ᠢᠪᠡᠭᠡᠯᠳᠡᠢ ᠭᠡᠳᠡᠭ ᠡᠾᠦ᠋ᠩᠨᠤ ᠦᠭᠡᠨ ᠤ ᠲᠤᠬᠠᠢ
ᠨᠡᠶᠢᠲᠡᠯᠡᠭᠰᠡᠨ ᠴᠠᠭ᠄
2020/7/2
                   ᠬᠦᠯᠦᠨ ᠪᠣᠶᠢᠷ ᠠᠵᠢᠯ ᠮᠡᠷᠭᠡᠵᠢᠯ ᠤᠨ ᠲᠡᠭᠡᠳᠦ ᠰᠣᠷᠭᠠᠭᠤᠯᠢ    ᠪᠦᠷᠢᠨ    ᠷᠦᠸᠧ ᠳ᠋ᠢ 若鞮᠄ ᠣᠳᠣᠬᠢ ᠪᠠᠷᠢᠮᠵᠢᠶ᠎ᠠ ᠠᠪᠢᠶᠠᠨ ᠳᠤ 若 ᠪᠣᠯ ruò ᠪᠣᠯᠣᠨ rě ᠬᠤᠶᠠᠷ ᠣᠩᠰᠢᠯᠭ᠎ᠠ ᠲᠠᠢ ᠪᠠᠶᠢᠬᠤ ᠳᠤ 鞮 ᠨᠢ ᠵᠦᠪᠬᠡᠨ dī ᠭᠠᠭᠴᠠᠬᠠᠨ ᠣᠩᠰᠢᠯᠭ᠎ᠠ ᠲᠠᠢ ᠶᠣᠮ᠃ ᠲᠡᠭᠦᠨ ᠤ ᠡᠷᠳᠡᠨ  ᠤ ᠠᠪᠢᠶ᠎ᠠ ᠭᠡᠪᠡᠯ᠄ 1 ᠬᠢᠳᠠᠳ ᠤᠨ ᠬᠠᠮᠤᠭ ᠡᠷᠳᠡᠨ ᠤ ᠲᠣᠯᠢ ᠪᠢᠴᠢᠭ ᠪᠣᠯᠬᠤ ︽ᠱᠦᠸᠧ ᠸᠧᠨ ᠵᠢᠶᠧ ᠽᠢ︾ ︵说文解字︶ ᠭᠡᠳᠡᠭ ᠲᠣᠯᠢ ᠪᠢᠴᠢᠭ ᠲᠤ 若 ᠦᠰᠦᠭ ᠢ 而灼切 ᠭᠡᠵᠦ ᠭᠠᠯᠢᠭᠴᠢᠯᠠᠵᠣ᠂ 鞮 ᠦᠰᠦᠭ ᠢ 都兮切 ᠭᠡᠵᠦ ᠭᠠᠯᠢᠭᠴᠢᠯᠠᠵᠠᠢ᠃ 2 ᠺᠠᠩ ᠰᠢ ᠲᠣᠯᠢ ᠪᠢᠴᠢᠭ ᠲᠤ ᠬᠡᠯᠡᠭᠰᠡᠨ ᠨᠢ᠄ 若 ᠦᠰᠦᠭ ᠪᠣᠯ ᠲᠠᠩ ᠶᠦᠨ ᠲᠣᠯᠢ ᠳᠤ 而灼切 ᠭᠡᠵᠦ ᠭᠠᠯᠢᠭᠴᠢᠯᠠᠨ᠂ ᠭᠤᠸᠠᠩ ᠶᠦᠨ ᠲᠣᠯᠢ᠂ ᠵᠢᠢ ᠶᠦᠨ ᠲᠣᠯᠢ᠂ ᠶᠦᠨ ᠾᠦᠢ ᠲᠣᠯᠢ᠂ ᠵᠧᠩ ᠶᠦᠨ ᠲᠣᠯᠢ ᠳᠤ ᠪᠦᠷ 日灼切 ᠭᠡᠵᠦ ᠭᠠᠯᠢᠭᠴᠢᠯᠠᠨ᠎ᠠ ᠭᠡᠵᠦ ᠲᠠᠶᠢᠯᠪᠣᠷᠢᠯᠠᠵᠠᠢ᠃ ᠲᠡᠭᠡᠷᠡᠬᠢ ᠬᠤᠶᠠᠷ ᠬᠡᠯᠡᠯᠭᠡ ᠠᠴᠠ ᠡᠨᠡ ᠬᠤᠶᠠᠷ ᠦᠰᠦᠭ ᠤᠨ ᠡᠷᠳᠡᠨ ᠤ ᠪᠣᠳᠠᠳᠠᠢ ᠠᠪᠢᠶ᠎ᠠ ᠶᠢ ᠰᠢᠭᠤᠳ ᠮᠡᠳᠡᠵᠦ ᠴᠢᠳᠠᠬᠤ ᠦᠭᠡᠢ᠂ ᠠᠳᠡ ᠵᠦᠪᠬᠡᠨ ᠵᠣᠬᠢᠶᠠᠭᠴᠢ ᠶᠢᠨ ᠣᠶᠢᠯᠭᠠᠵᠣ ᠪᠠᠶᠢᠬᠤ ᠪᠠᠷ 而灼切  ᠶᠢᠨ 而 ᠪᠠ 日灼切 ᠶᠢᠨ 日 ᠶᠢᠨ ᠡᠷᠳᠡᠨ ᠤ ᠠᠪᠢᠶ᠎ᠠ ᠲᠣᠰᠪᠣᠷᠢ ᠡ ᠪᠣᠯᠣᠨ ᠢ ᠬᠤᠶᠠᠷ ᠡᠭᠡᠰᠢᠭ  ᠲᠠᠢ ᠣᠶᠢᠷᠠᠯᠴᠠᠭ᠎ᠠ ᠠᠪᠢᠶᠠᠯᠠᠳᠠᠭ ᠪᠠᠶᠢᠵᠠᠢ᠃ ᠡᠶᠢᠮᠦ ᠠᠴᠠ ᠲᠣᠰ ᠦᠰᠦᠭ ᠤᠨ ᠡᠷᠳᠡᠨ ᠤ ᠠᠪᠢᠶ᠎ᠠ ᠨᠢ ᠪᠠᠷᠤᠭ ᠶᠧ ᠪᠣᠶᠣ ᠶᠣᠸᠠᠢ ᠠᠴᠠ ᠣᠶᠢᠷᠬᠠᠨ ᠠᠪᠢᠶᠠᠯᠠᠵᠣ ᠪᠠᠶᠢᠭᠰᠠᠨ ᠲᠦᠯᠦᠪᠳᠡᠢ᠃ ᠲᠠᠬᠢᠭᠠᠳ ᠬᠡᠯᠡᠪᠡᠯ ᠡᠷᠳᠡᠨ ᠤ ᠬᠢᠳᠠᠳ ᠬᠡᠯᠡᠨ ᠳᠤ r ᠭᠡᠶᠢᠭᠦᠯᠦᠭᠴᠢ ᠪᠠᠷ ᠡᠬᠢᠯᠡᠯ ᠪᠣᠯᠭᠠᠭᠰᠠᠨ ᠦᠰᠦᠭ ᠣᠨᠴᠠ ᠴᠦᠬᠡᠨ ᠪᠠᠶᠢᠵᠠᠢ᠃ ᠲᠡᠶᠢᠮᠦ ᠠᠴᠠ ᠣᠳᠣᠬᠢ ︽ᠰᠢᠨ᠎ᠠ ᠬᠢᠳᠠᠳ ᠶᠡᠭᠡ ᠲᠣᠯᠢ︾ ᠠᠴᠠ ᠦᠵᠡᠪᠡᠯ r ︵ᠷ᠊︶ ᠡᠬᠢᠯᠡᠯ ᠠᠪᠢᠶ᠎ᠠ ᠲᠠᠢ ᠦᠰᠦᠭ ᠲᠣᠩ ᠴᠦᠬᠡᠨ ᠪᠠᠶᠢᠳᠠᠭ ᠶᠣᠮ᠃ ᠶᠠᠭᠠᠬᠢᠭᠠᠳ ᠭᠡᠪᠡᠯ ᠲᠣᠬᠠᠢ ᠶᠢᠨ ᠦᠶ᠎ᠡ ᠳᠤ r ᠡᠬᠢᠯᠡᠯ ᠠᠪᠢᠶ᠎ᠠ ᠲᠠᠢ ᠦᠰᠦᠭ ᠤᠨ ᠵᠠᠷᠢᠮ ᠨᠢ ᠪᠦᠷ ᠲᠡᠭᠦᠨ ᠤ ᠡᠮᠦᠨ᠎ᠡ ᠪᠣᠰᠣᠳ ᠨᠢᠭᠡᠨ ᠭᠡᠶᠢᠭᠦᠯᠦᠭᠴᠢ ᠶᠢ ᠬᠠᠳᠠᠨ᠂ ᠠᠪᠢᠶᠠᠨ ᠤ ᠡᠬᠢᠯᠡᠯ ︵韵头 ︶ ᠭᠡᠵᠦ ᠨᠡᠷᠡᠯᠡᠨ ᠲᠡᠭᠦᠨ ᠢᠶᠠᠷ ᠢᠶᠠᠨ ᠠᠪᠢᠶᠠᠯᠠᠵᠣ ᠪᠠᠶᠢᠭᠰᠠᠨ ᠠᠵᠠᠢ᠃ ᠡᠭᠦᠨ ᠢ ᠵᠣᠬᠢᠶᠠᠭᠴᠢ ᠠᠴᠠ ︽ᠵᠦᠭᠡᠯᠡᠷᠡᠭᠦᠯᠦᠨ ᠠᠪᠢᠶᠠᠯᠠᠬᠤ︾ ᠭᠡᠳᠡᠭ ᠲᠦᠷ ᠴᠠᠭ ᠤᠨ ᠨᠡᠷ᠎ᠡ ᠲᠣᠮᠢᠶ᠎ᠠ ᠦᠭᠴᠡᠢ᠃ ᠵᠢᠱᠢᠶᠡᠯᠡᠪᠡᠯ ᠷᠧᠨ ᠮᠢᠨ ᠭᠡᠳᠡᠭ ᠬᠢᠳᠠᠳ ᠦᠭᠡ ᠶᠢ ᠶᠢᠨ ᠮᠢᠨ᠂ ᠯᠧᠨ ᠮᠢᠨ᠂ ᠨᠧᠨ ᠮᠢᠨ ᠵᠡᠷᠭᠡ ᠪᠠᠷ ᠣᠩᠰᠢᠬᠤ ᠦᠵᠡᠭᠳᠡᠯ ᠣᠳᠣ ᠪᠣᠯᠳᠠᠯ᠎ᠠ ᠣᠷᠣᠰᠢᠭᠰᠠᠭᠠᠷ ᠪᠠᠶᠢᠨ᠎ᠠ᠃ ᠡᠶᠢᠮᠦ ᠰᠢᠯᠳᠠᠭᠠᠨ ᠠᠴᠠ ᠪᠣᠯᠵᠣ 若 ᠦᠰᠦᠭ ᠢ ᠬᠡᠳᠦᠶᠢᠪᠡᠷ 而灼切 ᠪᠣᠶᠣ 日灼切 ᠭᠡᠵᠦ ᠭᠠᠯᠢᠭᠴᠢᠯᠠᠨ ᠣᠩᠰᠢᠨ᠎ᠠ ᠭᠡᠵᠦ ᠬᠡᠯᠡᠵᠦ ᠪᠠᠶᠢᠪᠠᠴᠣ᠂ ᠡᠷᠳᠡᠨ ᠦᠶ᠎ᠡ ᠳᠤ 而 ᠪᠣᠯᠣᠨ 日 ᠶᠢᠨ ᠠᠪᠢᠶ᠎ᠠ ᠨᠢ ᠡ ᠪᠣᠯᠣᠨ ᠢ ᠲᠠᠢ ᠣᠶᠢᠷᠠᠯᠴᠠᠭ᠎ᠠ ᠪᠠᠶᠢᠭᠰᠠᠨ ᠰᠢᠯᠳᠠᠭᠠᠨ ᠢᠶᠠᠷ 若 ᠶᠢ ie᠂ ye ᠪᠣᠶᠣ yue ᠲᠠᠢ ᠣᠶᠢᠷᠠᠯᠴᠠᠭ᠎ᠠ ᠠᠪᠢᠶ᠎ᠠ ᠪᠠᠷ ᠠᠪᠢᠶᠠᠯᠠᠵᠣ ᠪᠠᠶᠢᠭᠰᠠᠨ ᠲᠦᠯᠦᠪ ᠲᠠᠢ᠃ ᠶᠠᠮᠠᠷ ᠪᠠᠶᠢᠭᠰᠠᠨ ᠴᠦ ᠲᠡᠭᠦᠨ ᠤ ︵灼 ᠶᠢᠨ︶ ᠬᠤᠶᠢᠨᠠᠬᠢ ᠡᠭᠡᠰᠢᠭ uo ᠨᠢ ᠲᠡᠮᠡᠢ ᠶᠡᠭᠡ ᠬᠤᠪᠢᠷᠠᠯᠳᠠ ᠦᠭᠡᠢ ᠬᠡᠪ ᠢᠶᠠᠷ ᠢᠶᠠᠨ ᠪᠠᠶᠢᠨ᠎ᠠ᠃ ᠨᠦᠬᠦᠭᠡ ᠨᠢᠭᠡ ᠴᠢᠬᠤᠯᠠ ᠪᠣᠯᠬᠤ ᠯᠠᠪᠯᠠᠯᠳᠠ ᠭᠡᠪᠡᠯ ᠣᠳᠣᠬᠢ ᠭᠤᠸᠠᠩᠳᠦ᠋ᠩ ᠬᠡᠯᠡᠨ ᠳᠤ ᠲᠣᠰ ᠦᠭᠡ ᠶᠢ je5 ᠪᠣᠶᠣ joek6 ᠭᠡᠵᠦ ᠠᠪᠢᠶᠠᠯᠠᠬᠤ ᠳᠤ ᠬᠠᠷᠢᠨ ᠮᠢᠨ ᠨᠠᠨ ᠬᠡᠯᠡᠨ ᠳᠤ jiok8 ᠭᠡᠳᠡᠭ ᠠᠵᠠᠢ᠂ ᠡᠳᠡᠭᠡᠷ ᠨᠢ ᠪᠦᠷ ᠶᠧ᠂ ᠶᠣᠸ᠋ᠺ ᠪᠠ ᠶᠣᠺ ᠵᠡᠷᠭᠡ ᠶᠢᠨ ᠠᠪᠢᠶᠠᠯᠠᠯᠭ᠎ᠠ ᠪᠣᠯᠣᠨ᠎ᠠ᠃ ᠭᠡᠪᠡᠴᠦ ᠪᠠᠰᠠ ᠠᠩᠬᠠᠷᠬᠤ ᠨᠢ ᠵᠢᠭᠠᠬᠠᠨ ᠬᠤᠵᠢᠮ ᠦᠶ᠎ᠡ ᠳᠤ ᠲᠠᠷᠣᠢ ᠨᠡᠶᠢᠳᠡ ᠶᠢᠨ ᠣᠨ ᠲᠣᠭᠠᠯᠠᠯ ᠤᠨ ᠲᠦᠷᠪᠡ ᠲᠠᠪᠣᠳᠣᠭᠠᠷ ᠵᠠᠭᠤᠨ ᠢᠶᠠᠷ ᠲᠣᠰ ᠦᠰᠦᠭ ᠢ ᠪᠠᠰᠠ nuo ᠭᠡᠵᠦ ᠣᠩᠰᠢᠵᠣ ᠪᠠᠶᠢᠭᠰᠠᠨ ᠲᠦᠯᠦᠪᠳᠡᠢ ᠪᠠᠶᠢᠭ᠎ᠠ ᠶᠢ ᠠᠩᠬᠠᠷᠬᠤ ᠬᠡᠷᠡᠭᠳᠡᠢ᠃     ᠳ᠋ᠢ ︵鞮︶ ᠦᠰᠦᠭ᠄ 鞮 ᠦᠰᠦᠭ ᠤᠨ ᠣᠳᠣᠬᠢ ᠠᠪᠢᠶ᠎ᠠ ᠨᠢ dī ᠭᠡᠳᠡᠭ ᠭᠠᠭᠴᠠ ᠠᠪᠢᠶᠠᠯᠠᠯᠭ᠎ᠠ  ᠲᠠᠢ᠃ ᠱᠦᠸᠧ ᠸᠧᠨ ᠵᠢᠶᠧ ᠽᠢ ︵说文解字︶ ᠭᠡᠳᠡᠭ ᠲᠣᠯᠢ ᠪᠢᠴᠢᠭ ᠪᠠ ᠲᠡᠭᠦᠨ ᠤ ᠰᠡᠭᠦᠯᠡᠷᠬᠢ ᠲᠠᠩ ᠶᠦᠨ ᠲᠣᠯᠢ ︵ᠲᠠᠩ ᠣᠯᠣᠰ ᠤᠨ ᠦᠶ᠎ᠡ ᠳᠤ ᠵᠣᠬᠢᠶᠠᠭᠳᠠᠵᠠᠢ︶ ᠲᠤ ᠪᠣᠯ ᠪᠦᠷ 都兮切 ᠭᠡᠵᠦ ᠭᠠᠯᠢᠭᠴᠢᠯᠠᠵᠠᠢ᠃ ᠠᠳᠡ ᠠᠩᠬᠠᠷᠬᠤ ᠨᠢ ᠱᠦᠸᠧ ᠸᠧᠨ ᠵᠢᠶᠧ ᠽᠢ ᠲᠣᠯᠢ ᠪᠢᠴᠢᠭ ᠪᠣᠯ ᠬᠠᠨ ᠣᠯᠣᠰ ᠤᠨ ᠦᠶ᠎ᠡ  ᠶᠢᠨ ᠰᠧ ᠮᠠ ᠴᠢᠶᠠᠨ ︽ᠰᠣᠳᠣᠷ ᠲᠡᠮᠳᠡᠭᠯᠡᠯ︾ ᠢ ᠵᠣᠬᠢᠶᠠᠨ ᠪᠦᠳᠦᠭᠡᠭᠰᠡᠨ ᠤ ᠲᠠᠷᠠᠭ᠎ᠠ ᠵᠠᠭᠤ ᠭᠠᠷᠣᠢ ᠵᠢᠯ ᠤᠨ ᠰᠡᠭᠦᠯᠡᠷ ᠯᠠ ᠵᠣᠬᠢᠶᠠᠭᠳᠠᠭᠰᠠᠨ ᠬᠢᠳᠠᠳ ᠬᠡᠯᠡᠨ ᠤ ᠬᠠᠮᠤᠭ ᠡᠷᠳᠡᠨ ᠤ ᠲᠣᠯᠢ ᠪᠢᠴᠢᠭ ᠪᠣᠯᠣᠨ᠎ᠠ᠃ ᠲᠡᠭᠡᠭᠡᠳ ᠡᠨᠡᠬᠦ ᠠᠪᠢᠶᠠᠯᠠᠯᠭ᠎ᠠ ᠨᠡᠶᠢᠳᠡ ᠶᠢᠨ ᠣᠨ ᠲᠣᠭᠠᠯᠠᠯ ᠤᠨ 751 ᠣᠨ ᠳᠤ ᠲᠠᠩ ᠶᠦᠨ ᠲᠣᠯᠢ ᠵᠣᠬᠢᠶᠠᠭᠳᠠᠬᠤ ᠦᠶ᠎ᠡ ᠬᠦᠷᠳᠡᠯ᠎ᠡ ᠣᠣᠯ ᠬᠡᠪ ᠢᠶᠠᠷ ᠢᠶᠠᠨ ᠪᠠᠶᠢᠵᠣ ᠲᠡᠮᠡᠢ ᠬᠤᠪᠢᠷᠠᠯᠳᠠ ᠦᠭᠡᠢ ᠪᠠᠶᠢᠵᠠᠢ᠃ ᠡᠶᠢᠮᠦ ᠠᠴᠠ ᠲᠣᠰ ᠦᠰᠦᠭ ᠢ ᠣᠳᠣ ᠪᠣᠯ ᠳ᠋ᠢ ᠭᠡᠵᠦ ᠣᠩᠰᠢᠨ᠎ᠠ ᠭᠡᠵᠦ ᠪᠠᠷᠢᠮᠵᠢᠶᠠᠯᠠᠵᠣ ᠪᠠᠶᠢᠪᠠᠴᠣ᠂ ᠪᠢᠳᠡ 兮 ᠦᠰᠦᠭ ᠤᠨ ᠲᠠᠩ ᠣᠯᠣᠰ ᠤᠨ ᠦᠶ᠎ᠡ ᠶᠢᠨ ᠠᠪᠢᠶ᠎ᠠ ᠶᠢ ᠠᠩᠬᠠᠷᠬᠤ ᠴᠢᠬᠤᠯᠠ ᠲᠠᠢ᠂ 兮 ᠶᠢᠨ ᠣᠳᠣᠬᠢ ᠠᠪᠢᠶ᠎ᠠ ᠨᠢ xī ᠪᠣᠯᠪᠠᠴᠣ ᠲᠡᠭᠦᠨ ᠤ ᠲᠠᠩ ᠣᠯᠣᠰ ᠤᠨ ᠦᠶ᠎ᠡ ᠶᠢᠨ ᠠᠪᠢᠶ᠎ᠠ hei ᠭᠡᠳᠡᠭ᠂ ᠪᠠᠰᠠ ᠦᠨᠦᠳᠦᠷ ᠤᠨ ᠭᠤᠸᠠᠩᠳᠦ᠋ᠩ ᠬᠡᠯᠡᠨ ᠳᠤ ᠲᠡᠭᠦᠨ ᠢ ᠮᠦᠨ ᠰᠢᠭᠤᠳ hai4 ᠭᠡᠵᠦ ᠠᠪᠢᠶᠠᠯᠠᠭᠰᠠᠭᠠᠷ ᠪᠠᠶᠢᠭ᠎ᠠ ᠶᠣᠮ᠃ ᠡᠭᠦᠨ ᠠᠴᠠ ᠦᠵᠡᠪᠡᠯ 鞮 ᠶᠢᠨ ᠡᠷᠳᠡᠨ ᠤ ᠠᠪᠢᠶ᠎ᠠ ᠶᠢ dai ᠪᠣᠶᠣ dei ᠭᠡᠵᠦ ᠰᠡᠷᠭᠦᠭᠡᠵᠦ ᠪᠣᠯᠣᠨ᠎ᠠ᠃ ᠲᠡᠭᠡᠪᠡᠯ ᠮᠠᠨ ᠤ ᠠᠳᠡ ᠬᠡᠯᠡᠵᠦ ᠪᠠᠶᠢᠭ᠎ᠠ 若鞮 ᠭᠡᠳᠡᠭ ᠬᠤᠶᠠᠷ ᠦᠰᠦᠭ ᠲᠤ dei ᠪᠠᠷ ᠬᠡᠷᠡᠭᠯᠡᠭᠰᠡᠨ ᠪᠠᠶᠢᠨ᠎ᠠ᠃ ᠣᠳᠣ 若鞮 ᠭᠡᠳᠡᠭ ᠬᠤᠶᠠᠷ ᠦᠰᠦᠭ ᠤᠨ ᠾᠦᠩᠨᠦ ᠬᠡᠯᠡᠨ ᠲᠠᠬᠢ ᠡᠷᠳᠡᠨ ᠤ ᠠᠪᠢᠶ᠎ᠠ ᠶᠢ ᠰᠡᠷᠭᠦᠭᠡᠪᠡᠯ ᠢᠬᠡᠬᠡᠯᠳᠡᠢ ︵ИХЭЭЛДЭЙ︶᠂ ᠲᠠᠷᠣᠢ ᠣᠳᠣᠬᠢ ᠮᠣᠩᠭᠤᠯ ᠬᠡᠯᠡᠨ ᠤ ᠢᠪᠡᠭᠡᠯᠳᠡᠢ ︵ИВЭЭЛТЭЙ︶ ᠭᠡᠳᠡᠭ ᠦᠭᠡ ᠪᠣᠯᠣᠨ᠎ᠠ᠃ ᠲᠡᠭᠦᠨ ᠤ ᠦᠭᠡ ᠶᠢᠨ ᠢᠵᠠᠭᠤᠷ ᠨᠢ ᠢᠪᠡᠭᠡᠯ ︵ивээл︶ ᠭᠡᠵᠦ ᠬᠦᠨᠳᠡᠢ ᠦᠭᠡ ᠪᠣᠯᠣᠨ᠎ᠠ᠂ ᠡᠶᠢᠮᠦ  ᠠᠴᠠ 鞮 ᠶᠢ ᠠᠳᠡ dei ᠪᠠᠷ ᠬᠡᠷᠡᠭᠯᠡᠵᠦ ᠪᠠᠶᠢᠭᠰᠠᠨ ᠠᠵᠠᠢ᠃ ᠢᠪᠡᠭᠡᠯ ᠤᠨ ᠠᠷᠪᠠᠨ ᠭᠤᠷᠪᠠᠳᠣᠭᠠᠷ ᠵᠠᠭᠤᠨ ᠤ ᠦᠶ᠎ᠡ ᠶᠢᠨ ︽ᠮᠣᠩᠭᠤᠯ ᠤᠨ ᠨᠢᠭᠤᠴᠠ ᠲᠣᠪᠴᠢᠶᠠᠨ︾ ᠲᠠᠬᠢ ᠣᠩᠰᠢᠯᠭ᠎ᠠ ᠨᠢ ᠮᠦᠨ ᠢᠬᠡᠬᠡᠯ ︵亦赫额勒᠂ ИХЭЭЛ︶ ᠪᠠᠶᠢᠵᠠᠢ᠃ ᠡᠷᠳᠡᠨ ᠤ ᠦᠶ᠎ᠡ ᠶᠢᠨ ᠢᠬᠡᠬᠡᠯ ᠭᠡᠳᠡᠭ ᠦᠭᠡᠨ ᠤ ᠣᠳᠬ᠎ᠠ ᠨᠢ ᠬᠠᠮᠠᠭᠠᠯᠠᠯ᠂ ᠲᠣᠰᠠᠯᠠᠮᠵᠢ᠂ ᠠᠴᠢ ᠲᠣᠰᠠ᠂ ᠬᠠᠶᠢᠷ᠎ᠠ ᠬᠠᠯᠠᠮᠵᠢ᠂ ᠵᠣᠬᠢᠮᠵᠢ ᠨᠡᠶᠢᠯᠡᠮᠵᠢ᠂ ᠲᠣᠰᠠ ᠲᠡᠮ ᠪᠣᠯᠬᠤ ᠵᠡᠷᠭᠡ ᠣᠯᠠᠨ ᠠᠭᠤᠯᠭ᠎ᠠ ᠠᠭᠤᠯᠣᠭᠳᠠᠵᠣ ᠪᠠᠶᠢᠪᠠ᠃ ᠭᠡᠪᠡᠴᠦ ×× ᠢᠬᠡᠬᠡᠯᠳᠡᠢ ︵ᠢᠪᠡᠭᠡᠯᠳᠡᠢ︶ ᠴᠠᠨ ᠢᠥᠢ ᠭᠡᠪᠡᠯ ᠭᠤᠣᠯᠳᠠᠭᠤ ×× ᠬᠠᠮᠠᠭᠠᠯᠠᠯ ᠲᠠᠢ᠂ ᠲᠣᠰᠠᠯᠠᠮᠵᠢ ᠲᠠᠢ ᠴᠠᠨ ᠢᠥᠢ ᠭᠡᠳᠡᠭ ᠣᠳᠬ᠎ᠠ ᠲᠠᠢ ᠬᠦᠨᠳᠡᠢ ᠦᠭᠡ ᠪᠠᠷ ᠬᠡᠷᠡᠭᠯᠡᠭᠳᠡᠭᠰᠡᠨ ᠪᠠᠶᠢᠨ᠎ᠠ᠃     若鞮 ᠭᠡᠳᠡᠭ ᠦᠰᠦᠭ ᠤᠨ ᠲᠣᠬᠠᠢ ᠪᠠᠰᠠ ᠨᠢᠭᠡᠨ ᠯᠠᠪᠯᠠᠯᠳᠠ ᠶᠢᠨ ᠭᠡᠷᠡᠴᠢ ᠭᠡᠪᠡᠯ᠄ ᠬᠢᠳᠠᠨ ᠬᠡᠯᠡᠨ ᠳᠤ ᠿᠦᠸᠧ ᠲᠦᠩ ︵若统︶ ᠭᠡᠳᠡᠭ ᠬᠢᠳᠠᠳ ᠦᠰᠦᠭ ᠢᠶᠠᠷ ᠭᠠᠯᠢᠭᠴᠢᠯᠠᠨ ᠪᠢᠴᠢᠭᠰᠡᠨ ᠬᠢᠳᠠᠨ ᠦᠭᠡ ᠪᠠᠶᠢᠳᠠᠭ ᠃ ᠨᠡᠶᠢᠳᠡ ᠶᠢᠨ ᠣᠨ ᠲᠣᠭᠠᠯᠠᠯ ᠤᠨ 1044 ᠣᠨ ᠳᠤ ᠣᠮᠠᠷᠠᠳᠣ ᠰᠦᠩ ᠣᠯᠣᠰ ᠤᠨ ᠡᠯᠴᠢ ᠢᠥᠢ ᠵᠢᠩ ᠭᠡᠳᠡᠭ ᠬᠦᠮᠦᠨ ᠬᠢᠳᠠᠨ ᠬᠦᠮᠦᠨ ᠤ ᠪᠠᠶᠢᠭᠤᠯᠣᠭᠰᠠᠨ ᠯᠢᠶᠣᠣ ᠣᠯᠣᠰ ᠲᠤ ᠡᠯᠴᠢᠯᠠᠨ ᠬᠦᠷᠴᠦ ᠣᠳᠣᠬᠢ ᠦᠪᠦᠷ ᠮᠣᠩᠭᠤᠯ  ᠤᠨ ᠯᠢᠶᠠᠩ ᠴᠧᠩ ᠰᠢᠶᠠᠨ ᠣᠷᠴᠢᠮ ᠤᠨ ᠶᠢᠷᠡ ᠶᠢᠰᠦᠨ ᠪᠣᠯᠠᠭ ᠭᠡᠳᠡᠭ ᠭᠠᠵᠠᠷ ᠲᠤ ᠯᠢᠶᠣᠤ ᠣᠯᠣᠰ ᠤᠨ ᠲᠣᠯᠣᠳᠣᠭᠠᠷ ᠦᠶ᠎ᠡ ᠶᠢᠨ ᠰᠢᠩ ᠽᠦᠩ ᠬᠠᠭᠠᠨ ᠶᠧ ᠯᠢᠥᠢ ᠽᠦᠩ ᠵᠧᠨ ᠳᠤ ᠪᠠᠷᠠᠭᠠᠳᠠᠨ ᠵᠣᠯᠭᠠᠵᠠᠢ᠃ ᠲᠡᠷᠡ ᠶᠠᠭ ᠰᠠᠶᠢᠬᠠᠨ ᠯᠢᠶᠣᠣ ᠣᠯᠣᠰ ᠤᠨ ᠬᠠᠭᠠᠨ ᠤ ᠨᠠᠰᠣᠨ ᠪᠠᠶᠠᠷ ᠤᠨ ᠨᠠᠶᠢᠷ ᠲᠤ ᠲᠣᠬᠢᠶᠠᠯᠳᠣᠨ ᠣᠷᠢᠭᠳᠠᠨ ᠣᠷᠣᠯᠴᠠᠭᠠᠳ ᠂ ᠬᠢᠳᠠᠨ ᠦᠰᠦᠭ ᠬᠢᠳᠠᠳ ᠦᠰᠦᠭ ᠬᠤᠯᠢᠯᠳᠣᠭᠰᠠᠨ ᠰᠢᠯᠦᠭ ᠪᠢᠴᠢᠵᠦ᠂ ᠦᠪᠡᠷ ᠤᠨ ᠡᠯᠴᠢᠨ ᠤ ᠡᠭᠦᠷᠭᠡ ᠪᠠᠨ ᠠᠮᠵᠢᠯᠳᠠ ᠲᠠᠢ ᠪᠡᠶᠡᠯᠡᠭᠦᠯᠦᠭᠰᠡᠨ ᠪᠠ ᠯᠢᠶᠣᠣ ᠣᠯᠣᠰ ᠤᠨ ᠬᠠᠭᠠᠨ ᠤ ᠨᠠᠰᠣᠨ ᠦᠯᠵᠡᠢ ᠶᠢ ᠪᠡᠯᠭᠡᠯᠡᠬᠦ ᠰᠡᠳᠭᠢᠯᠭᠡ  ᠪᠠᠨ ᠢᠯᠡᠳᠭᠡᠵᠡᠢ᠃ ᠲᠣᠰ ᠰᠢᠯᠦᠭ ᠲᠤ ᠡᠶᠢᠮᠦ ᠨᠢᠭᠡᠨ ᠪᠠᠳᠠᠭ ᠦᠭᠡ ᠪᠠᠶᠢᠳᠠᠭ᠄ ︽微臣雅鲁祝若统︾ ᠭᠡᠵᠡᠢ᠃ ᠢᠥᠢ ᠵᠢᠩ ᠤᠨ ᠬᠢᠭᠰᠡᠨ ᠦᠪᠡᠷ ᠤᠨ ᠲᠠᠶᠢᠯᠪᠣᠷᠢ ᠳᠤ 若统 ᠭᠡᠳᠡᠭ ᠬᠤᠶᠠᠷ ᠦᠰᠦᠭ ᠢ ︽福佑也︾ ︵ᠢᠪᠡᠭᠡᠯ ᠪᠣᠯᠠᠢ︶ ᠭᠡᠵᠦ ᠲᠠᠶᠢᠯᠪᠣᠷᠢᠯᠠᠪᠠ᠃ ᠡᠨᠡᠬᠦ ᠲᠠᠶᠢᠯᠪᠣᠷᠢ ᠨᠢ 若统 ᠭᠡᠳᠡᠭ ᠬᠤᠶᠠᠷ ᠦᠰᠦᠭ ᠲᠤ ᠮᠠᠰᠢ ᠵᠦᠪ ᠣᠨᠣᠪᠴᠢᠳᠠᠢ ᠲᠠᠶᠢᠯᠪᠣᠷᠢ ᠪᠣᠯᠵᠠᠢ᠃ ᠵᠣᠬᠢᠶᠠᠭᠴᠢ ᠶᠢᠨ ᠰᠣᠳᠣᠯᠣᠭᠰᠠᠨ ᠢᠶᠠᠷ 若统 ᠪᠣᠯ ︽ᠢᠪᠡᠭᠡᠭᠳᠦᠨ︾ ᠭᠡᠳᠡᠭ ᠦᠭᠡ ᠮᠦᠨ᠃ 若鞮 ᠨᠢ ᠢᠪᠡᠭᠡᠯᠳᠡᠢ ︵ИВЭЭЛТЭЙ᠂ 有福佑︶ ᠭᠡᠳᠡᠭ ᠣᠳᠬ᠎ᠠ ᠲᠠᠢ ᠪᠠᠶᠢᠬᠤ ᠳᠤ᠂ 若统 ᠨᠢ ᠢᠪᠡᠭᠡᠭᠳᠦᠨ ︵ИВЭЭГТҮН᠂ 愿福佑︶ ᠭᠡᠳᠡᠭ ᠣᠳᠬ᠎ᠠ ᠭᠠᠷᠴᠣ ᠪᠠᠶᠢᠨ᠎ᠠ᠃ ᠦᠭᠡᠷ᠎ᠡ ᠪᠠᠷ ᠬᠡᠯᠡᠪᠡᠯ ᠦᠭᠡᠰ ᠤᠨ ᠢᠵᠠᠭᠤᠷ ᠨᠢ ᠠᠳᠠᠯᠢᠬᠠᠨ ᠢᠶᠠᠷ ᠢᠪᠡᠭᠡᠯ ᠪᠣᠯᠣᠨ᠎ᠠ᠃ ᠢᠪᠡᠭᠡᠯ ᠤᠨ ᠡᠷᠳᠡᠨ ᠦᠶ᠎ᠡ ᠶᠢᠨ ᠠᠪᠢᠶ᠎ᠠ ᠨᠢ ИЭЭЛ ᠠᠴᠠ ИХЭЭЛ ᠪᠣᠯᠵᠣ᠂ ᠲᠠᠬᠢᠨ ИВЭЭЛ ᠪᠣᠯᠵᠣ ᠡᠴᠦᠰ ᠲᠡᠭᠡᠨ ИВЭГЭЛ ᠪᠣᠯᠣᠭᠰᠠᠨ ᠲᠦᠯᠦᠪᠳᠡᠢ ᠪᠠᠶᠢᠨ᠎ᠠ᠃     ᠡᠷᠳᠡ ᠦᠶ᠎ᠡ ᠳᠤ ︽ᠬᠠᠨ ᠣᠯᠣᠰ ᠤᠨ ᠪᠢᠴᠢᠭ︾ ᠲᠤ ᠲᠠᠶᠢᠯᠪᠣᠷᠢ ᠴᠣᠬᠤᠯᠠᠪᠣᠷᠢ ᠬᠢᠭᠰᠡᠳ 若鞮 ᠬᠤᠶᠠᠷ ᠦᠰᠦᠭ ᠲᠤ ᠣᠨᠴᠠᠯᠠᠨ ᠲᠠᠶᠢᠯᠪᠣᠷᠢ ᠬᠢᠵᠦ ᠦᠩᠭᠡᠷᠡᠵᠡᠢ᠃ ᠲᠡᠳᠡᠨᠡᠷ ᠤᠨ ᠬᠡᠯᠡᠬᠦ ᠪᠠᠷ᠄ ᠾᠦᠩᠨᠦᠴᠦᠳ ᠬᠠᠨ ᠣᠯᠣᠰ ᠤᠨ ᠨᠦᠭᠴᠢᠭᠰᠡᠨ ᠬᠠᠭᠠᠳ ᠲᠠᠭᠠᠨ ×× ᠡᠯᠪᠡᠷᠢᠯᠳᠦ ︵孝︶ ᠬᠠᠭᠠᠨ ᠭᠡᠳᠡᠭ ᠨᠡᠬᠡᠵᠦ ᠡᠷᠭᠦᠮᠵᠢᠯᠡᠭᠰᠡᠨ ᠴᠣᠯᠠ ᠦᠭᠬᠦ ᠶᠢ ᠪᠠᠭ᠋ᠠᠷᠬᠠᠵᠣ᠂ ᠦᠪᠡᠷ ᠤᠨ ᠴᠠᠨ ᠢᠥᠢ ᠨᠡᠷ ᠲᠠᠭᠠᠨ ᠡᠭᠦᠨ ᠲᠠᠢ ᠠᠳᠠᠯᠢ ᠣᠳᠬ᠎ᠠ ᠪᠦᠬᠦᠢ ××若鞮 ︵ᠿᠦᠸᠧ ᠳ᠋ᠢ︶ ᠴᠠᠨ ᠢᠥᠢ ᠭᠡᠳᠡᠭ ᠴᠣᠯᠠ ᠦᠭᠬᠦ ᠪᠣᠯᠪᠠ ᠭᠡᠵᠦ ᠬᠡᠯᠡᠭᠡᠳ᠂ 若鞮 ᠪᠣᠯ ᠬᠢᠳᠠᠳ ᠬᠡᠯᠡᠨ ᠤ ᠡᠯᠪᠡᠷᠢᠯ ︵孝︶ ᠭᠡᠳᠡᠭ ᠦᠭᠡ ᠲᠠᠢ ᠣᠳᠬ᠎ᠠ ᠢᠵᠢᠯ ᠾᠦᠩᠨᠦ ᠦᠭᠡ ᠪᠣᠯᠣᠨ᠎ᠠ ᠭᠡᠵᠦ ᠯᠠᠪᠱᠢᠷᠠᠭᠤᠯᠣᠨ ᠲᠠᠶᠢᠯᠪᠣᠷᠢᠯᠠᠵᠣ ᠦᠩᠭᠡᠷᠡᠵᠡᠢ᠃ ᠡᠶᠢᠮᠦ ᠠᠴᠠ ᠣᠳᠣᠬᠢ ︽ᠶᠡᠭᠡ ᠬᠢᠳᠠᠳ ᠲᠣᠯᠢ ᠪᠢᠴᠢᠭ︾ ᠢ ᠪᠠᠭᠳᠠᠭᠠᠭᠰᠠᠨ ᠮᠠᠰᠢ ᠣᠯᠠᠨ ᠬᠢᠳᠠᠳ ᠬᠡᠯᠡᠨ ᠤ ᠲᠣᠯᠢ ᠪᠢᠴᠢᠭ ᠲᠤ ᠪᠦᠷ ᠡᠭᠦᠨ ᠢ ᠮᠦᠷᠳᠡᠵᠦ ᠢᠩᠬᠢᠵᠦ ᠲᠠᠶᠢᠯᠪᠣᠷᠢᠯᠠᠵᠣ ᠪᠠᠶᠢᠭ᠎ᠠ ᠶᠣᠮ᠃ ᠡᠨᠡ ᠪᠣᠯ ᠨᠡᠶᠢᠳᠡᠯᠢᠭ ᠴᠢᠨᠠᠷᠳᠠᠢ ᠲᠠᠱᠢᠶᠠᠷᠠᠯ ᠠᠴᠠ ᠡᠭᠦᠰᠦᠭᠰᠡᠨ ᠠᠳᠡᠭᠦᠷᠡᠯ ᠪᠣᠯᠣᠨ᠎ᠠ ᠭᠡᠳᠡᠭ ᠢ ᠠᠳᠡ ᠴᠣᠬᠤᠰ ᠲᠣᠷᠠᠳᠣᠭᠠᠳ ᠲᠠᠯᠪᠢᠶ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号