ᠴᠠᠮ ᠬᠠᠷᠠᠶᠢᠬᠤ
ᠨᠡᠶᠢᠲᠡᠯᠡᠭᠰᠡᠨ ᠴᠠᠭ᠄
2020/4/21
   ᠡᠷᠲᠠ ᠲᠡᠭᠡᠷ᠎ᠡ ᠦᠶ᠎ᠡ ᠠᠴᠠ ᠮᠣᠩᠭᠤᠯᠴᠣᠳ ︽ᠲᠤᠭᠤᠷᠢᠨ ᠪᠦᠵᠢᠬᠦ︾ ᠣᠬᠠᠭᠠᠨ ᠪᠤᠶᠤ ︽ᠴᠠᠮ︾ ᠬᠡᠮᠡᠬᠦ ᠨᠢᠭᠤᠴᠠ ᠪᠢᠰᠢᠯᠭᠠᠯ ᠤᠨ ᠵᠠᠩ ᠣᠶᠢᠯᠠ ᠶᠢ ᠣᠯᠠᠮᠵᠢᠯᠠᠨ ᠢᠷᠡᠭᠰᠡᠨ ᠪᠢᠯᠡ᠃ ᠡᠨᠡᠬᠦ ᠣᠯᠠᠮᠵᠢᠯᠠᠭᠳᠠᠨ ᠢᠷᠡᠭᠰᠡᠨ ᠱᠠᠰᠢᠨ ᠤ ᠵᠠᠩ ᠦᠢᠯᠡ ᠶᠢᠨ ᠶᠣᠰᠣ ᠶᠢ ᠠᠯᠠᠱᠠ ᠶᠢᠨ ᠰᠦᠮ᠎ᠡ ᠬᠡᠶᠢᠳ ᠤᠳ ᠱᠠᠰᠢᠨ ᠤ ᠨᠣᠮ ᠤᠨ ᠶᠣᠰᠣ ᠪᠠᠷ ᠨᠠᠷᠢᠨ ᠲᠢᠭ ᠵᠠᠶ᠋ᠢᠭ ᠤᠨ ᠲᠠᠭᠠᠤ ᠬᠢᠭᠰᠡᠭᠡᠷ ᠢᠷᠡᠭᠰᠡᠨ ᠶᠤᠮ᠃ ᠴᠠᠮ ᠪᠦᠵᠢᠭ ᠨᠢ ᠴᠠᠰᠤᠲᠤ ᠲᠦᠪᠡᠳ ᠤᠨ ᠣᠷᠤᠨ᠎ᠠ ᠪᠣᠷᠬᠠᠨ ᠱᠠᠰᠢᠨ ᠢ ᠲᠡᠯᠭᠡᠷᠡᠭᠦᠯᠬᠦ ᠪᠠᠷ ᠠᠩᠬᠠᠨ ᠤ ᠰᠦᠮ ‍ᠠ᠋ ᠳᠣᠭᠠᠩ ᠢᠶᠠᠨ ᠪᠠᠷᠢᠬᠤ ᠲᠡᠷᠡ ᠦᠶ᠎ᠡ ᠳᠤ ᠬᠠᠷ᠎ᠠ ᠵᠦᠭ  ᠤᠨ ᠯᠤᠣᠰ ᠰᠠᠪᠳᠠᠭ ᠤᠳ ᠬᠠᠷᠰᠢᠯᠠᠭᠰᠠᠨ ᠳᠤ ᠡᠨᠡᠳᠭᠡᠭ ᠤᠨ ᠶᠡᠭᠡ ᠪᠠᠭᠰᠢ᠂ ᠯᠤᠪᠣᠨ ᠪᠠᠳᠮᠠᠵᠣᠩᠨᠠᠢ ᠨᠢᠭᠤᠴᠠ ᠲᠠᠷᠨᠢ ᠶᠢᠨ ᠶᠤᠰᠤᠨ ᠳᠤ ᠲᠤᠯᠭᠠᠭᠤᠷᠢᠯᠠᠨ ᠴᠠᠮ ᠪᠦᠵᠢᠭ ᠢ ᠲᠢᠭᠯᠡᠨ ᠭᠠᠷᠭᠠᠵᠤ ᠣᠯᠠᠮ ᠢᠶᠠᠷ ᠴᠠᠮ ᠪᠦᠵᠢᠬᠦ ᠵᠠᠩ ᠦᠢᠯᠡ ᠪᠠᠷ ᠬᠠᠷ᠎ᠠ ᠵᠦᠭ ᠤᠨ ᠯᠤᠣᠰ ᠰᠠᠪᠳᠠᠭ ᠤᠳ ᠢ ᠨᠤᠮᠤᠬᠠᠷᠠᠭᠤᠯᠤᠨ ᠲᠠᠷᠤᠵᠤ᠂ ᠲᠦᠪᠡᠳ ᠤᠨ ᠠᠩᠬᠠᠨ ᠤ ᠬᠡᠶᠢᠳ ᠪᠤᠯᠬᠤ ᠴᠣᠭᠲᠣ ᠲᠡᠭᠦᠯᠳᠡᠷ ᠰᠠᠮᠢᠶ᠎ᠠ ᠬᠡᠶᠢᠳ ᠢ ᠪᠠᠶᠢᠭᠤᠯᠵᠤ ᠪᠠᠶᠢᠭᠰᠠᠨ ᠡᠷᠲᠡᠨ ᠤ ᠲᠡᠦᠬᠡ ᠲᠠᠢ ᠠᠵᠠᠢ᠃ ᠮᠣᠩᠭᠤᠯ ᠣᠷᠣᠨ ᠳᠤ ᠰᠢᠷ᠎ᠠ ᠶᠢᠨ ᠱᠠᠰᠢᠨ ᠲᠠᠢ ᠬᠠᠮᠳᠤ ᠳᠡᠯᠭᠡᠷᠡᠭᠰᠡᠨ ᠴᠠᠮ ᠢ ︽ᠵᠠᠬᠠᠷ ᠴᠠᠮ︾ ᠪᠤᠶᠤ ︽ᠬᠦᠷᠢᠶ᠎ᠡ ᠴᠠᠮ︾ ᠭᠡᠮᠡᠨ ᠨᠡᠷᠡᠶᠢᠳᠭᠰᠡᠭᠡᠷ ᠢᠷᠡᠭᠰᠡᠨ ᠪᠠᠶᠢᠳᠠᠭ᠃ ᠬᠦᠷᠢᠶ᠎ᠡ ᠴᠠᠮ ᠨᠢ ᠬᠡᠳᠦᠶᠢᠪᠡᠷ ᠲᠦᠪᠡᠳ ᠠᠴᠠ ᠣᠯᠠᠮᠵᠢᠯᠠᠭᠳᠠᠭᠰᠠᠨ ᠪᠤᠯᠪᠠᠴᠤ ᠮᠣᠩᠭᠤᠯ ᠲᠦᠷᠬᠦ ᠪᠠᠶᠢᠳᠠᠯ᠂ ᠮᠣᠩᠭᠤᠯ ᠵᠠᠩ ᠣᠶᠢᠯᠠ ᠶᠢ ᠨᠢᠭᠡᠨᠲᠡ ᠰᠢᠩᠭᠡᠭᠡᠭᠰᠡᠨ ᠱᠠᠰᠢᠨ ᠤ ᠰᠤᠶᠤᠯ ᠤᠨ ᠨᠢᠭᠡᠨ ᠴᠢᠬᠤᠯᠠ ᠦᠪ ᠪᠤᠯᠳᠠᠯ᠎ᠠ ᠪᠠᠨ ᠬᠦᠭᠵᠢᠨ ᠳᠡᠯᠭᠡᠷᠡᠵᠣ ᠴᠢᠳᠠᠭᠰᠠᠨ ᠪᠠᠶᠢᠬᠤ ᠶᠤᠮ᠃ ᠴᠠᠮ ᠪᠦᠵᠢᠭ ᠨᠢ ᠨᠢᠭᠡ ᠲᠠᠯ᠎ᠠ ᠠᠴᠠ ᠪᠠᠨ ᠰᠣᠶᠣᠯ ᠣᠷᠠᠯᠢᠭ ᠤᠨ ᠨᠠᠨᠳᠢᠨ ᠦᠪ᠂ ᠨᠦᠭᠦᠭᠡ ᠲᠠᠯ ‍ᠠ᠋ ᠠᠴᠠ ᠠᠯᠢᠪᠠ ᠵᠤᠪᠠᠯᠠᠩ ᠵᠦᠳᠡᠭᠦᠷᠢ᠂ ᠮᠠᠭᠤ ᠪᠦᠬᠦᠨ ᠤ ᠦᠨᠳᠦᠰᠦ ᠶᠢ ᠳᠠᠰᠤᠯᠤᠨ ᠠᠮᠤᠷᠯᠢᠭᠤᠯᠬᠤ ᠵᠤᠷᠢᠯᠭ᠎ᠠ ᠲᠠᠢ ᠱᠠᠰᠢᠨ ᠤ ᠵᠠᠩ ᠦᠢᠯᠡ ᠭᠡᠮᠡᠨ ᠱᠠᠰᠢᠨ ᠨᠣᠮ ᠳᠤ ᠦᠵᠡᠵᠦ᠂ ᠨᠢᠳᠤ ᠪᠠᠷ ᠦᠵᠡᠵᠦ ᠪᠠᠶᠠᠰᠬᠤ ᠠᠴᠠ ᠭᠠᠳᠠᠨ᠎ᠠ ᠰᠦᠵᠢᠭᠯᠡᠨ ᠳᠠᠭᠠᠳᠬᠠᠵᠤ ᠪᠢᠰᠢᠷᠡᠪᠡᠯ ᠡᠷᠳᠡᠮ ᠭᠠᠷᠳᠠᠭ ᠭᠡᠮᠡᠨ ᠦᠵᠡᠵᠦ᠂ ᠣᠷᠢᠳᠤ ᠣᠷᠢᠳᠤ ᠶᠢᠨ ᠮᠡᠷᠭᠡᠳ ᠤᠳ ︽ᠴᠠᠮ ᠦᠵᠡᠭᠰᠡᠨ ᠬᠦᠮᠦᠨ ᠤ ᠰᠡᠳᠭᠢᠯ ᠠᠷᠢᠭᠤᠰᠴᠦ᠂ ᠢᠷᠡᠭᠡᠳᠦᠢ ᠬᠤᠶᠢᠴᠢ ᠳᠠᠭᠠᠨ ᠭᠡᠭᠡᠷᠡᠯ ᠳᠤ ᠬᠦᠷᠦᠨ ᠪᠣᠷᠬᠠᠨ ᠪᠤᠳᠢᠰᠠᠳ᠋ᠸ᠎ᠠ ᠨᠠᠷ ᠤᠨ ᠭᠡᠭᠡᠨ ᠳᠦᠷᠢ ᠲᠠᠢ ᠣᠴᠠᠷᠠᠬᠤ ᠶᠢᠨ ᠢᠷᠦᠭᠡᠯ ᠤᠨ ᠲᠡᠭᠡᠳᠦ ᠪᠤᠯᠳᠠᠭ︾ ᠭᠡᠨ᠎ᠡ᠃   ᠴᠠᠮ ᠬᠠᠷᠠᠶᠢᠬᠤ ᠳᠤ 108 ᠲᠦᠷᠦᠯ ᠤᠨ ᠪᠣᠷᠬᠠᠳ ᠤᠨ ᠪᠠᠭ ᠢ ᠡᠮᠦᠰᠴᠦ ᠬᠠᠷᠠᠶᠢᠳᠠᠭ᠃ ᠴᠠᠮ ᠤᠨ ᠪᠠᠭ ᠨᠢ ᠲᠣᠮᠣ ᠵᠢᠵᠢᠭ ᠠᠴᠠ ᠰᠢᠯᠳᠠᠭᠠᠯᠠᠭᠳᠠᠭᠠᠳ ᠬᠦᠨᠳᠦ ᠨᠢ 5-7 ᠺᠢᠯᠥᠭᠷᠠᠮ ᠪᠠᠶᠢᠳᠠᠭ ᠪᠣᠯ ᠬᠤᠪᠴᠠᠰᠦ ᠨᠢ 30 ᠺᠢᠯᠥᠭᠷᠠᠮ ᠬᠦᠷᠲᠡᠯ᠎ᠡ ᠪᠠᠶᠢᠳᠠᠭ᠃ ᠬᠤᠪᠴᠠᠰᠦᠨ ᠤ ᠴᠢᠮᠡᠭᠯᠡᠯ ᠢ ᠵᠠᠭᠠᠨ ᠤ ᠶᠠᠰᠦ᠂ ᠲᠡᠮᠡᠭᠡᠨ ᠤ ᠶᠠᠰᠦ᠂ ᠡᠷᠳᠡᠨᠢ ᠶᠢᠨ ᠴᠢᠯᠠᠭᠤ ᠵᠡᠷᠭᠡ ᠪᠠᠷ ᠬᠢᠳᠡᠭ᠃ ᠴᠠᠮ ᠪᠦᠵᠢᠭ ᠤᠨ ᠪᠠᠭ᠂ ᠬᠤᠪᠴᠠᠰᠦ ᠶᠢ ᠪᠦᠳᠦᠭᠡᠬᠦ ᠳᠤ ᠣᠷᠠᠨ ᠵᠢᠷᠤᠭ᠂ ᠬᠠᠳᠬᠤᠮᠠᠯ᠂ ᠰᠡᠶᠢᠯᠪᠣᠷᠢ᠂ ᠣᠶᠣᠳᠠᠯ᠂ ᠪᠠᠷᠢᠮᠠᠯ᠂ ᠨᠠᠭᠠᠮᠠᠯ᠂ ᠵᠦᠢᠯᠡᠮᠠᠯ᠂ ᠬᠦᠭᠡᠮᠠᠯ ᠵᠡᠷᠭᠡ ᠣᠯᠠᠨ ᠲᠦᠷᠦᠯ ᠤᠨ ᠣᠷᠠᠯᠠᠯ ᠤᠨ ᠠᠷᠭ᠎ᠠ ᠤᠳ ᠣᠷᠣᠳᠠᠭ ᠣᠨᠴᠠᠯᠢᠭ ᠲᠠᠢ ᠶᠤᠮ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号