| ᠮᠠᠨᠳᠤᠬᠠᠢ ᠰᠡᠴᠡᠨ ᠬᠠᠲᠤᠨ ᠨᠢ ᠮᠣᠩᠭᠤᠯ ᠲᠦᠮᠡᠨ ᠤ ᠬᠠᠮᠤᠭ ᠤᠨ ᠬᠦᠨᠳᠦᠲᠡᠢ ᠬᠠᠲᠤᠨ ᠶᠤᠮ᠃ 14 ᠠᠴᠠ | 15 ᠳ᠋ᠤᠭᠠᠷ ᠵᠠᠭᠤᠨ ᠤ ᠶᠡᠭᠡ ᠮᠣᠩᠭᠤᠯ ᠤᠯᠤᠰ ᠤᠨ ᠵᠠᠳᠠᠷᠠᠯ ᠡᠷᠴᠢ ᠠᠪᠴᠤ᠂ ᠠᠯᠳᠠᠨ ᠤᠷᠤᠭ ᠤᠨ ᠨᠣᠶᠠᠷᠬᠠᠯ | ᠮᠥᠬᠦᠨ᠂ ᠲᠥᠷᠥ ᠤᠭᠰᠠᠭ᠎ᠠ ᠵᠠᠯᠭᠠᠮᠵᠢᠯᠠᠬᠤ ᠠᠯᠳᠠᠨ ᠤᠷᠤᠭ ᠤᠨ ᠬᠥᠮᠥᠨ ᠦᠭᠡᠢ᠂ ᠬᠠᠭᠠᠨ ᠰᠠᠭᠤᠳᠠᠯ | ᠬᠤᠭᠤᠰᠤᠷᠠᠭᠰᠠᠨ ᠴᠥᠪ ᠤᠨ ᠴᠠᠭ ᠲᠤ᠂ ᠨᠢᠭᠡᠨ ᠮᠣᠩᠭᠤᠯ ᠪᠦᠰᠡᠭᠦᠢ ᠲᠠᠰᠤᠷᠠᠵᠤ ᠪᠠᠶᠢᠭᠰᠠᠨ ᠠᠯᠲᠠᠨ ᠤᠷᠤᠭ ᠤᠨ | ᠠᠮᠢ ᠶᠢ ᠬᠠᠯᠠᠭᠤᠨ ᠡᠯᠢᠭᠡ ᠪᠠᠷ ᠢᠶᠠᠨ ᠲᠡᠪᠡᠷᠢᠨ᠂ ᠬᠠᠲᠠᠨ ᠵᠣᠷᠢᠭ᠂ ᠰᠡᠴᠡᠨ ᠤᠬᠠᠭᠠᠨ ᠤ ᠪᠠᠨ ᠬᠦᠴᠦ ᠪᠠᠷ | ᠮᠣᠩᠭᠤᠯ ᠲᠥᠷᠥ ᠶᠢ ᠳᠠᠬᠢᠨ ᠰᠡᠷᠭᠦᠭᠡᠵᠦ ᠴᠢᠳᠠᠵᠠᠢ᠃ ᠮᠠᠨᠳᠤᠬᠠᠢ ᠰᠡᠴᠡᠨ ᠬᠠᠲᠤᠨ ᠠᠯᠳᠠᠨ ᠤᠷᠤᠭ ᠤᠨ ᠰᠡᠭᠦᠯᠴᠢ | ᠶᠢᠨ ᠬᠦᠦ ᠪᠠᠲᠤᠮᠥ᠋ᠩᠬᠡ ᠶᠢ ᠣᠯᠵᠤ ᠠᠪᠤᠭᠠᠳ᠂ ᠬᠥᠯ ᠢ ᠳᠥᠷᠥᠭᠡᠨ ᠳᠤ ᠭᠠᠷ ᠢ ᠭᠠᠨᠵᠤᠭᠠᠨ ᠳᠤ ᠬᠦᠷᠭᠡᠨ᠂ | ᠵᠠᠳᠠᠷᠠᠨ ᠤᠨᠠᠵᠤ ᠪᠠᠶᠢᠭᠰᠠᠨ ᠶᠡᠭᠡ ᠤᠯᠤᠰ ᠢ ᠪᠤᠴᠠᠭᠠᠨ ᠨᠢᠭᠡᠳᠬᠡᠵᠦ᠂ ᠲᠡᠭᠦᠨ ᠳᠤ ᠬᠦᠯᠢᠶᠡᠯᠭᠡᠨ ᠥᠭᠭᠦᠭᠰᠡᠨ ᠶᠤᠮ | ᠃ ᠮᠠᠨᠳᠤᠬᠠᠢ ᠰᠡᠴᠡᠨ ᠬᠠᠲᠤᠨ ᠨᠢ ᠲᠦᠮᠡᠳ ᠠᠶᠢᠮᠠᠭ ᠤᠨ ᠡᠩᠬᠦᠳ ᠣᠪᠣᠭ ᠤᠨ ᠴᠣᠷᠣᠰᠪᠠᠢ ᠲᠡᠮᠦᠷ ᠬᠡᠮᠡᠬᠦ ᠬᠥᠮᠥᠨ | ᠤ ᠥᠬᠢᠨ ᠪᠣᠯᠵᠤ᠂ 1448 ᠣᠨ ᠤ ᠰᠢᠷ᠎ᠠ ᠯᠤᠤ ᠵᠢᠯ ᠲᠥᠷᠥᠭᠰᠡᠨ ᠪᠠᠶᠢᠨ᠎ᠠ᠃ ᠮᠠᠨᠳᠤᠬᠠᠢ ᠠᠶᠢᠯ ᠤᠨ ᠭᠠᠭᠴᠠ | ᠥᠬᠢᠨ ᠪᠠᠶᠢᠭᠰᠠᠨ ᠲᠤᠯᠠ ᠡᠷᠬᠡ ᠲᠠᠩᠬᠢ ᠥᠰᠴᠡᠢ᠃ ᠠᠪᠤ ᠪᠠᠷ ᠢᠶᠠᠨ ᠮᠣᠩᠭᠤᠯ ᠪᠢᠴᠢᠭ ᠵᠢᠭᠠᠯᠭᠠᠵᠤ᠂ ᠤᠩᠰᠢᠵᠤ | ᠪᠢᠴᠢᠵᠦ ᠰᠤᠷᠤᠭᠰᠠᠨ ᠤ ᠳᠡᠭᠡᠷ᠎ᠡ ᠮᠣᠷᠢ ᠤᠨᠤᠵᠤ᠂ ᠨᠤᠮᠤ ᠰᠤᠮᠤ ᠬᠠᠷᠪᠤᠵᠤ ᠴᠢᠳᠠᠳᠠᠭ ᠪᠣᠯᠵᠠᠢ᠃ | ᠮᠠᠨᠳᠤᠭᠤᠯ ᠬᠠᠭᠠᠨ ᠤᠳᠤᠮ ᠵᠠᠯᠭᠠᠬᠤ ᠦᠷ᠎ᠡ ᠦᠭᠡᠢ ᠲᠤᠯᠠ 40 ᠨᠠᠰᠤ ᠭᠠᠷᠤᠭᠰᠠᠨ ᠬᠤᠶᠢᠨ᠎ᠠ 17 ᠨᠠᠰᠤᠲᠠᠢ | ᠮᠠᠨᠳᠤᠬᠠᠢ ᠶᠢ 1465 ᠣᠨ ᠳᠤ ᠪᠠᠭ᠎ᠠ ᠬᠠᠲᠤᠨ ᠢᠶᠠᠨ ᠪᠣᠯᠭᠠᠨ ᠠᠪᠤᠭᠰᠠᠨ ᠠᠵᠠᠢ᠃ ᠮᠠᠨᠳᠤᠬᠠᠢ ᠳᠤᠷ᠎ᠠ ᠦᠭᠡᠢ | ᠪᠠᠶᠢᠭᠰᠠᠨ ᠪᠣᠯᠪᠠᠴᠤ ᠶᠣᠰᠣ ᠶᠢ ᠲᠠᠭᠠᠨ ᠬᠠᠲᠤᠨ ᠨᠢ ᠪᠣᠯᠵᠠᠢ᠃ | ᠮᠠᠨᠳᠤᠬᠠᠢ ᠭᠤᠸ᠎ᠠ ᠦᠵᠡᠰᠬᠦᠯᠡᠩ ᠲᠡᠭᠦᠰ᠂ ᠲᠥᠷᠥᠯᠬᠢ ᠰᠡᠴᠡᠨ ᠰᠡᠷᠭᠦᠯᠡᠩ ᠪᠠᠶᠢᠭᠰᠠᠨ ᠲᠤᠯᠠ ᠮᠠᠨᠳᠤᠬᠠᠢ | ᠰᠡᠴᠡᠨ ᠬᠠᠲᠤᠨ ᠭᠡᠵᠦ ᠬᠥᠮᠥᠰ ᠲᠡᠭᠦᠨ ᠢ ᠬᠦᠨᠳᠦᠳᠬᠡᠨ ᠳᠠᠭᠤᠳᠠᠳᠠᠭ ᠪᠠᠶᠢᠵᠠᠢ᠃ 1467 ᠣᠨ ᠳᠤ ᠮᠠᠨᠳᠤᠭᠤᠯ | ᠬᠠᠭᠠᠨ ᠨᠠᠰᠤ ᠪᠠᠷᠠᠵᠤ᠂ ᠮᠠᠨᠳᠤᠬᠠᠢ ᠰᠡᠴᠡᠨ ᠬᠠᠲᠤᠨ ᠪᠡᠯᠪᠡᠰᠦᠷᠡᠨ ᠬᠤᠴᠣᠷᠴᠠᠢ᠃ ᠬᠠᠭᠠᠨ ᠤ ᠰᠠᠭᠤᠷᠢ ᠶᠢ | ᠬᠤᠭᠤᠰᠤᠨ ᠤᠳᠠᠭᠠᠨ ᠪᠠᠶᠢᠯᠭᠠᠪᠠᠯ᠂ ᠹᠧᠣᠳᠠᠯ ᠬᠦᠴᠦᠨ ᠨᠦᠭᠦᠳ ᠤᠨ ᠬᠤᠭᠤᠷᠣᠨᠳᠤᠬᠢ ᠳᠠᠶᠢᠨ ᠰᠠᠮᠠᠭᠤᠨ ᠤᠯᠠᠮ | ᠰᠢᠷᠦᠭᠦᠰᠴᠦ᠂ ᠵᠥᠷᠢᠴᠡᠯ ᠲᠡᠮᠡᠴᠡᠯ ᠨᠢ ᠬᠤᠷᠴᠠᠳᠴᠤ᠂ ᠮᠣᠩᠭᠤᠯ ᠤᠨ ᠬᠠᠭᠠᠨᠲᠤ ᠲᠥᠷᠥ ᠬᠢᠮᠤᠷᠠᠬᠤ ᠪᠣᠯᠣᠨ᠎ᠠ | ᠭᠡᠳᠡᠭ ᠢ ᠮᠠᠨᠳᠤᠬᠠᠢ ᠰᠠᠶᠢᠨ ᠣᠶᠢᠯᠠᠭᠠᠵᠤ ᠪᠠᠶᠢᠪᠠ᠃ ᠲᠡᠶᠢᠮᠦ ᠠᠴᠠ ᠡᠷᠲᠡᠨ ᠤ ᠤᠯᠠᠮᠵᠢᠯᠠᠯ ᠢ ᠪᠠᠷᠢᠮᠲᠠᠯᠠᠨ᠂ ᠰᠢᠨ᠎ᠡ | ᠬᠠᠭᠠᠨ ᠢ ᠲᠣᠳᠣᠷᠠᠭᠤᠯᠵᠤ᠂ ᠬᠠᠭᠠᠨ ᠰᠠᠭᠤᠷᠢᠨ ᠳᠤ ᠵᠠᠯᠭᠠᠬᠤ ᠬᠦᠷᠲᠡᠯ᠎ᠡ ᠬᠠᠭᠠᠨ ᠤ ᠬᠠᠲᠤᠨ ᠲᠥᠷᠥ ᠪᠠᠷᠢᠬᠤ | ᠶᠣᠰᠣ ᠶᠢ ᠪᠠᠷᠢᠮᠲᠠᠯᠠᠨ ᠮᠠᠨᠳᠤᠬᠠᠢ 19 ᠨᠠᠰᠤᠨ ᠠᠴᠠ ᠪᠠᠨ ᠡᠬᠢᠯᠡᠨ ᠭᠤᠷᠪᠠᠨ ᠵᠢᠯ ᠤᠨ ᠲᠤᠷᠰᠢ ᠶᠡᠭᠡ ᠮᠣᠩᠭᠤᠯ | ᠤᠨ ᠬᠠᠭᠠᠨᠲᠤ ᠤᠯᠤᠰ ᠤᠨ ᠲᠥᠷᠥ ᠶᠢ ᠪᠠᠷᠢᠵᠤ ᠪᠠᠶᠢᠪᠠ᠃ ᠡᠨᠡ ᠬᠤᠭᠤᠷᠣᠨᠳᠤ ᠮᠠᠨᠳᠤᠬᠠᠢ ᠰᠡᠴᠡᠨ ᠬᠠᠲᠤᠨ ᠪᠠᠭ᠎ᠠ | ᠨᠠᠰᠤᠨ ᠠᠴᠠ ᠪᠠᠨ ᠡᠴᠢᠭᠡ ᠡᠬᠡ ᠠᠴᠠ ᠪᠠᠨ ᠥᠨᠥᠴᠢᠷᠡᠨ ᠬᠤᠴᠣᠷᠤᠭᠰᠠᠨ ᠪᠠᠲᠤᠮᠥ᠋ᠩᠬᠡ ᠶᠢ ᠣᠯᠵᠤ ᠠᠪᠴᠤ᠂ | ᠥᠪᠡᠷ ᠤᠨ ᠪᠡᠶ᠎ᠡ ᠪᠠᠷ ᠥᠰᠬᠡᠨ ᠬᠥᠮᠥᠵᠢᠭᠦᠯᠵᠦ᠂ ᠭᠠᠷ ᠢ ᠨᠢ ᠭᠠᠨᠵᠤᠭᠠᠨ ᠳᠤ᠂ ᠬᠥᠯ ᠢ ᠨᠢ ᠳᠥᠷᠥᠭᠡᠨ ᠳᠤ | ᠬᠦᠷᠭᠡᠵᠦ᠂ ᠬᠠᠭᠠᠨ ᠰᠢᠷᠡᠭᠡᠨ ᠳᠤ ᠰᠠᠭᠤᠯᠭᠠᠭᠰᠠᠨ ᠠᠵᠠᠢ᠃ ᠲᠡᠷᠡ ᠪᠠᠷ ᠲᠥᠷᠥ ᠪᠠᠷᠢᠬᠤ ᠬᠥᠮᠥᠨ ᠨᠢ ᠴᠢᠩᠭᠢᠰ | ᠬᠠᠭᠠᠨ ᠤ ᠠᠯᠲᠠᠨ ᠤᠷᠤᠭ ᠤᠨ ᠭᠤᠣᠯ ᠤᠳᠤᠮ᠂ ᠬᠠᠭᠠᠨ ᠰᠠᠭᠤᠷᠢ ᠶᠢ ᠵᠠᠯᠭᠠᠮᠵᠢᠯᠠᠬᠤ ᠡᠷᠬᠡ ᠲᠠᠢ ᠬᠥᠮᠥᠨ᠂ | ᠮᠠᠨᠳᠤᠭᠤᠯ ᠬᠠᠭᠠᠨ ᠤ ᠠᠴᠢ᠂ ᠪᠠᠶᠠᠨᠮᠥ᠋ᠩᠬᠡ ᠵᠢᠨᠦᠩ ᠤᠨ ᠥᠨᠥᠴᠢᠨ ᠬᠤᠴᠣᠷᠤᠭᠰᠠᠨ ᠭᠠᠭᠴᠠ ᠨᠤᠭᠤᠨ ᠦᠷ᠎ᠡ | ᠪᠠᠲᠤᠮᠥ᠋ᠩᠬᠡ ᠪᠣᠯᠬᠤ ᠶᠣᠰᠣᠲᠠᠢ ᠭᠡᠵᠦ ᠦᠵᠡᠵᠦ ᠪᠠᠶᠢᠭᠰᠠᠨ ᠶᠤᠮ᠃ ᠭᠡᠪᠡᠴᠦ ᠡᠨᠡ ᠬᠦᠦ ᠨᠠᠰᠤᠨ ᠪᠠᠭ᠎ᠠ ᠪᠠᠶᠢᠯ᠎ᠠ᠃ | ᠪᠠᠲᠤᠮᠥ᠋ᠩᠬᠡ ᠨᠢ ᠪᠠᠶᠠᠨᠮᠥ᠋ᠩᠬᠡ ᠵᠢᠨᠦᠩ ᠪᠠ ᠰᠢᠬᠢᠷ ᠲᠠᠶᠢᠬᠡᠦ ᠠᠴᠠ ᠲᠥᠷᠥᠭᠰᠡᠨ ᠬᠥᠪᠡᠭᠦᠨ ᠶᠤᠮ᠃ | ᠣᠶᠢᠷᠠᠳ ᠮᠣᠩᠭᠤᠯ ᠤᠨ ᠢᠰᠮᠠᠨ ᠲᠠᠶᠢᠱᠢ ᠵᠡᠭᠦᠨ ᠮᠣᠩᠭᠤᠯ ᠢ ᠳᠣᠪᠲᠣᠯᠬᠤ ᠦᠶ᠎ᠡ ᠳᠤ ᠪᠠᠶᠠᠨᠮᠥ᠋ᠩᠬᠡ ᠵᠢᠨᠦᠩ | ᠵᠢᠭᠤᠲᠠᠵᠤ᠂ ᠢᠰᠮᠠᠨ ᠲᠠᠶᠢᠱᠢ ᠰᠢᠬᠢᠷ ᠲᠠᠶᠢᠬᠡᠦ ᠶᠢ ᠥᠪᠡᠷ ᠢᠶᠠᠨ ᠠᠪᠴᠤ᠂ ᠬᠥᠪᠡᠭᠦᠨ ᠪᠠᠲᠤᠮᠥ᠋ᠩᠬᠡ ᠶᠢ ᠨᠢ | ᠪᠠᠯᠭᠠᠴᠢᠨ ᠤ ᠪᠠᠭᠠᠢ ᠭᠡᠳᠡᠭ ᠬᠥᠮᠥᠨ ᠳᠤ ᠥᠭᠴᠦ ᠥᠰᠬᠡᠬᠦᠯᠵᠡᠢ᠃ ᠪᠠᠶᠠᠨᠮᠥ᠋ᠩᠬᠡ ᠵᠢᠨᠦᠩ ᠳᠠᠶᠢᠨ ᠤ ᠬᠥᠯ ᠠᠴᠠ | ᠳᠤᠲᠠᠭᠠᠵᠤ ᠶᠠᠪᠤᠬᠤ ᠳᠠᠭᠠᠨ ᠠᠯᠠᠭᠳᠠᠵᠤ᠂ ᠪᠠᠲᠤᠮᠥ᠋ᠩᠬᠡ ᠡᠴᠢᠭᠡ ᠡᠬᠡ ᠦᠭᠡᠢ ᠥᠨᠥᠴᠢᠨ ᠥᠷᠥᠭᠡᠰᠦᠨ ᠪᠣᠯᠵᠠᠢ᠃ | ᠪᠠᠭᠠᠢ ᠥᠨᠥᠴᠢᠨ ᠬᠦᠦ ᠶᠢ ᠦᠷᠡᠴᠢᠯᠡᠵᠦ ᠠᠪᠤᠭᠰᠠᠨ ᠪᠣᠯᠪᠠᠴᠤ᠂ ᠬᠤᠭᠤᠯᠠ ᠤᠮᠳᠠ ᠮᠠᠭᠤᠲᠠᠢ ᠪᠠᠶᠢᠯᠭᠠᠭᠰᠠᠨ ᠠᠴᠠ | ᠪᠡᠲᠡᠭᠢ ᠡᠪᠡᠳᠴᠢᠨ ᠳᠤ ᠪᠠᠷᠢᠭᠳᠠᠵᠤ ᠡᠳᠡᠭᠡᠷᠡᠬᠦ ᠦᠭᠡᠢ ᠤᠳᠠᠭᠰᠠᠨ ᠢ ᠲᠠᠩᠭᠤᠳ ᠤᠨ ᠲᠡᠮᠦᠷ ᠬᠠᠳᠠᠭ ᠭᠡᠳᠡᠭ | ᠬᠥᠮᠥᠨ ᠣᠯᠵᠤ ᠮᠡᠳᠡᠨ᠂ ᠭᠤᠶᠤᠵᠤ ᠦᠵᠡᠭᠡᠳ ᠪᠦᠲᠦᠭᠡ ᠦᠭᠡᠢ ᠲᠤᠯᠠ ᠪᠠᠭᠠᠢ ᠠᠴᠠ ᠪᠤᠯᠢᠶᠠᠨ ᠠᠪᠴᠤ᠂ ᠥᠪᠡᠷ | ᠤᠨ ᠡᠬᠡᠨᠡᠷ ᠰᠠᠶᠢᠬᠠᠢ ᠪᠠᠷ ᠠᠰᠠᠷᠠᠭᠤᠯᠵᠠᠢ᠃ ᠡᠭᠦᠨ ᠤ ᠳᠠᠷᠠᠭ᠎ᠠ ᠲᠡᠮᠦᠷ ᠬᠠᠳᠠᠭ᠂ ᠪᠠᠲᠤᠮᠥ᠋ᠩᠬᠡ ᠶᠢ ᠮᠠᠨᠳᠤᠬᠠᠢ | ᠰᠡᠴᠡᠨ ᠬᠠᠲᠤᠨ ᠳᠤ ᠠᠪᠴᠢᠷᠠᠵᠤ ᠥᠭᠴᠡᠢ᠃ ᠮᠠᠨᠳᠤᠬᠠᠢ ᠰᠡᠴᠡᠨ ᠬᠠᠲᠤᠨ ᠠᠯᠲᠠᠨ ᠤᠷᠤᠭ ᠤᠨ ᠭᠠᠭᠴᠠ ᠬᠦᠦ | ᠪᠠᠲᠤᠮᠥ᠋ᠩᠬᠡ ᠶᠢ ᠠᠰᠠᠷᠠᠨ ᠬᠥᠮᠥᠵᠢᠭᠦᠯᠵᠦ᠂ ᠠᠭᠤᠤ ᠰᠠᠭᠤᠳᠠᠯ ᠳᠤ ᠰᠠᠭᠤᠯᠭᠠᠬᠤ ᠪᠣᠳᠣᠯ ᠲᠠᠢ ᠪᠠᠶᠢᠬᠤ ᠦᠶ᠎ᠡ ᠳᠤ᠂ | ᠬᠤᠷᠴᠢᠨ ᠠᠶᠢᠮᠠᠭ ᠤᠨ ᠬᠠᠪᠤᠲᠤ ᠬᠠᠰᠠᠷ ᠤᠨ ᠬᠤᠶᠢᠴᠢᠰ ᠦᠨᠡᠨᠪᠣᠯᠣᠳ ᠸᠠᠩ ᠡᠯᠴᠢ ᠢᠯᠡᠭᠡᠵᠦ᠂ ︽ᠭᠠᠯ ᠢ ᠴᠢᠨᠢ | ᠴᠢᠬᠢᠵᠦ᠂ ᠨᠤᠲᠤᠭ ᠢ ᠴᠢᠨᠢ ᠵᠢᠭᠠᠵᠤ ᠥᠭᠰᠥ︾ ᠭᠡᠵᠦ ᠬᠡᠯᠡᠭᠦᠯᠪᠡ᠃ ᠭᠡᠪᠡᠴᠦ ᠮᠠᠨᠳᠤᠬᠠᠢ ᠰᠡᠴᠡᠨ ᠬᠠᠲᠤᠨ᠄ | ︽ᠬᠠᠭᠠᠨ ᠤ ᠥᠪ ᠢ ᠬᠠᠰᠠᠷ ᠤᠨ ᠦᠷ᠎ᠡ ᠴᠢ ᠢᠳᠡᠨ᠎ᠡ ᠦᠦ︖ | ᠬᠠᠰᠠᠷ ᠤᠨ ᠦᠷ᠎ᠡ ᠴᠢᠨᠦ ᠥᠪ ᠢ ᠪᠢᠳᠠ ᠢᠳᠡᠨ᠎ᠡ ᠦᠦ︖ | ᠡᠷᠭᠦᠵᠦ ᠦᠯᠦ ᠪᠣᠯᠬᠤ ᠡᠭᠦᠳᠡ ᠲᠠᠢ ᠪᠢᠯᠡ᠃ | ᠠᠯᠬᠤᠵᠤ ᠦᠯᠦ ᠭᠠᠷᠬᠤ ᠪᠣᠱᠤᠭ ᠲᠠᠢ ᠪᠢᠯᠡ᠃ | ᠬᠠᠭᠠᠨ ᠤ ᠮᠢᠨᠢ ᠦᠷ᠎ᠡ ᠪᠠᠶᠢᠲᠠᠯ᠎ᠠ᠂ | ᠬᠠᠰᠠᠷ ᠤᠨ ᠦᠷ᠎ᠡ ᠴᠢᠮ᠎ᠠ ᠲᠠᠢ ᠶᠠᠭᠤ ᠭᠡᠵᠦ ᠭᠡᠷᠯᠡᠬᠦ ᠶᠤᠮ ᠪᠣᠢ︖︾ ᠭᠡᠵᠦ ᠬᠠᠷᠢᠭᠤ ᠪᠠᠷᠢᠪᠠ᠃ | 1470 ᠣᠨ ᠳᠤ ᠪᠠᠲᠤᠮᠥ᠋ᠩᠬᠡ ᠶᠢ ᠪᠦᠬᠦ ᠮᠣᠩᠭᠤᠯ ᠤᠨ ᠬᠠᠭᠠᠨ ᠰᠢᠷᠡᠭᠡᠨ ᠳᠤ ᠡᠷᠭᠦᠮᠵᠢᠯᠡᠨ ᠳᠠᠶᠠᠭᠠᠷ ᠤᠯᠤᠰ | ᠢᠶᠠᠨ ᠵᠢᠷᠭᠠᠭᠠᠵᠤ ᠶᠠᠪᠤ ᠬᠡᠮᠡᠨ ᠳᠠᠶᠠᠨ ᠬᠠᠭᠠᠨ ᠴᠣᠯᠠ ᠡᠷᠭᠦᠮᠵᠢᠯᠡᠪᠡ᠃ 22 ᠨᠠᠰᠤᠲᠠᠢ ᠪᠠᠶᠢᠭᠰᠠᠨ ᠮᠠᠨᠳᠤᠬᠠᠢ 7 | ᠨᠠᠰᠤᠲᠠᠢ ᠪᠠᠲᠤᠮᠥ᠋ᠩᠬᠡ ᠶᠢ ᠳᠠᠭᠠᠭᠤᠯᠤᠨ᠂ ᠭᠤᠷᠪᠠᠨ ᠳᠠᠪᠬᠤᠷ ᠭᠤᠲᠤᠯ ᠡᠮᠦᠰᠬᠡᠨ᠂ ᠣᠷᠳᠣᠰ ᠲᠠᠬᠢ ᠡᠵᠡᠨ | ᠴᠢᠩᠭᠢᠰ ᠤᠨ ᠨᠠᠢᠮᠠᠨ ᠴᠠᠭᠠᠨ ᠭᠡᠷ ᠡᠮᠦᠨ᠎ᠡ ᠣᠴᠢᠭᠠᠳ᠂ ᠰᠤᠤᠲᠤ ᠬᠠᠭᠠᠨ᠂ ᠬᠠᠲᠤᠨ ᠤ ᠰᠦᠯᠳᠡ ᠳᠤ ᠰᠠᠴᠤᠯᠢ | ᠡᠷᠭᠦᠨ ᠥᠴᠢᠭ ᠲᠠᠩᠭᠠᠷᠢᠭ ᠡᠷᠭᠦᠵᠡᠢ᠃ | ᠪᠠᠲᠤᠮᠥ᠋ᠩᠬᠡ ᠳᠠᠶᠠᠨ ᠬᠠᠭᠠᠨ ᠲᠥᠷᠥ ᠪᠠᠷᠢᠬᠤ ᠴᠢᠳᠠᠪᠤᠷᠢ ᠲᠠᠢ ᠪᠣᠯᠤᠭ᠎ᠠ ᠦᠭᠡᠢ ᠪᠠᠯᠴᠢᠷ ᠪᠠᠶᠢᠭᠰᠠᠨ ᠲᠤᠯᠠ | ᠮᠠᠨᠳᠤᠬᠠᠢ ᠰᠡᠴᠡᠨ ᠬᠠᠲᠤᠨ ᠲᠡᠭᠦᠨ ᠤ ᠬᠠᠲᠤᠨ ᠨᠢ ᠪᠣᠯᠵᠤ᠂ ︽ᠡᠷᠬᠡᠲᠦ ᠪᠣᠷᠵᠢᠭᠢᠨ ᠤ ᠤᠨᠲᠠᠷᠠᠵᠤ ᠪᠠᠶᠢᠭᠰᠠᠨ | ᠭᠠᠯ ᠢ ᠠᠰᠠᠭᠠᠭᠰᠠᠨ︾ ᠪᠠᠶᠢᠨ᠎ᠠ᠃ | 1471 ᠣᠨ ᠤ ᠴᠠᠭᠠᠭᠴᠢᠨ ᠲᠠᠤᠯᠠᠢ ᠵᠢᠯ ᠮᠠᠨᠳᠤᠬᠠᠢ ᠰᠡᠴᠡᠨ ᠬᠠᠲᠤᠨ ᠪᠠᠲᠤᠮᠥ᠋ᠩᠬᠡ ᠶᠢ ᠦᠬᠡᠷ ᠲᠡᠷᠭᠡᠨ ᠳᠤ | ᠰᠠᠭᠤᠯᠭᠠᠨ᠂ ᠴᠡᠷᠢᠭᠯᠡᠨ ᠮᠣᠷᠳᠠᠵᠤ᠂ ᠰᠠᠮᠠᠭᠤᠨ ᠦᠢᠮᠡᠭᠡᠨ ᠲᠠᠷᠢᠵᠤ ᠠᠮᠤᠷ ᠵᠠᠶᠠᠭ᠎ᠠ ᠦᠵᠡᠭᠦᠯᠬᠦ ᠦᠭᠡᠢ ᠪᠠᠶᠢᠭᠰᠠᠨ | ᠳᠥᠷᠪᠡᠨ ᠣᠶᠢᠷᠠᠳ ᠢ ᠲᠠᠰ ᠪᠦᠷᠢᠳᠦ ᠬᠡᠮᠡᠬᠦ ᠭᠠᠵᠠᠷ ᠲᠣᠰᠴᠤ ᠪᠠᠶᠢᠯᠳᠤᠪᠠ᠃ | 1473 ᠣᠨ ᠤ ᠬᠠᠷᠠᠭᠴᠢᠨ ᠮᠣᠭᠠᠢ ᠵᠢᠯ᠂ ᠮᠠᠨᠳᠤᠬᠠᠢ ᠰᠡᠴᠡᠨ ᠬᠠᠲᠤᠨ ᠲᠥᠷᠥ ᠶᠢᠨ ᠬᠡᠷᠡᠭ ᠢ 10 ᠨᠠᠰᠤᠲᠠᠢ | ᠪᠠᠲᠤᠮᠥ᠋ᠩᠬᠡ ᠳᠤ ᠰᠢᠯᠵᠢᠭᠦᠯᠦᠨ ᠥᠭᠭᠦᠭᠰᠡᠨ ᠢᠶᠠᠨ ᠵᠠᠷᠯᠠᠭᠰᠠᠨ ᠪᠠᠶᠢᠨ᠎ᠠ᠃ | 1490 ᠣᠨ ᠤ ᠴᠠᠭᠠᠨ ᠨᠣᠬᠠᠢ ᠵᠢᠯ ᠳᠥᠷᠪᠡᠨ ᠣᠶᠢᠷᠠᠳ ᠤᠨ ᠲᠥᠷᠥ ᠶᠢ ᠰᠠᠮᠠᠭᠤᠷᠠᠭᠤᠯᠬᠤ ᠦᠢᠯᠡ ᠶᠠᠪᠤᠳᠠᠯ | ᠬᠤᠷᠴᠠᠳᠠᠭᠰᠠᠨ ᠲᠤᠯᠠ᠂ ᠮᠠᠨᠳᠤᠬᠠᠢ ᠰᠡᠴᠡᠨ ᠬᠠᠲᠤᠨ ᠬᠥᠯ ᠬᠦᠨᠳᠦ ᠪᠠᠶᠢᠭᠰᠠᠨ ᠪᠣᠯᠪᠠᠴᠤ ᠳᠥᠷᠪᠡᠨ ᠣᠶᠢᠷᠠᠳ ᠢ | ᠳᠠᠬᠢᠨ ᠳᠠᠶᠢᠯᠠᠵᠤ ᠨᠢᠭᠡᠮᠦᠰᠦᠨ ᠳᠠᠷᠤᠵᠤ ᠠᠪᠤᠪᠠ᠃ ᠲᠡᠷᠡ ᠬᠦ ᠳᠠᠶᠢᠨ ᠤ ᠲᠠᠯᠠᠪᠤᠷ ᠲᠤ ᠮᠠᠨᠳᠤᠬᠠᠢ ᠬᠠᠲᠤᠨ ᠠᠴᠠ | ᠠᠯᠴᠤᠪᠤᠯᠤᠳ᠂ ᠸᠠᠴᠢᠷᠪᠣᠯᠣᠳ ᠬᠤᠶᠠᠷ ᠵᠦᠢᠷᠠᠢ ᠬᠦᠦ ᠲᠥᠷᠥᠵᠡᠢ᠃ | ᠮᠠᠨᠳᠤᠬᠠᠢ ᠰᠡᠴᠡᠨ ᠬᠠᠲᠤᠨ ᠮᠣᠩᠭᠤᠯ ᠤᠯᠤᠰ ᠤᠨ ᠲᠡᠦᠬᠡᠨ ᠳᠤ ᠡᠭᠦᠷᠢᠳᠡ ᠳᠤᠷᠠᠰᠤᠭᠳᠠᠬᠤ ᠭᠠᠪᠢᠶ᠎ᠠ ᠲᠠᠢ | ᠪᠥᠭᠡᠳ ᠲᠡᠭᠦᠨ ᠤ ᠳᠡᠮ ᠢᠶᠠᠷ ᠪᠠᠲᠤᠮᠥ᠋ᠩᠬᠡ ᠳᠠᠶᠠᠨ ᠬᠠᠭᠠᠨ ᠪᠦᠬᠦ ᠤᠯᠤᠰ ᠢᠶᠠᠨ 40 ᠵᠢᠯ ᠨᠢᠭᠡᠳᠬᠡᠨ ᠵᠠᠬᠢᠷᠴᠤ᠂ | ︽ᠵᠢᠷᠭᠤᠭᠠᠨ ᠲᠦᠮᠡᠨ ᠢ ᠡᠮᠬᠢᠯᠡᠨ ᠴᠤᠭᠯᠠᠭᠤᠯᠵᠤ᠂ ᠡᠩᠬᠡᠵᠢᠨ ᠵᠢᠷᠭᠠᠭᠤᠯᠤᠭᠰᠠᠨ︾ ᠪᠢᠯᠡ᠃ ᠲᠡᠷᠡ ᠪᠠᠷ ᠮᠣᠩᠭᠤᠯ | ᠤᠨ ᠠᠯᠳᠠᠷᠲᠤ ᠤᠳᠤᠷᠢᠳᠤᠭᠴᠢ ᠪᠠᠶᠢᠭᠰᠠᠨ᠃ ᠳᠠᠶᠢᠨ ᠤ ᠲᠠᠯᠠᠪᠤᠷ ᠲᠤ ᠪᠠᠭᠠᠲᠤᠷ ᠢ ᠣᠷᠣᠯᠠᠨ ᠶᠡᠭᠡ ᠵᠠᠩᠵᠤᠨ᠂ | ᠡᠩᠬᠡ ᠶᠢᠨ ᠴᠠᠭ ᠲᠤ ᠬᠠᠭᠠᠨ ᠢ ᠣᠷᠣᠯᠠᠨ ᠲᠥᠷᠥ ᠶᠢ ᠪᠠᠷᠢᠭᠴᠢ᠂ ᠭᠡᠷ ᠲᠡᠭᠡᠨ 8 ᠬᠡᠦᠬᠡᠳ ᠤᠨ ᠡᠯᠪᠡᠷᠢᠯᠲᠦ ᠡᠬᠡ | ᠪᠠᠶᠢᠵᠤ᠂ 19 ᠨᠠᠰᠤᠨ ᠠᠴᠠ ᠪᠠᠨ ᠡᠬᠢᠯᠡᠨ 40 ᠨᠠᠰᠦ ᠬᠦᠷᠲᠡᠯ᠎ᠡ ᠶᠡᠭᠡ ᠮᠣᠩᠭᠤᠯ ᠤᠨ ᠲᠥᠷᠥ ᠶᠢ | ᠲᠥᠪᠯᠡᠷᠡᠭᠦᠯᠦᠨ ᠪᠠᠷᠢᠭᠰᠠᠨ ᠭᠠᠶᠢᠬᠠᠮᠰᠢᠭᠲᠤ ᠡᠮᠡᠭᠲᠡᠢ ᠪᠠᠶᠢᠪᠠ᠃ ᠮᠠᠨᠳᠤᠬᠠᠢ ᠰᠡᠴᠡᠨ ᠬᠠᠲᠤᠨ ᠢ 1526 ᠣᠨ ᠤ | ᠤᠯᠠᠭᠠᠨ ᠨᠣᠬᠠᠢ ᠵᠢᠯ 78 ᠨᠠᠰᠤᠨ ᠳᠠᠭᠠᠨ ᠲᠠᠭᠠᠯᠠᠯ ᠲᠡᠭᠦᠰᠦᠭᠰᠡᠨ ᠭᠡᠵᠦ ᠦᠵᠡᠳᠡᠭ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |