| | 3 ᠳ᠋ᠣᠭᠠᠷ | ᠰᠤᠳᠤᠯᠤᠭᠠᠴᠢᠳ ᠤᠨ ᠣᠨᠣᠰᠢᠯᠡᠵᠥ᠂ ᠲᠡᠨᠢᠵᠤ ᠣᠯᠤᠬᠰᠡᠨ ᠠᠴᠠ ᠦᠵᠠᠬᠦ ᠳᠤ ᠢᠷᠭᠡᠨᠰᠢᠯ᠂ ᠢᠷᠭᠡᠨᠰᠢᠨ᠋ ᠠ᠋ ᠭᠡᠳᠡᠭ | ᠨᠢ ᠬᠦᠮᠦᠨ ᠤ ᠪᠠᠶᠠ ᠪᠠᠨ ᠠᠪᠴᠥ ᠶᠡᠪᠤᠬᠤ ᠠᠶᠠᠬ ᠳᠥᠷᠬᠦ ᠠᠴᠠ ᠠᠪᠬᠠᠭᠤᠯᠤᠭᠠᠳ ᠬᠦᠮᠦᠰ ᠤᠨ ᠨᠠᠶᠢᠭᠡᠮ ᠤᠨ | ᠠᠮᠢᠳᠤᠷᠡᠯ ᠳᠤ ᠣᠷᠣᠯᠴᠡᠬᠤ ᠨᠠᠶᠢᠴᠠᠯ ᠵᠤᠬᠢᠴᠡᠯ᠂ ᠭ᠋ᠠᠮᠲᠣᠷᠡᠨ ᠠᠵᠥ ᠲᠥᠷᠦᠬᠦᠢ ᠬᠡᠪ ᠵᠡᠬᠪᠤᠷ ᠢᠶᠠᠨ ᠦᠭᠡᠷᠠᠴᠢᠯᠠᠨ | ᠬᠦᠭᠵᠢᠬᠦᠯᠵᠦ᠂ ᠦᠪᠠᠷ ᠤᠨ ᠬᠦᠰᠠᠯ ᠡᠷᠠᠮᠠᠯᠵᠠᠯᠠᠯ ᠳᠤ ᠣᠶᠢᠷᠠ ᠳᠥᠲᠡ ᠬᠡᠯᠪᠠᠷᠢ ᠬᠡᠪᠰᠢᠯ᠂ ᠬᠦᠭᠵᠢᠯ ᠳᠠᠪᠰᠢᠯ ᠤᠨ | ᠲᠤᠳᠤᠷᠬᠠᠢ ᠲᠥᠪᠰᠢᠨ ᠢ ᠪᠤᠢ ᠪᠤᠯᠭᠠᠬᠰᠡᠨ ᠢ ᠬᠡᠯᠠᠵᠦ ᠪᠠᠶᠢᠨᠠ᠃ ᠲᠠᠶᠢᠮᠦ ᠴᠦ ᠣᠴᠢᠷ ᠠᠴᠠ ᠢᠷᠭᠡᠨᠰᠢᠭᠰᠡᠨ | ᠨᠠᠶᠢᠭᠡᠮ ᠤᠨ ᠳᠥᠷᠢ ᠲᠥᠷᠬᠦ ᠨᠢ ᠬᠦᠮᠦᠨ ᠤ ᠶᠣᠰᠤ ᠰᠣᠷᠳᠡᠬᠤᠨᠳᠥ᠂ ᠰᠤᠶᠤᠯᠲᠥ ᠪᠠᠶᠢᠳᠡᠯ᠂ ᠦᠢᠯᠠᠳᠪᠤᠷᠢᠯᠠᠬᠦᠢ᠂ | ᠪᠦᠲᠦᠭᠡᠬᠦᠢ ᠴᠢᠳᠡᠪᠤᠷᠢ ᠶᠢᠨ ᠣᠯᠣᠯᠲᠠ ᠠᠮᠵᠢᠯᠲᠠ᠂ ᠣᠯᠡᠮᠵᠢᠯᠡᠬᠳᠡᠵᠤ ᠦᠡᠭᠳᠠᠬᠦ ᠦᠨᠠ ᠴᠠᠨᠠᠲᠥ ᠵᠥᠢᠯᠠᠰ ᠢ | ᠪᠦᠳᠦᠭᠡᠵᠤ ᠪᠦᠷᠢᠳᠦᠬᠦᠯᠵᠥ ᠪᠠᠶᠢᠬ᠋ᠠ ᠴᠡᠷᠠ ᠬᠦᠷᠢᠶᠠ ᠪᠠᠷ ᠲᠤᠲᠤᠷᠬᠠᠶᠢᠯᠡᠬᠳᠡᠳᠠᠬ ᠪᠠᠶᠢᠨᠠ᠃ | ᠠᠮᠧᠷᠢᠺᠡ ᠶᠢᠨ ᠨᠢᠭᠡᠳᠦᠭᠰᠠᠨ ᠣᠯᠤᠰ ᠲᠤ 1972 ᠣᠨ ᠳᠤ ᠬᠡᠪᠯᠡᠭᠳᠡᠭᠰᠠᠨ ︽ᠨᠠᠶᠢᠭᠡᠮ ᠤᠨ ᠣᠬᠠᠭᠠᠨ ᠤ ᠣᠯᠡᠨ | ᠣᠯᠤᠰ ᠤᠨ ᠨᠠᠪᠲᠠᠷᠭᠡᠢ ᠲᠤᠯᠢ︾ ᠳᠤ ᠲᠤᠳᠤᠷᠬᠠᠶᠢᠯᠡᠬᠰᠡᠨ ᠢᠶᠠᠷ᠄ ᠢᠷᠭᠡᠨᠰᠢᠯ ᠨᠢ ᠲᠤᠲᠤᠷᠠ ᠪᠠᠨ ᠢᠯᠭᠠᠪᠤᠷᠢᠳᠥ | ᠡᠰᠢ ᠢᠵᠡᠭᠤᠷ ᠢ ᠭ᠋ᠠᠳᠡᠭᠠᠯᠡᠬᠰᠡᠨ ᠪᠦᠭᠡᠳ ᠲᠠᠬᠦᠨ ᠳᠡᠭᠡᠨ ᠨᠠᠶᠢᠴᠡᠭᠰᠠᠨ ᠨᠠᠶᠢᠭᠡᠮ ᠤᠨ ᠪᠦᠲᠦᠴᠡ ᠶᠢ ᠠᠭᠤᠯᠳᠠᠬ᠃ | ᠢᠷᠭᠡᠨᠰᠢᠭᠰᠡᠨ ᠨᠠᠶᠢᠭᠡᠮ ᠨᠢ ᠦᠪᠠᠷ ᠤᠨ ᠲᠤᠳᠤᠷᠬᠠᠢ ᠳᠡᠪᠬᠤᠷᠬ᠋ᠠ ᠬᠦᠷᠦᠰᠦ᠂ ᠪᠦᠲᠦᠴᠡ ᠪᠦᠷᠢᠳᠦᠯ ᠲᠠᠢ ᠪᠦᠭᠡᠳ | ᠢᠷᠭᠡᠨᠰᠢᠭᠰᠡᠨ ᠰᠤᠶᠤᠯ ᠤᠨ ᠬᠡᠯᠪᠠᠷᠢ ᠵᠡᠬᠪᠤᠷ ᠲᠤ ᠲᠤᠬᠢᠷᠡᠬᠰᠡᠨ ᠰᠡᠯᠪᠤᠷᠢᠯᠡᠯ᠂ ᠢᠯᠭᠠᠪᠤᠷᠢᠯᠡᠯ ᠲᠠᠢ ᠪᠠᠶᠢᠳᠠᠬ᠃ | ᠪᠦᠲᠦᠴᠡ ᠪᠦᠷᠢᠳᠦᠯ ᠤᠨ ᠢᠯᠭᠠᠮᠵᠢᠳᠥ ᠢᠵᠡᠭᠤᠷ ᠭᠡᠳᠡᠭ ᠨᠢ ᠨᠢᠭᠡᠨ ᠴᠣᠯᠣᠮ ᠰᠤᠶᠤᠯ ᠤᠨ ᠲᠣᠬᠲᠡᠯᠴᠠᠬ᠋ ᠠ᠋ ᠶᠢ | ᠪᠦᠷᠢᠳᠦᠬᠦᠯᠵᠥ ᠪᠤᠢ ᠲᠠᠭᠡᠳᠦ ᠳᠣᠣᠷᠡᠳᠤ ᠡᠷᠠᠮᠪᠠ ᠪᠤᠯᠤᠨ ᠵᠤᠬᠢᠴᠡᠭᠤᠯᠤᠬᠳᠡᠬᠰᠡᠨ ᠬᠢᠭᠡᠳ ᠶᠠᠷᠦᠳᠡ ᠶᠢᠨ᠂ | ᠲᠠᠷᠠᠴᠢᠯᠠᠨ ᠭ᠋ᠤᠲᠠ᠂ ᠬᠦᠳᠡᠭᠡ ᠶᠢᠨ ᠭᠡᠬᠦ ᠮᠠᠳᠦ ᠢᠯᠭᠠᠪᠤᠷᠢᠳᠥ ᠡᠬᠦᠷᠭᠡ ᠪᠦᠬᠦᠢ ᠳᠠᠳ᠋ ᠰᠤᠶᠤᠯ ᠲᠠᠢ ᠪᠠᠶᠢᠬᠤ ᠶᠢ | ᠬᠡᠯᠠᠨᠠ᠃ ᠭ᠋ᠤᠪᠢᠰᠤᠯ ᠤᠨ ᠡᠬᠦᠳᠠᠨ ᠠᠴᠠ ᠠᠪᠴᠥ ᠦᠵᠠᠪᠠᠯ ᠢᠷᠭᠡᠨᠰᠢᠯ ᠤᠨ ᠣᠯᠣᠯᠲᠠ ᠭᠡᠳᠡᠭ ᠨᠢ ᠨᠠᠶᠢᠭᠡᠮ᠂ | ᠰᠤᠶᠤᠯ ᠤᠨ ᠬᠦᠭᠵᠢᠯ ᠳᠠᠬᠢ ᠲᠤᠳᠤᠷᠬᠠᠢ ᠦᠶᠠ ᠱᠡᠲᠤᠨ ᠤ ᠪᠤᠳᠡᠲᠦ ᠢᠯᠠᠷᠠᠯ ᠶᠤᠮ᠃ ᠦᠪᠠᠷ ᠤᠨ ᠮᠥᠨ ᠴᠢᠨᠡᠷ | ᠢᠶᠠᠷ ᠢᠷᠭᠡᠨᠰᠢᠯ ᠨᠢ ᠬᠦᠮᠦᠨ ᠲᠥᠷᠦᠯᠬᠢᠲᠠᠨ ᠤ ᠬᠦᠭᠵᠢᠯ ᠤᠨ ᠶᠡᠪᠤᠴᠠ ᠳᠤ ᠳᠠᠪᠰᠢᠯ ᠲᠠᠪᠵᠢᠯ ᠤᠨ ᠣᠷᠢᠳᠡᠯ | ᠪᠤᠯᠵᠥ ᠢᠷᠡᠭᠰᠠᠨ ᠨᠠᠶᠢᠭᠡᠮ ᠤᠨ ᠲᠥᠯᠦᠪᠰᠢᠯ ᠤᠨ ᠲᠤᠳᠤᠷᠬᠠᠢ ᠲᠥᠪᠰᠢᠨ ᠢ ᠪᠤᠶᠥ ᠵᠡᠷᠯᠢᠭ ᠪᠦᠳᠦᠬᠦᠯᠢᠭ ᠪᠠᠶᠢᠳᠡᠯ | ᠤᠨ ᠡᠰᠠᠷᠭᠦ ᠣᠳᠬᠠ ᠶᠢ ᠢᠯᠠᠷᠭᠡᠶᠢᠯᠠᠳᠡᠭ︾ ᠠᠵᠡᠢ [ 32.14 ]᠂ | ᠪᠧᠪᠰᠲ᠋ᠧᠷ ᠤᠨ ᠲᠤᠯᠢ ᠪᠤᠶᠥ ᠠᠩᠭ᠍ᠯᠢ ᠬᠡᠯᠠᠨ ᠤ ᠶᠡᠭᠡ ᠲᠡᠶᠢᠯᠪᠤᠷᠢ ᠲᠤᠯᠢ ᠳᠤ᠄ ᠢᠷᠭᠡᠨᠰᠢᠯ ᠭᠡᠳᠡᠭ ᠣᠶᠢᠯᠡᠭᠠᠯᠲᠠ | ᠶᠢᠨ ᠢᠯᠠᠷᠭᠡᠶᠢᠯᠠᠳᠡᠭ ᠣᠳᠬᠠ ᠶᠢ ᠨᠡᠢᠮᠡᠠ ᠵᠥᠢᠯ ᠢᠶᠠᠷ ᠠᠩᠭᠢᠯᠡᠵᠥ ᠲᠤᠳᠤᠳᠬᠠᠭᠠᠳ᠂ ︽ᠢᠷᠭᠡᠨᠰᠢᠯ ᠪᠤᠯ | ᠪᠦᠳᠦᠬᠦᠯᠢᠭ ᠬᠢᠭᠡᠳ ᠵᠣᠬᠢᠰ ᠦᠭᠡᠢ ᠪᠠᠶᠢᠳᠡᠯ ᠪᠦᠷᠢᠨ ᠠᠷᠢᠯᠤᠬᠰᠡᠨ᠂ ᠡᠳ᠋ ᠤᠨ ᠪᠤᠯᠤᠨ ᠰᠤᠶᠤᠯ ᠤᠨ᠂ ᠲᠠᠷᠠᠴᠢᠯᠠᠨ | ᠣᠶᠣᠨ ᠰᠡᠨᠡᠭᠠᠨ ᠪ᠊ ᠬᠦᠴᠦᠨ ᠵᠥᠢᠯ᠂ ᠬᠦᠮᠦᠨ ᠤ ᠬᠦᠴᠦᠨ ᠵᠥᠢᠯ ᠤᠨ ᠨᠥᠭᠡᠴᠡ ᠪᠤᠯᠣᠯᠴᠠᠬ᠋ ᠠ᠋ ᠶᠢ | ᠣᠨᠣᠪᠴᠢᠲᠡᠢ ᠠᠰᠢᠬᠯᠡᠳᠠᠬ᠂ ᠭ᠋ᠤᠪᠢ ᠬᠦᠮᠦᠨ ᠨᠠᠶᠢᠭᠡᠮ ᠤᠨ ᠲᠤᠳᠤᠷᠠ ᠦᠪᠠᠷ ᠤᠨ ᠲᠡᠭᠠᠯᠡᠮᠵᠢᠲᠥ ᠲᠥᠪᠬᠢᠨᠠᠯ ᠢᠶᠠᠨ | ᠣᠯᠤᠬᠰᠡᠨ ᠪᠠᠶᠢᠳᠡᠯ ᠢᠶᠠᠷ ᠠᠵᠥ ᠠᠮᠢᠳᠤᠷᠡᠯ ᠨᠢ ᠲᠤᠲᠤᠷᠬᠠᠶᠢᠯᠡᠬᠳᠡᠳᠠᠬ ᠬᠦᠮᠦᠨ ᠰᠤᠶᠤᠯ ᠤᠨ ᠬᠦᠰᠠᠯᠠᠩᠳᠥ | ᠲᠥᠯᠦᠪ ᠪᠠᠶᠢᠳᠡᠯ ᠶᠤᠮ︾ ᠭᠡᠵᠦ ᠲᠡᠶᠢᠯᠪᠤᠷᠢᠯᠡᠵᠡᠢ᠃ | ᠵᠡᠷᠢᠮ ᠰᠣᠳᠣᠯᠣᠭᠠᠴᠢᠳ ᠢᠷᠭᠡᠨᠰᠢᠯ ᠢ ᠵᠥᠪᠭᠡᠨ ᠪᠠᠷᠡᠭᠤᠨ ᠤ ᠪᠤᠯᠤᠨ ᠪᠤᠰᠤᠳ ᠪᠦᠰᠡ ᠨᠣᠲᠤᠬ ᠤᠨ ᠦᠨᠳᠦᠷ | ᠬᠦᠭᠵᠢᠯ ᠲᠠᠢ ᠨᠠᠶᠢᠭᠡᠮ ᠤᠨ ᠪᠠᠶᠢᠭᠤᠯᠤᠮᠵᠢ ᠲᠠᠢ ᠭ᠋ᠤᠯᠪᠤᠨ ᠲᠡᠶᠢᠯᠪᠤᠷᠢᠯᠡᠳᠠᠬ᠃ ᠭᠡᠳᠠᠯᠠ ᠵᠡᠷᠢᠮ ᠨᠢ ᠪᠦᠰᠡ ᠨᠣᠲᠤᠬ | ᠢᠶᠠᠷ ᠢᠪᠴᠤᠷᠡᠯ ᠦᠭᠡᠢ ︽ᠬᠦᠮᠦᠨ ᠤ ᠦᠨᠳᠦᠰᠦᠨ ᠡᠷᠭᠡ᠂ ᠲᠠᠷᠡ ᠲᠤᠰᠤᠮ ᠢᠶᠠᠨ ᠦᠮᠴᠢᠯᠠᠬᠦ ᠡᠷᠭᠡ᠂ ᠬᠦᠮᠦᠨ | ᠮᠥᠰᠦ ᠴᠢᠨᠡᠷ ᠢᠶᠠᠨ ᠴᠢᠯᠦᠭᠡᠳᠠᠢ ᠢᠯᠠᠳᠭᠡᠬᠦ᠂ ᠴᠢᠯᠦᠭᠡᠳᠠᠢ ᠰᠢᠲᠦᠬᠦ ᠡᠷᠭᠡ ᠪᠠᠷ ᠭ᠋ᠠᠩᠭᠠᠬᠳᠡᠬᠰᠡᠨ ᠰᠡᠶᠢᠨ ᠵᠤᠬᠢᠶᠡᠨ | ᠪᠠᠶᠢᠭᠤᠯᠣᠯᠲᠠ ᠲᠠᠢ᠂ ᠬᠦᠮᠦᠯᠢᠭ ᠨᠠᠶᠢᠭᠡᠮ ᠢ ᠯᠠ ᠢᠷᠭᠡᠨᠰᠢᠯ ᠭᠡᠵᠦ ᠨᠠᠷᠠᠯᠠᠬᠦ ᠣᠴᠢᠷ ᠲᠠᠢ︾ ᠭᠡᠳᠡᠭ ᠪᠠᠶᠢᠨᠠ᠃ | ᠶᠠᠷᠦ ᠨᠢ ᠢᠷᠭᠡᠨᠰᠢᠯ ᠭᠡᠳᠡᠭ ᠣᠶᠢᠯᠡᠭᠠᠯᠳᠠ ᠶᠢ ᠲᠠᠯᠠᠭᠡᠢ ᠶᠢᠨ ᠲᠠᠣᠭᠡ ᠶᠢ ᠪᠦᠳᠦᠭᠡᠯᠴᠡᠭᠰᠠᠨ ᠦᠷᠭᠡᠨ ᠴᠡᠷᠠ ᠬᠦᠷᠢᠶᠠ | ᠲᠠᠢ ᠨᠠᠶᠢᠭᠡᠮ ᠤᠨ ᠴᠢᠨᠡᠷ ᠤᠨ ᠣᠨᠴᠡᠯᠢᠬ ᠢᠶᠠᠷ ᠴᠦ ᠶᠤᠮ ᠦᠦ ᠲᠠᠯᠠᠭᠡᠢ ᠶᠢᠨ ᠰᠣᠶᠣᠯ ᠳᠤ ᠪᠠᠶᠢᠷᠢ ᠰᠡᠭᠤᠷᠢ ᠪᠠᠨ | ᠡᠵᠠᠯᠡᠭᠰᠠᠨ ᠦᠨᠠ ᠴᠠᠨᠠᠲᠥ ᠵᠥᠢᠯ ᠢᠶᠠᠷ ᠲᠣᠳᠣᠷᠬᠠᠶᠢᠯᠡᠨ ᠲᠣᠶᠢᠮᠣᠯᠡᠬᠤ ᠲᠣᠬᠢᠶᠡᠯᠳᠣᠯ ᠨᠠᠯᠢᠶᠠᠳ ᠡᠯᠪᠡᠭ ᠪᠠᠶᠢᠳᠠᠬ᠃ | | ᠢᠷᠭᠡᠨᠰᠢᠯ ᠭᠡᠳᠡᠭ ᠪᠤᠯ ᠨᠢᠭᠡ ᠲᠡᠯ ᠠ᠋ ᠠᠴᠠ ᠨᠠᠶᠢᠭᠡᠮ ᠤᠨ ᠪᠠᠶᠢᠳᠡᠯ ᠤᠨ ᠰᠢᠨᠠᠴᠢᠯᠠᠨ ᠦᠭᠡᠷᠠᠴᠢᠯᠡᠭᠳᠠᠵᠦ ᠪᠠᠶᠢᠬ᠋ᠠ | ᠦᠢᠯᠡ ᠶᠡᠪᠤᠴᠠ᠂ ᠨᠥᠬᠦᠭᠡ ᠲᠡᠯ ᠠ᠋ ᠠᠴᠠ ᠲᠠᠷᠡ ᠦᠢᠯᠡ ᠶᠡᠪᠤᠴᠠ ᠶᠢᠨ ᠨᠠᠮᠠᠨ ᠨᠠᠮᠠᠨ ᠰᠢᠨᠠᠴᠢᠯᠡᠭᠳᠠᠨ | ᠦᠭᠡᠷᠠᠴᠢᠯᠡᠭᠳᠠᠵᠦ ᠪᠤᠢ ᠴᠢᠨᠡᠷ ᠤᠨ ᠰᠢᠨ᠋ ᠠ᠋ ᠲᠥᠪᠰᠢᠨ ᠤ ᠦᠷᠠ ᠳ᠋ᠥᠩ ᠶᠤᠮ᠃ ᠡᠨᠠᠬᠦ ᠦᠢᠯᠡ ᠶᠡᠪᠤᠴᠠ ᠣᠷᠳᠥ | ᠣᠳᠡᠭᠠᠨ ᠭ᠋ᠤᠭᠤᠴᠠᠬ᠋ ᠠ᠋ ᠶᠢ ᠭ᠋ᠠᠮᠤᠷᠡᠨ ᠶᠡᠪᠤᠬᠳᠡᠳᠠᠬ ᠪᠦᠭᠡᠳ ᠦᠷᠠ ᠳ᠋ᠥᠩ ᠤᠨ ᠦᠭᠡᠷᠠᠴᠢᠯᠠᠯᠲᠡ ᠨᠢ ᠭ᠋ᠤᠪᠢᠰᠤᠯ᠂ | ᠭ᠋ᠤᠪᠢᠰᠬᠠᠯ ᠮᠡᠶ᠋ᠢᠬ ᠢᠶᠠᠷ ᠲᠡᠶᠢᠪᠤᠩ ᠪᠤᠶᠥ ᠣᠬᠵᠤᠮ ᠭ᠋ᠠᠷᠢᠯᠴᠡᠨ ᠠᠳᠡᠯᠢ ᠦᠭᠡᠢ ᠡᠷᠴᠢᠮ ᠠᠯᠬᠤᠮ ᠢᠶᠠᠷ᠂ | ᠭ᠋ᠠᠷᠢᠯᠴᠡᠨ ᠠᠳᠡᠯᠢ ᠦᠭᠡᠢ ᠴᠠᠬ ᠭ᠋ᠤᠭᠤᠴᠠᠬ᠋ ᠠ᠋ ᠶᠢ ᠡᠵᠠᠯᠠᠨ ᠶᠡᠪᠤᠬᠳᠡᠳᠠᠬ ᠪᠠᠶᠢᠨᠠ᠃ | ᠹᠷᠡᠨᠼᠢ ᠶᠢᠨ ᠰᠤᠳᠤᠯᠤᠭᠠᠴᠢ ᠭ᠊᠂ ᠮᠢᠱᠤ᠋᠂ ᠡ᠊᠂ ᠮᠡᠷᠺ ᠨᠡᠷ ︽ᠨᠠᠶᠢᠭᠡᠮ ᠪᠤᠯ ᠦᠢᠯᠡ ᠠᠵᠢᠯᠯᠡᠭᠠᠨ ᠤ ︽ | ᠰᠤᠪᠶᠧᠺᠲ︾᠂ ᠦᠭᠡᠷᠠ ᠪᠠᠷ ᠬᠡᠯᠠᠪᠠᠯ ᠭ᠋ᠤᠭᠤᠷᠤᠨᠳᠥ ᠪᠠᠨ ᠣᠷᠳᠥ ᠣᠳᠡᠭᠠᠨ ᠭ᠋ᠠᠷᠢᠯᠴᠠᠬ᠋ᠠ ᠪᠠᠷ ᠭ᠋ᠤᠯᠪᠤᠬᠳᠡᠬᠰᠡᠨ | ᠭ᠋ᠤᠪᠢ ᠬᠦᠮᠦᠰ ᠤᠨ ᠵᠤᠬᠢᠶᠡᠨ ᠪᠠᠶᠢᠭᠤᠯᠣᠯᠲᠠ ᠲᠠᠢ ᠠᠨᠰᠡᠮᠪᠯᠢ᠂ ᠭ᠋ᠠᠷᠢᠨ ᠢᠷᠭᠡᠨᠰᠢᠯ ᠨᠢ ᠲᠠᠷᠠᠬᠦ ᠦᠢᠯᠡ | ᠠᠵᠢᠯᠯᠡᠭᠠᠨ ᠤ ᠦᠷᠠ ᠳ᠋ᠥᠩ ᠪᠤᠶᠥ ᠲᠠᠷᠠᠬᠦ ᠨᠠᠶᠢᠭᠡᠮ ᠦᠪᠠᠷ ᠢ ᠪᠠᠨ ᠢᠯᠠᠷᠭᠡᠶᠢᠯᠠᠵᠥ ᠪᠠᠶᠢᠬ᠋ᠠ ᠪᠦᠲᠦᠭᠡᠬᠦᠢ ᠬᠡᠯᠪᠠᠷᠢ | ᠨᠦᠭᠦᠳ᠂ ᠬᠦᠮᠦᠰ ᠤᠨ ᠪᠠᠶᠢᠬ᠋ᠠ ᠲᠥᠷᠬᠦ᠂ ᠠᠮᠢᠳᠤᠷᠡᠯ ᠤᠨ ᠬᠡᠪ ᠵᠡᠬᠪᠤᠷ ᠶᠤᠮ︾ ᠭᠡᠵᠦ [ 31.21 ] | ᠲᠤᠳᠤᠷᠬᠠᠶᠢᠯᠡᠵᠡᠢ᠃ | ᠡᠨᠡ ᠲᠤᠮᠢᠶᠡᠯᠡᠯ ᠳᠤ ᠦᠢᠯᠡ ᠶᠡᠪᠤᠴᠠ᠂ ᠲᠠᠬᠦᠨ ᠤ ᠦᠷᠠ ᠳ᠋ᠥᠩ ᠤᠨ ︽ᠠᠮᠢᠳᠦ︾ ᠭ᠋ᠤᠯᠪᠤᠬ᠋ ᠠ᠋ ᠣᠶᠡᠯᠳᠤᠬ᠋ ᠠ᠋᠂ | ᠣᠷᠴᠢᠯᠡᠩ ᠳ᠋ᠢᠨᠡᠮᠢᠺ ᠦᠭᠡᠷᠠᠴᠢᠯᠠᠯᠲᠡ ᠶᠢ ᠲᠤᠰᠬᠠᠵᠥ ᠴᠢᠳᠠᠬ᠋ ᠠ᠋ ᠦᠭᠡᠢ ᠲᠡᠯᠠ ᠪᠠᠶᠢᠬ᠋ᠠ ᠴᠦ ᠠᠯᠢᠪᠠ ᠨᠠᠶᠢᠭᠡᠮ | ᠣᠷᠤᠰᠢᠨ ᠲᠣᠬᠳᠡᠨᠢᠵᠤ ᠪᠠᠶᠢᠬ᠋ᠠ ᠴᠠᠬ ᠲᠤ ᠦᠪᠠᠷ ᠢ ᠪᠠᠨ ᠢᠯᠠᠷᠭᠡᠶᠢᠯᠠᠬᠦ ᠪᠦᠲᠦᠭᠡᠬᠦ ᠦᠢᠯᠡ ᠶᠡᠪᠤᠴᠠ ᠢᠮᠡᠬᠳᠠ | ᠶᠡᠪᠤᠬᠳᠡᠵᠥ᠂ ᠦᠷᠠ ᠳ᠋ᠥᠩ ᠨᠢ ᠦᠯᠠᠳᠠᠳᠡᠭ ᠭᠡᠰᠠᠨ ᠰᠡᠨᠠᠬ᠋ ᠠ᠋ ᠶᠢ ᠢᠯᠠᠷᠭᠡᠶᠢᠯᠠᠵᠥ ᠪᠠᠶᠢᠬ᠋ᠠ ᠨᠢ ᠴᠢᠬᠤᠯᠠ ᠪᠠᠶᠢᠨᠠ᠃ | | ᠢᠷᠭᠡᠨᠰᠢᠯ ᠭᠡᠳᠡᠭ ᠪᠤᠯ ᠬᠦᠮᠦᠨ ᠤ ᠣᠶᠣᠨ ᠤ ᠬᠦᠭᠵᠢᠯ ᠤᠨ ᠲᠥᠪᠰᠢᠨ᠂ ᠲᠠᠬᠦᠨ ᠤ ᠪᠦᠲᠦᠭᠡᠬᠦᠢ ᠴᠢᠳᠡᠪᠤᠷᠢ ᠶᠢᠨ | ᠬᠡᠷᠡᠭᠵᠢᠯᠲᠡ᠂ ᠨᠠᠶᠢᠭᠡᠮ ᠤᠨ ᠡᠷᠭᠡᠰᠢᠶᠠᠯ᠂ ᠣᠷᠤᠰᠢᠬᠤᠢ ᠲᠥᠯᠦᠪ ᠨᠢ ᠬᠦᠮᠦᠨ ᠤ ᠬᠦᠰᠠᠯ ᠡᠷᠠᠮᠠᠯᠵᠠᠯᠠᠯ ᠳᠤ | ᠨᠠᠶᠢᠴᠡᠭᠰᠠᠨ ᠦᠨᠠᠯᠡᠭᠳᠠᠬᠦᠶᠢᠴᠠ ᠦᠨᠳᠦᠷ ᠲᠥᠪᠰᠢᠨ ᠶᠤᠮ᠃ ᠰᠠᠬᠦᠯ ᠤᠨ ᠦᠶᠠ ᠶᠢᠨ ᠵᠡᠷᠢᠮ ᠲᠤᠮᠤᠬᠠᠨ ᠲᠤᠯᠢ | ᠪᠢᠴᠢᠭ ᠤᠳ ᠲᠤ ᠢᠷᠭᠡᠨᠰᠢᠯ ᠭᠡᠳᠡᠭ ᠣᠶᠢᠯᠡᠭᠠᠯᠳᠠ ᠶᠢ ᠰᠣᠶᠣᠯ ᠭᠡᠳᠡᠭ ᠣᠶᠢᠯᠡᠭᠠᠯᠲᠠ ᠲᠠᠢ ᠣᠶᠢᠷᠡᠯᠴᠠᠬ᠋ ᠠ᠋ | ᠣᠳᠬᠠ ᠪᠦᠬᠦᠢ ᠭᠡᠵᠦ ᠵᠢᠭᠠᠬᠤ ᠲᠣᠬᠢᠶᠡᠯᠳᠣᠯ ᠡᠯᠪᠡᠭ ᠪᠦᠭᠡᠳ ᠨᠠᠶᠢᠳᠠᠯᠡᠭᠳᠠᠬᠦᠦ ᠪᠤᠯᠣᠬᠰᠡᠨ ᠪᠠᠶᠢᠨᠠ᠃ | ᠠᠮᠧᠷᠢᠺᠡ ᠶᠢᠨ ᠰᠣᠶᠣᠯ ᠰᠤᠳᠤᠯᠤᠭᠠᠴᠢ ᠠ᠊᠂ ᠺᠡᠷᠶᠣᠪᠧᠷ᠂ ᠺ᠊᠂ ᠺᠯᠡᠺᠬᠤᠨ ᠨᠡᠷ 1952 ᠣᠨ ᠳᠤ ᠰᠣᠶᠣᠯ | ᠭᠡᠳᠡᠭ ᠦᠭᠡ ᠶᠢᠨ ᠣᠯᠡᠨ ᠲᠡᠯᠡᠲᠤ ᠢᠯᠠᠷᠭᠡᠶᠢᠯᠠᠯ᠂ ᠣᠳᠬᠠ ᠠᠭᠤᠯᠬ᠋ ᠠ᠋ ᠶᠢᠨ ᠲᠤᠳᠤᠷᠬᠠᠶᠢᠯᠡᠯᠳᠠ ᠬ᠋ᠠᠷᠭᠠᠵᠥ᠂ | ᠲᠠᠬᠦᠨ ᠤ ᠶᠠᠭᠡᠩᠬᠢ ᠨᠢ ᠢᠷᠭᠡᠨᠰᠢᠯ ᠭᠡᠳᠡᠭ ᠦᠭᠡ ᠲᠠᠢ ᠭ᠋ᠠᠮᠰᠡᠷᠡᠨ ᠣᠳᠬᠠ ᠢᠯᠠᠷᠭᠡᠶᠢᠯᠠᠵᠥ᠂ ᠨᠢᠭᠡᠨ ᠣᠶᠢᠯᠡᠭᠠᠯᠳᠠ | ᠶᠢ ᠲᠤᠮᠢᠶᠡᠯᠡᠬᠤ ᠪᠤᠯᠤᠬᠰᠡᠨ ᠢ ᠳᠤᠷᠡᠳᠤᠬᠰᠡᠨ ᠪᠠᠶᠢᠳᠠᠬ [ 32.23 ]᠂ | 4 ᠳ᠋ᠦ᠋ᠭᠡᠷ | ᠰᠣᠳᠣᠯᠣᠭᠠᠴᠢᠳ ᠢᠷᠭᠡᠨᠰᠢᠯ ᠤᠨ ᠰᠢᠯᠭᠠᠭᠤᠷ ᠪᠤᠯᠭᠠᠵᠥ ᠣᠯᠣᠰ ᠲᠥᠷᠦ ᠶᠢᠨ ᠬᠦᠴᠦ ᠪᠤᠶᠥ ᠲᠥᠷᠦ ᠨᠢ | ᠬᠦᠢᠴᠠᠳᠭᠡᠬᠦ᠂ ᠵᠡᠬᠢᠷᠤᠨ ᠵᠤᠬᠢᠴᠡᠭᠤᠯᠬᠤ ᠡᠬᠦᠷᠭᠡ ᠪᠠᠨ ᠵᠤᠩᠬᠢᠯᠡᠨ ᠬᠡᠷᠡᠭᠵᠢᠬᠦᠯᠳᠡᠭ᠂ ᠬᠦᠳᠠᠯᠮᠦᠷᠢ ᠶᠢᠨ ᠭ᠋ᠤᠪᠢᠶᠡᠷᠢ | ᠲᠠᠭᠡᠷᠠ ᠰᠡᠭᠤᠷᠢᠯᠡᠬᠰᠡᠨ ᠡᠳ᠋ ᠤᠨ ᠵᠡᠰᠠᠬ ᠤᠨ ᠲᠣᠬᠲᠡᠯᠴᠠᠬ᠋ ᠠ᠋ ᠪᠤᠢ ᠪᠤᠯᠣᠬᠰᠡᠨ᠂ ᠡᠷᠭᠡ ᠪᠠᠷᠢᠬᠴᠢ ᠠᠩᠬᠢ ᠨᠢ | ᠨᠠᠮᠠᠯᠲᠡ ᠪᠦᠲᠦᠭᠡᠭᠳᠠᠬᠦᠨ ᠢᠶᠠᠨ ᠪᠦᠭᠡᠭᠨᠠᠷᠠᠬᠦᠯᠵᠦ ᠭ᠋ᠤᠪᠢᠶᠡᠷᠢᠯᠡᠵᠥ ᠴᠢᠳᠡᠳᠠᠬ᠂ ᠪᠦᠲᠦᠭᠡᠭᠳᠠᠬᠦᠨ ᠰᠤᠯᠢᠯᠴᠡᠭᠠᠨ ᠤ | ᠰᠥᠯᠵᠢᠶᠠ ᠪᠤᠢ ᠪᠤᠯᠣᠬᠰᠡᠨ᠂ ᠶᠣᠰᠤ ᠰᠤᠷᠲᠡᠬᠤᠨ ᠤ ᠲᠣᠬᠲᠡᠯᠴᠠᠬ᠋ ᠠ᠋ ᠨᠢ ᠨᠠᠶᠢᠭᠡᠮ ᠤᠨ ᠭ᠋ᠠᠷᠢᠯᠴᠡᠭᠠᠨ ᠳᠤ | ᠨᠥᠯᠦᠭᠡᠯᠠᠵᠥ᠂ ᠣᠯᠡᠮ ᠢᠶᠠᠷ ᠨᠠᠶᠢᠭᠡᠮ ᠤᠨ ᠭ᠋ᠠᠷᠢᠯᠴᠠᠬ᠋ ᠠ᠋ ᠶᠢ ᠦᠭᠡᠷᠠᠴᠢᠯᠠᠬᠦ᠂ ᠶᠢᠷᠳᠢᠨᠴᠤ ᠶᠢ ᠦᠵᠠᠬᠦ ᠦᠵᠠᠯ ᠢ | ᠪᠦᠳᠦᠭᠡᠵᠤ ᠪᠦᠷᠢᠳᠦᠬᠦᠯᠬᠦ᠂ ᠦᠭᠡᠷᠠᠴᠢᠯᠠᠬᠦ ᠬᠡᠮᠵᠢᠶᠠᠨ ᠳᠤ ᠬᠦᠷᠦᠭᠰᠠᠨ ᠵᠠᠷᠭᠡ ᠨᠠᠶᠢᠭᠡᠮ ᠤᠨ ᠬᠦᠭᠵᠢᠯ ᠤᠨ | ᠲᠤᠳᠤᠷᠬᠠᠢ ᠲᠥᠪᠰᠢᠨ ᠳᠤ ᠬᠦᠷᠦᠭᠰᠠᠨ ᠪᠠᠶᠢᠬᠤ ᠣᠴᠢᠷ ᠲᠠᠢ ᠭᠡᠵᠦ ᠦᠵᠠᠳᠡᠭ᠃ | ᠮᠢᠨᠦ ᠪᠤᠳᠤᠯ ᠢᠶᠠᠷ᠂ ᠬᠡᠯᠪᠠᠷᠢ᠂ ᠭ᠋ᠠᠷᠢᠯᠴᠡᠭᠠᠨ ᠤ ᠬᠡᠪᠰᠢᠯ ᠲᠡᠯ ᠠ᠋ ᠠᠴᠠ ᠨᠢ ᠪᠤᠰᠥ ᠠᠵᠥ ᠲᠥᠷᠦᠬᠦᠢ ᠶᠢᠨ ᠠᠭᠤᠯᠬ᠋ | ᠠ᠋ ᠲᠡᠯ ᠠ᠋ ᠠᠴᠠ ᠨᠢ ᠠᠪᠴᠥ ᠦᠵᠠᠪᠠᠯ ᠲᠠᠭᠡᠷᠠᠬᠢ ᠰᠢᠯᠭᠠᠭᠤᠷᠢ ᠤᠳ ᠤᠨ ᠠᠯᠢ ᠨᠢ ᠴᠦ ᠠᠯᠢ ᠯᠠ ᠬᠦᠢ ᠨᠢᠭᠡᠲᠦᠯ | ᠤᠨ ᠦᠶᠠ ᠠᠴᠠ ᠶᠡᠮᠡᠷ ᠨᠢᠭᠡ ︽ᠪᠠᠶᠢᠳᠡᠯ ᠢᠶᠠᠷ︾ ᠬᠡᠷᠡᠭᠵᠢᠵᠦ ᠡᠬᠢᠯᠡᠭᠰᠠᠨ ᠭᠡᠳᠡᠭ ᠢ ᠣᠬᠠᠭᠠᠷᠡᠵᠥ ᠪᠤᠯᠤᠮᠡᠷ | ᠪᠠᠶᠢᠳᠠᠬ᠃ | ᠭ᠋ᠠᠷᠢᠨ ᠮᠣᠩᠭᠤᠯ ᠤᠨ ᠭ᠋ᠤᠪᠢ ᠳᠤ 2000 ᠬ᠋ᠠᠷᠤᠢ ᠵᠢᠯ ᠤᠨ ᠣᠯᠡᠮᠵᠢᠯᠡᠯ ᠲᠠᠢ ᠭ᠋ᠠᠭᠠᠨᠲᠥ ᠲᠥᠷᠦ᠂ ᠭ᠋ᠠᠭᠠᠨ ᠤ | ᠨᠣᠶᠡᠯᠡᠬᠤ ᠡᠷᠭᠡ ᠪᠦᠬᠦᠢ ᠭ᠋ᠤᠷᠡᠯᠳᠡᠢ ( ᠲᠥᠯᠦᠭᠡᠯᠡᠭᠴᠢ ) ᠲᠥᠷᠦ ᠶᠢᠨ ᠬᠡᠷᠡᠭ ᠢ ᠰᠢᠢᠳᠳᠡᠭ ( ᠭ᠋ᠤᠵᠢᠮ ︽ | ᠭ᠋ᠠᠭᠠᠨᠲᠥ ᠵᠡᠰᠠᠬ︾᠂ ︽ᠨᠣᠮ ᠤᠨ ᠵᠡᠰᠠᠬ︾ ᠭ᠋ᠤᠶᠡᠷ ᠶᠣᠰᠣᠨ ᠤ ᠵᠡᠰᠡᠬᠯᠡᠯ ᠡᠬᠦᠰᠴᠤ᠂ ᠪᠠᠷᠤᠬ ᠦᠨᠦ ᠶᠢ | ᠬᠦᠷᠴᠦ ᠢᠷᠡᠭᠰᠠᠨ )᠂ ᠲᠥᠷᠦ ᠨᠢ ᠣᠯᠤᠰ ᠢ ᠪᠠᠲᠣᠯᠡᠨ ᠭ᠋ᠠᠮᠡᠭᠠᠯᠡᠬᠤ᠂ ᠬ᠋ᠠᠳᠡᠭᠠᠳᠥ ᠭ᠋ᠠᠷᠢᠯᠴᠡᠭᠠᠨ ᠳᠤ ᠣᠬᠠᠭᠠᠯᠢᠬ | ᠪᠦᠭᠡᠳ ︽ᠣᠴᠢᠷ ᠣᠳᠬᠠ ᠲᠠᠢ︾ ᠣᠷᠣᠯᠴᠡᠬᠤ ᠱᠤᠭᠤᠮ ᠢ ᠪᠠᠷᠢᠮᠲᠡᠯᠡᠵᠤ᠂ ᠣᠯᠤᠰ ᠲᠥᠷᠦ – ᠡᠳ᠋ ᠤᠨ | ᠵᠡᠰᠠᠬ ᠤᠨ ᠭ᠋ᠠᠷᠢᠯᠴᠠᠬ᠋ᠠ ᠪᠠᠨ ᠵᠤᠬᠢᠴᠡᠭᠤᠯᠤᠨ ᠶᠡᠪᠤᠭᠤᠯᠳᠠᠬ᠂ ᠨᠠᠶᠢᠲᠡ ᠶᠢᠨ ᠪᠠᠶᠡᠯᠢᠬ ᠢ ᠡᠷᠭᠡ ᠳᠡᠷᠬᠠ᠂ | ᠬᠦᠳᠠᠯᠮᠦᠷᠢ ᠶᠢᠨ ᠣᠷᠤᠯᠴᠠᠬ᠋ᠠ᠂ ᠭ᠋ᠠᠷᠡᠮᠵᠢ ᠲᠠᠳᠬᠦᠯᠭᠡ᠂ ᠦᠢᠭᠡ ( ᠦᠭᠯᠢᠭᠡ ) ᠪᠤᠶᠡᠨ᠂ ᠪᠠᠶᠢᠭᠠᠯᠢ ᠶᠢ ᠡᠵᠠᠮᠰᠢᠬᠦ | ᠴᠢᠯᠦᠭᠡᠲᠦ ᠡᠷᠭᠡ ᠶᠢᠨ ᠵᠢᠷᠣᠮ ᠢᠶᠠᠷ ᠭ᠋ᠤᠪᠢᠶᠡᠷᠢᠯᠡᠵᠥ ᠵᠤᠬᠢᠴᠡᠭᠤᠯᠳᠠᠬ᠂ ᠠᠶᠢᠯ ᠦᠢᠯᠠᠳᠪᠤᠷᠢᠯᠠᠯ ᠤᠨ ᠬᠡᠪᠰᠢᠯ ᠤᠨ | ᠦᠪᠠᠷ ᠢ ᠪᠠᠨ ᠭ᠋ᠠᠩᠭᠠᠬᠤ ᠵᠤᠷᠢᠯᠲᠡᠲᠥ ᠠᠵᠥ ᠲᠥᠷᠦᠬᠦ ᠣᠯᠡᠮᠵᠢᠯᠡᠯ᠂ ᠣᠪᠤᠬ – ᠠᠬ ᠠ᠋ ᠲᠠᠬᠦᠦ᠂ ᠣᠷᠤᠬ | ᠰᠡᠳᠣᠨ ᠤ ᠣᠯᠡᠮᠵᠢᠯᠡᠯᠲᠤ ᠪᠠᠶᠢᠭᠤᠯᠣᠯ ᠳᠤ ᠲᠣᠯᠭᠠᠭᠤᠷᠢᠯᠡᠬᠰᠡᠨ ᠨᠠᠶᠢᠭᠡᠮ ᠤᠨ ᠭ᠋ᠠᠷᠢᠯᠴᠠᠬ᠋ ᠠ᠋ ᠶᠢ ᠬᠦᠭᠵᠢᠬᠦᠯᠦᠭᠰᠠᠨ᠂ | ᠱᠡᠰᠢᠨ᠂ ᠶᠣᠰᠤ ᠰᠤᠷᠲᠡᠬᠤᠨ᠂ ᠪᠠᠶᠢᠭᠠᠯᠢ ᠳᠤ ᠰᠢᠲᠦᠨ – ᠵᠤᠬᠢᠴᠡᠬᠤ ᠣᠶᠣᠨ ᠤ ᠠᠮᠢᠳᠤᠷᠡᠯ ᠢ ᠬᠡᠪᠰᠢᠬᠦᠯᠦᠭᠰᠠᠨ | ᠂ ᠣᠯᠤᠰ – ᠬᠢᠵᠡᠭᠠᠷ ᠤᠨ ᠲᠣᠳᠣᠷᠡᠬᠢ ᠴᠠᠬ ᠭ᠋ᠤᠭᠤᠴᠠᠬ᠋ ᠠ᠋᠂ ᠣᠷᠤᠨ ᠵᠡᠢ ᠶᠢᠨ ᠭ᠋ᠠᠷᠢᠴᠡᠩᠭᠤᠢ ᠴᠢᠯᠦᠭᠡᠲᠦ | ᠪᠠᠶᠢᠳᠡᠯ ᠢ ᠡᠷᠭᠡᠰᠢᠶᠠᠨ ᠡᠳᠠᠯᠡᠭᠰᠠᠨ ᠢᠷᠭᠡᠨᠰᠢᠯ ᠢ ᠪᠤᠢ ᠪᠤᠯᠭᠠᠬᠰᠡᠨ ᠭᠡᠵᠦ ᠳᠥᠰᠦᠭᠡᠯᠡᠭᠳᠠᠳᠡᠭ᠃ ᠬᠦᠮᠦᠨ | ᠲᠥᠷᠦᠯᠬᠢᠲᠠᠨ ᠤ ᠲᠡᠨᠢᠨ ᠮᠠᠳᠠᠬᠦᠢ ᠶᠢᠨ ᠦᠨᠦ ᠶᠢᠨ ᠲᠥᠪᠰᠢᠨ᠂ ᠣᠶᠢᠯᠡᠭᠠᠯᠲᠠ ᠣᠬᠠᠭᠠᠷᠡᠯ ᠤᠨ ᠬᠦᠷᠦᠰᠦᠨ | ᠲᠠᠭᠡᠷᠠ ᠪᠠᠭᠤᠯᠭᠠᠪᠠᠰᠥ ᠢᠷᠭᠡᠨᠰᠢᠯ ᠭᠡᠳᠡᠭ ᠨᠢ ᠬᠦᠮᠦᠨ ᠤ ᠲᠠᠣᠭᠡᠨ ᠣᠷᠳᠥ ᠣᠳᠡᠭᠠᠨ ᠭ᠋ᠤᠭᠤᠴᠡᠭᠠᠨ ᠳᠤ | ᠴᠤᠬᠴᠡᠯᠡᠵᠦ ᠪᠤᠢ ᠪᠤᠯᠭᠠᠬᠰᠡᠨ ᠣᠶᠣᠨ ᠤ ᠬᠢᠭᠡᠳ ᠡᠳ᠋ ᠤᠨ ᠰᠤᠶᠤᠯ ᠤᠨ ᠦᠨᠠᠲᠤ ᠵᠥᠢᠯᠠᠰ᠂ ᠲᠠᠬᠦᠨ ᠤ | ᠭ᠋ᠠᠳᠡᠭᠠᠯᠡᠬᠳᠡᠵᠦ ᠣᠯᠡᠮᠵᠢᠯᠡᠬᠳᠡᠬᠤ ᠬᠢᠭᠡᠳ ᠨᠥᠬᠦᠨ ᠲᠥᠯᠵᠢᠬᠦ᠂ ᠰᠢᠨ᠋ ᠠ᠋ ᠪᠠᠷ ᠴᠤᠬᠴᠡᠯᠡᠬᠤ ᠴᠢᠳᠡᠪᠤᠷᠢ᠂ ᠪᠦᠬᠦᠢ | ᠯᠠ ᠦᠨᠠ ᠴᠠᠨᠠᠲᠥ ᠵᠥᠢᠯᠠᠰ ᠢ ᠪᠤᠢ ᠪᠤᠯᠭᠠᠬᠤ ᠨᠠᠶᠢᠭᠡᠮ ᠤᠨ ᠦᠷᠭᠡᠨ ᠬᠦᠷᠢᠶᠠ ᠲᠠᠢ ᠲᠠᠣᠭᠡᠨ ᠦᠢᠯᠡ ᠶᠡᠪᠤᠴᠠ | ᠭᠡᠵᠦ ᠣᠶᠢᠯᠡᠭᠠᠮᠡᠷ ᠪᠠᠶᠢᠬ᠋ᠠ ᠶᠤᠮ᠃ | ᠲᠠᠣᠭᠡᠨ ᠣᠷᠳᠥ ᠣᠳᠡᠭᠠᠨ ᠭ᠋ᠤᠭᠤᠴᠡᠭᠠᠨ ᠳᠤ ᠨᠠᠬᠦᠳᠠᠯ ᠤᠨ ᠬᠢᠭᠡᠳ ᠰᠡᠭᠤᠷᠢᠰᠢᠯ ᠤᠨ ᠬᠡᠪᠰᠢᠯ ᠢᠶᠠᠷ ᠠᠵᠥ | ᠲᠥᠷᠦᠵᠦ ᠢᠷᠡᠭᠰᠠᠨ ᠠᠯᠢ ᠴᠦ ᠠᠷᠡᠳ ᠲᠥᠮᠠᠨ ᠡᠳ᠋ ᠤᠨ ᠬᠢᠭᠡᠳ ᠣᠶᠣᠨ ᠤ ᠰᠣᠶᠣᠯ ᠢ ᠪᠦᠲᠦᠭᠡᠭᠰᠠᠨ᠂ | ᠪᠦᠳᠦᠭᠡᠵᠤ ᠴᠦ ᠪᠠᠶᠢᠬ᠋ᠠ᠂ ᠲᠠᠷᠡ ᠨᠢ ᠰᠤᠶᠤᠯᠵᠢᠬᠰᠡᠨ ᠠᠵᠥ ᠲᠥᠷᠦᠬᠦᠢ ᠪᠤᠶᠥ ᠢᠷᠭᠡᠨᠰᠢᠯ ᠢ ᠪᠤᠢ ᠪᠤᠯᠭᠠᠵᠥ | ᠪᠠᠶᠢᠬ᠋ᠠ ᠭᠡᠵᠦ ᠦᠵᠠᠪᠠᠯ ᠦᠨᠠᠨ ᠳᠤ ᠨᠠᠶᠢᠴᠠᠬᠦ ᠪᠤᠯᠤᠨᠠ᠃ ᠲᠠᠭᠡᠬᠦ ᠪᠠᠷ ᠵᠥᠪᠭᠡᠨ ᠰᠡᠭᠤᠷᠢᠰᠢᠯ ᠴᠦ ᠪᠤᠰᠥ᠂ | ᠨᠠᠬᠦᠳᠠᠯ ᠴᠦ ᠪᠠᠰᠠ ᠰᠣᠶᠣᠯ ᠪᠤᠶᠥ ᠦᠨᠠ ᠴᠠᠨᠠᠲᠥ ᠵᠥᠢᠯᠠᠰ ᠢ ᠪᠦᠲᠦᠭᠡᠭᠰᠠᠨ ᠭᠡᠮᠠᠨ ᠦᠵᠠᠪᠠᠰᠦ᠂ ᠨᠠᠬᠦᠳᠠᠯ ᠤᠨ | ᠰᠣᠶᠣᠯ – ᠢᠷᠭᠡᠨᠰᠢᠯ ᠤᠨ ᠲᠤᠬᠠᠢ ᠶᠡᠷᠢᠬᠤ ᠦᠨᠳᠦᠰᠦ ᠦᠵᠤᠬᠦᠷ ᠡᠬᠦᠰᠬᠦ ᠪᠦᠭᠡᠳ ᠢᠷᠭᠡᠨᠰᠢᠯ ᠪᠤᠯ ︽ | ᠦᠷᠠᠵᠢᠨ ᠲᠥᠯᠵᠢᠵᠥ ᠪᠤᠢ ᠦᠨᠠᠲᠤ ᠵᠥᠢᠯᠠᠰ︾ ᠭᠡᠳᠡᠭ ᠲᠤᠮᠢᠶᠡᠯᠡᠯ ᠨᠢ ᠴᠦ ᠲᠠᠰᠣᠷᠡᠯᠲᠠ ᠦᠭᠡᠢ ᠶᠡᠪᠤᠬᠳᠡᠵᠥ ᠪᠤᠢ | ᠦᠢᠯᠡ ᠶᠡᠪᠤᠴᠠ᠂ ᠦᠷᠬᠦᠯᠵᠢᠳᠡ ᠡᠬᠦᠰᠦᠨ ᠪᠤᠢ ᠪᠤᠯᠳᠠᠬ ᠦᠷᠠ ᠳ᠋ᠥᠩ ᠭᠡᠳᠡᠭ ᠳᠣᠲᠣᠭᠠᠳᠤ ᠠᠭᠤᠯᠬ᠋ ᠠ᠋ ᠪᠠᠨ | ᠪᠦᠷᠢᠨ ᠲᠥᠬᠦᠷᠠᠩ ᠢᠯᠠᠷᠭᠡᠶᠢᠯᠠᠵᠥ ᠴᠢᠳᠡᠵᠦ ᠪᠠᠶᠢᠨᠠ ᠭᠡᠵᠦ ᠦᠵᠠᠮᠠᠷ ᠪᠠᠶᠢᠬ᠋ᠠ ᠶᠤᠮ᠃ | ᠶᠠᠷᠦ ᠠᠴᠠ ᠪᠠᠨ ᠴᠦ᠂ ᠨᠠᠶᠢᠭᠡᠮ ᠤᠨ ᠬᠦᠭᠵᠢᠯ ᠢ ᠣᠷᠤᠰᠢᠬᠤᠢ ᠶᠢᠨ ᠬᠡᠯᠪᠠᠷᠢ ᠵᠡᠬᠪᠤᠷ ᠪᠤᠶᠥ ᠪᠠᠶᠠᠵᠢᠬᠦᠯᠵᠥ ᠪᠤᠢ | ᠣᠳᠬᠠ ᠰᠡᠨᠡᠭᠠᠨ ᠪ᠊ ᠨᠢ ᠲᠡᠯ ᠠ᠋ ᠠᠴᠠ ᠲᠠᠳᠦᠢ ᠦᠭᠡᠢ ᠬᠦᠷᠦᠭᠰᠠᠨ ᠣᠶᠢᠯᠡᠭᠠᠯᠲᠠ ᠣᠬᠠᠭᠠᠷᠡᠯ ᠤᠨ ᠲᠥᠪᠰᠢᠨ᠂ | ᠠᠬᠤᠢ ᠳᠤ ᠰᠢᠩᠭᠡᠭᠡᠭᠰᠠᠨ ᠣᠶᠣᠨ ᠤ ᠣᠳᠬᠠ ᠠᠭᠤᠯᠬ᠋ᠠ ᠶᠢᠨ ᠲᠡᠯ ᠠ᠋ ᠠᠴᠠ ᠨᠢ ᠠᠪᠴᠥ ᠦᠵᠠᠵᠦ᠂ ᠦᠨᠠ | ᠴᠠᠨᠠᠲᠥ ᠵᠥᠢᠯᠠᠰ ᠢ ᠵᠥᠪᠭᠡᠨ ᠡᠳ᠋ ᠤᠨ ᠰᠣᠶᠣᠯ ᠳᠤ ᠭ᠋ᠠᠮᠢᠶᠡᠷᠣᠭᠤᠯᠬᠤ ᠪᠢᠰᠢ ᠣᠷᠤᠰᠢᠬᠤᠢ ᠶᠢᠨ ᠣᠳᠬᠠ ᠰᠡᠨᠠᠬ᠋ ᠠ᠋ | ᠶᠢ ᠬᠡᠷᠬᠢᠨ ᠪᠦᠲᠦᠭᠡᠨ ᠴᠣᠬᠴᠡᠯᠡᠭᠤᠯᠵᠦ ᠪᠠᠶᠢᠬ᠋ ᠠ᠋ ᠠᠴᠠ ᠨᠢ ᠴᠦ ᠡᠷᠢᠵᠦ ᠭ᠋ᠠᠶᠢᠬᠤ ᠨᠢ ᠵᠥᠢᠲᠡᠢ ᠶᠤᠮ᠃ ᠡᠨᠡ ᠨᠢ | ᠡᠴᠦᠰ ᠤᠨ ᠪᠦᠯᠦᠭ ᠲᠤ ᠬᠦᠮᠦᠨ ᠤ ᠣᠷᠤᠰᠢᠬᠤᠢ ᠢᠷᠠᠭᠡᠳᠦᠢ᠂ ᠬᠦᠮᠦᠨ – ᠪᠠᠶᠢᠭᠠᠯᠢ – ᠨᠠᠶᠢᠭᠡᠮ ᠤᠨ | ᠵᠣᠬᠢᠴᠡᠯᠳᠠ ᠭ᠋ᠠᠷᠢᠯᠴᠡᠭᠠᠨ ᠤ ᠲᠣᠬᠲᠡᠨᠢᠬᠤᠢ ︽ᠡᠷᠭᠡ ᠶᠢ︾ ᠲᠣᠳᠣᠷᠬᠠᠶᠢᠯᠡᠬᠤ ᠪᠤᠯᠤᠮᠵᠢ ᠶᠢ ᠨᠠᠭᠡᠭᠡᠬᠦ ᠳᠤ ᠳᠥᠬᠦᠮ | ᠲᠠᠢ ᠠᠯᠬᠤᠮ ᠪᠤᠯᠬᠤ ᠣᠴᠢᠷ ᠲᠠᠢ᠃ | ᠡᠨᠡ ᠣᠳᠬ ᠠ᠋ ᠪᠠᠷ ᠠᠪᠴᠥ ᠦᠵᠠᠪᠠᠯ᠂ ᠨᠠᠬᠦᠳᠠᠯᠴᠢᠳ᠂ ᠲᠣᠬᠠᠶᠢᠯᠡᠪᠠᠯ ᠮᠣᠩᠭᠤᠯᠴᠣᠳ ᠨᠠᠬᠦᠳᠠᠯ ᠤᠨ – ᠰᠣᠶᠣᠯ | ᠢᠷᠭᠡᠨᠰᠢᠯ ᠤᠨ ᠣᠳᠬᠠ ᠠᠭᠤᠯᠬ᠋ᠠ ᠶᠢ ᠢᠯᠠᠷᠭᠡᠶᠢᠯᠠᠬᠦ᠂ ᠴᠤᠬᠤᠮ ᠬᠦ᠋ ᠬᠦᠮᠦᠯᠢᠭ ᠨᠠᠶᠢᠭᠡᠮ ᠤᠨ ᠡᠳ᠋ ᠡᠰ ᠪᠤᠯᠬᠤ | ᠣᠯᠡᠨ ᠣᠯᠡᠨ ᠦᠨᠠ ᠴᠠᠨᠠᠲᠥ ᠵᠥᠢᠯ ᠪᠦᠲᠦᠭᠡᠵᠠᠢ ᠭᠡᠵᠦ ᠬᠡᠯᠠᠵᠦ ᠪᠤᠯᠤᠨᠠ᠃ ᠶᠡᠭᠤᠨ ᠤ ᠡᠮᠦᠨᠠ᠂ | ᠮᠣᠩᠭᠤᠯᠴᠣᠳ ᠶᠣᠰᠤ ᠰᠣᠷᠳᠡᠬᠤᠨᠳᠥ ᠬᠦᠮᠦᠨ ᠢ ᠣᠯᠡᠨ ᠵᠡᠭᠤᠨ ᠤ ᠲᠣᠷᠰᠢᠳᠠ ᠪᠦᠳᠦᠭᠡᠵᠤ ᠢᠷᠡᠭᠰᠠᠨ᠃ | ᠬ᠋ᠠᠵᠡᠷ ᠲᠡᠭᠷᠢ ᠶᠢ ᠰᠢᠲᠦᠳᠡᠭ᠂ ᠨᠢᠬᠦᠯ ᠢ ᠪᠤᠰᠥ ᠪᠤᠶᠡᠨ ᠦᠢᠯᠠᠳᠬᠦ ᠶᠢ ᠬᠢᠴᠢᠶᠠᠳᠡᠭ᠂ ᠬᠦᠮᠦᠨ ᠢ ᠭ᠋ᠤᠣᠷᠯᠡᠬᠤ ᠪᠤᠰᠥ | ᠠᠴᠢ ᠲᠤᠰᠠ ᠪᠤᠯᠬᠤ ᠶᠢ ᠡᠷᠠᠮᠠᠯᠵᠠᠳᠡᠭ᠂ ᠦᠪᠠᠷ ᠤᠨ ᠭ᠋ᠠᠷᠠ ᠠᠮᠢ ᠪᠠᠨ ᠪᠤᠰᠥ ᠪᠤᠰᠣᠳ ᠢ ᠠᠴᠢᠯᠡᠬᠤ ᠶᠢ᠂ | ᠢᠯᠡᠩᠭᠤᠶᠠ ᠡᠴᠢᠭᠡ ᠡᠭᠡ᠂ ᠡᠪᠤᠭᠡᠳ ᠦᠲᠠᠬᠦᠰ ᠢᠶᠠᠨ ᠠᠰᠡᠷᠡᠵᠦ ᠳᠠᠭᠡᠳᠦᠯᠠᠬᠦ ᠶᠢ ᠡᠷᠬᠢᠮᠯᠠᠳᠡᠭ᠂ ᠪᠠᠶᠢᠭᠠᠯᠢ ᠶᠢ | ᠬᠦᠨᠦᠭᠡᠬᠦ ᠰᠥᠢᠳᠭᠡᠬᠦ ᠪᠢᠰᠢ ᠪᠠᠶᠢᠯᠭᠠᠬᠤ ᠭ᠋ᠠᠮᠡᠭᠠᠯᠡᠬᠤ᠂ ᠠᠯᠢᠪᠠ ᠶᠢ ᠢᠳᠠᠵᠦ ᠣᠣᠭᠤᠵᠦ ᠬᠡᠷᠡᠭᠯᠠᠵᠦ ᠣᠰᠡᠳᠬᠠᠬᠤ | ᠪᠢᠰᠢ ︽ᠪᠠᠶᠢᠬ᠋ᠠ ᠪᠠᠶᠢᠳᠡᠯ ᠢᠶᠠᠷ ᠨᠢ ᠪᠠᠶᠢᠯᠭᠠᠵᠥ︾᠂ ᠪᠠᠶᠢᠬ᠋ᠠ ᠶᠢᠨ ᠰᠡᠶᠢᠬᠠᠨ ᠤ ᠨᠢ ᠣᠶᠢᠯᠡᠭᠠᠵᠤ ᠣᠬᠠᠭᠠᠷᠡᠵᠥ᠂ | ᠮᠠᠳᠠᠷᠠᠵᠥ᠂ ᠲᠠᠬᠦᠪᠠᠷ ᠢᠶᠠᠨ ᠵᠢᠷᠭᠠᠬᠤ ᠬᠦᠰᠠᠯ ᠡᠷᠠᠮᠠᠯᠵᠠᠯ ᠲᠠᠢ ᠬᠦᠮᠦᠨ ᠵᠤᠨ ᠡᠳᠦᠭᠡ ᠭ᠋ᠤᠷᠸᠠ ᠳᠠᠯᠠᠭᠡᠢ ᠳᠤ ᠲᠠᠶᠢᠮᠦ | ᠴᠦ ᠣᠯᠡᠨ ᠦᠭᠡᠢ ᠭᠡᠳᠡᠭ ᠲᠤ ᠢᠲᠠᠭᠡᠵᠦ ᠪᠤᠯᠤᠨᠠ᠃ ᠡᠶᠢᠮᠦ ᠬᠦᠮᠦᠰ ᠭ᠋ᠠᠷᠡᠮᠰᠡᠯᠲᠡᠢ ᠨᠢ ᠮᠣᠩᠭᠤᠯ ᠳᠤ ᠴᠦ ᠣᠳᠥ | ᠴᠥᠭᠡᠷᠠᠵᠦ ᠡᠬᠢᠯᠠᠵᠦ ᠪᠠᠶᠢᠬ᠋ᠠ᠃ ᠡᠴᠢᠭᠡ ᠡᠭᠡ᠂ ᠠᠨᠳᠠ ᠨᠥᠬᠦᠳ ᠢᠶᠠᠨ ᠠᠯᠡᠵᠥ ᠲᠡᠯᠡᠬᠤ ᠨᠢ ᠪᠢᠲᠠᠭᠡᠢ ᠬᠡᠯᠡ | ᠠᠭᠠᠰᠢᠯᠡᠵᠥ ᠵᠡᠩᠨᠡᠬᠤ ᠶᠢ ᠴᠦ ᠮᠣᠩᠭᠤᠯᠴᠣᠳ ᠴᠠᠭᠡᠷᠯᠠᠳᠡᠭ᠃ ᠵᠡᠰᠡᠬᠯᠡᠯ ᠤᠨ ᠡᠷᠭᠡᠨ ᠳᠤ᠂ ᠡᠷᠭᠡ ᠶᠢ ᠠᠪᠤᠬᠰᠡᠨ | ᠬᠡᠨ ᠨᠢᠭᠡᠨ ᠤ ᠡᠷᠭᠡᠰᠢᠶᠠᠯ ᠢᠶᠠᠷ ᠪᠤᠰᠣᠳ ᠲᠤ ᠳᠡᠶᠢᠯᠡᠷᠠ ᠣᠷᠤᠳᠠᠬ ᠪᠠᠶᠢᠬᠰᠡᠨ ᠠᠴᠠ ︽ᠨᠠᠶᠢᠭᠡᠮ ᠢ ᠪᠦᠲᠦᠭᠡᠭᠴᠢ︾ | ᠵᠢᠷ ᠣᠯᠡᠨ ᠨᠢ ᠦᠪᠠᠷ ᠤᠨ ᠰᠡᠨᠡᠭᠠᠴᠢᠯᠬ᠋ᠠ ᠪᠠᠷ ᠴᠠᠷᠢᠭ᠍ᠯᠡᠵᠥ ᠪᠦᠯᠦᠭᠯᠡᠭᠰᠠᠨ ᠬᠢᠭᠡᠳ ᠪᠤᠰᠴᠦ ᠦᠨᠳᠠᠶᠢᠭ᠍ᠰᠠᠨ ᠨᠢ | ᠲᠣᠭᠠᠯᠡᠬᠤᠶᠠ ᠭ᠋ᠤᠪᠤᠷ ᠶᠤᠮ᠃ ᠲᠠᠭᠡᠷᠠᠮ ᠲᠣᠨᠣᠭᠤᠯ ᠤᠨ ᠰᠡᠨᠠᠬ᠋ᠠ ᠨᠢ ᠬᠦᠷᠳᠠᠯᠠ ᠡᠰᠠᠷᠬᠦᠴᠠᠯ ᠤᠨ ᠬᠡᠯᠪᠠᠷᠢ᠂ | ᠰᠢᠳᠤᠷᠭᠤ ᠶᠣᠰᠣᠨ ᠤ ᠲᠠᠮᠠᠴᠠᠯ ᠪᠠᠶᠢᠬᠰᠡᠨ ᠭᠡᠵᠦ ᠣᠶᠢᠯᠡᠭᠠᠬᠤ ᠳᠤ ᠲᠡᠰᠢᠶᠡᠷᠡᠯ ᠪᠤᠯᠬᠤ ᠦᠭᠡᠢ᠃ | ᠮᠣᠩᠭᠤᠯᠴᠣᠳ ᠰᠡᠶᠢᠨ ᠣᠳᠣᠮ ᠣᠬᠰᠡᠭᠠᠨ ᠤ ᠲᠥᠯᠦᠭᠡ ᠲᠠᠮᠠᠴᠠᠵᠦ ᠢᠷᠡᠭᠰᠠᠨ ᠨᠢ ᠬᠦᠮᠦᠨ ᠤ ᠣᠷᠤᠰᠢᠬᠤᠢ ᠶᠢᠨ | ᠣᠳᠬᠠ ᠠᠭᠤᠯᠬ᠋ᠠ ᠠᠴᠠ ᠬᠦᠭᠡᠭᠡᠨ ᠪᠤᠳᠣᠪᠠᠯ ᠦᠨᠠᠭᠡᠷ ᠬ᠋ᠠᠶᠢᠬᠠᠮᠰᠢᠬᠲᠡᠢ ᠰᠡᠶᠢᠬᠠᠨ ᠰᠣᠶᠣᠯ ᠮᠥᠨ᠃ ᠮᠣᠩᠭᠤᠯ | ᠬᠦᠮᠦᠨ ᠤ ᠦᠪᠠᠷ ᠢ ᠪᠠᠨ ᠬᠢᠰᠡᠬᠤ᠂ ᠲᠠᠰᠪᠤᠷᠢᠯᠠᠬᠦ᠂ ᠦᠷᠦᠰᠢᠶᠠᠬᠦ ᠨᠢᠬᠦᠯᠠᠰᠭᠦ ᠴᠢᠳᠡᠪᠤᠷᠢ ᠪᠤᠯ ᠨᠠᠶᠢᠭᠡᠮᠰᠢᠯ᠂ | ᠢᠷᠭᠡᠨᠰᠢᠯ ᠤᠨ ᠢᠯᠠᠷᠭᠡᠶᠢᠯᠠᠯ ᠮᠥᠨ᠃ | ᠴᠢᠨᠡᠬᠰᠢᠯᠡᠪᠠᠯ᠂ ᠵᠣᠪᠠᠯᠡᠩ ᠢ ᠠᠮᠤᠭᠤᠯᠡᠩ ᠢᠶᠠᠷ ᠣᠬᠲᠤᠳᠠᠬ᠂ ᠦᠯᠦᠰᠬᠦᠯᠠᠩ ᠢ ᠪᠠᠶᠠ ᠪᠠᠷ ᠪᠤᠰᠥ ᠰᠠᠳᠬᠢᠯ ᠢᠶᠠᠷ | ᠳᠠᠶᠢᠯᠳᠡᠭ᠂ ᠰᠢᠨᠣᠯ ᠢ ᠬᠢᠰᠡᠯ ᠢᠶᠠᠷ ᠭ᠋ᠠᠭᠠᠳᠠᠬ᠂ ᠡᠷᠬᠢᠮ ᠲᠡᠩᠰᠤᠬ ᠢ ᠪᠤᠰᠥ ᠡᠭᠡᠯ ᠲᠡᠷᠦᠦ ᠶᠢ ᠡᠷᠬᠢᠮᠯᠠᠳᠡᠭ᠂ | ᠬᠡᠴᠠᠬᠦᠦ ᠭ᠋ᠠᠲᠡᠭᠤ ᠶᠢ ᠳᠡᠪᠠᠨ ᠲᠤᠭᠤᠯᠵᠥ ᠬᠡᠷᠡᠭ ᠲᠠᠢ ᠠᠴᠢ ᠲᠠᠢ ᠶᠢ ᠣᠯᠳᠠᠬ᠂ ᠨᠢᠭᠡ ᠪᠤᠰᠥ ᠭ᠋ᠤᠶᠡᠷ ᠪᠤᠳᠣᠬᠤ | ᠣᠷᠤᠨ ᠵᠡᠢ ᠴᠠᠬ ᠭ᠋ᠤᠭᠤᠴᠡᠭᠠᠨ ᠤ ᠡᠵᠠᠨ ᠪᠤᠯᠵᠥ ᠬᠦᠨᠳᠦ ᠨᠥᠬᠦᠴᠠᠯ᠂ ᠬ᠋ᠠᠷᠴᠠᠬ᠋ ᠠ᠋ ᠦᠭᠡᠢ ᠪᠠᠶᠢᠳᠡᠯ ᠳᠤ ᠵᠥᠪ | ᠰᠢᠢᠳᠦᠯ ᠢ ᠣᠯᠬᠤ ᠠᠷᠬ᠋ᠠ ᠣᠬᠠᠭᠠᠨ ᠢ ᠪᠤᠯᠪᠠᠰᠣᠷᠡᠭᠤᠯᠣᠬᠰᠡᠨ᠂ ᠶᠣᠰᠤ ᠰᠣᠷᠳᠡᠬᠤᠨᠳᠥ ᠬᠦᠮᠦᠨ ᠭᠡᠳᠡᠭ ᠪᠤᠯ | ᠲᠣᠮᠤ ᠰᠤᠶᠤᠯ ᠤᠨ ᠪᠦᠲᠦᠭᠡᠭᠳᠠᠬᠦᠨ᠂ ᠴᠤᠬᠤᠮ ᠬᠦ᠋ ᠬᠦᠮᠦᠯᠢᠭ ᠢᠷᠭᠡᠨᠰᠢᠯ ᠤᠨ ᠢᠯᠠᠷᠭᠡᠶᠢᠯᠠᠯ ᠮᠥᠨ᠃ | ᠮᠣᠩᠭᠤᠯᠴᠣᠳ ᠪᠠᠶᠢᠭᠠᠯᠢ ᠳᠠᠯᠠᠭᠡᠢ ᠪᠠᠨ ᠭ᠋ᠠᠶᠢᠷᠡᠯᠡᠬᠤ ᠠᠤᠬ᠋ᠠ ᠰᠡᠶᠢᠬᠠᠨ ᠦᠯᠢᠷᠭᠡᠷᠯᠠᠯ ᠢ ᠪᠤᠢ ᠪᠤᠯᠭᠠᠬᠰᠡᠨ᠃ ︽ | ᠦᠷᠠᠵᠢᠬᠦ ᠡᠭᠡ᠂ ᠦᠰᠬᠦ ᠨᠢᠯᠬᠠᠰ ᠢ ᠪᠤᠤ ᠬᠦᠨᠦᠭᠡ︾᠂ ︽ᠠᠮᠢᠳᠦ ᠠᠮᠢᠳᠡᠨ ᠢ ᠭ᠋ᠤᠷᠣᠭᠠᠪᠠᠯ ᠠᠮᠢᠰᠬᠤᠯ ᠠᠴᠠ | ᠪᠤᠰᠣᠳ ᠢ ᠨᠢ ᠠᠰᠢᠬᠯᠠ︾᠂ ︽ᠭ᠋ᠤᠶᠡᠷ ᠤᠨ ᠨᠢᠭᠡ ᠶᠢ ᠦᠯᠠᠳᠡᠭᠡ᠂ ᠭ᠋ᠤᠣᠷᠯᠡᠬᠤ ᠪᠠᠷ ᠡᠮᠦᠨᠠ ᠠᠴᠢᠯᠡᠬᠤ ᠶᠢ | ᠪᠤᠳᠤ︾ ᠭᠡᠬᠦ ᠵᠠᠷᠭᠡ ᠰᠣᠷᠭᠠᠯ ᠨᠣᠮᠯᠡᠯ ᠨᠢ ᠮᠣᠩᠭᠤᠯᠴᠣᠳ ᠤᠨ ᠬᠡᠷᠡᠭᠯᠠᠭᠡᠨ ᠤ ᠣᠳᠤᠷᠢᠳᠤᠮᠵᠢ ᠪᠤᠯᠵᠥ ᠢᠷᠠᠵᠠᠢ | ᠭᠡᠵᠦ ᠣᠶᠢᠯᠡᠭᠠᠵᠤ ᠪᠤᠯᠤᠨᠠ᠃ ︽ᠪᠠᠷᠡᠵᠦ ᠢᠳᠠᠬᠦ ᠠᠴᠠ ᠮᠠᠷᠠᠵᠦ ᠢᠳᠡ︕︾ ᠭᠡᠳᠡᠭ ᠪᠤᠯ ᠪᠠᠶᠢᠭᠠᠯᠢ ᠶᠢ | ᠭ᠋ᠠᠮᠡᠭᠠᠯᠡᠬᠤ ᠬᠦᠨ ᠣᠬᠠᠭᠠᠨ ᠤ ᠦᠨᠳᠦᠰᠦ ᠮᠥᠨ᠃ | ᠮᠣᠩᠭᠤᠯᠴᠣᠳ ᠤᠨ ᠬᠦᠭᠵᠢᠭᠡ ᠦᠭᠡᠢ ᠨᠢ ᠦᠢᠯᠠᠳᠪᠤᠷᠢᠯᠠᠬᠦ ᠬᠦᠴᠦᠨ ᠤ ᠳᠣᠷᠣᠢ ᠪᠠᠭᠤᠷᠡᠢ ᠪᠠᠶᠢᠳᠡᠯ᠂ ᠣᠷᠤᠰᠢᠨ | ᠪᠤᠢ ᠭ᠋ᠠᠬᠢᠷ ᠭ᠋ᠠᠳᠡᠭᠤ ᠣᠷᠴᠢᠨ ᠨᠥᠬᠦᠴᠠᠯ᠂ ᠦᠪᠠᠷᠰᠠᠳ ᠤᠨ ᠬᠢᠨᠢ ᠨᠢ ᠵᠡᠯᠬᠠᠭᠤ ᠭ᠋ᠤᠶᠢᠷᠡᠭᠤ᠂ ᠠᠷᠴᠠᠬ᠋ ᠠ᠋ ᠦᠭᠡᠢ | ᠠᠴᠠ ᠴᠦ ᠰᠢᠯᠲᠡᠭᠠᠯᠡᠬᠰᠡᠨ ᠲᠠᠳᠦᠢ ᠦᠭᠡᠢ ᠬ᠋ᠤᠣᠯ ᠨᠢ ᠲᠠᠳᠠᠨ ᠤ ᠶᠢᠷᠳᠢᠨᠴᠤ ᠶᠢ ᠦᠵᠠᠬᠦ ᠦᠵᠠᠯ᠂ ᠲᠣᠬᠠᠶᠢᠯᠡᠪᠠᠯ | ᠦᠪᠠᠷᠰᠠᠳ ᠢᠶᠠᠨ ᠪᠠᠶᠢᠭᠠᠯᠢ ᠶᠢᠨ ᠨᠢᠭᠡ ᠰᠡᠯᠤᠰᠢ ᠦᠭᠡᠢ ᠬᠡᠰᠡᠭ᠂ ᠪᠠᠶᠢᠭᠠᠯᠢ ᠲᠠᠯᠠᠭᠡᠢ ᠶᠢᠨ ᠲᠥᠷᠦᠭᠰᠠᠨ ᠦᠷᠠ ᠨᠢ | ᠂ ᠲᠠᠶᠢᠮᠦ ᠣᠴᠢᠷ ᠠᠴᠠ ᠡᠴᠢᠭᠡ ᠡᠭᠡ ᠶᠢᠨ ᠦᠭᠡᠳᠡ ᠠᠴᠠ ᠬ᠋ᠠᠷ ᠳᠡᠯᠡᠶᠢᠬᠤ ᠶᠤᠰᠥ ᠦᠭᠡᠢ ᠭᠡᠵᠦ ᠦᠵᠠᠳᠡᠭ | ᠨᠣᠮᠯᠡᠯ ᠰᠣᠷᠭᠠᠯ ᠬᠢᠭᠡᠳ ᠬᠦᠮᠦᠨ ᠨᠢᠭᠡᠨ ᠨᠡᠰᠤᠨ ᠤ ᠬᠢ ᠪᠤᠰᠥ ᠲᠣᠯᠠ ᠦᠬᠦᠬᠦ ᠳᠡᠭᠡᠨ ᠠᠪᠤᠭᠠᠳ ᠶᠡᠪᠤᠬᠤ ᠦᠭᠡᠢ | ᠡᠳ᠋ ᠦᠯᠭᠡ ᠴᠣᠬᠯᠡᠭᠤᠯᠬᠤ ᠠᠴᠠ ᠡᠨᠡ ᠨᠡᠰᠥ ᠶᠢ ᠪᠠᠶᠡᠰᠬᠠᠬᠤ ᠡᠷᠳᠠᠮ ᠨᠣᠮ ᠭ᠋ᠤᠷᠢᠶᠡᠬᠤ ᠨᠢ ᠴᠢᠬᠤᠯᠠ ᠭᠡᠳᠡᠭ | ᠪᠤᠳᠤᠯ ᠦᠵᠠᠯ ᠲᠠᠢ ᠨᠢ ᠭ᠋ᠤᠯᠪᠤᠬ᠋ ᠠ᠋ ᠲᠠᠢ ᠶᠤᠮ᠃ ᠶᠠᠷᠦ ᠨᠢ ᠨᠠᠬᠦᠳᠠᠯ ᠤᠨ ᠰᠣᠶᠣᠯ ᠢᠷᠭᠡᠨᠰᠢᠯ ᠨᠢ ᠡᠳ᠋ ᠤᠨ | ᠰᠣᠶᠣᠯ ᠢ ᠪᠦᠲᠦᠭᠡᠭᠦ ᠠᠴᠠ ᠪᠠᠨ ᠭ᠋ᠠᠷᠢᠯᠴᠡᠭᠠᠨ ᠤ ᠰᠣᠶᠣᠯ᠂ ᠣᠶᠢᠯᠡᠭᠠᠯᠲᠠ ᠣᠬᠠᠭᠠᠷᠡᠯ ᠤᠨ ᠰᠣᠶᠣᠯ ᠢ ᠢᠯᠠᠬᠦᠦ | ᠶᠠᠭᠡᠪᠠᠷ ᠪᠦᠲᠦᠭᠡᠭᠰᠠᠨ ᠭᠡᠵᠦ ᠦᠵᠠᠵᠦ ᠪᠤᠯᠤᠨᠠ᠃ | ᠲᠠᠶᠢᠮᠦ ᠴᠦ ᠣᠴᠢᠷ ᠠᠴᠠ ᠨᠠᠶᠢᠭᠡᠮ ᠤᠨ ᠭ᠋ᠠᠷᠢᠯᠴᠡᠭᠠᠨ ᠤ ︽ᠮᠡᠬᠠᠪᠤᠳ ᠲᠤ︾ ᠰᠢᠩᠭᠡᠭᠡᠵᠥ᠂ ᠠᠵᠥ ᠲᠥᠷᠦᠬᠦᠢ | ᠶᠢᠨ ᠣᠳᠬᠠ ᠠᠭᠤᠯᠬ᠋ᠠ ᠶᠢ ᠢᠯᠠᠷᠭᠡᠶᠢᠯᠡᠭᠰᠠᠨ ᠦᠨᠳᠦᠰᠦᠨ ᠤ ᠮᠠᠳᠠᠯᠭᠡ᠂ ᠬᠦᠨ ᠣᠬᠠᠭᠠᠨ᠂ ᠦᠵᠠᠯ ᠪᠠᠷᠢᠮᠳᠡᠯᠡᠯ | ᠨᠢ ᠬᠦᠮᠦᠨ ᠲᠥᠷᠦᠯᠬᠢᠲᠠᠨ ᠤ ᠬᠦᠷᠲᠠᠭᠡᠯ ᠪᠤᠯᠵᠥ᠂ ᠰᠤᠶᠤᠯ ᠤᠨ ᠦᠨᠠᠲᠤ ᠵᠥᠢᠯᠠᠰ ᠤᠨ ᠭ᠋ᠤᠪᠢ ᠳᠤ | ᠣᠯᠡᠮᠵᠢᠯᠡᠬᠳᠡᠨ ᠬᠦᠭᠵᠢᠵᠦ᠂ ᠪᠦᠬᠦ ᠨᠠᠶᠢᠲᠡ ᠶᠢᠨ ᠦᠪ ᠪᠤᠯᠬᠤ ᠭᠡᠭᠡᠨ ᠢᠷᠠᠭᠡᠳᠦᠢ᠂ ᠶᠡᠭᠡ ᠭ᠋ᠤᠪᠢ ᠲᠡᠪᠢᠯᠡᠩ | ᠬᠦᠯᠢᠶᠡᠭᠳᠠᠵᠥ ᠪᠤᠢ ᠶᠤᠮ᠃ | ᠮᠣᠩᠭᠤᠯᠴᠣᠳ ᠤᠨ ᠣᠯᠡᠨ ᠵᠡᠭᠤᠨ ᠢᠶᠠᠷ ᠬᠦᠭᠵᠢᠬᠦᠯᠵᠦ ᠪᠤᠯᠪᠠᠰᠤᠷᠡᠭᠤᠯᠵᠥ ᠢᠷᠡᠭᠰᠠᠨ ᠮᠡᠯ ᠮᠡᠯᠡᠯᠭᠠᠨ ᠤ | ᠲᠧᠭᠨᠣᠯᠣᠬᠢ᠂ ᠠᠷᠡᠳ ᠤᠨ ᠰᠧᠯᠡᠭᠴ ᠶᠢᠨ ᠠᠷᠬ᠋ᠠ᠂ ᠲᠡᠭᠷᠢ ᠬ᠋ᠠᠵᠡᠷ ᠢ ︽ᠣᠩᠰᠢᠬᠤ ᠡᠷᠳᠠᠮ︾᠂ ᠣᠳᠥ ᠡᠷᠭᠡᠰ | ᠤᠨ ᠬᠦᠳᠠᠯᠭᠡᠭᠡᠨ ᠢ ᠬᠦᠮᠦᠨ ᠤ ᠪᠤᠳᠡᠭᠠᠯᠢ ᠠᠮᠢᠳᠤᠷᠡᠯ᠂ ᠬ᠋ᠠᠵᠡᠷ ᠲᠠᠯᠠᠭᠡᠢ ᠶᠢᠨ ᠶᠡᠪᠤᠳᠡᠯ ᠲᠠᠢ ᠭ᠋ᠤᠯᠪᠤᠬᠤ ᠣᠬᠠᠭᠠᠨ᠂ | ᠪᠠᠶᠢᠭᠠᠯᠢ ᠶᠢ ᠬᠦᠨᠦᠭᠡᠯ ᠦᠭᠡᠢ᠂ ᠦᠪᠠᠷ ᠢ ᠪᠠᠨ ᠰᠥᠨᠦᠭᠡᠯ ᠦᠭᠡᠢ ᠣᠷᠣᠰᠢᠬᠤ ᠬᠦᠨ ᠣᠬᠠᠭᠠᠨ ᠳᠤ ᠲᠥᠰᠢᠨ | ᠬᠦᠭᠵᠢᠬᠦᠯᠵᠦ ᠢᠷᠡᠭᠰᠠᠨ ᠣᠪᠤᠷ ᠪᠠᠬ᠋ᠠ᠂ ᠭᠡᠷ ᠠᠬᠤᠢ ᠶᠢᠨ ᠭᠡᠭᠳᠠᠭᠦ ᠪᠠᠷ ᠵᠢᠵᠢᠭ ᠠᠪᠰᠡᠷ ᠦᠢᠯᠠᠳᠪᠤᠷᠢᠯᠠᠯ᠂ | ᠲᠣᠬᠠᠶᠢᠯᠡᠪᠠᠯ ᠢᠳᠡᠭᠡ ᠣᠮᠳᠡᠭᠠᠨ ᠭ᠋ᠠᠳᠡᠭᠠᠯᠡᠵᠥ ᠭ᠋ᠠᠮᠡᠭᠠᠯᠡᠬᠤ ᠠᠷᠬ᠋ᠠ ( ᠭ᠋ᠠᠲᠡᠭᠠᠬᠤ᠂ ᠬᠦᠯᠳᠠᠭᠡᠬᠦ᠂ ᠱᠣᠣᠵᠢᠯᠡᠬᠤ᠂ | ᠦᠬᠦᠴᠠᠯᠠᠭᠦ )᠂ ᠠᠪᠠ ᠠᠩᠨᠡᠭᠤᠷ ᠤᠨ ᠠᠷᠬ᠋ᠠ ᠣᠬᠠᠭᠠᠨ᠂ ᠠᠨᠡᠭᠠᠬᠤ ᠡᠳᠠᠭᠡᠭᠡᠬᠦ ᠢᠵᠢ ᠴᠤᠬᠴᠡᠯᠡᠪᠤᠷᠢ ᠪᠠᠷ ᠡᠮᠨᠠᠬᠦᠢ | ᠶᠢᠨ ᠠᠷᠬ᠋ᠠ ᠣᠬᠠᠭᠠᠨ᠂ ᠲᠣᠬᠲᠡᠯᠴᠠᠬ᠋ ᠠ᠋᠂ ᠢᠯᠡᠩᠭᠤᠶᠠ ᠭ᠋ᠠᠳᠬᠤᠬᠤ᠂ ᠲᠥᠭᠡᠨᠠᠬᠦ᠂ ᠪᠠᠷᠢᠬᠤ᠂ ᠵᠠᠬᠦᠦ ᠲᠡᠯᠪᠢᠬᠤ | ᠠᠷᠬ᠋ᠠ᠂ ᠲᠠᠷᠠᠴᠢᠯᠠᠨ ᠰᠠᠳᠬᠢᠯ ᠵᠥᠢ ᠶᠢᠨ ᠰᠣᠪᠢᠯᠡᠯ ᠤᠳ᠂ ᠶᠢᠷᠳᠢᠨᠴᠤ ᠶᠢ ᠣᠬᠠᠭᠠᠷᠡᠬᠤ ᠴᠢᠳᠡᠪᠤᠷᠢ᠂ ᠠᠪᠢᠶᠡᠰ | ᠪᠢᠯᠢᠭ ᠢ ᠬᠦᠭᠵᠢᠬᠦᠯᠦᠭᠰᠠᠨ ᠣᠯᠡᠨ ᠠᠷᠬ᠋ᠠ ᠴᠢᠳᠡᠪᠤᠷᠢ᠂ ᠪᠠᠷᠢᠯ ᠲᠡᠪᠢᠯ᠂ ᠡᠷᠳᠠᠮ ᠣᠬᠠᠭᠠᠨ ᠨᠢ ᠨᠠᠬᠦᠳᠠᠯᠴᠢᠳ ᠤᠨ | ᠭ᠋ᠤᠣᠰ ᠦᠭᠡᠢ ᠪᠦᠲᠦᠭᠡᠯ᠂ ᠬᠦᠮᠦᠨ ᠲᠥᠷᠦᠯᠬᠢᠲᠠᠨ ᠬᠡᠴᠢᠨᠠᠨ ᠬᠦᠭᠵᠢᠵᠦ᠂ ᠶᠡᠭᠠᠬᠢᠵᠥ ︽ᠲᠧᠭᠨᠢᠭᠴᠢᠯᠡᠭᠡ︾ ᠴᠦ | ᠠᠩᠵᠡᠭᠠᠷᠡᠵᠦ ᠣᠬᠠᠭᠠᠷᠡᠨ᠂ ᠠᠪᠴᠥ ᠬᠡᠷᠡᠭᠯᠠᠭᠦ ᠦᠨᠠᠲᠤ ᠦᠪ᠂ ᠦᠨᠠ ᠴᠠᠨᠠᠲᠥ ᠵᠥᠢᠯᠠᠰ ᠮᠥᠨ ᠭᠡᠳᠡᠭ ᠲᠤ | ᠡᠷᠠᠭᠡᠯᠵᠠᠬᠦ ᠣᠴᠢᠷ ᠦᠭᠡᠢ᠃ | ᠨᠠᠬᠦᠳᠠᠯᠴᠢᠳ᠂ ᠲᠠᠬᠦᠨ ᠤ ᠲᠤᠳᠤᠷᠠ ᠮᠣᠩᠭᠤᠯᠴᠣᠳ ᠶᠡᠭᠡ ᠢᠳᠠᠬᠦ᠂ ᠶᠡᠭᠡ ᠬᠡᠷᠡᠭᠯᠠᠭᠦ᠂ ᠣᠯᠡᠨ ᠵᠥᠢᠯ ᠢ | ᠠᠰᠢᠬᠯᠡᠵᠦ ᠬᠡᠷᠡᠭᠯᠠᠭᠦ᠂ ᠦᠪᠠᠷ ᠢ ᠪᠠᠨ ᠭ᠋ᠤᠷᠸᠠ ᠶᠢᠨ ᠠᠮᠢᠳᠣᠷᠡᠯ ᠠᠴᠠ ︽ᠴᠢᠯᠤᠭᠡᠯᠠᠵᠥ︾ ᠲᠡᠪᠠ ᠲᠤᠬᠤ ᠶᠢ | ᠭ᠋ᠠᠩᠭᠠᠬᠤ ᠶᠢ ᠮᠥᠷᠦᠭᠡᠳᠴᠥ᠂ ᠢᠷᠠᠭᠡᠳᠦᠢ ᠶᠢ ᠬᠦᠯᠢᠶᠠᠨ ᠬ᠋ᠠᠷ ᠭ᠋ᠤᠮᠬᠢᠨ ᠰᠡᠭᠤᠯ ᠦᠭᠡᠢ᠂ ᠲᠠᠪᠴᠢᠶᠠᠷᠢ | ᠭ᠋ᠠᠲᠡᠭᠤᠵᠢᠯᠲᠡᠢ ᠪᠤᠯᠵᠥ᠂ ᠦᠯᠦ ᠳᠡᠭᠠᠭᠠᠬᠤ ᠴᠢᠳᠡᠪᠤᠷᠢ ᠪᠠᠨ ᠬᠦᠭᠵᠢᠬᠦᠯᠵᠦ᠂ ᠰᠠᠳᠭᠢᠯ ᠤᠨ ᠭ᠋ᠠᠲᠠ ᠰᠡᠭᠤᠵᠥ᠂ | ᠠᠯᠢ ᠪᠤᠯᠬᠤ ᠪᠠᠷ ᠦᠪᠠᠷ ᠢ ᠪᠠᠨ ᠬᠢᠰᠡᠵᠦ᠂ ᠬᠢᠮᠡᠭᠠᠳᠡᠬᠤ ᠣᠬᠠᠭᠠᠨ ᠢ ᠪᠤᠯᠪᠠᠰᠤᠷᠡᠭᠤᠯᠵᠥ ᠢᠷᠡᠭᠰᠠᠨ ᠪᠠᠶᠢᠨᠠ᠃ | ᠨᠠᠬᠦᠳᠠᠯᠴᠢᠳ ᠮᠡᠰᠢᠨ ᠲᠠᠷᠭᠡ᠂ ᠣᠩᠭᠤᠴᠠ᠂ ᠫᠤᠣᠵᠢᠩ ᠪᠦᠳᠦᠭᠡᠬᠦ ᠶᠢ ᠮᠥᠷᠦᠭᠡᠳᠬᠦ ᠶᠢᠨ ᠣᠷᠤᠨ ᠳᠤ ᠬᠦᠰᠡᠭᠰᠠᠨ | ᠴᠠᠬ ᠲᠠᠭᠠᠨ ᠦᠪᠠᠷ ᠤᠨ ᠪᠠᠶᠠ ᠪᠠᠷ ᠨᠢᠰᠦᠨ ᠣᠳᠬᠤ ᠡᠷᠳᠠᠮ ᠣᠬᠠᠭᠠᠨ ᠰᠤᠷᠬᠤ ( levitation )᠂ ᠣᠷᠳᠤᠨ | ᠭ᠋ᠠᠷᠰᠢ ︽ᠣᠪᠤᠭᠠᠯᠡᠬᠤ︾ ᠶᠢᠨ ᠣᠷᠤᠨ ᠳᠤ ᠶᠢᠷᠳᠢᠨᠴᠤ ᠶᠢᠨ ᠡᠷᠴᠢᠮ ᠢ ︽ᠦᠪᠠᠷ ᠲᠡᠭᠡᠨ ᠰᠡᠪᠠᠯᠡᠨ︾ ᠨᠡᠷᠠ᠂ | ᠭ᠋ᠤᠷᠠ ᠪᠠᠷ ᠪᠠᠶᠠ ᠪᠠᠨ ᠴᠠᠨᠡᠭᠯᠠᠭᠦ ᠠᠷᠬ᠋ᠠ ᠴᠡᠷᠬ᠋ᠠ᠂ ᠪᠠᠷᠡᠵᠦ ᠶᠡᠳᠡᠬᠰᠡᠨ ᠢᠳᠠᠰᠢ ᠣᠣᠭᠤᠰᠢ ᠪᠠᠵᠡᠭᠠᠵᠦ ᠭ᠋ᠤᠷᠢᠶᠡᠯ | ᠦᠭᠡᠢ᠂ ᠪᠠᠶᠢᠬ᠋ ᠠ᠋ ᠳᠠᠭᠠᠨ ᠰᠠᠳᠭᠢᠯ ᠴᠡᠳᠴᠦ᠂ ︽ᠣᠶᠣᠨ ᠢᠶᠠᠷ ᠢᠶᠠᠨ ᠭ᠋ᠤᠭᠤᠯᠡᠯᠡᠬᠤ︾ ᠣᠪᠠᠳᠢᠰ ᠣᠬᠠᠭᠠᠨ ᠢ | ᠬᠦᠭᠵᠢᠬᠦᠯᠦᠭᠰᠠᠭᠡᠷ ᠢᠷᠠᠵᠠᠢ᠃ | ᠪᠠᠶᠢᠭᠠᠯᠢ ᠠᠴᠠ ᠬᠦᠴᠦᠷᠭᠡᠶᠢᠯᠠᠨ ︽ᠪᠤᠯᠢᠶᠡᠨ ᠠᠪᠤᠬᠰᠡᠨ︾ ᠬᠢᠷᠢ ᠨᠢ ᠦᠪᠠᠷ ᠢᠶᠠᠨ ᠠᠰᠢᠬᠯᠡᠵᠦ ᠬᠡᠷᠡᠭᠯᠠᠬᠦ ᠦᠭᠡᠢ᠂ | ᠡᠷᠭᠢᠭᠡᠳ ᠪᠠᠶᠢᠭᠠᠯᠢ ᠳᠤ ᠠᠭᠤᠰᠤᠨ ᠨᠠᠶᠢᠯᠠᠵᠦ᠂ ᠶᠢᠷᠳᠢᠨᠴᠤ ᠶᠢᠨ ᠪᠦᠬᠦᠯᠢ ᠪᠦᠳᠦᠨ ᠢ ᠪᠤᠢ ᠪᠤᠯᠭᠠᠵᠥ ᠴᠢᠳᠡᠬᠤ | ᠦᠭᠡᠢ ᠪᠤᠯᠣᠬᠰᠡᠨ ᠡᠳ᠋ ᠠᠭᠤᠷᠡᠰᠥ ᠵᠢᠯ ᠠᠴᠠ ᠵᠢᠯ ᠳᠤ ᠨᠠᠮᠡᠭᠳᠠᠨ ᠪᠤᠢ ᠶᠢ ᠪᠠᠷᠡᠭᠤᠨ ᠤ ᠪᠠᠷᠢᠮᠵᠢᠶᠡᠯᠡᠯᠳᠥ ᠰᠣᠶᠣᠯ | ᠢᠷᠭᠡᠨᠰᠢᠯ ᠢ ︽ᠮᠡᠩᠯᠡᠶᠢᠯᠡᠬᠴᠢᠳ︾ ᠣᠶᠢᠯᠡᠭᠠᠵᠤ ᠣᠬᠠᠭᠠᠷᠡᠬᠤ ᠴᠠᠬ ᠨᠢᠭᠡᠨᠲᠡ ᠢᠷᠡᠭᠰᠠᠨ ᠪᠤᠯᠣᠯᠲᠡᠢ᠃ | ᠰᠡᠭᠤᠷᠢᠰᠢᠯ ᠤᠨ ᠰᠣᠶᠣᠯ ᠢᠷᠭᠡᠨᠰᠢᠯ ᠨᠢ ᠪᠠᠶᠢᠭᠠᠯᠢ ᠲᠠᠯᠠᠭᠡᠢ ᠶᠢᠨ ᠣᠷᠤᠰᠢᠬᠤᠢ᠂ ᠴᠢᠨᠡᠬᠰᠢᠯᠡᠪᠠᠯ ᠶᠢᠷᠳᠢᠨᠴᠤ ᠶᠢᠨ | ᠣᠷᠴᠢᠯ ᠳᠤ ᠨᠥᠯᠦᠭᠡᠯᠠᠵᠥ᠂ ᠲᠠᠷᠡ ᠨᠢ ᠬᠦᠮᠦᠨ ᠲᠥᠷᠦᠯᠬᠢᠲᠠᠨ ᠤ ᠣᠷᠤᠰᠢᠨ ᠲᠣᠬᠲᠡᠨᠢᠬᠤᠢ ᠦᠨᠠᠮᠠᠯᠠᠬᠦ ᠦᠭᠡᠢ | ᠭ᠋ᠤᠭᠤᠴᠠᠬ᠋ ᠠ᠋ ᠶᠢ ᠭ᠋ᠤᠷᠤᠭᠠᠨ ᠬᠢᠮᠤᠰᠤᠯᠡᠵᠥ᠂ ᠰᠥᠢᠷᠠᠯ ᠬᠦᠨᠦᠭᠡᠯ ᠢ ᠲᠡᠭᠤᠳᠡᠬᠰᠡᠭᠠᠷ ᠪᠠᠶᠢᠬ᠋ᠠ ᠭᠡᠵᠦ ᠦᠵᠠᠵᠦ | ᠪᠤᠯᠤᠨᠠ᠃ | ᠭᠡᠳᠠᠯᠠ ᠮᠣᠩᠭᠤᠯᠴᠣᠳ ᠡᠬᠦᠨ ᠤ ᠡᠰᠠᠷᠭᠦ ᠣᠬᠠᠭᠠᠯᠢᠬ ᠬᠡᠷᠡᠭᠯᠠᠭᠡᠨ ᠤ ᠰᠣᠶᠣᠯ ᠢ ᠪᠤᠢ ᠪᠤᠯᠭᠠᠵᠥ ᠴᠢᠳᠡᠬᠰᠡᠨ ᠶᠤᠮ᠃ | ᠡᠨᠡ ᠰᠣᠶᠣᠯ ᠨᠢ ︽ᠬ᠋ᠠᠵᠡᠷ ᠳᠠᠯᠠᠭᠡᠢ ᠶᠢ ᠪᠢᠳᠡ ᠡᠮᠦᠨᠠᠬᠢ ᠦᠶᠠ ᠠᠴᠠ ᠪᠠᠨ ᠦᠪᠯᠠᠨ ᠠᠪᠤᠬ᠋ᠠ ᠦᠭᠡᠢ᠂ ᠭ᠋ᠠᠷᠢᠨ | ᠭ᠋ᠤᠶᠢᠴᠢ ᠦᠶᠠ ᠠᠴᠠ ᠪᠠᠨ ᠵᠢᠭᠡᠯᠢᠳᠦᠨ ᠡᠳ᠋ᠯᠠᠵᠦ ᠪᠤᠢ︾ ᠭᠡᠳᠡᠭ ᠣᠬᠠᠭᠠᠷᠡᠯ᠂ ᠦᠵᠠᠯ ᠪᠠᠷᠢᠮᠲᠡᠯᠡᠯ ᠢᠶᠠᠷ ᠨᠢ | ᠲᠤᠲᠤᠷᠬᠠᠶᠢᠯᠡᠬᠳᠡᠳᠠᠬ᠃ ᠰᠤᠨᠢᠭᠤᠴᠢ᠂ ᠱᠣᠬᠤᠭᠠᠷᠡᠬᠴᠢ ᠰᠠᠳᠭᠢᠯ᠂ ᠭ᠋ᠠᠨᠣᠵᠦ ᠴᠡᠳᠳᠠᠬ ᠦᠭᠡᠢ ᠵᠡᠩ ᠴᠢᠨᠡᠷ ᠪᠤᠯ | ᠬᠦᠮᠦᠨ ᠤ ᠮᠥᠨ ᠴᠢᠨᠡᠷ ᠤᠨ ᠨᠢᠭᠡᠨ ᠢᠯᠠᠷᠭᠡᠶᠢᠯᠠᠯ ᠮᠥᠨ᠃ ᠴᠤᠬᠤᠮ ᠬᠦ᠋ ᠲᠠᠬᠦᠨ ᠲᠠᠭᠡᠷᠠ ᠨᠢ ᠯᠠ ᠲᠥᠷᠦᠭᠡᠯᠠᠵᠦ᠂ | ᠦᠶᠠ ᠦᠶᠠ ᠳᠡᠮᠵᠢᠨ ᠠᠮᠢᠵᠢᠷᠡᠬᠤᠢ ᠶᠢᠨ ᠭ᠋ᠠᠮᠡᠭᠠᠯᠡᠯ ᠪᠤᠯᠭᠠᠨ ᠨᠥᠭᠡᠴᠠᠯᠠᠵᠥ ᠭ᠋ᠤᠷᠢᠶᠡᠬᠰᠡᠨ ᠠᠩᠬᠠᠨ ᠤ | ᠭ᠋ᠤᠷᠡᠮᠳᠤᠯ ᠢ ᠨᠢ ᠡᠬᠢᠯᠠᠭᠡᠳ ᠭ᠋ᠤᠳᠡᠯᠴᠡᠭᠠᠴᠢᠳ᠂ ᠳᠡᠷᠠᠬ᠋ ᠠ᠋ ᠨᠢ ᠦᠢᠯᠠᠳᠪᠤᠷᠢᠯᠡᠭᠴᠢᠳ ︽ᠯᠡᠬᠠᠶᠢᠳᠡᠨ︾ ᠠᠪᠴᠥ᠂ | ᠬᠦᠮᠦᠨ ᠤ ᠡᠳ᠋ ᠤᠨ ᠳ᠋ᠣᠨ᠂ ᠡᠵᠠᠮᠰᠢᠵᠦ ᠬᠡᠷᠡᠭᠯᠠᠬᠦᠢ ᠰᠢᠨᠣᠯ ᠢ ᠨᠢ ᠬᠦᠭᠡᠭᠡᠷᠡᠭᠳᠡᠭᠰᠠᠨ ᠲᠠᠷᠡ ᠨᠢᠭᠡᠨ ᠴᠠᠬ ᠠᠴᠠ | ᠭ᠋ᠤᠶᠢᠰᠢ ᠯᠠ ᠬᠦᠮᠦᠨ ᠲᠥᠷᠦᠯᠬᠢᠲᠠᠨ ᠪᠠᠶᠡᠵᠢᠬᠤ ᠶᠢᠨ ᠬᠦᠢᠴᠡᠭᠳᠠᠰᠢᠬᠦᠢ ᠬᠦᠰᠠᠯᠠᠩ ᠳᠤ ᠪᠠᠨ ᠬᠦᠲᠦᠯᠦᠭᠳᠠᠨ᠂ | ᠡᠪᠳᠠᠯᠵᠦ ᠨᠣᠷᠡᠭᠠᠬᠰᠡᠨ ᠪᠦᠬᠦᠨ ᠢᠶᠠᠨ ᠪᠦᠲᠦᠭᠡᠯ ᠭᠡᠮᠠᠨ ᠮᠡᠬᠳᠡᠵᠥ ᠢᠷᠡᠭᠰᠠᠨ ᠭᠡᠵᠦ ᠦᠵᠠᠵᠦ ᠪᠤᠯᠤᠨᠠ᠃ ᠳᠠᠪᠰᠢᠯ | ᠂ ᠬᠦᠭᠵᠢᠯ ᠨᠠᠷᠠᠲᠦ ᠲᠠᠷᠠᠬᠦ ︽ᠬᠦᠨᠦᠭᠡᠭᠴᠢ︾ ᠵᠡᠮᠨᠡᠯ ᠠᠴᠠ ᠣᠳᠥ ᠲᠡᠲᠡᠭᠠᠯᠵᠡᠬᠤ ᠳᠤ ᠨᠢᠭᠡᠨᠲᠡ ᠦᠩᠭᠡᠷᠡᠭᠰᠠᠨ | ᠲᠣᠯᠠ ᠡᠷᠭᠡᠪᠰᠢ ᠲᠠᠬᠦᠨ ᠢ ᠣᠶᠢᠯᠡᠭᠠᠵᠤ ᠮᠠᠳᠠᠳᠡᠭ᠂ ᠣᠬᠠᠭᠠᠯᠢᠬ ᠠᠮᠢᠳᠤᠷᠡᠵᠥ ᠢᠷᠡᠭᠰᠠᠨ ᠨᠢᠭᠡᠨ ᠢᠶᠠᠨ ᠢᠯᠠᠬᠦᠦ | ᠬᠦᠨᠳᠦᠳᠭᠡᠵᠤ᠂ ᠪᠦᠲᠦᠭᠡᠭᠰᠠᠨ ᠦᠨᠠ ᠴᠠᠨᠠᠲᠥ ᠵᠥᠢᠯᠠᠰ ᠣᠷᠣᠭᠤ ᠨᠢ ᠲᠥᠷᠢᠮᠠᠭᠡᠶᠢᠯᠠᠨ ᠣᠷᠤᠬᠤ ᠶᠢᠨ ᠣᠷᠤᠨ ᠳᠤ | ᠂ ᠭ᠋ᠠᠶᠢᠷᠡᠯᠡᠨ ᠡᠳ᠋ᠯᠠᠯᠴᠠᠵᠥ᠂ ᠭ᠋ᠠᠮᠲᠣᠷᠡᠨ ᠣᠬᠠᠭᠠᠷᠡᠵᠥ ᠴᠢᠳᠡᠪᠠᠰᠥ ᠬᠦᠮᠦᠨ ᠤ ᠠᠮᠢᠵᠢᠷᠡᠬᠤ ︽ᠶᠢᠷᠳᠢᠨᠴᠤ ᠶᠢᠨ | ᠭ᠋ᠤᠭᠤᠴᠠᠬ᠋ ᠠ᠋︾ ᠣᠷᠳᠣᠳᠮᠡᠷ ᠪᠤᠳᠤᠬᠳᠡᠳᠠᠬ᠃ | ᠬᠦᠮᠦᠨ ᠲᠥᠷᠦᠯᠬᠢᠲᠠᠨ ᠤ ᠨᠠᠶᠢᠭᠡᠮ ᠤᠨ ᠬᠦᠭᠵᠢᠯ ᠳᠤ ᠡᠳ᠋ ᠤᠨ ᠰᠣᠶᠣᠯ ᠢ ᠡᠷᠬᠢᠮᠯᠠᠬᠦ ᠶᠣᠰᠤ ᠲᠡᠪᠠᠮᠭᠠᠶᠢᠯᠡᠬᠤ | ᠪᠤᠯᠵᠥ᠂ ᠬᠦᠮᠦᠨ ᠦᠪᠠᠷ ᠤᠨ ᠣᠷᠤᠰᠢᠬᠤᠢ ᠲᠡᠪᠠ ᠲᠤᠬᠢᠳᠡᠢ᠂ ᠲᠡᠭᠠᠲᠡᠢ ᠨᠥᠬᠦᠴᠠᠯ ᠢ ᠪᠦᠷᠢᠳᠦᠬᠦᠯᠬᠦ᠂ ᠦᠪᠠᠷ ᠢ | ᠪᠠᠨ ᠬᠦᠳᠠᠯᠮᠦᠷᠢ ᠠᠴᠠ ᠴᠢᠯᠦᠭᠡᠯᠠᠬᠦ᠂ ᠬᠡᠷᠡᠭᠯᠡᠭᠡ ᠪᠠᠨ ᠬᠡᠯᠪᠠᠷᠢᠯᠲᠡ ᠦᠭᠡᠢ ᠦᠰᠭᠡᠵᠥ᠂ ᠬᠡᠮᠵᠢᠶᠠᠯᠠᠰᠢ ᠦᠭᠡᠢ | ᠣᠯᠡᠨ ᠲᠥᠷᠦᠯ ᠪᠤᠯᠭᠠᠬᠤ ᠵᠤᠷᠢᠯᠳᠠ ᠲᠡᠯᠪᠢᠵᠥ᠂ ᠦᠪᠠᠷ ᠢ ᠪᠠᠨ ᠪᠠᠶᠢᠭᠠᠯᠢ ᠲᠠᠯᠠᠭᠡᠢ ᠶᠢᠨ ᠭ᠋ᠠᠭᠠᠨ ᠭᠡᠵᠦ ᠦᠵᠠᠵᠦ | ᠢᠷᠡᠭᠰᠠᠨ ᠨᠢ ᠵᠥᠪᠭᠡᠨ ᠡᠸᠤ᠋ ᠵᠷᠦᠫᠡ ᠶᠢᠨ ︽ᠨᠡᠷᠡᠨ ᠵᠢᠷᠭᠠᠬᠤ ᠳᠤ︾ ᠪᠤᠰᠥ ᠶᠠᠷᠦ ᠨᠢ ᠶᠢᠷᠳᠢᠨᠴᠤ ᠶᠢᠨ ᠭ᠋ᠤᠪᠢ | ᠵᠡᠶᠠᠬ᠋ᠠ ᠬᠡᠪ ᠤᠨ ᠬᠢ ᠳᠤ ᠬᠦᠷᠭᠡᠵᠡᠢ ᠭᠡᠳᠡᠭ ᠢ ᠬᠦᠨ ᠨᠡᠷᠢᠨ ᠣᠶᠢᠯᠡᠭᠠᠵᠤ ᠣᠬᠠᠭᠠᠷᠡᠬᠤ ᠨᠣᠮᠴᠢ ᠮᠠᠷᠭᠡᠳ᠂ | ᠧᠺᠤᠯᠣᠺᠢᠴᠢᠳ᠂ ᠶᠣᠰᠤ ᠶᠣᠰᠤ ᠰᠣᠷᠳᠡᠬᠤᠨᠴᠢᠳ ᠬ᠋ᠠᠵᠡᠷ ᠰᠡᠢ ᠦᠭᠡᠢ ᠪᠠᠶᠢᠬ᠋ᠠ ᠪᠦᠭᠡᠳ ᠲᠠᠷᠠᠬᠦ ᠵᠥᠪ ᠦᠵᠠᠯᠲᠠᠨ | ᠪᠦᠬᠦᠨ ᠶᠢᠷᠳᠢᠨᠴᠤ ᠶᠢᠨ ᠭ᠋ᠤᠪᠢ ᠵᠡᠶᠡᠭᠠᠨ ᠤ ᠲᠥᠯᠦᠭᠡ ᠳᠡᠷᠢᠬᠢ ᠲᠤᠯᠤᠭᠠᠢ ᠪᠠᠨ ᠵᠣᠪᠠᠭᠠᠵᠤ ᠰᠡᠭᠤᠭᠠᠳ | ᠪᠠᠶᠡᠷᠯᠡᠯᠲᠡᠢ ᠪᠠᠶᠢᠳᠠᠬ᠃ ︵ᠦᠷᠭᠦᠯᠵᠢᠯᠡᠯ ᠪᠤᠢ︶ | | ᠬᠡᠷᠡᠶᠢᠳ᠂ ᠳ᠋᠊᠂ ᠬᠠᠷᠭᠠᠨᠠ ᠺᠢᠷᠢᠯ ᠠᠴᠠ ᠬᠦᠷᠪᠡᠭᠦᠯᠪᠡ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |