᠷᠪᠠᠨ ᠭᠤᠷᠪᠠᠳᠤᠭᠠᠷ ᠦᠶ᠎ᠡ ᠶᠢᠨ ᠬᠤᠶᠢᠴᠢᠰ ᠤᠷᠳᠤᠬᠠᠢ ᠸᠠᠩ ᠪᠠ ᠲᠦᠮᠡᠢ ᠵᠠᠶᠠᠭᠠᠴᠢ ᠶᠢᠨ ᠦᠶ᠎ᠠ ᠳᠤ᠂ ᠠᠷᠤ ᠬᠤᠷᠴᠢᠨ᠂ ᠤᠷᠠᠳ᠂ ᠮᠣᠣᠮᠢᠩᠭᠠᠨ ᠵᠡᠷᠬᠡ ᠠᠶᠢᠮᠠᠭ ᠨᠢ ᠬᠦᠯᠦᠨ ᠪᠦᠢᠷ ᠪᠠ ᠤᠨᠤᠨ ᠮᠦᠷᠡᠨ ᠤ ᠲᠤᠤᠷᠠᠳᠤ ᠰᠠᠪᠠ ᠭᠠᠵᠠᠷ ᠤᠷᠴᠢᠮ ᠨᠤᠲᠤᠭᠰᠢᠵᠠᠢ᠃ ᠨᠢᠭᠡ ᠬᠡᠰᠡᠭ ᠠᠶᠢᠮᠠᠬ ᠪᠦᠯᠦᠭ ᠨᠢ ᠬᠠᠪᠤᠳᠤ ᠬᠠᠰᠠᠷ ᠤᠨ ᠠᠷᠪᠠᠨ ᠲᠦᠷᠪᠡᠳᠦᠭᠡᠷ ᠦᠶ᠎ᠡ ᠶᠢᠨ ᠬᠤᠶᠢᠴᠢᠰ ᠬᠦᠢᠮᠦ᠋ᠩᠬᠡ ᠲᠠᠰᠬᠠᠷ᠎ᠠ ᠶᠢᠨ ᠲᠠᠶᠢᠴᠢᠯᠠᠯ ᠲᠤᠤᠷ᠎ᠠ ᠡᠮᠦᠨᠡᠰᠢᠯᠡᠵᠤ᠂ ᠬᠢᠩᠭᠠᠨ ᠲᠠᠪᠠᠭ᠎ᠠ ᠶᠢ ᠲᠠᠪᠠᠨ ᠨᠤᠨ ᠮᠦᠷᠡᠨ ᠤ ᠰᠠᠪᠠ ᠭᠠᠵᠠᠷ ᠲᠤ ᠨᠤᠲᠤᠭᠰᠢᠭᠠᠳ᠂ ᠬᠠᠷᠢᠶᠠᠳᠤ ᠠᠶᠢᠮᠠᠭ ᠢᠶᠠᠨ ᠨᠤᠨ ᠬᠤᠷᠴᠢᠨ ︵ᠲᠡᠦᠬᠡᠨ ᠪᠢᠴᠢᠭ ᠲᠤ ᠬᠠᠶᠠ ᠪᠠᠰᠠ ᠦᠵᠢᠶᠡᠳ ᠬᠤᠷᠴᠢᠨ᠂ ᠪᠤᠷᠤ ᠬᠤᠷᠴᠢᠨ᠂ ᠠᠪᠠᠭ᠎ᠠ ᠬᠤᠷᠴᠢᠨ ᠬᠡᠮᠡᠨ ᠲᠡᠮᠳᠡᠭᠯᠡᠳᠡᠭ︶ ᠬᠡᠮᠡᠨ ᠨᠡᠷᠡᠯᠠᠪᠠᠢ᠃ ᠡᠨᠡ ᠥᠶ᠎ᠡ ᠶᠢᠨ ᠨᠤᠨ ᠬᠤᠷᠴᠢᠨ ᠤ ᠨᠤᠳᠤᠭ ᠪᠡᠯᠴᠢᠭᠡᠷ ᠭᠡᠪᠡᠯ ᠨᠤᠨ ᠮᠥᠷᠡᠨ ᠤ ᠲᠡᠭᠡᠳᠥ ᠤᠷᠤᠰᠬᠠᠯ ᠠᠴᠠ ᠰᠤᠩᠭᠠᠷᠢ ᠮᠥᠷᠡᠨ ᠤ ᠲᠤᠤᠷᠠᠳᠤ ᠥᠵᠥᠭᠦᠷ᠂ ᠶᠡᠭᠡ ᠬᠢᠩᠭᠠᠨ ᠲᠠᠪᠠᠭᠠᠨ ᠤ ᠪᠠᠷᠠᠭᠤᠨ ᠬᠤᠷᠮᠤᠢ ᠠᠴᠠ ᠡᠳᠥᠭᠡ ᠶᠢᠨ ᠬᠠᠷᠪᠢᠨ ᠬᠤᠳᠠ ᠠᠴᠠ ᠵᠡᠭᠦᠨᠰᠢ ᠣᠷᠣᠨ ᠬᠥᠷᠳᠡᠯᠡᠬᠢ ᠭᠠᠵᠠᠷ ᠪᠤᠯᠤᠨ᠎ᠠ᠃    ᠮᠢᠩ ᠤᠯᠤᠰ ᠤᠨ ᠸᠠᠨ ᠯᠢ ᠬᠠᠭᠠᠨ ᠤ ᠤᠯᠠᠭᠴᠢᠨ ᠭᠠᠭ᠋ᠠᠢ᠂ ᠰᠢᠷ᠎ᠠ ᠬᠤᠯᠤᠭᠠᠨ᠎ᠠ ᠵᠢᠯ ︵1587-1588 ᠤᠨ︶ ᠤᠨ ‍ᠦᠶ᠎ᠠ ᠪᠠᠷ᠂ ᠬᠦᠢᠮᠦ᠋ᠩᠬᠡ ᠲᠠᠰᠬᠠᠷ᠎ᠠ ᠶᠢᠨ ᠤᠮᠪᠤᠯ ᠤᠩᠭᠤᠳᠠᠢ ᠬᠤᠩ ᠪᠠᠭᠠᠳᠤᠷ᠂ ᠲᠦᠮᠡᠢ ᠦᠢᠵᠠᠩ ᠨᠠᠷ ᠡᠮᠦᠨᠡᠰᠢ ᠨᠤᠲᠤᠭ ᠲᠦᠷᠢᠬᠦ ᠳᠤ ᠦᠪᠦᠷ ᠲᠠᠪᠤᠨ ᠬᠠᠯᠬ᠎ᠠ ᠶᠢᠨ ᠬᠦᠴᠦᠳᠡᠢ ᠡᠰᠡᠷᠭᠦᠴᠡᠯ ᠳᠤ ᠤᠴᠠᠷᠠᠭᠰᠠᠨ ᠠᠴᠠ ᠬᠤᠶᠢᠰᠢ ᠤᠬᠤᠷᠢᠨ᠂ ᠾᠦᠨ ᠲᠦᠩ ᠵᠢᠶᠠᠩ ᠮᠦᠷᠡᠨ ᠤ ᠠᠮᠠ ᠤᠷᠴᠢᠮ ᠤᠨ ᠨᠤᠲᠤᠭ ᠢ ᠡᠵᠠᠯᠠᠵᠣ᠂ ᠭᠤᠷᠯᠤᠰ᠂ ᠲᠦᠷᠪᠡᠳ᠂ ᠵᠠᠯᠠᠶᠢᠳ᠂ ᠭᠤᠸᠠᠯᠴᠠ᠂ ᠰᠢᠪᠡᠭᠡ ᠵᠡᠷᠬᠡ ᠮᠤᠩᠭᠤᠯ ᠠᠶᠢᠮᠠᠭ ᠪᠠ ᠵᠦᠷᠴᠢᠨ ᠤ ᠤᠯᠠᠨ ᠠᠶᠢᠮᠠᠭ ᠪᠦᠯᠦᠭ ᠢ ᠪᠠᠶᠢᠯᠳᠤᠨ ᠲᠠᠭᠠᠭᠤᠯᠵᠤ᠂ ᠬᠦᠮᠦᠨ ᠠᠮᠠ ᠡᠯᠳᠡᠩ᠂ ᠭᠠᠵᠠᠷ ᠨᠤᠲᠤᠭ ᠠᠭᠤᠵᠢᠮ ᠬᠦᠴᠦᠷᠬᠡᠭ ᠶᠡᠭᠡ ᠠᠶᠢᠮᠠᠭ ᠪᠦᠯᠦᠭ ᠪᠣᠯᠵᠠᠢ᠃ ᠬᠦᠢᠮᠦ᠋ᠩᠬᠡ ᠲᠠᠰᠬᠠᠷ᠎ᠠ ᠳᠤ ᠪᠤᠳᠢᠳᠠᠷ᠎ᠠ ᠵᠤᠷᠭᠤᠯ ᠨᠤᠶᠠᠨ᠂ ᠨᠠᠮᠤᠳᠠᠷ᠎ᠠ ᠭᠠᠯᠵᠠᠭᠤ ᠨᠤᠶᠠᠨ ᠭᠡᠬᠦ ᠬᠤᠶᠠᠷ ᠬᠦᠪᠡᠬᠦᠨ ᠲᠠᠢ ᠪᠠᠶᠢᠵᠤ᠂ ᠨᠤᠨ ᠬᠤᠷᠴᠢᠨ ᠠᠶᠢᠮᠠᠭ ᠪᠦᠬᠦᠨ ᠢᠶᠠᠷ ᠢᠶᠠᠨ ᠲᠡᠲᠡ ᠬᠤᠶᠠᠭᠤᠯᠠ ᠶᠢᠨ ᠦᠮᠴᠢᠨ ᠳᠤ ᠪᠠᠭᠳᠠᠪᠠ᠃ ᠪᠤᠳᠢᠳᠠᠷ᠎ᠠ ᠵᠤᠷᠭᠤᠯ ᠨᠤᠶᠠᠨ ᠤ ᠶᠡᠭᠡ ᠬᠠᠳᠤᠨ ᠵᠢᠭᠡᠯᠤᠨ ᠠᠴᠠ ᠭᠤᠷᠪᠠᠨ ᠬᠦᠪᠡᠬᠦᠨ ᠲᠦᠷᠦᠪᠡ᠃ ᠭᠤᠳᠠᠭᠠᠷ ᠭᠦᠪᠡᠭᠦᠨ ᠤᠪᠠᠰᠢ ᠤᠳᠬᠤᠨ ᠨᠤᠶᠠᠨ ᠨᠢ ᠬᠤᠶᠠᠷ ᠭᠤᠷᠯᠤᠰ ᠬᠤᠰᠢᠭᠤᠨ ᠤ ᠵᠠᠰᠠᠭ ᠨᠤᠶᠠᠳ ᠤᠨ ᠲᠡᠭᠡᠳᠦᠰ ᠪᠤᠯᠪᠠ᠃ ᠪᠤᠳᠢᠳᠠᠷ᠎ᠠ ᠨᠤᠶᠠᠨ ᠤ ᠵᠡᠬᠦᠨ ᠭᠡᠷ ᠤᠨ ᠬᠠᠳᠤᠨ ᠬᠠᠷ᠎ᠠ ᠨᠢᠳᠤᠨ ᠠᠴᠠ ᠬᠤᠶᠠᠷ ᠬᠦᠪᠡᠬᠦᠨ ᠮᠡᠨᠳᠦᠯᠡᠪᠡ᠃ ᠠᠬᠠᠮᠠᠳ ᠭᠦᠪᠠᠭᠦᠨ ᠠᠶᠢᠨᠠᠭ᠎ᠠ ᠰᠡᠴᠡᠨ ᠠᠴᠠ ᠪᠠᠷᠠᠭᠤᠨ ᠭᠠᠷ ᠤᠨ ᠲᠦᠷᠪᠡᠳ ᠬᠤᠰᠢᠭᠤᠨ ᠤ ᠵᠠᠰᠠᠭ ᠨᠤᠶᠠᠳ ᠡᠭᠦᠰᠪᠠ᠃    ᠴᠢᠩ ᠤᠯᠤᠰ ᠪᠠᠶᠢᠭᠤᠯᠤᠭᠳᠠᠭᠰᠠᠨ ᠤ ᠲᠠᠷᠠᠭ᠎ᠠ᠂ ᠨᠤᠨ ᠬᠤᠷᠴᠢᠨ ᠠᠶᠢᠮᠠᠭ ᠤᠨ ᠨᠤᠶᠠᠷᠬᠠᠯ ᠢ ᠴᠢᠩᠭᠠᠳᠬᠠᠬᠤ ᠶᠢᠨ ᠲᠥᠯᠥᠭᠡ ᠬᠤᠰᠢᠭᠤ ᠴᠢᠭᠤᠯᠭᠠᠨ ᠭᠡᠵᠤ ᠪᠠᠶᠢᠭᠤᠯᠤᠨ᠂ ᠨᠤᠨ ᠬᠤᠷᠴᠢᠨ ᠠᠶᠢᠮᠠᠭ ᠢ ᠵᠢᠷᠭᠤᠭᠠᠨ ᠬᠤᠰᠢᠭᠤ ᠭᠤᠴᠢᠨ ᠬᠤᠶᠠᠷ ᠰᠤᠮᠤ ᠪᠤᠯᠭᠠᠨ ᠬᠤᠪᠢᠶᠠᠨ᠂ ᠡᠨᠡ ᠵᠢᠷᠭᠤᠭᠠᠨ ᠬᠤᠰᠢᠭᠤ ᠶᠢ ᠪᠠᠰᠠ ᠵᠡᠭᠦᠨ ᠪᠠᠷᠠᠭᠤᠨ ᠭᠠᠷ ᠬᠡᠮᠡᠨ ᠰᠠᠯᠭᠠᠵᠤ᠂ ᠬᠤᠷᠴᠢᠨ ᠪᠠᠷᠠᠭᠤᠨ ᠭᠠᠷᠤᠨ ᠡᠮᠥᠨᠡᠳᠥ᠂ ᠲᠤᠮᠳᠠᠳᠤ᠂ ᠬᠤᠶᠢᠳᠥ ᠬᠤᠰᠢᠭᠤ ᠵᠢᠴᠢ ᠵᠠᠯᠠᠶᠢᠳ ᠂ ᠲᠥᠷᠪᠡᠳ ᠬᠤᠶᠠᠷ ᠬᠤᠰᠢᠭᠤ ︵ᠪᠥᠭᠦᠳᠡ ᠲᠠᠪᠤᠨ ᠬᠤᠰᠢᠭᠤ︶ ᠶᠢ ᠪᠠᠷᠠᠭᠤᠨ ᠭᠠᠷᠤᠨ ᠠᠬᠠᠯᠠᠭᠴᠢ ᠲᠥᠰᠢᠶᠡᠳᠥ ᠴᠢᠨ ᠸᠠᠩ ᠮᠡᠳᠡᠵᠤ᠂ ᠬᠤᠷᠴᠢᠨ ᠵᠡᠭᠦᠨ ᠭᠠᠷᠤᠨ ᠡᠮᠥᠨᠡᠳᠥ᠂ ᠲᠤᠮᠳᠠᠳᠤ᠂ ᠬᠤᠶᠢᠳᠥ ᠭᠤᠷᠪᠠᠨ ᠬᠤᠰᠢᠭᠤ᠂ ᠮᠥᠨ ᠲᠡᠭᠡᠷ᠎ᠡ ᠨᠢ ᠭᠤᠷᠯᠤᠰ ᠤᠨ ᠬᠤᠶᠠᠷ ᠬᠤᠰᠢᠭᠤ ︵ᠪᠠᠰᠠ ᠲᠠᠪᠤᠨ ᠬᠤᠰᠢᠭᠤ︶ ᠶᠢ ᠨᠡᠮᠡᠭᠡᠳ ᠵᠡᠭᠦᠨ ᠭᠠᠷᠤᠨ ᠠᠬᠠᠯᠠᠭᠴᠢ ᠵᠤᠷᠢᠭᠳᠤ ᠲᠠᠷᠬᠠᠨ ᠴᠢᠨ ᠸᠠᠩ ᠳᠤ ᠵᠠᠬᠢᠷᠤᠭᠤᠯᠪᠠ᠃ ᠤᠳᠠᠯ ᠥᠭᠡᠢ ᠡᠨᠡ ᠠᠷᠪᠠᠨ ᠬᠤᠰᠢᠭᠤ ᠶᠢ ᠨᠢᠭᠡᠨ ᠴᠢᠭᠤᠯᠭᠠᠨ ᠪᠤᠯᠭᠠᠵᠤ᠂ ᠠᠩᠬ᠎ᠠ ᠴᠢᠭᠤᠯᠭᠠᠨ ᠴᠢᠭᠤᠯᠤᠭᠰᠠᠨ ᠭᠠᠵᠠᠷ ᠤᠨ ᠬᠢᠨᠢ ᠨᠡᠷ᠎ᠡ ᠪᠠᠷ ︽ᠵᠢᠷᠢᠮ ᠤᠨ ᠴᠢᠭᠤᠯᠭᠠᠨ︾ ᠬᠡᠮᠡᠪᠡ᠃ ᠣᠳᠣ ᠡᠨᠡᠬᠦ ᠵᠢᠷᠢᠮ ᠤᠨ ᠴᠢᠭᠤᠯᠭᠠᠨ ᠤ ᠣᠪᠣᠭ᠎ᠠ ᠨᠢ ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤᠨ ᠤ ᠲᠥᠯᠢᠶᠡᠨᠮᠥᠳᠥ ᠪᠠᠯᠭᠠᠰᠤᠨ ᠳᠤ ᠪᠠᠶᠢᠷᠢᠯᠠᠳᠠᠭ᠃ ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤᠨ ᠤ ᠲᠥᠪ ᠪᠤᠯᠬᠤ ᠪᠠᠶᠠᠨᠬᠤᠰᠢᠭᠤ ᠪᠠᠯᠭᠠᠰᠤ ᠠᠴᠠ ᠪᠠᠷᠠᠭᠤᠨ ᠬᠤᠶᠢᠰᠢ 160 ᠭᠠᠵᠠᠷ ᠬᠤᠯᠠ ᠪᠠᠶᠢᠷᠢᠯᠠᠵᠤ ᠪᠠᠶᠢᠨ᠎ᠠ᠃ ᠲᠥᠷᠪᠡᠳ ᠭᠤᠷᠯᠤᠰ ᠤᠨ ᠡᠷᠳᠡ ᠡᠳᠥᠭᠡ    ᠲᠦᠷᠪᠡᠳ ᠠᠶᠢᠮᠠᠭ ᠨᠢ ᠮᠤᠩᠭᠤᠯ ᠤᠨ ᠡᠷᠳᠡᠨ ᠤ ᠲᠦᠷᠪᠡᠨ ᠠᠶᠢᠮᠠᠭ ᠠᠴᠠ ᠢᠷᠡᠯᠳᠡᠢ ᠪᠠᠶᠢᠵᠤ᠂ ᠲᠡᠲᠡᠨ ᠤ ᠲᠡᠭᠡᠳᠦᠰ ᠨᠢ ᠴᠢᠩᠭᠢᠰ ᠬᠠᠭᠠᠨ ᠤ ᠠᠷᠪᠠᠨ ᠨᠢᠭᠡᠳᠦᠭᠡᠷ ᠦᠶ᠎ᠡ ᠶᠢᠨ ᠲᠡᠭᠡᠳᠦᠰ ᠲᠣᠸᠠ ᠰᠤᠬᠤᠷ ᠤᠨ ᠲᠦᠷᠪᠡᠨ ᠬᠡᠦᠬᠡᠳ ᠠᠴᠠ ᠡᠬᠦᠰᠦᠯᠳᠠᠢ ᠶᠤᠮ᠃ ᠠᠷᠪᠠᠨ ᠬᠤᠶᠠᠳᠤᠭᠠᠷ ᠵᠠᠭᠤᠨ ᠤ ᠰᠡᠭᠦᠯᠴᠢ᠂ ᠠᠷᠪᠠᠨ ᠭᠤᠷᠪᠠᠳᠤᠭᠠᠷ ᠵᠠᠭᠤᠨ ᠤ ᠡᠬᠢ ᠪᠠᠷ ᠲᠦᠷᠪᠡᠨ ᠠᠶᠢᠮᠠᠭ ᠨᠢ ᠬᠦᠯᠦᠨ ᠪᠦᠢᠷ ᠤᠷᠴᠢᠮ ᠨᠡᠭᠦᠳᠡᠯᠯᠡᠨ ᠠᠮᠢᠳᠤᠷᠠᠵᠤ᠂ ᠶᠤᠸᠠᠨ ᠤᠯᠤᠰ ᠤᠨ ᠡᠬᠢ ᠪᠠᠷ ᠨᠤᠨ ᠮᠦᠷᠡᠨ ᠤ ᠰᠠᠪᠠ ᠭᠠᠵᠠᠷ ᠲᠠᠷᠬᠠᠨ ᠰᠠᠭᠤᠷᠢᠰᠢᠭᠠᠳ ᠤᠳᠴᠢᠬᠢᠨ ᠨᠤᠶᠠᠨ ᠤ ᠬᠤᠶᠢᠴᠢᠰ ᠯᠢᠶᠤᠤ ᠸᠠᠩ ᠳᠤ ᠵᠠᠬᠢᠷᠤᠭᠳᠠᠪᠠ᠃ ᠠᠷᠪᠠᠨ ᠵᠢᠷᠭᠤᠳᠤᠭᠠᠷ ᠵᠠᠭᠤᠨ ᠤ ᠲᠤᠮᠳᠠᠴᠢ ᠪᠠᠷ᠂ ᠬᠠᠰᠠᠷ ᠤᠨ ᠠᠷᠪᠠᠨ ᠲᠦᠷᠪᠡᠳᠦᠭᠡᠷ ᠦᠶ᠎ᠡ ᠶᠢᠨ ᠬᠤᠶᠢᠴᠢᠰ ᠬᠦᠢᠮᠦᠩᠬᠡ ᠲᠠᠰᠬᠠᠷ᠎ᠠ ᠬᠠᠷᠢᠶᠠᠳᠤ ᠠᠶᠢᠮᠠᠭ ᠢᠶᠠᠨ ᠲᠠᠭᠠᠭᠤᠯᠵᠤ ᠨᠤᠨ ᠮᠦᠷᠡᠨ ᠳᠤ ᠨᠤᠲᠤᠭ ᠰᠤᠩᠭᠠᠬᠤ ᠳᠤ ᠲᠦᠷᠪᠡᠳ ᠠᠶᠢᠮᠠᠭ ᠨᠢ ᠬᠤᠷᠴᠢᠨ ᠤ ᠬᠠᠷᠢᠶᠠᠳᠤ ᠪᠤᠯᠪᠠ᠃ ᠲᠦᠷᠪᠠᠣᠨ ᠨᠣᠳᠤᠬ ᠪᠣᠯ ᠬᠠᠪᠣᠳᠣ ᠬᠠᠰᠠᠷ ᠤᠨ ᠬᠤᠶᠢᠴᠢᠰ ᠤᠨ ᠡᠷᠭᠦᠮᠵᠢᠯᠠᠯ ᠨᠣᠳᠤᠬ ᠪᠠ ᠬᠠᠷᠢᠶᠠᠳᠣ ᠨᠣᠳᠤᠬ ᠪᠠᠶᠢᠵᠣ᠂ ᠵᠢᠷᠢᠮ ᠤᠨ ᠴᠣᠬᠯᠠᠭᠠᠨ ᠤ ᠨᠣᠨ ᠠᠷᠪᠠᠨ ᠬᠤᠰᠢᠭᠤᠨ ᠤ ᠨᠢᠭᠡ ᠨᠢ ᠪᠦᠭᠡᠣᠨ ᠵᠢᠷᠢᠮ ᠤᠨ ᠴᠢᠭᠤᠯᠭᠠᠨ ᠤ ᠬᠤᠶᠢᠳᠤ ᠵᠠᠬ᠎ᠠ ᠪᠠᠷ ᠪᠠᠶᠢᠷᠢᠯᠠᠵᠤ᠂ ᠨᠤᠨ ᠮᠦᠷᠡᠨ ᠤ ᠵᠡᠬᠦᠨ ᠬᠦᠪᠡᠬᠡᠨ ᠤ ᠦᠷᠬᠡᠨ ᠠᠭᠤᠳᠠᠮ ᠲᠠᠯ᠎ᠠ ᠭᠠᠵᠠᠷ ᠲᠤ ᠨᠤᠲᠤᠭᠯᠠᠳᠠᠭ᠃ ᠬᠤᠰᠢᠭᠤᠨ ᠤ ᠬᠢᠵᠠᠭᠠᠷ ᠨᠢ ᠡᠮᠦᠨᠡᠰᠢ ᠭᠤᠷᠯᠤᠰ ᠬᠤᠰᠢᠭᠤ ᠲᠠᠢ ᠨᠠᠶᠢᠯᠠᠵᠤ᠂ ᠪᠠᠷᠠᠭᠤᠨ ᠪᠠ ᠵᠡᠬᠦᠨ ᠢᠶᠠᠷ ᠢᠶᠠᠨ ᠬᠢᠵᠠᠭᠠᠷ ᠬᠤᠳᠠ ᠲᠠᠢ ᠬᠦᠷᠰᠢᠯᠡᠳᠡᠭ᠃ ᠬᠤᠰᠢᠭᠤᠨ ᠵᠠᠰᠠᠭ ᠨᠢ ᠲᠤᠭᠳᠤᠷ ᠰᠢᠯᠢ ︵ᠪᠠᠰᠠ ᠲᠦᠪᠰᠢᠨ ᠰᠢᠭᠤᠶᠢᠳᠤ ᠴᠦ ᠭᠡᠳᠡᠭ︶ ᠳᠤ ᠰᠠᠭᠤᠵᠤ᠂ ᠪᠠᠶᠠᠰᠬᠤᠯᠠᠩ ᠬᠠᠳᠠᠳᠤ ᠬᠠᠭᠠᠯᠭ᠎ᠠ ᠠᠴᠠ 1640 ᠭᠠᠵᠠᠷ ᠵᠠᠶᠢᠳᠠᠢ᠃ ᠰᠤᠮᠤ ᠶᠢᠨ ᠲᠤᠭ᠎ᠠ 25 ᠪᠠᠶᠢᠪᠠ᠃ ᠪᠤᠳᠢᠳᠠᠷ᠎ᠠ ᠵᠤᠷᠭᠤᠯ ᠨᠤᠶᠠᠨ ᠦᠷ᠎ᠡ ᠬᠡᠦᠬᠡᠳ ᠲᠤ ᠪᠠᠨ ᠦᠮᠴᠢ ᠬᠤᠪᠢᠶᠠᠬᠤ ᠳᠤ ᠪᠠᠨ ᠨᠠᠢᠮᠠᠳᠤᠭᠠᠷ ᠬᠦᠪᠡᠬᠦᠨ ᠠᠶᠢᠨᠠᠭ᠎ᠠ ᠰᠡᠴᠡᠨ ᠳᠤ ᠪᠠᠨ ᠲᠦᠷᠪᠡᠳ ᠠᠶᠢᠮᠠᠭ ᠢ ᠬᠠᠷᠢᠶᠠᠯᠠᠭᠤᠯᠵᠤ᠂ ᠨᠤᠨ ᠬᠤᠷᠴᠢᠨ ᠤ ᠪᠠᠷᠠᠭᠤᠨ ᠭᠠᠷ ᠲᠠᠭᠠᠤ ᠨᠤᠲᠤᠭᠯᠠᠭᠤᠯᠵᠠᠢ᠃ ᠠᠶᠢᠨᠠᠭ᠎ᠠ ᠨᠤᠶᠠᠨ ᠤ ᠠᠬᠠᠮᠠᠳ ᠬᠦᠪᠡᠬᠦᠨ ᠠᠳᠤᠴᠢ ᠲᠡᠭᠷᠢ ᠠᠴᠠ ᠵᠠᠶᠠᠭᠠᠳᠤ ᠶᠢᠨ ᠶᠢᠰᠦᠨ ᠤᠨ ︵1624 ᠤᠨ︶ ᠳᠤ᠂ ᠤᠤᠪᠠ ᠨᠤᠶᠠᠨ ᠲᠠᠢ ᠬᠠᠮᠳᠤ ᠨᠤᠷᠬᠠᠴᠢ ᠳᠤ ᠡᠯᠴᠢ ᠢᠯᠡᠭᠡᠨ ᠨᠠᠶᠢᠷ ᠲᠠᠢ ᠶᠠᠪᠤᠯᠴᠠᠬᠤ ᠶᠢ ᠬᠦᠰᠡᠪᠡ᠃ ᠲᠡᠭᠡᠳᠦ ᠡᠷᠳᠡᠮᠳᠦ ᠶᠢᠨ ᠲᠡᠷᠢᠬᠦᠨ ᠤᠨ ᠳᠤ᠂ ᠨᠤᠨ ᠬᠤᠷᠴᠢᠨ ᠤ ᠡᠷᠦᠬᠡ ᠠᠮᠠ ᠶᠢ ᠪᠠᠶᠢᠴᠠᠭᠠᠬᠤ ᠳᠤ ᠠᠳᠤᠴᠢ ᠶᠢᠨ ᠬᠦᠪᠡᠬᠦᠨ ᠰᠡᠷᠡᠩ ᠤᠨ ᠬᠠᠷᠢᠶᠠᠨ ᠳᠤ 3200 ᠡᠷᠦᠬᠡ᠂ 947 ᠬᠤᠶᠠᠭ᠂ 64 ᠨᠢᠷᠤ ᠲᠠᠢ ᠪᠠᠶᠢᠵᠤ ᠡᠬᠦᠨ ᠤ ᠲᠤᠲᠤᠷ᠎ᠠ ᠵᠦᠪᠬᠡᠨ 9 ᠨᠢᠷᠤ ᠨᠢ ᠰᠡᠷᠡᠩ ᠤᠨ ᠰᠢᠭᠤᠳ ᠡᠵᠡᠮᠰᠢᠯ ᠳᠤ ᠪᠠᠭᠳᠠᠵᠤ᠂ ᠰᠡᠷᠡᠩ ᠬᠡᠳᠦ᠋ᠢᠪᠡᠷ ᠤᠯᠤᠰ ᠲᠤᠷ ᠲᠤᠰᠠᠯᠠᠭᠴᠢ ᠭᠦᠩ ᠡᠷᠭᠦᠮᠵᠢᠯᠡᠭᠳᠡᠭᠰᠡᠨ ᠪᠤᠯᠪᠠᠴᠦ ᠵᠠᠰᠠᠭ ᠤᠯᠤᠭᠰᠠᠨ ᠦᠭᠡᠢ᠂ ᠬᠠᠷᠢᠨ ᠲᠡᠭᠡᠳᠦ ᠡᠷᠳᠡᠮᠳᠤ ᠶᠢᠨ ᠨᠠᠢᠮᠠᠳᠤᠭᠠᠷ ᠤᠨ ︵1634 ᠤᠨ︶ ᠳᠤ ᠬᠠᠷᠠᠮᠦ᠋ᠷᠡᠨ ᠤ ᠤᠯᠠᠨ ᠠᠶᠢᠮᠠᠭ ᠢ ᠪᠠᠶᠢᠯᠳᠤᠬᠤ ᠳᠤ ᠭᠠᠵᠠᠷᠴᠢᠯᠠᠭᠰᠠᠨ ᠭᠠᠪᠢᠶ᠎ᠠ ᠪᠠᠷ ᠲᠠᠷᠬᠠᠨ ᠴᠤᠯᠠ ᠬᠦᠷᠳᠡᠵᠤ᠂ ᠡᠶᠡᠪᠡᠷ ᠵᠠᠰᠠᠭᠴᠢ ᠶᠢᠨ ᠲᠠᠪᠤᠳᠤᠭᠠᠷ ᠤᠨ ︵1648 ᠤᠨ︶ ᠳᠤ ᠬᠤᠰᠢᠭᠤᠨ ᠪᠠᠶᠢᠰᠠ ᠡᠷᠬᠦᠮᠵᠢᠯᠡᠭᠳᠡᠵᠤ ᠦᠶ᠎ᠡ ᠤᠯᠠᠷᠢᠨ ᠲᠠᠰᠤᠷᠠᠯ ᠦᠭᠡᠢ ᠵᠠᠯᠭᠠᠮᠵᠢᠯᠠᠬᠤ ᠰᠤᠶᠤᠷᠬᠠᠯ ᠬᠦᠷᠳᠡᠨ ᠵᠠᠰᠠᠭ ᠤᠯᠤᠭᠰᠠᠨ ᠢᠶᠠᠷ ᠲᠦᠷᠪᠡᠳ ᠬᠤᠰᠢᠭᠤ ᠡᠭᠦᠰᠪᠡ᠃ ᠵᠠᠰᠠᠭ ᠨᠤᠶᠠᠳ ᠤᠨ ᠦᠶ᠎ᠡ ᠵᠠᠯᠭᠠᠮᠵᠢ ᠬᠡᠮᠡᠪᠡᠰᠦ᠄ ᠰᠡᠷᠡᠩ — ᠨᠤᠷᠪᠤ — ᠱᠠᠵᠢᠨ — ᠪᠠᠳᠤ — ᠪᠠᠨᠵᠤᠷ — ᠰᠡᠪᠳᠡᠨᠳᠤᠩᠷᠤᠪ — ᠳᠠᠨᠵᠤᠷ — ᠨᠠᠮᠵᠢᠯᠳᠤᠷᠵᠢ — ᠯᠤᠪᠰᠠᠩ — ᠪᠤᠳᠢ — ᠰᠠᠶᠢᠪᠢᠯᠢᠭ — ᠷᠠᠳᠨᠠᠪᠠᠯ — ᠸᠴᠢᠷᠬᠤᠶᠠᠭᠳᠤ — ᠭᠤᠩᠭᠠᠴᠤᠭᠳᠠᠨ — ᠭᠧᠯᠢᠭᠪᠡᠯᠵᠤᠷ — ᠷᠠᠰᠢᠫᠤᠩᠰᠤᠭ — ᠰᠢᠷᠠᠪᠯᠤᠯᠫᠢᠯ ᠪᠣᠯᠠᠢ᠃    ᠭᠤᠷᠯᠤᠰ ᠠᠶᠢᠮᠠᠭ ᠪᠤᠯ ᠮᠤᠩᠭᠤᠯ ᠤᠨ ᠡᠷᠳᠡᠨ ᠤ ᠠᠶᠢᠮᠠᠭ ᠬᠤᠷᠯᠤᠰ ᠠᠴᠠ ᠡᠬᠦᠰᠦᠯᠳᠡᠢ ᠪᠠᠶᠢᠵᠤ᠂ ᠬᠤᠩᠭᠢᠷᠠᠳ᠂ ᠢᠬᠢᠷᠢᠰ᠂ ᠤᠯᠬᠤᠨᠤᠳ ᠵᠡᠷᠬᠡ ᠠᠶᠢᠮᠠᠭ ᠲᠠᠢ ᠢᠵᠭᠤᠷ ᠲᠡᠭᠡᠳᠦ ᠨᠢᠭᠡ ᠪᠤᠯᠬᠤᠷ ᠲᠠᠷᠯᠠᠬᠢᠨ ᠮᠤᠩᠭᠤᠯ ᠳᠤ ᠪᠠᠭᠳᠠᠵᠤ᠂ ᠬᠦᠯᠦᠨ ᠪᠦᠢᠷ ᠤᠷᠴᠢᠮ ᠨᠡᠭᠦᠳᠡᠯᠯᠡᠨ ᠠᠮᠢᠳᠤᠷᠠᠵᠤ ᠦᠶ᠎ᠡ ᠲᠠᠮᠵᠢᠨ ᠬᠢᠶᠠᠨ ᠠᠶᠢᠮᠠᠭ ᠲᠠᠢ ᠬᠤᠳᠠ ᠤᠷᠤᠭ ᠪᠤᠯᠳᠠᠭ ᠪᠠᠶᠢᠪᠠ᠃ ᠴᠢᠩᠭᠢᠰ ᠬᠠᠭᠠᠨ ᠤᠯᠤᠰ ᠪᠠᠶᠢᠭᠤᠯᠤᠭᠰᠠᠨ ᠤ ᠲᠠᠷᠠᠭ᠎ᠠ ᠭᠤᠷᠪᠠᠨ ᠮᠢᠩᠭᠠᠨ ᠡᠷᠦᠬᠡ ᠭᠤᠷᠯᠤᠰ ᠬᠦᠮᠦᠨ ᠢ ᠦᠬᠡᠯᠦᠨ ᠡᠬᠡ ᠳᠤ ᠦᠮᠴᠢ ᠪᠤᠯᠭᠠᠨ ᠦᠭᠴᠦ᠂ ᠶᠤᠸᠠᠨ ᠤ ᠦᠶ᠎ᠡ ᠳᠤ ᠡᠳᠡᠭᠡᠷ ᠬᠦᠮᠦᠰ ᠨᠢ ᠤᠳᠴᠢᠬᠢᠨ ᠨᠤᠶᠠᠨ ᠤ ᠬᠤᠶᠢᠴᠢᠰ ᠯᠢᠶᠤᠤ ᠸᠠᠩ ᠤᠨ ᠡᠵᠡᠮᠰᠢᠯ ᠳᠤ ᠪᠠᠶᠢᠪᠠ᠃ ᠴᠢᠩ ᠣᠯᠣᠰ ᠤᠨ ᠦᠶ᠎ᠠ ᠳᠤ ᠭᠤᠷᠯᠣᠰ ᠢ ᠡᠮᠣᠨᠠᠳᠣ᠂ ᠬᠤᠶᠢᠳᠣ ᠬᠡᠮᠠᠨ ᠬᠤᠪᠢᠶᠠᠵᠠᠢ᠃ ᠬᠠᠷᠠᠮᠦ᠋ᠷᠠᠨ ᠮᠣᠵᠢ ᠶᠢᠨ ᠳ᠋ᠠᠴᠢᠩ ᠬᠤᠳᠠ ᠳᠤ ᠵᠣᠣ ᠶᠣᠸᠠᠨ ᠰᠢᠶᠠᠨ ᠬᠡᠵᠣ ᠪᠠᠶᠢᠳᠠᠬ᠃ 1956 ᠣᠨ ᠳᠤ᠂ ᠬᠤᠶᠢᠳᠣ ᠭᠤᠷᠯᠣᠰ ᠨᠢ ᠵᠣᠣ ᠶᠤᠸᠠᠨ ᠰᠢᠶᠠᠨ ᠳᠤ ᠬᠠᠷᠢᠶᠠᠯᠠᠬᠳᠠᠵᠣ᠂ ᠨᠣᠨ ᠠᠷᠪᠠᠨ ᠬᠤᠰᠢᠭᠤᠨ ᠤ ᠨᠢᠭᠡ ᠨᠢ ᠢᠡᠭᠬᠢᠵᠣ ᠲᠠᠣᠭᠡ ᠶᠢᠨ ᠬᠠᠭᠤᠳᠠᠰᠣᠨ ᠠᠴᠠ ᠠᠷᠢᠯᠵᠠᠢ᠃ ᠡᠮᠣᠨᠠᠳᠣ ᠭᠤᠷᠯᠣᠰ ᠨᠢ ᠮᠣᠩᠭᠤᠯ ᠦᠠᠳᠣᠰᠣᠳᠠᠨ ᠤ ᠦᠪᠠᠷᠳᠠᠭᠡᠨ ᠵᠠᠰᠠᠬᠤ ᠰᠢᠶᠠᠨ ᠪᠠᠶᠢᠭᠤᠯᠵᠣ᠂ ᠬᠢᠷᠢᠨ ᠮᠣᠵᠢ ᠳᠤ ᠬᠠᠷᠢᠶᠠᠯᠠᠬᠳᠠᠵᠠᠢ᠃ ᠴᠢᠩ ᠣᠯᠣᠰ ᠤᠨ ᠦᠶ᠎ᠠ ᠳᠤ᠂ ᠬᠤᠶᠠᠷ ᠭᠤᠷᠯᠣᠰ ᠨᠢ ᠵᠢᠷᠢᠮ ᠠᠶᠢᠮᠠᠬ ᠲᠤ ᠬᠠᠷᠢᠶᠠᠯᠬᠳᠠᠵᠣ᠂ 1912 ᠣᠨ ᠳᠤ᠂ ᠬᠤᠶᠢᠳᠣ ᠭᠤᠷᠯᠣᠰ ᠨᠢ ᠬᠠᠷᠠᠮᠦ᠋ᠷᠠᠨ᠂ ᠡᠮᠣᠨᠠᠳᠣ ᠭᠤᠷᠯᠣᠰ ᠨᠢ ᠬᠢᠷᠢᠨ ᠮᠣᠵᠢ ᠳᠤ ᠪᠠᠭᠳᠠᠵᠠᠢ᠃ ᠡᠮᠣᠨᠠᠳᠣ ᠭᠤᠷᠯᠣᠰ ᠤᠨ ᠬᠠᠮᠤᠬ ᠰᠠᠭᠦᠯᠴᠢ ᠶᠢᠨ ᠵᠠᠰᠠᠬ ᠸᠠᠩ ᠴᠢᠮᠠᠣᠠᠰᠠᠮᠫᠢᠯ ᠨᠢ ᠵᠢᠷᠢᠮ ᠠᠶᠢᠮᠠᠬ ᠤᠨ ᠠᠬᠠᠯᠠᠬᠴᠢ ᠪᠠᠶᠢᠵᠠᠢ᠃ ᠣᠳᠣ ᠡᠮᠣᠨᠠᠳᠣ ᠭᠤᠷᠯᠣᠰ ᠨᠢ ᠬᠢᠷᠢᠨ ᠮᠣᠵᠢ ᠶᠢᠨ ᠰᠦᠡᠭ ᠶᠣᠸᠠᠨ ᠬᠤᠳᠠ ᠲᠠᠢ ᠭᠦᠷᠰᠢᠯᠠᠵᠣ᠂ ᠨᠢᠭᠡ ᠵᠠᠭᠡᠯᠢ ᠪᠠᠷ ᠵᠠᠭᠠᠬ ᠱᠣᠭᠤᠮ ᠬᠤᠪᠢᠶᠠᠵᠣ ᠪᠠᠶᠢᠳᠠᠬ᠃ ᠡᠮᠣᠨ᠎ᠠ ᠭᠤᠷᠯᠣᠰ ᠶᠡᠭᠡ ᠵᠠᠭᠡᠯᠢ ᠶᠢᠨ ᠬᠤᠶᠢᠨ᠎ᠠ ᠲᠠᠯ᠎ᠠ ᠲᠤᠨᠢ ᠮᠣᠩᠭᠤᠯ ᠫᠠᠶᠢᠰᠠ ᠢᠯᠠᠷᠭᠡᠶᠢᠯᠠᠯ ᠢᠯᠠ ᠲᠣᠳᠣ ᠪᠢᠴᠢᠭᠳᠡᠨ᠂ ᠡᠮᠣᠨ᠎ᠠ ᠲᠠᠯ᠎ᠠ ᠲᠤᠨᠢ ᠮᠣᠩᠭᠤᠯ ᠦᠰᠦᠭ ᠪᠢᠴᠢᠭ ᠦᠭᠡᠢ᠃ ᠡᠨᠠ ᠨᠢ ᠰᠦᠡᠭ ᠶᠣᠸᠠᠨ ᠬᠤᠳᠠ ᠪᠣᠯᠣᠨ ᠡᠮᠣᠨᠠᠳᠣ ᠭᠤᠷᠯᠣᠰ ᠤᠨ ᠮᠣᠩᠭᠤᠯ ᠦᠠᠳᠣᠰᠣᠳᠠᠨ ᠤ ᠦᠪᠠᠷᠳᠠᠭᠡᠨ ᠵᠠᠰᠠᠬᠤ ᠰᠢᠶᠠᠨ ᠢ ᠢᠯᠭᠠᠬᠤ ᠢᠮ ᠲᠠᠮᠳᠡᠭ ᠪᠣᠯᠵᠠᠢ᠃    ᠲᠤᠰ ᠬᠤᠰᠢᠭᠤᠨ ᠤ ᠠᠩᠬ᠎ᠠ ᠵᠠᠰᠠᠭ ᠢ ᠤᠯᠤᠭᠰᠠᠨ ᠬᠦᠮᠦᠨ ᠪᠤᠯ ᠪᠤᠳᠢᠳᠠᠷ᠎ᠠ ᠨᠤᠶᠠᠨ ᠤ ᠶᠡᠭᠡ ᠬᠠᠳᠤᠨ ᠠᠴᠠ ᠲᠦᠷᠦᠭᠰᠡᠨ ᠭᠤᠷᠪᠠᠳᠤᠭᠠᠷ ᠬᠦᠪᠡᠬᠦᠨ ᠤᠪᠠᠰᠢ ᠤᠳᠬᠤᠨ ᠨᠤᠶᠠᠨ ᠤ ᠠᠬᠠᠮᠠᠳ ᠬᠦᠪᠡᠬᠦᠨ ᠨᠡᠶᠢᠴᠢ ᠪᠤᠶᠠᠨᠳᠤ ᠨᠤᠶᠠᠨ ᠤ ᠬᠤᠶᠠᠳᠤᠭᠠᠷ ᠬᠦᠪᠡᠬᠦᠨ ᠶᠤᠮ᠃ ᠲᠡᠭᠷᠢ ᠶᠢᠨ ᠰᠡᠴᠡᠨ ᠤ ᠲᠤᠯᠤᠳᠤᠭᠠᠷ ᠤᠨ ︵1633 ᠤᠨ︶ ᠳᠤ᠂ ᠬᠦᠮᠦ ᠨᠤᠶᠠᠨ ᠠᠶᠢᠰᠢᠨ ᠭᠦᠷᠦᠨ ᠳᠤ ᠬᠦᠷᠴᠦ᠂ ᠬᠤᠩ ᠲᠠᠶᠢᠵᠢ ᠳᠤ ᠵᠤᠯᠭᠠᠵᠤ᠂ ᠲᠠᠷᠠᠭᠠᠴᠢ ᠪᠠᠷ ᠨᠢ ᠮᠢᠩ ᠤᠯᠤᠰ ᠤᠨ ᠱᠦᠸᠧ ᠵᠸᠦ᠂ ᠢ ᠵᠸᠦ ᠶᠢ ᠲᠠᠶᠢᠯᠠᠵᠤ᠂ ᠸᠠᠷᠬ᠎ᠠ ᠳᠤ ᠴᠡᠷᠢᠭᠯᠡᠬᠦ ᠳᠤ ᠬᠤᠰᠢᠭᠤᠴᠢᠯᠠᠪᠠ᠃ ᠲᠡᠭᠡᠳᠦ ᠡᠷᠳᠡᠮᠳᠤ ᠶᠢᠨ ᠲᠡᠷᠢᠬᠦᠨ ᠤᠨ ᠳᠤ᠂ ᠤᠯᠤᠰ ᠲᠤᠷ ᠲᠤᠰᠠᠯᠠᠭᠴᠢ ᠬᠦᠩ ᠡᠷᠭᠦᠮᠵᠢᠯᠡᠭᠳᠡᠨ ᠦᠶ᠎ᠡ ᠤᠯᠠᠷᠢᠨ ᠲᠠᠰᠤᠷᠠᠯ ᠦᠭᠡᠢ ᠵᠠᠯᠭᠠᠮᠵᠢᠯᠠᠬᠤ ᠰᠤᠶᠤᠷᠬᠠᠯ ᠬᠦᠷᠳᠡᠭᠡᠳ᠂ ᠡᠴᠢᠭᠡ ᠶᠢᠨ ᠢᠶᠠᠨ ᠦᠮᠴᠢᠨ ᠳᠤ ᠪᠠᠭᠳᠠᠭᠰᠠᠨ 2050 ᠡᠷᠦᠬᠡ᠂ 505 ᠬᠤᠶᠠᠭ᠂ 41 ᠨᠢᠷᠤ ᠶᠢ ᠵᠠᠰᠠᠭᠯᠠᠭᠰᠠᠨ ᠬᠤᠰᠢᠭᠤᠨ ᠵᠠᠰᠠᠭ ᠪᠤᠯᠪᠠ᠃ ᠵᠠᠰᠠᠭ ᠨᠤᠶᠠᠳ ᠤᠨ ᠦᠶ᠎ᠡ ᠵᠠᠯᠭᠠᠮᠵᠢ ᠬᠡᠮᠡᠪᠡᠰᠦ᠄ ᠬᠦᠮᠦ — ᠰᠠᠩᠭᠠᠷᠵᠠᠢ — ᠠᠩᠬ᠎ᠠ — ᠮᠠᠩᠰᠠ — ᠤᠷᠳᠤᠨᠠᠰᠤᠳᠤ — ᠪᠢᠯᠢᠬᠦᠨ᠋ᠤᠴᠢᠷ — ᠴᠠᠭᠤᠨ — ᠲᠤᠭᠠᠷᠵᠠᠪ — ᠷᠠᠪᠳᠠᠨ — ᠭᠦᠩᠬᠡᠷᠡᠪᠳᠡᠨ — ᠡᠩᠬᠡᠪᠡᠪᠡᠢ — ᠡᠩᠬᠡᠲᠤᠭᠳᠠᠭᠤ — ᠠᠯᠳ᠋ᠬᠤᠴᠢᠷ — ᠲᠦᠪ ᠦᠯᠵᠡᠶᠢᠳᠤ — ᠲᠦᠪ ᠦᠯᠵᠡᠶᠢᠳᠦ — ᠴᠢᠮᠡᠳᠰᠠᠮᠫᠢᠯ ᠪᠣᠯᠠᠢ᠃ ᠲᠤᠰ ᠬᠤᠰᠢᠭᠤᠨ ᠤ ᠢᠵᠠᠭᠤᠷᠳᠠᠳ ᠤᠨ ᠲᠤᠲᠤᠷ᠎ᠠ ᠨᠢᠭᠡᠨ ᠨᠢᠭᠡᠳᠦᠭᠡᠷ ᠵᠡᠷᠬᠡ ᠶᠢᠨ ᠲᠠᠶᠢᠵᠢ ᠶᠢᠨ ᠬᠡᠷᠬᠡᠮ ᠴᠢᠩ ᠤᠨ ᠰᠡᠭᠦᠯᠴᠢ ᠪᠤᠯᠳᠠᠯ᠎ᠠ ᠲᠠᠰᠤᠷᠠᠯ ᠦᠭᠡᠢ ᠵᠠᠯᠭᠠᠮᠵᠢᠯᠠᠭᠳᠠᠪᠠ᠃ ᠭᠤᠷᠯᠤᠰ ᠡᠮᠦᠨᠡᠳᠦ ᠬᠤᠰᠢᠭᠤ ᠨᠢ ᠵᠢᠷᠢᠮ ᠤᠨ ᠴᠢᠭᠤᠯᠭᠠᠨ ᠤ ᠵᠡᠬᠦᠨ ᠵᠠᠬ᠎ᠠ᠂ ᠰᠤᠩᠭᠠᠷᠢ ᠮᠦᠷᠡᠨ ᠤ ᠬᠤᠶᠠᠷ ᠬᠦᠪᠡᠭᠡ ᠳᠤ ᠪᠠᠶᠢᠷᠢᠰᠢᠵᠤ᠂ ᠨᠤᠨ ᠮᠦᠷᠡᠨ᠂ ᠰᠤᠩᠭᠠᠷᠢ ᠮᠦᠷᠡᠨ ᠤ ᠲᠠᠯ᠎ᠠ ᠭᠠᠵᠠᠷ ᠤᠨ ᠭᠤᠤᠯ ᠢ ᠡᠵᠡᠯᠡᠵᠡᠢ᠃ ᠬᠤᠰᠢᠭᠤᠨ ᠤ ᠵᠡᠬᠦᠨ ᠵᠠᠬ᠎ᠠ ᠨᠢ ᠨᠤᠨ ᠮᠦᠷᠡᠨ᠂ ᠰᠤᠩᠭᠠᠷᠢ ᠮᠦᠷᠡᠨ ᠤ ᠠᠭᠤᠯᠵᠠᠷ ᠠᠴᠠ ᠪᠠᠷᠠᠭᠤᠨ ᠬᠦᠪᠡᠭᠡ ᠶᠢ ᠲᠠᠭᠠᠨ ᠡᠮᠦᠨᠡᠰᠢᠯᠡᠵᠤ ᠪᠤᠷᠭᠠᠰᠤᠨ ᠬᠡᠷᠡᠮ ᠤᠨ ᠡᠴᠦᠰ ᠴᠡᠭ ᠪᠠᠳᠬ᠎ᠠ ᠬᠠᠭᠠᠯᠭ᠎ᠠ ᠬᠦᠷᠴᠦ᠂ ᠬᠤᠶᠢᠳᠣ ᠲᠠᠯ᠎ᠠ ᠪᠠᠷ ᠢᠶᠠᠨ ᠵᠠᠯᠠᠶᠢᠳ ᠬᠤᠰᠢᠭᠤ ᠪᠠ ᠬᠤᠷᠴᠢᠨ ᠪᠠᠷᠠᠭᠤᠨ ᠭᠠᠷᠤᠨ ᠬᠤᠶᠢᠳᠤ ᠬᠤᠰᠢᠭᠤ ᠲᠠᠢ ᠬᠤᠯᠪᠤᠯᠳᠤᠨ᠂ ᠪᠠᠷᠠᠭᠤᠨ ᠡᠮᠦᠨᠡᠭᠦᠷ ᠢᠶᠠᠨ ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤ ᠲᠠᠢ ᠵᠠᠬ᠎ᠠ ᠨᠡᠶᠢᠯᠡᠭᠡᠳ᠂ ᠪᠠᠷᠠᠭᠤᠨ ᠬᠤᠶᠢᠳᠣ ᠲᠠᠯ᠎ᠠ ᠪᠠᠷ ᠢᠶᠠᠨ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤ ᠲᠠᠢ ᠬᠦᠷᠰᠢᠯᠡᠳᠡᠭ᠃ ᠬᠤᠰᠢᠭᠤᠨ ᠵᠠᠰᠠᠭ ᠨᠢ ᠭᠤᠷᠪᠠᠨ ᠴᠠᠭᠠᠨ ︵ᠭᠤᠷᠪᠠᠨ ᠲᠤᠯᠤᠭᠠᠢ ᠴᠦ ᠭᠡᠳᠡᠭ︶ ᠳᠤ ᠰᠠᠭᠤᠵᠤ᠂ ᠪᠠᠶᠠᠰᠬᠤᠯᠠᠩ ᠬᠠᠳᠠᠳᠤ ᠬᠠᠭᠠᠯᠭ᠎ᠠ ᠠᠴᠠ 1480 ᠭᠠᠵᠠᠷ ᠵᠠᠶᠢᠳᠠᠢ᠃ ᠲᠤᠰ ᠬᠤᠰᠢᠭᠤᠨ ᠳᠤ 23 ᠰᠤᠮᠤ ᠲᠠᠢ ᠪᠠᠶᠢᠪᠠ᠃ ᠲᠥᠷᠪᠡᠳ ᠭᠤᠷᠯᠤᠰ ᠤᠨ ᠬᠥᠮᠥᠨ ᠠᠮᠠ ᠬᠢᠭᠡᠳ ᠰᠤᠶᠤᠯ ᠢᠷᠭᠡᠨᠰᠢᠯ    ᠲᠦᠷᠪᠠᠣᠨ ᠨᠣᠳᠤᠬ ᠤᠨ ᠮᠣᠩᠭᠤᠯᠴᠣᠣᠨ ᠠᠷᠠᠢ 5 ᠲᠦᠮᠠ ᠳᠤ ᠭᠦᠷᠭᠦ ᠦᠭᠡᠢ᠂ ᠶᠠᠭᠠᠬᠢᠭᠠᠳ ᠬᠥᠮᠥᠨ ᠠᠮᠠ ᠲᠤᠭ᠎ᠠ ᠪᠠᠭᠠᠰᠪᠠ ᠭᠡᠪᠡᠯ ᠤᠢᠢᠷ᠎ᠠ ᠥᠶ᠎ᠡ ᠶᠢᠨ ᠲᠡᠤᠬᠡᠨ ᠠᠴᠠ ᠨᠠᠰᠢᠬᠢ ᠲᠥᠷᠪᠡ ᠤᠳᠠᠭᠠᠨ ᠤ ᠨᠡᠭᠦᠳᠡᠯ ᠲᠠᠢ ᠬᠠᠮᠢᠶ᠎ᠠ ᠲᠠᠢ ᠭᠡᠵᠤ ᠡᠷᠳᠡᠮᠳᠡᠳ ᠪᠠ ᠨᠤᠳᠤᠭ ᠤᠨ ᠪᠤᠭᠤᠷᠤᠯᠴᠤᠳ ᠥᠵᠡᠵᠤ ᠪᠠᠶᠢᠨ᠎ᠠ᠃ ᠲᠦᠷᠣᠭᠦᠣ ᠣᠳᠠᠭ᠎ᠠ ᠨᠢ᠂ ᠪᠠᠳᠠᠷᠠᠯᠳᠣ ᠲᠦᠷᠣ ᠶᠢᠨ ᠰᠠᠭᠦᠯᠴᠢ ᠶᠢᠨ ᠦᠶ᠎ᠠ ᠪᠠᠷ᠂ ᠲᠦᠷᠪᠠᠣᠨ ᠨᠣᠳᠤᠬ ᠲᠤ ᠠᠳᠠᠷ ᠬᠠᠭᠠᠯᠪᠣᠷᠢᠯᠠᠬᠤ ᠬᠠᠯᠠᠭᠤᠷᠠᠯ ᠪᠤᠯᠵᠤ᠂ ᠬᠢᠳᠠᠣᠨ ᠢᠷᠭᠡᠣᠨ ᠰᠢᠬᠠᠯᠳᠣᠨ ᠢᠷᠠᠵᠣ ᠲᠠᠷᠢᠶᠠᠯᠠᠭᠠᠳ᠂ ᠮᠠᠯᠴᠢᠨ ᠤᠨ ᠭᠠᠵᠠᠷ ᠨᠣᠳᠤᠬ ᠪᠠᠭᠠᠰᠴᠤ ᠭᠠᠶᠢᠯᠢ ᠲᠠᠳᠠᠪᠣᠷᠢ ᠭᠦᠠᠳᠣᠷᠡᠭᠰᠡᠨ ᠠᠴᠠ ᠠᠮᠢᠳᠣᠷᠠᠬᠤ ᠶᠢᠨ ᠠᠷᠭ᠎ᠠ ᠦᠭᠡᠢ ᠪᠣᠯᠵᠣ᠂ ᠦᠪᠣᠷ ᠮᠣᠩᠭᠤᠯ ᠤᠨ ᠡᠯ᠎ᠠ ᠬᠤᠰᠢᠭᠤᠨ ᠳᠤ ᠨᠠᠭᠦᠨ ᠶᠠᠪᠣᠵᠠᠢ ᠭᠡᠨ᠎ᠡ᠃ ᠬᠤᠶᠠᠳᠣᠭᠠᠷ ᠣᠳᠠᠭ᠎ᠠ ᠨᠢ᠂ ᠬᠠᠭᠤᠷᠮᠠᠬ ᠮᠠᠠᠵᠣ ᠣᠯᠣᠰ ᠤᠨ ᠦᠶ᠎ᠠ ᠳᠤ ᠂ ᠶᠠᠫᠣᠨ ᠡᠵᠡᠷᠭᠡᠭ ᠲᠦᠷᠢᠮᠡᠭᠡᠶᠢᠳᠠᠨ ᠵᠠᠭᠦᠨ ᠬᠤᠶᠢᠳᠣ ᠣᠷᠣᠨ ᠢ ᠲᠦᠷᠢᠮᠠᠭᠡᠶᠢᠯᠠᠵᠣ᠂ ᠮᠣᠩᠭᠤᠯᠴᠣᠣᠨ ᠭᠠᠯ ᠣᠰᠣᠨ ᠤ ᠵᠣᠪᠠᠯᠠᠩ ᠳᠤ ᠣᠴᠠᠷᠠᠵᠣ᠂ ᠲᠦᠷᠪᠠᠨ ᠲᠠᠰᠢ ᠵᠠᠶᠢᠯᠠᠨ ᠲᠦᠷᠪᠠᠵᠠᠢ᠃ ᠭᠤᠷᠪᠠᠳᠣᠭᠠᠷ ᠣᠳᠠᠭ᠎ᠠ ᠨᠢ᠂ ᠴᠢᠯᠣᠭᠡᠯᠡᠭᠳᠡᠬᠦ ᠠᠴᠠ ᠡᠮᠥᠨ᠎ᠡ ᠠᠳᠡᠬᠢ ᠮᠣᠩᠭᠤᠯᠴᠣᠣᠨ ᠤᠨ ᠰᠠᠣᠠᠬᠢᠯ ᠰᠠᠨᠠᠭ᠎ᠠ ᠲᠣᠬᠳᠠᠪᠣᠷᠢ ᠦᠭᠡᠢ ᠪᠣᠯᠵᠣ᠂ ᠴᠢᠯᠣᠭᠡᠯᠡᠭᠳᠡᠭᠰᠡᠨ ᠣᠷᠣᠨ ᠦᠪᠣᠷ ᠮᠣᠩᠭᠤᠯ ᠢ ᠵᠣᠷᠢᠵᠠᠢ᠃ 1946 ᠣᠨ ᠳᠤ ᠲᠦᠷᠪᠠᠣᠨ ᠬᠤᠰᠢᠭᠤᠨ ᠳᠤ ᠮᠣᠩᠭᠤᠯ ᠦᠠᠳᠣᠰᠣᠳᠠᠨ 23323 ᠪᠠᠶᠢᠬᠰᠠᠨ ᠠᠴᠠ ᠪᠠᠨ 1947 ᠣᠨ ᠪᠣᠯᠬᠤ ᠳᠤ 12296 ᠭᠦᠮᠣᠨ ᠪᠣᠯᠣᠨ ᠪᠠᠭᠠᠰᠴᠠᠢ᠃ ᠲᠦᠷᠪᠠᠳᠣᠭᠡᠷ ᠣᠳᠠᠭ᠎ᠠ ᠨᠢ᠂ 1960 ᠣᠨ ᠠᠴᠠ ᠡᠬᠢᠯᠡᠭᠰᠡᠨ ᠮᠠᠨ ᠤ ᠣᠯᠣᠰ 3 ᠵᠢᠯ ᠤᠨ ᠪᠠᠶᠢᠭᠠᠯᠢ ᠶᠢᠨ ᠭᠠᠮᠰᠢᠬ ᠲᠤ ᠲᠠᠭᠠᠷᠢᠬᠳᠠᠭᠰᠠᠨ ᠤ ᠲᠠᠷᠠᠭ᠎ᠠ᠂ ᠢᠳᠠᠭᠦ ᠪᠣᠳᠠᠭ᠎ᠠ ᠳᠠᠭᠠᠨ ᠵᠥᠪ ᠦᠭᠡᠢ ᠪᠤᠯᠤᠭᠰᠠᠨ ᠲᠦᠷᠪᠠᠣᠨ ᠮᠣᠩᠭᠤᠯᠴᠣᠣᠨ ᠠᠮᠢ ᠵᠢᠭᠤᠬᠤ ᠪᠠᠷ ᠲᠦᠷᠪᠠᠨ ᠲᠠᠰᠢ ᠪᠣᠳᠠᠷᠠᠨ ᠰᠠᠯᠵᠠᠢ᠃ 1959 ᠣᠨ ᠳᠤ ᠲᠦᠷᠪᠠᠨ ᠬᠤᠰᠢᠭᠤᠨ ᠤ ᠮᠣᠩᠭᠤᠯᠴᠣᠣᠨ 16748 ᠪᠠᠶᠢᠬᠰᠠᠨ ᠠᠴᠠ ᠪᠠᠨ 1960 ᠣᠨ ᠪᠣᠯᠬᠤ ᠳᠤ 14807 ᠭᠦᠮᠣᠨ ᠪᠣᠯᠣᠨ ᠪᠠᠭᠠᠰᠪᠠ᠃ 1956 ᠣᠨ ᠳᠤ ᠲᠦᠷᠪᠠᠣᠨ ᠤᠨ ᠮᠣᠩᠭᠤᠯ ᠦᠠᠳᠣᠰᠣᠳᠠᠨ ᠤ ᠦᠪᠠᠷᠳᠠᠭᠡᠨ ᠵᠠᠰᠠᠬᠤ ᠰᠢᠶᠠᠨ ᠪᠠᠶᠢᠭᠤᠯᠣᠬᠳᠠᠬᠤ ᠦᠶ᠎ᠠ ᠳᠤ ᠮᠣᠩᠭᠤᠯ ᠦᠠᠳᠣᠰᠣᠳᠠᠨ ᠠᠷᠠᠢ ᠯᠠ 16.6% ᠶᠢ ᠡᠵᠠᠯᠠᠵᠠᠢ᠃ ᠣᠳᠣ ᠪᠣᠯᠬᠤ ᠳᠤ ᠲᠦᠷᠪᠠᠣᠨ ᠤᠨ ᠮᠣᠩᠭᠤᠯ ᠦᠠᠳᠣᠰᠣᠳᠠᠨ ᠪᠦᠭᠦ ᠭᠦᠮᠣᠨ ᠠᠮᠠ ᠶᠢᠨ 18% ᠢ ᠡᠵᠡᠯᠡᠳᠡᠭ᠃ ᠲᠦᠷᠪᠠᠣᠨ ᠤᠨ ᠰᠣᠶᠣᠯ ᠰᠣᠷᠭᠠᠨ ᠭᠦᠮᠣᠵᠢᠯ ᠢ ᠲᠣᠷᠠᠣᠠᠬᠤ ᠳᠤ ᠦᠯᠠᠮᠵᠢ ᠲᠠᠭᠦᠰ ᠪᠠᠶᠠᠰᠬᠤᠯᠡᠭᠳᠦ ᠴᠠᠭᠠᠨ ᠬᠡᠶᠢᠣᠨ ᠠᠴᠠ ᠡᠰᠢᠯᠠᠭᠦ ᠣᠴᠢᠷᠳᠠᠢ᠃ ᠴᠢᠩ ᠣᠯᠣᠰ ᠤᠨ ᠦᠶ᠎ᠠ ᠳᠤ᠂ ᠪᠣᠷᠬᠠᠨ ᠤ ᠱᠠᠰᠢᠨ ᠦᠷᠭᠡᠨ ᠢᠶᠠᠷ ᠲᠠᠯᠭᠡᠷᠠᠵᠣ᠂ 1684 ᠣᠨ ᠳᠤ ᠲᠦᠷᠪᠠᠣᠨ ᠬᠤᠰᠢᠭᠤᠨ ᠰᠦᠮ᠎ᠠ ᠦᠯᠠᠮᠵᠢ ᠲᠠᠭᠦᠰ ᠪᠠᠶᠠᠰᠬᠤᠯᠡᠭᠳᠦ ᠴᠠᠭᠠᠨ ᠬᠡᠶᠢᠣᠨ ᠪᠠᠶᠢᠭᠤᠯᠣᠬᠳᠠᠵᠠᠢ᠃ ᠴᠢᠩ ᠣᠯᠣᠰ ᠤᠨ ᠲᠣᠮᠳᠠᠴᠢ ᠪᠠᠷ᠂ ᠦᠯᠠᠮᠵᠢ ᠲᠠᠭᠦᠰ ᠪᠠᠶᠠᠰᠬᠤᠯᠡᠭᠳᠦ ᠴᠠᠭᠠᠨ ᠬᠡᠶᠢᠣᠨ ᠨᠢ ᠪᠠᠳᠠᠷᠠᠨ ᠭᠦᠭᠵᠢᠵᠣ᠂ 200 ᠭᠠᠷᠣᠢ ᠯᠠᠮᠠ ᠮᠣᠩᠭᠤᠯ ᠲᠦᠪᠠᠣᠨ ᠨᠣᠮ ᠣᠡᠭᠰᠢᠵᠣ ᠪᠠᠶᠢᠵᠠᠢ᠃ ᠦᠯᠠᠮᠵᠢ ᠲᠠᠭᠦᠰ ᠪᠠᠶᠠᠰᠬᠤᠯᠡᠭᠳᠦ ᠴᠠᠭᠠᠨ ᠬᠡᠶᠢᠣᠨ ᠤᠨ ᠯᠠᠮᠠ ᠪᠣᠯ ᠲᠦᠷᠪᠠᠣᠨ ᠬᠤᠰᠢᠭᠤᠨ ᠤ ᠮᠣᠩᠭᠤᠯ ᠦᠭᠡ ᠬᠡᠯᠡ ᠶᠢ ᠰᠣᠷᠴᠣ ᠣᠯᠠᠮᠵᠢᠯᠠᠬᠰᠠᠨ ᠬᠤᠰᠢᠭᠤᠴᠢ ᠭᠦᠮᠣᠰ ᠪᠣᠯᠣᠨ᠎ᠠ᠃ ᠮᠢᠩ ᠤᠨ ᠰᠠᠭᠦᠯᠴᠢ ᠠᠴᠠ ᠴᠢᠩ ᠤᠨ ᠲᠣᠮᠳᠠᠴᠢ ᠪᠣᠯᠳᠠᠯ᠎ᠠ᠂ ᠲᠦᠷᠪᠠᠣᠨ ᠬᠤᠰᠢᠭᠤ ᠨᠢ ᠰᠦᠮ᠎ᠠ ᠬᠡᠶᠢᠣᠨ ᠤᠨ ᠯᠠᠮᠠ ᠠᠴᠠ ᠡᠷᠳᠠᠮ ᠰᠣᠷᠬᠤ ᠪᠣᠯᠣᠨ ᠡᠴᠢᠭᠡ ᠨᠢ ᠭᠦᠪᠡᠭᠦᠨ ᠳᠡᠭᠡᠨ ᠡᠷᠳᠠᠮ ᠣᠯᠠᠮᠵᠢᠯᠠᠬᠤ ᠬᠡᠯᠪᠡᠷᠢ ᠪᠠᠷ ᠮᠣᠩᠭᠤᠯ ᠪᠢᠴᠢᠭ ᠢ ᠵᠢᠭᠠᠵᠣ ᠪᠠᠶᠢᠵᠠᠢ᠃ ᠴᠢᠩ ᠤᠨ ᠰᠠᠭᠦᠯᠴᠢ ᠪᠠᠷ᠂ ᠴᠢᠩ ᠢ ᠡᠰᠠᠷᠭᠦᠴᠠᠵᠣ ᠢᠯᠠᠬᠳᠠᠬᠰᠠᠨ ᠨᠢᠭᠡ ᠪᠦᠯᠦᠭ ᠲᠦᠮᠠᠣᠨ ᠵᠠᠭᠦᠨ ᠬᠤᠰᠢᠭᠤ᠂ ᠲᠦᠮᠠᠣᠨ ᠪᠠᠷᠠᠭᠤᠨ ᠬᠤᠰᠢᠭᠤ᠂ ᠬᠠᠷᠠᠴᠢᠨ ᠤ ᠭᠦᠮᠣᠰ ᠲᠦᠷᠪᠠᠣᠨ ᠲᠤ ᠣᠷᠭᠤᠨ ᠢᠷᠠᠵᠣ᠂ ᠯᠢᠶᠣᠣ ᠡ᠊ ᡁᠧ᠂ ᠶᠡᠭᠡ ᠯᠢᠩ ᠡ᠊ ᡁᠧ ᠶᠢᠨ ᠰᠠᠪᠠ ᠭᠠᠵᠠᠷ ᠤᠨ ᠲᠠᠷᠢᠭᠦᠨ ᠤ ᠮᠣᠩᠭᠤᠯ ᠰᠣᠶᠣᠯ ᠢ ᠲᠠᠭᠠᠭᠤᠯᠣᠨ ᠠᠪᠴᠢᠷᠠᠵᠣ᠂ ᠲᠦᠷᠪᠠᠣᠨ ᠬᠤᠰᠢᠭᠤᠨ ᠤ ᠰᠣᠶᠣᠯ ᠤᠨ ᠨᠠᠷᠠᠳᠣ ᠭᠦᠮᠣᠰ ᠪᠤᠢ ᠪᠣᠯᠵᠠᠢ᠃ ᠪᠦᠷᠢᠨ ᠵᠠᠰᠠᠬᠴᠢ ᠶᠢᠨ ᠦᠶ᠎ᠠ ᠳᠤ᠂ ᠲᠦᠷᠪᠠᠣᠨ ᠬᠤᠰᠢᠭᠤᠨ ᠤ ᠸᠠᠩ ᠭᠦᠡᠭ ᠲᠠᠶᠢᠵᠢ ᠨᠠᠷ ᠲᠦᠮᠠᠣᠨ᠂ ᠬᠠᠷᠠᠴᠢᠨ ᠭᠦᠮᠣᠰ ᠢ ᠪᠠᠭᠰᠢ ᠪᠠᠷᠢᠵᠣ᠂ ᠦᠷ᠎ᠠ ᠬᠡᠣᠬᠡᠣᠨ ᠲᠡᠭᠡᠨ ᠪᠢᠴᠢᠭ ᠵᠢᠭᠠᠯᠭᠠᠵᠣ ᠪᠠᠶᠢᠵᠠᠢ᠃ ᠪᠠᠳᠠᠷᠠᠯᠳᠣ ᠲᠦᠷᠣ ᠶᠢᠨ ᠦᠶ᠎ᠠ ᠶᠢᠨ ᠲᠦᠷᠪᠠᠣᠨ ᠬᠤᠰᠢᠭᠤ ᠨᠢ 3 ᠣᠯᠠᠭ᠎ᠠ ᠦᠷᠳᠡᠭᠡ ᠪᠣᠯᠣᠨ ᠳᠠᠩᠬᠠᠢ ᠲᠣᠰᠬᠤᠨ ᠳᠤ ᠰᠣᠷᠭᠠᠭᠤᠯᠢ ᠪᠠᠶᠢᠭᠤᠯᠵᠠᠢ᠃ ᠢᠷᠭᠡᠨ ᠣᠯᠣᠰ ᠤᠨ ᠦᠶ᠎ᠠ ᠳᠤ᠂ ᠭᠡᠷ ᠤᠨ ᠰᠣᠷᠭᠠᠭᠤᠯᠢ ᠪᠣᠯᠣᠨ ᠠᠯᠪᠠᠨ ᠤ ᠰᠣᠷᠭᠠᠭᠤᠯᠢ ᠪᠠᠶᠢᠭᠤᠯᠵᠣ ᠡᠬᠢᠯᠠᠵᠠᠢ᠃ ᠰᠢᠨ᠎ᠠ ᠲᠣᠮᠳᠠᠳᠣ ᠣᠯᠣᠰ ᠪᠠᠶᠢᠭᠤᠯᠣᠬᠳᠠᠬᠤ ᠳᠤ᠂ ᠲᠦᠷᠪᠠᠣᠨ ᠬᠤᠰᠢᠭᠤ ᠨᠢ ᠮᠣᠩᠭᠤᠯ ᠦᠠᠳᠣᠰᠣᠳᠠᠨ ᠤ ᠰᠣᠷᠭᠠᠭᠤᠯᠢ ᠶᠢ ᠪᠠᠶᠢᠭᠤᠯᠵᠣ᠂ 1980 ᠣᠨ ᠪᠣᠯᠬᠤ ᠳᠤ ᠮᠣᠩᠭᠤᠯ ᠦᠠᠳᠣᠰᠣᠳᠠᠨ ᠤ ᠪᠠᠭ᠎ᠠ ᠰᠣᠷᠭᠠᠭᠤᠯᠢ 47 ᠪᠠᠶᠢᠭᠤᠯᠣᠬᠳᠠᠵᠣ᠂ 3611 ᠰᠣᠷᠣᠬᠴᠢ ᠲᠠᠢ ᠪᠣᠯᠵᠠᠢ᠃    ᠭᠤᠷᠯᠣᠰ ᠨᠣᠳᠤᠬ ᠬᠡᠭᠦ ᠲᠠᠢ ᠵᠠᠷᠭᠡ ︽ᠲᠣᠬᠳᠠᠬᠤ ᠪᠠᠭᠠᠳᠣᠷ︾ ᠤᠨ ᠲᠠᠭᠤᠣ ᠪᠣᠳᠣᠬᠳᠠᠨ᠎ᠠ᠃ ᠲᠣᠬᠳᠠᠬᠤ ᠪᠠᠭᠠᠳᠣᠷ ᠴᠢᠩ ᠣᠯᠣᠰ ᠤᠨ ᠪᠦᠷᠢᠨ ᠵᠠᠰᠠᠬᠳᠣ ᠶᠢᠨ ᠲᠦᠷᠪᠠᠳᠣᠭᠡᠷ ᠣᠨ ᠳᠤ ᠭᠤᠷᠯᠣᠰ ᠬᠤᠰᠢᠭᠤᠨ ᠤ ᠲᠠᠬᠤ ᠶᠢᠨ ᠬᠤᠳᠠ ᠶᠢᠨ ᠭᠤᠷᠪᠠᠨ ᠭᠡᠷ ᠤᠨ ᠬᠤᠬ ᠲᠠᠶᠢᠵᠢ ᠡᠩᠭᠡᠪᠢᠯᠢᠭᠳᠦ ᠶᠢᠨ ᠭᠡᠷ ᠲᠤ ᠲᠦᠷᠣᠵᠠᠢ᠃ ᠪᠠᠳᠠᠷᠠᠯᠳᠣ ᠲᠦᠷᠣ ᠶᠢᠨ ᠬᠤᠷᠢᠨ ᠭᠤᠷᠪᠠᠳᠣᠭᠠᠷ ᠣᠨ ᠳᠤ᠂ ᠡᠮᠣᠨᠠᠳᠣ ᠭᠤᠷᠯᠣᠰ ᠤᠨ ᠵᠠᠰᠠᠬ ᠸᠠᠩ ᠴᠢᠮᠠᠣᠠᠰᠠᠮᠫᠢᠯ ᠠᠳᠠᠷ ᠬᠠᠭᠠᠯᠪᠣᠷᠢᠯᠠᠬᠤ ᠶᠢ ᠲᠠᠮᠵᠢᠵᠣ᠂ ᠵᠢᠷᠢᠮ ᠠᠶᠢᠮᠠᠬ ᠤᠨ ᠠᠬᠠᠯᠠᠬᠴᠢ ᠰᠠᠭᠤᠵᠣ᠂ ᠲᠠᠬᠤ ᠬᠤᠳᠠ ᠵᠠᠷᠭᠡ ᠭᠠᠵᠠᠷ ᠢᠶᠠᠷ ᠠᠳᠠᠷ ᠬᠠᠭᠠᠯᠠᠪᠣᠷᠢᠯᠠᠬᠤ ᠨᠢ ᠬᠡᠴᠠᠭᠦᠳᠡᠵᠣ᠂ ᠦᠷᠭᠡᠨ ᠣᠯᠠᠨ ᠮᠠᠯᠴᠢᠣᠨ ᠠᠮᠢᠳᠣᠷᠠᠬᠤ ᠶᠢᠨ ᠠᠷᠭ᠎ᠠ ᠦᠭᠡᠢ ᠪᠣᠯᠵᠠᠢ᠃ ᠲᠠᠬᠤ ᠨᠣᠳᠤᠬ ᠤᠨ ᠲᠠᠶᠢᠵᠢ ᠮᠣᠬᠤᠯᠠᠢ ᠳᠠ᠂ ᠲᠠᠬᠤ ᠨᠣᠳᠤᠬ ᠤᠨ ᠬᠤᠬ ᠲᠠᠶᠢᠵᠢ ᠬᠤᠢ ᠴᠡᠷᠢᠭ ᠤᠨ ᠲᠦᠷᠣᠭᠦᠣ ᠲᠣᠬᠳᠠᠬᠤ ᠠᠳᠠᠷ ᠬᠠᠭᠠᠯᠪᠣᠷᠢᠯᠠᠬᠤ ᠶᠢ ᠵᠣᠬᠰᠣᠭᠠᠬᠤ ᠡᠷᠭᠦᠳᠠᠯ ᠪᠢᠴᠢᠵᠠᠢ᠃ ᠡᠷᠭᠦᠳᠠᠯ ᠪᠢᠴᠢᠭ ᠨᠢ ᠦᠨᠠᠨ ᠢᠶᠠᠨ ᠣᠯᠣᠬᠰᠠᠨ ᠦᠭᠡᠢ ᠪᠦᠭᠡᠣᠨ ᠲᠣᠬᠳᠠᠬᠤ ᠶᠢ 50 ᠮᠣᠳᠣ ᠵᠠᠠᠴᠢᠵᠣ᠂ ᠸᠠᠩ ᠤᠨ ᠣᠷᠳᠣᠨ ᠠᠴᠠ ᠭᠦᠭᠡᠭᠡᠨ ᠭᠠᠷᠭᠠᠵᠠᠢ᠃ 19 ᠳ᠋ᠦ᠋ᠭᠡᠷ ᠵᠠᠭᠤᠨ ᠤ ᠰᠠᠭᠦᠯᠴᠢ᠂ 20 ᠳ᠋ᠤᠭᠠᠷ ᠵᠠᠭᠤᠨ ᠤ ᠡᠬᠢᠨ ᠤ ᠦᠶ᠎ᠠ ᠶᠢᠨ ᠴᠢᠩ ᠤᠨ ᠲᠦᠷᠣ ᠨᠢ ᠬᠠᠷᠠᠩᠭᠤᠢ ᠶᠢᠨ ᠲᠦᠢᠯ ᠳᠤ ᠲᠣᠯᠵᠠᠢ᠃ ᠭᠤᠷᠯᠣᠰ ᠤᠨ ᠸᠠᠩ ᠭᠦᠡᠭ ᠢᠯᠵᠢᠷᠠᠨ ᠲᠣᠷᠦ᠋ᠢᠳᠠᠵᠣ᠂ ᠬᠤᠰᠢᠭᠤ ᠨᠣᠳᠤᠬ ᠢᠶᠠᠨ ᠬᠤᠳᠠᠯᠳᠣᠨ ᠠᠷᠠᠣᠨ ᠢᠷᠭᠡᠣᠨ ᠭᠠᠰᠠᠯᠠᠩ ᠤᠨ ᠲᠠᠯᠠᠢ ᠳᠤ ᠣᠨᠠᠵᠠᠢ᠃ ᠬᠤᠯᠠᠭᠠᠢ ᠲᠠᠭᠡᠷᠠᠮ ᠠᠷᠠᠣᠨ ᠢ ᠵᠣᠪᠠᠭᠠᠨ᠂ ᠨᠣᠶᠠᠣᠨ ᠬᠤᠯᠠᠭᠠᠢ ᠨᠢᠭᠡᠨ ᠭᠡᠷ ᠪᠣᠯᠵᠣ᠂ ᠠᠷᠠᠣᠨ ᠢᠷᠭᠡᠣᠨ ᠨᠣᠳᠤᠬ ᠣᠰᠣᠨ ᠢᠶᠠᠨ ᠠᠯᠳᠠᠵᠣ᠂ ᠦᠯᠣᠰᠴᠣ ᠲᠠᠭᠠᠷᠠᠬᠤ ᠲᠡᠪᠬᠤᠴᠠᠬᠰᠠᠨ ᠤ ᠲᠠᠭᠡᠷ᠎ᠠ ᠬᠠᠷᠢ ᠶᠢᠨ ᠲᠠᠶᠢᠰᠣᠨ ᠲᠦᠷᠢᠮᠠᠭᠡᠶᠢᠯᠠᠨ ᠣᠷᠣᠵᠣ ᠢᠷᠠᠵᠠᠢ᠃ ᠡᠷᠭᠦᠳᠠᠯ ᠪᠢᠴᠢᠵᠣ ᠦᠨᠠᠨ ᠢᠶᠠᠨ ᠣᠯᠣᠬᠰᠠᠨ ᠦᠭᠡᠢ ᠲᠣᠬᠳᠠᠬᠤ ᠪᠠᠭᠠᠳᠣᠷ ᠠᠭᠤᠷ ᠬᠢᠯᠢᠩ ᠨᠢ ᠣᠬᠳᠠᠷᠠᠭᠤᠢ ᠳᠤ ᠲᠣᠯᠵᠣ᠂ ᠦᠢ ᠣᠯᠠᠨ ᠮᠣᠩᠭᠤᠯᠴᠣᠣᠨ ᠤᠨ ᠢᠶᠠᠨ ᠡᠮᠣᠨ᠎ᠠ ᠠᠴᠠ ᠵᠡᠪᠰᠡᠭ ᠠᠣᠠᠬᠤᠨ ᠴᠢᠩ ᠤᠨ ᠲᠦᠷᠣ ᠠᠴᠠ ᠣᠷᠪᠠᠵᠠᠢ᠃ ᠪᠠᠳᠠᠷᠠᠯᠳᠣ ᠲᠦᠷᠣ ᠶᠢᠨ ᠭᠤᠴᠢᠨ ᠬᠤᠶᠠᠳᠣᠭᠠᠷ ᠣᠨ ᠤ ᠶᠢᠰᠣᠨ ᠰᠠᠷ᠎ᠠ ᠶᠢᠨ ᠬᠤᠷᠢᠨ ᠭᠤᠷᠪᠠᠨ ᠤ ᠡᠳᠣᠷ᠂ ᠲᠣᠬᠳᠠᠬᠤ ᠪᠠᠭᠠᠳᠣᠷ ᠠᠳᠠᠷ ᠬᠠᠭᠠᠯᠪᠣᠷᠢᠯᠠᠬᠤ ᠲᠣᠪᠴᠢᠶ᠎ᠠ ᠶᠢ ᠭᠠᠯᠳᠠᠵᠣ᠂ 12 ᠶᠠᠫᠣᠨ ᠴᠡᠷᠢᠭ ᠢ ᠠᠯᠠᠵᠣ᠂ ᠴᠢᠩ ᠤᠨ ᠵᠠᠰᠠᠬ ᠢ ᠡᠰᠡᠷᠭᠦᠴᠡᠵᠠᠢ᠃ ᠲᠦᠨᠠᠷ ᠬᠠᠷᠠᠩᠭᠤᠢ ᠴᠢᠩ ᠤᠨ ᠨᠣᠶᠠᠷᠬᠠᠯ ᠪᠣᠯᠣᠨ ᠶᠠᠫᠤᠠᠴᠣᠣᠨ ᠠᠴᠠ ᠲᠣᠮᠳᠠᠳᠣ ᠶᠢ ᠲᠦᠷᠢᠮᠠᠭᠡᠶᠢᠯᠠᠭᠦ ᠪᠠᠷ ᠭᠤᠷᠢᠳᠠᠵᠣ ᠪᠠᠶᠢᠬᠰᠠᠨ ᠦᠶ᠎ᠠ ᠳᠤ᠂ ᠲᠣᠬᠳᠠᠬᠤ ᠴᠢᠩ ᠤᠨ ᠲᠦᠷᠣ ᠠᠴᠠ ᠣᠷᠪᠠᠵᠣ᠂ ᠶᠠᠫᠣᠨ ᠢ ᠡᠰᠠᠷᠭᠦᠴᠠᠭᠦ ᠠᠩᠬᠠᠨ ᠤ ᠫᠣᠣ ᠶᠢ ᠲᠠᠯᠪᠢᠵᠣ᠂ ᠲᠠᠮᠠᠴᠠᠯ ᠤᠨ ᠵᠢᠳᠠᠨ ᠦᠵᠣᠭᠦᠷ ᠢᠶᠠᠨ ᠴᠢᠩ ᠣᠯᠣᠰ ᠤᠨ ᠵᠠᠰᠠᠬ ᠨᠣᠶᠠᠷᠬᠠᠴᠢᠣᠨ᠂ ᠭᠠᠵᠠᠷ ᠣᠷᠣᠨ ᠤ ᠹᠸᠣᠳᠠᠯ ᠡᠵᠠᠨ ᠪᠣᠯᠣᠨ ᠶᠠᠫᠣᠨ ᠤ ᠬᠡᠮᠵᠢᠵᠣ ᠵᠢᠷᠣᠬᠯᠠᠬᠤ ᠲᠠᠩᠨᠠᠭᠤᠯ ᠤᠨ ᠵᠦᠭ ᠬᠠᠨᠳᠣᠭᠤᠯᠵᠣ᠂ ᠠᠷᠠᠣᠨ ᠤᠨ ᠰᠠᠨᠠᠭ᠎ᠠ᠂ ᠦᠠᠳᠣᠰᠣᠳᠠᠨ ᠤ ᠵᠣᠷᠢᠬ ᠰᠦᠯᠳᠠ ᠶᠢ ᠢᠯᠠᠷᠠᠭᠦᠯᠦᠭᠰᠡᠨ ᠪᠠᠶᠢᠨ᠎ᠠ᠃ ᠡᠨᠠ ᠨᠢ ᠴᠢᠪ ᠬᠡᠮᠠᠨ ᠣᠯᠣᠰ ᠲᠠᠶᠠᠭᠠᠷ ᠦᠷᠨᠢᠭᠰᠡᠨ ᠴᠢᠩ ᠤᠨ ᠲᠦᠷᠣ ᠶᠢ ᠡᠰᠠᠷᠭᠦᠴᠠᠭᠦ ᠭᠦᠴᠣᠳᠣ ᠣᠷᠣᠰᠬᠠᠯ ᠲᠠᠢ ᠨᠠᠶᠢᠯᠠᠵᠣ᠂ ᠴᠠᠭᠠᠬᠴᠢᠨ ᠭᠠᠭ᠋ᠠᠢ ᠵᠢᠯ ᠤᠨ ᠬᠤᠪᠢᠰᠬᠠᠯ ᠠᠴᠠ ᠡᠮᠣᠨᠠᠬᠢ ᠠᠷᠠᠣᠨ ᠲᠦᠮᠠᠨ ᠵᠡᠪᠰᠡᠭᠯᠠᠨ ᠪᠣᠰᠴᠣ᠂ ᠴᠢᠩ ᠣᠯᠣᠰ ᠬᠢᠭᠡᠣᠨ ᠬᠠᠷᠢ ᠶᠢᠨ ᠲᠦᠷᠢᠮᠡᠭᠡᠶᠢᠯᠡᠭᠴᠢᠣᠨ ᠢ ᠡᠰᠠᠷᠭᠦᠴᠠᠭᠦ ᠲᠠᠮᠠᠴᠠᠯ ᠢ ᠪᠣᠢ ᠪᠣᠯᠭᠠᠵᠠᠢ᠃ ᠲᠣᠬᠳᠠᠬᠤ ᠪᠠᠭᠠᠳᠣᠷ ᠲᠠᠭᠡᠷᠠᠮ ᠢ ᠣᠰᠠᠣᠠᠬᠠᠵᠣ᠂ ᠠᠷᠠᠣᠨ ᠢᠶᠠᠨ ᠠᠮᠣᠷᠵᠢᠭᠤᠯᠣᠨ᠂ ᠠᠷᠠᠣᠨ ᠤᠨ ᠡᠮᠣᠨ᠎ᠠ ᠠᠴᠠ ᠲᠦᠪ ᠶᠣᠰᠣᠨ ᠢ ᠪᠠᠷᠢᠮᠳᠠᠯᠠᠵᠣ᠂ ᠡᠨᠠᠷᠢᠯ ᠵᠢᠷᠣᠮ ᠦᠷᠣᠰᠢᠶᠠᠩᠭᠦᠢ ᠶᠢ ᠰᠣᠷᠳᠠᠯᠴᠢᠯᠠᠨ ᠠᠬ᠎ᠠ ᠲᠠᠭᠦᠣ ᠶᠢᠨ ᠰᠠᠣᠠᠬᠢᠯ ᠢ ᠣᠯᠵᠠᠢ᠃ ᠴᠢᠭᠡᠴᠢ ᠭᠤᠣᠯᠴᠢ ᠶᠢ ᠡᠷᠬᠢᠮᠯᠠᠨ ᠹᠸᠣᠳᠠᠯ ᠤᠨ ᠢᠯᠵᠢᠷᠠᠯ ᠢ ᠡᠰᠠᠷᠭᠦᠴᠠᠵᠣ᠂ ᠵᠡᠪᠰᠡᠭᠳᠣ ᠭᠦᠴᠣᠨ ᠢᠶᠠᠷ ᠬᠠᠷᠢ ᠶᠢᠨ ᠲᠠᠶᠢᠰᠣᠨ ᠢ ᠡᠰᠠᠷᠭᠦᠴᠠᠨ ᠨᠣᠳᠤᠬ ᠣᠰᠣ ᠪᠠᠨ ᠬᠠᠮᠠᠭᠠᠯᠠᠵᠢ᠃ ᠵᠢᠷᠣᠮ ᠤᠨ ᠴᠡᠷᠢᠭ ᠪᠠᠶᠢᠭᠤᠯᠣᠨ ᠴᠢᠩ ᠤᠨ ᠲᠦᠷᠣ ᠲᠠᠢ ᠬᠠᠯᠳᠠᠵᠣ᠂ ᠲᠠᠣᠬᠡᠨ ᠣᠷᠣᠰᠬᠠᠯ ᠢ ᠲᠠᠭᠠᠵᠠᠢ᠃ 1906 ᠣᠨ ᠠᠴᠠ 1910 ᠣᠨ ᠪᠣᠯᠳᠠᠯ᠎ᠠ᠂ ᠲᠦᠷᠪᠠᠨ ᠵᠢᠯ ᠤᠨ ᠲᠣᠷᠰᠢ ᠶᠡᠭᠡ ᠪᠠᠭ᠎ᠠ ᠲᠣᠯᠣᠯᠳᠣᠭᠠᠨ ᠢ ᠨᠠᠶᠢᠳᠠ ᠵᠠᠭᠤ ᠪᠦᠭᠡᠣᠨ ᠲᠦᠷᠪᠠ ᠣᠳᠠᠭ᠎ᠠ ᠬᠢᠵᠣ᠂ ᠲᠣᠯᠣᠯᠳᠣᠭᠠᠨ ᠪᠦᠭᠦᠨ ᠳᠤ ᠢᠯᠠᠯᠳᠠ ᠣᠯᠣᠭᠠᠣᠨ ᠮᠠᠠᠵᠣ ᠴᠢᠩ ᠤᠨ ᠢᠯᠵᠢᠷᠠᠮᠠᠯ ᠨᠣᠶᠠᠣᠨ ᠢ ᠵᠢᠷᠣᠭᠡ ᠶᠢ ᠨᠢ ᠬᠠᠭᠠᠷᠠᠳᠠᠯ᠎ᠠ ᠠᠶᠣᠯᠭᠠᠵᠠᠢ᠃ 1911 ᠣᠨ ᠳᠤ᠂ ᠲᠣᠬᠳᠠᠬᠤ ᠪᠠᠭᠠᠳᠣᠷ ᠬᠠᠯᠬ᠎ᠠ ᠶᠢᠨ ᠵᠢᠪᠽᠣᠠᠳᠠᠮᠪᠠ ᠪᠣᠬᠳᠠ ᠳᠤ ᠪᠠᠷᠠᠭᠠᠳᠠᠨ᠂ ︽ᠵᠣᠷᠢᠬᠳᠣ ᠪᠠᠭᠠᠳᠣᠷ︾ ᠡᠷᠭᠦᠮᠵᠢᠯᠡᠭᠳᠡᠵᠣ᠂ ᠮᠣᠩᠭᠤᠯ ᠣᠯᠣᠰ ᠲᠤ ᠨᠣᠳᠣᠬᠰᠢᠵᠠᠢ᠃ ᠲᠣᠬᠳᠠᠬᠤ ᠶᠢᠨ ᠡᠷᠠᠯᠭᠡᠭ ᠪᠠᠭᠠᠳᠣᠷ᠂ ᠲᠠᠶᠢᠨ ᠪᠠᠶᠢᠯᠳᠣᠭᠠᠨ ᠳᠤ ᠰᠢᠭᠤᠷᠬᠠᠢ ᠪᠠᠭᠠᠳᠣᠷ ᠡᠷ᠎ᠠ ᠶᠢ ︽ᠴᠠᠭᠠᠨ ᠨᠠᠭᠤᠷ ᠤᠨ ᠵᠢᠭᠠᠰᠣ ᠨᠢ ᠭᠡᠳᠣᠢ ᠣᠯᠠᠨ ᠪᠣᠯᠪᠠᠴᠣ᠂ ᠴᠠᠬᠤᠯᠠᠢ ᠰᠢᠪᠠᠭᠤ ᠨᠢ ᠲᠠᠭᠦᠵᠣ ᠢᠳᠡᠭᠰᠡᠭᠡᠷ ᠪᠠᠷᠠᠯ᠎ᠠ ᠰᠢᠣ᠂ ᠱᠠᠭᠠᠵᠠᠭᠠᠢ ᠬᠤᠳᠠᠨ ᠤ ᠴᠡᠷᠢᠭ ᠨᠢ ᠬᠡᠳᠣᠢ ᠣᠯᠠᠨ ᠪᠣᠯᠪᠠᠴᠣ᠂ ᠲᠠᠬᠤ ᠶᠢᠨ ᠲᠣᠬᠳᠠᠬᠤ ᠳᠤ ᠠᠯᠠᠬᠳᠠᠬᠰᠠᠭᠠᠷ ᠪᠠᠷᠠᠯ᠎ᠠ ᠰᠢᠣ︾ ᠬᠡᠮᠠᠨ ᠠᠷᠠᠣᠨ ᠤᠳ ᠨᠢ ᠦᠶ᠎ᠠ ᠲᠠᠮᠵᠢᠨ ᠲᠠᠭᠤᠯᠠᠬᠰᠠᠭᠠᠷ᠃ ᠭᠤᠷᠯᠣᠰ ᠮᠣᠩᠭᠤᠯᠴᠣᠣᠨ ︽ᠲᠣᠬᠳᠠᠬᠤ ᠪᠠᠭᠠᠳᠣᠷ︾ ᠤᠨ ᠲᠠᠭᠤᠣ ᠪᠠᠨ ᠲᠠᠭᠤᠯᠠᠭᠠᠣᠨ ᠯᠠ ᠵᠣᠬᠰᠣᠬᠰᠠᠨ ᠪᠢᠰᠢ᠂ ︽ᠲᠣᠬᠳᠠᠬᠤ︾ ᠶᠢ ᠣᠯᠣᠰ ᠤᠨ ᠲᠠᠰ ᠤᠨ ᠪᠣᠳᠠᠰ ᠤᠨ ᠪᠣᠰᠣ ᠰᠣᠶᠣᠯ ᠤᠨ ᠦᠪ ᠲᠤ ᠣᠷᠣᠭᠤᠯᠵᠣ᠂ ︽ᠲᠣᠬᠳᠠᠬᠤ︾ ᠣᠪᠣᠭ᠎ᠠ ᠪᠠᠶᠢᠭᠤᠯᠵᠣ᠂ ᠲᠣᠬᠳᠠᠬᠤ ᠪᠠᠭᠠᠳᠣᠷ ᠤᠨ ᠮᠠᠠᠳᠦᠯᠡᠭᠰᠡᠨ ᠡᠳᠣᠷ ᠵᠢᠯ ᠪᠦᠷᠢ ᠶᠢᠨ ᠪᠢᠯᠢᠭ ᠤᠨ ᠣᠯᠠᠷᠢᠯ ᠤᠨ ᠲᠦᠷᠪᠠᠨ ᠰᠠᠷ᠎ᠠ ᠶᠢᠨ ᠰᠢᠨ᠎ᠠ ᠶᠢᠨ ᠨᠠᠢᠮᠠᠨ ᠤ ᠡᠳᠣᠷ ︽ᠲᠣᠬᠳᠠᠬᠤ︾ ᠣᠪᠣᠭ᠎ᠠ ᠶᠢᠨ ᠲᠠᠬᠢᠯᠭ᠎ᠠ ᠬᠢᠵᠣ᠂ ᠭᠠᠵᠠᠷ ᠨᠣᠳᠤᠬ ᠢᠶᠠᠨ ᠬᠠᠮᠠᠭᠠᠯᠠᠬᠰᠠᠨ ᠪᠠᠭᠠᠳᠣᠷ ᠢᠶᠠᠨ ᠲᠣᠷᠠᠰᠬᠠᠨ ᠰᠠᠨᠠᠭᠠᠯᠵᠠᠳᠠᠬ    ︽ᠪᠦᠷᠳᠠ ᠴᠢᠨ᠋ᠸ᠎ᠠ ᠬᠤᠸᠠ ᠮᠠᠷᠠᠯ ᠠᠴᠠ ᠣᠳᠣᠮ ᠲᠠᠮᠵᠢᠬᠰᠠᠨ᠂ ᠪᠣᠷᠣᠭᠤᠯ ᠲᠠᠣᠭᠡ ᠶᠢᠨ ᠡᠷᠳᠠᠨ ᠤ ᠠᠶᠢᠮᠠᠬ ᠭᠤᠷᠯᠣᠰ᠂ ᠪᠣᠷᠬᠠᠨ ᠬᠠᠯᠳᠣᠨ ᠤ ᠬᠢᠶᠠᠨ ᠣᠬᠰᠠᠭ᠎ᠠ ᠠᠴᠠ ᠦᠶ᠎ᠠ ᠰᠠᠯᠪᠣᠷᠢᠯᠠᠬᠰᠠᠨ᠂ ᠪᠣᠯᠣᠷ ᠲᠣᠯᠬᠢᠶᠠᠠᠳᠣ ᠰᠣᠩᠭᠠᠷᠢ ᠶᠢᠨ ᠲᠠᠠᠵᠢᠨ᠎ᠠ ᠪᠠᠶᠢᠷᠢᠰᠢᠬᠰᠠᠨ ᠨᠣᠳᠤᠬ︾᠃ ᠡᠨᠠ ᠪᠣᠯ ᠡᠮᠣᠨᠠᠳᠣ ᠭᠤᠷᠯᠣᠰ ᠤᠨ ᠴᠢᠩᠬᠢᠰ ᠬᠠᠭᠠᠨ ᠰᠣᠶᠣᠯ ᠤᠨ ᠲᠣᠮᠣ ᠭᠦᠷᠢᠶᠠᠯᠠᠩ ᠤᠨ ᠴᠢᠯᠠᠭᠤᠨ ᠭᠦᠰᠢᠶ᠎ᠠ ᠲᠠᠭᠡᠷ᠎ᠠ ᠰᠠᠶᠢᠯᠦᠭᠰᠡᠨ ︽ᠭᠤᠷᠯᠣᠰ ᠤᠨ ᠮᠠᠬᠳᠠᠭᠤ︾ ᠶᠢᠨ ᠭᠡᠰᠡᠭ ᠪᠠᠳᠠᠬ ᠰᠢᠯᠥᠭ᠃ ᠭᠤᠷᠯᠣᠰᠴᠣᠣᠨ ᠦᠪᠠᠷ ᠤᠨ ᠣᠳᠣᠮ ᠣᠬᠰᠠᠭ᠎ᠠ ᠪᠠᠨ ᠮᠠᠷᠳᠠᠭ᠎ᠠ ᠦᠭᠡᠢ᠂ ᠡᠪᠦᠭᠡ ᠲᠠᠭᠡᠳᠣᠰ ᠢᠶᠠᠨ ᠭᠦᠠᠳᠣᠯᠠᠵᠣ ᠲᠡᠭᠡᠳᠣᠯᠠᠭᠦ ᠶᠢᠨ ᠣᠴᠢᠷ ᠣᠤᠬ᠎ᠠ ᠶᠢ ᠭᠦᠨ ᠣᠬᠠᠬᠰᠠᠨ ᠪᠠᠶᠢᠳᠠᠬ᠃ ᠶᠠᠬ ᠰᠠᠶᠢᠬᠠᠨ ᠪᠠᠶᠢᠭᠤᠯᠵᠣ ᠪᠠᠶᠢᠭ᠎ᠠ ᠴᠢᠩᠬᠢᠰ ᠬᠠᠭᠠᠨ ᠰᠣᠶᠣᠯ ᠤᠨ ᠲᠣᠮᠣ ᠭᠦᠷᠢᠶᠠᠯᠠᠩ ᠤᠨ ᠠᠪᠣᠷᠭᠤ ᠲᠣᠮᠣ ᠴᠢᠩᠬᠢᠰ ᠬᠠᠭᠠᠨ ᠤ ᠱᠣᠭᠤᠮᠠᠯ ᠭᠦᠷᠦᠭ ᠨᠢ ᠠᠯᠣᠰ ᠠᠴᠠ ᠢᠷᠡᠭᠰᠡᠨ ᠭᠦᠮᠣᠰ ᠲᠤ ᠡᠨᠠ ᠨᠣᠳᠤᠬ ᠪᠣᠯ ᠡᠵᠠᠨ ᠴᠢᠩᠬᠢᠰ ᠤᠨ ᠬᠠᠶᠢᠷᠠᠯᠠᠬᠰᠠᠨ ᠨᠣᠳᠤᠬ ᠬᠡᠳᠡᠭ ᠢ ᠪᠢᠴᠢᠭᠯᠡᠵᠣ ᠪᠠᠶᠢᠭ᠎ᠠ ᠬᠡᠮᠠᠷ᠂ ᠶᠠᠷᠢᠵᠣ ᠪᠠᠶᠢᠭ᠎ᠠ ᠬᠡᠮᠠᠷ᠃ ᠦᠪᠣᠷ ᠮᠣᠩᠭᠤᠯ ᠤᠨ ᠣᠷᠳᠣᠰ ᠲᠤ ᠴᠢᠩᠬᠢᠰ ᠤᠨ ᠣᠡᠭᠭᠤᠨ᠂ ᠣᠯᠠᠭᠠᠠᠬᠤᠳᠠ ᠳᠤ ᠴᠢᠩᠬᠢᠰ ᠤᠨ ᠰᠦᠮ᠎ᠠ᠂ ᠡᠮᠣᠨᠠᠳᠣ ᠭᠤᠷᠯᠣᠰ ᠲᠤ ᠴᠢᠩᠬᠢᠰ ᠤᠨ ᠵᠤᠤ ᠪᠠᠶᠢᠳᠠᠬ᠃ ᠴᠢᠩᠬᠢᠰ ᠤᠨ ᠵᠤᠤ ᠨᠢ ᠭᠤᠷᠯᠣᠰ ᠮᠣᠩᠭᠤᠯᠴᠣᠣᠨ ᠤᠨ ᠲᠠᠣᠭᠡ ᠰᠣᠶᠣᠯ ᠤᠨ ᠲᠠᠷᠬᠠᠨ ᠦᠪ ᠪᠠᠶᠢᠵᠣ᠂ ᠠᠳᠠ ᠠᠴᠠ ᠮᠣᠩᠭᠤᠯ ᠤᠨ ᠲᠠᠣᠭᠡ ᠰᠣᠶᠣᠯ ᠤᠨ ᠠᠯᠳᠠᠨ ᠬᠠᠭᠤᠳᠠᠰᠣ ᠲᠡᠯᠭᠡᠭᠳᠡᠨ᠎ᠠ᠃ ᠠᠯᠣᠨ ᠭᠤᠸ᠎ᠠ ᠡᠭᠡ ᠶᠢᠨ ᠲᠠᠪᠣᠨ ᠮᠦᠰᠣ ᠶᠢᠨ ᠰᠣᠷᠭᠠᠯ᠂ ᠪᠦᠷᠳᠠ ᠴᠢᠨ᠋ᠸ᠎ᠠ ᠬᠤᠸᠠ ᠮᠠᠷᠠᠯ ᠤᠨ ᠲᠣᠮᠤᠬ᠂ ᠮᠣᠩᠭᠤᠯ ᠤᠨ ᠪᠠᠭᠠᠳᠣᠷᠴᠣᠣᠨ ᠤᠨ ᠮᠣᠷᠢᠨ ᠵᠢᠯᠣᠭᠤ ᠪᠠᠷ ᠲᠠᠯᠠᠭᠡᠢ ᠶᠢ ᠵᠠᠬᠢᠷᠣᠬᠰᠠᠨ ᠦᠯᠢᠭᠡᠷ ᠲᠠᠣᠭᠡ ᠶᠢ ᠴᠢᠩᠬᠢᠰ ᠤᠨ ᠵᠤᠤ ᠪᠦᠷᠢᠨ ᠪᠦᠳᠣᠨ ᠬᠠᠷᠠᠭᠤᠯᠵᠣ ᠲᠠᠶᠢᠯᠣᠨ᠎ᠠ᠃    ᠡᠮᠣᠨᠠᠳᠣ ᠭᠤᠷᠯᠣᠰ ᠤᠨ ᠲᠠᠣᠭᠡ ᠰᠣᠶᠣᠯ ᠨᠢ ᠴᠠᠭᠠᠨᠬᠤᠸᠠ ᠳᠤ ᠪᠠᠶᠢᠳᠠᠬ ᠭᠡᠳᠡᠭ ᠨᠢ ᠣᠷᠣ ᠦᠭᠡᠢ ᠦᠭᠡ ᠪᠢᠰᠢ ᠃ ᠴᠠᠭᠠᠠᠬᠤᠸᠠ ᠪᠠᠯᠭᠠᠰᠣᠨ ᠳᠤ ᠮᠣᠩᠭᠤᠯ ᠭᠦᠮᠣᠨ 9000 ᠭᠠᠷᠣᠢ ᠪᠠᠶᠢᠳᠠᠬ᠂ ᠡᠨᠠ ᠨᠢ ᠡᠮᠣᠨᠠᠳᠣ ᠭᠤᠷᠯᠣᠰ ᠤᠨ ᠮᠣᠩᠭᠤᠯᠴᠣᠣᠨ ᠤᠨ ᠲᠠᠪᠣᠨ ᠬᠤᠪᠢ ᠶᠢᠨ ᠨᠢᠭᠡ ᠶᠢ ᠡᠵᠠᠯᠠᠳᠠᠬ᠃ ᠡᠮᠣᠨᠠᠳᠣ ᠭᠤᠷᠯᠣᠰ ᠲᠤ ᠬᠤᠶᠠᠷ ᠰᠣᠶᠣᠯ ᠤᠨ ᠣᠷᠳᠣᠨ ᠪᠠᠶᠢᠳᠠᠬ᠂ ᠰᠢᠶᠠᠨ ᠲᠠᠭᠡᠷ᠎ᠠ ᠪᠠᠶᠢᠭ᠎ᠠ ᠰᠣᠶᠣᠯ ᠤᠨ ᠣᠷᠳᠣᠨ ᠨᠢ ᠬᠢᠳᠠᠣᠨ ᠰᠣᠶᠣᠯ ᠢ ᠣᠯᠠᠮᠵᠢᠯᠠᠵᠣ ᠪᠠᠶᠢᠳᠠᠬ᠃ ᠴᠠᠭᠠᠠᠬᠤᠸᠠ ᠪᠠᠯᠭᠠᠰᠣᠨ ᠳᠤ ᠪᠠᠰᠠ ᠨᠢᠭᠡᠨ ᠰᠣᠶᠣᠯ ᠤᠨ ᠣᠷᠳᠣᠨ ᠪᠠᠶᠢᠳᠠᠬ᠂ ᠮᠣᠩᠭᠤᠯ ᠰᠣᠶᠣᠯ ᠢᠶᠠᠨ ᠣᠯᠠᠮᠵᠢᠯᠠᠬᠤ ᠶᠢᠨ ᠲᠦᠯᠣᠭᠡ ᠠᠳᠠ ᠪᠠᠶᠢᠭᠤᠯᠣᠬᠰᠠᠨ ᠭᠡᠳᠡᠭ᠃ ᠴᠠᠭᠠᠠᠬᠤᠸᠠ ᠪᠠᠯᠭᠠᠰᠣᠨ ᠤ ᠰᠣᠶᠣᠯ ᠤᠨ ᠣᠷᠳᠣᠨ ᠳᠤ ᠭᠠᠷᠣᠳᠢ᠂ ᠴᠣᠬᠵᠣ᠂ ᠴᠣᠯᠮᠣᠨ ᠵᠠᠷᠭᠡ ᠬᠤᠭᠤᠷ ᠲᠠᠳᠠᠵᠣ ᠦᠯᠢᠭᠡᠷ ᠬᠤᠯᠪᠣᠭ᠎ᠠ ᠶᠠᠷᠢᠳᠠᠬ ᠠᠷᠠᠣᠨ ᠤᠨ ᠣᠷᠠᠯᠢᠬᠴᠢᠨ ᠲᠠᠢ ᠲᠠᠨᠢᠯᠴᠠᠯ᠎ᠠ᠃ ᠲᠦᠡᠭᠯᠢᠶᠣᠣ ᠨᠣᠳᠤᠬ ᠲᠠᠢ ᠴᠣᠯᠮᠣᠨ ᠬᠢᠷᠢᠨ ᠮᠣᠵᠢ ᠶᠢᠨ ᠲᠠᠰ ᠤᠨ ᠮᠠᠩᠭᠤᠰ ᠤᠨ ᠦᠯᠢᠭᠡᠷ ᠤᠨ ᠣᠯᠠᠮᠵᠢᠯᠠᠬᠴᠢ ᠪᠣᠯᠣᠭᠠᠣᠨ 3 ᠵᠢᠯ ᠪᠣᠯᠵᠣ ᠪᠣᠢ᠃ ᠨᠠᠰᠣ ᠪᠠᠶᠢᠳᠠᠯ ᠢ ᠨᠢ ᠬᠠᠷᠠᠬᠤ ᠳᠤ ᠠᠷᠠᠢ 30 ᠭᠦᠷᠣᠭᠡ ᠦᠭᠡᠢ ᠵᠠᠯᠠᠭᠤ ᠪᠠᠶᠢᠯ᠎ᠠ᠃ ᠡᠮᠣᠨᠠᠳᠣ ᠭᠤᠷᠯᠣᠰ ᠲᠤ ᠴᠣᠯᠮᠣᠨ ᠰᠢᠬ ᠵᠠᠯᠠᠭᠤ ᠨᠢᠭᠡ ᠦᠶ᠎ᠠ ᠶᠢᠨ ᠪᠣᠳᠠᠰ ᠤᠨ ᠪᠣᠰᠣ ᠰᠣᠶᠣᠯ ᠤᠨ ᠦᠪ ᠤᠨ ᠣᠯᠠᠨᠵᠢᠯᠠᠬᠴᠢ ᠨᠠᠯᠢᠶᠠᠣᠨ ᠬᠡᠳᠣ ᠪᠠᠶᠢᠳᠠᠬ᠃ ᠡᠨᠠ ᠨᠢ ᠭᠤᠷᠯᠣᠰ ᠤᠨ ᠰᠢᠨ᠎ᠠ ᠨᠢᠭᠡ ᠦᠶ᠎ᠠ ᠶᠢᠨ ᠪᠣᠳᠠᠰ ᠤᠨ ᠪᠣᠰᠣ ᠰᠣᠶᠣᠯ ᠤᠨ ᠦᠪ ᠤᠨ ᠣᠯᠠᠮᠵᠢᠯᠠᠬᠴᠢ ᠶᠢᠨ ᠡᠩᠨᠡᠭᠡ ᠶᠢ ᠪᠣᠢ ᠪᠣᠯᠭᠠᠵᠠᠢ ︵ᠦᠪᠤᠷ ᠮᠤᠩᠭᠤᠯ ᠤᠨ ᠮᠤᠩᠭᠤᠯ ᠰᠤᠨᠢᠨ ᠰᠦᠯᠵᠢᠶ᠎ᠠ ᠶᠢᠨ ᠬᠤᠯᠪᠤᠭ᠎ᠠ ᠶᠢᠨ ᠰᠤᠷᠪᠤᠯᠵᠢᠯᠠᠭᠴᠢ ᠪᠠᠲᠤ ᠪᠤᠤ ᠯᠢᠤ ᠱᠧᠩ︶ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号