ᠪᠦᠬᠦᠯᠢ ᠬᠤᠨᠢᠨ ᠰᠢᠬᠦᠰᠦ
ᠨᠡᠶᠢᠲᠡᠯᠡᠭᠰᠡᠨ ᠴᠠᠭ᠄
2020/8/25
ᠪᠦᠬᠦᠯᠢ ᠬᠤᠨᠢᠨ ᠰᠢᠬᠦᠰᠦ ᠪᠤᠯ ᠮᠤᠩᠭᠤᠯᠴᠤᠳ ᠤᠨ ᠵᠤᠴᠢᠨ ᠲᠠᠶᠢᠯᠠᠬᠤ ᠬᠠᠮᠤᠭ ᠤᠨ ᠲᠡᠬᠡᠳᠤ ᠬᠦᠨᠳᠦᠳᠬᠡᠯ ᠤᠨ ᠢᠳᠡᠬᠡᠨ ᠮᠦᠨ᠃ ᠡᠷᠳᠡ ᠤᠵᠢᠭᠤᠷ ᠠᠴᠠ ᠪᠠᠨ ᠮᠤᠩᠭᠤᠯᠴᠤᠳ ᠤᠯᠠᠮᠵᠢᠯᠠᠨ ᠢᠷᠡᠭᠰᠡᠨ ᠰᠢᠬᠦᠰᠦ ᠲᠡᠪᠰᠢᠬᠦᠯᠦᠨ ᠲᠠᠪᠠᠭᠯᠠᠬᠤ ᠶᠤᠰᠤ ᠵᠠᠩᠰᠢᠯ ᠲᠠᠢ ᠪᠠᠶᠢᠳᠠᠭ᠃ ᠡᠬᠦᠨ ᠳᠤ ᠪᠦᠬᠦᠯᠢ ᠬᠤᠨᠢᠨ ᠤ ᠰᠢᠬᠦᠰᠦ ᠶᠢ ᠪᠤᠯᠭᠤᠬᠤ᠂ ᠲᠡᠪᠰᠢᠬᠦᠯᠬᠦ᠂ ᠬᠦᠨᠳᠡᠬᠦ᠂ ᠡᠷᠬᠢᠬᠦᠯᠬᠦ ᠬᠡᠵᠤ ᠲᠤᠰ ᠲᠤᠰ ᠤᠨ ᠶᠤᠰᠤ ᠵᠢᠷᠤᠮ ᠲᠠᠢ ᠪᠠᠶᠢᠳᠠᠭ᠃ ᠰᠢᠬᠦᠰᠦ ᠪᠤᠯᠭᠤᠬᠤ᠄ ᠪᠦᠬᠦᠯᠢ ᠬᠤᠨᠢᠨ ᠰᠢᠬᠦᠰᠦᠨ ᠳᠤ ᠤᠷᠤᠬᠤ ᠶᠠᠰᠤ ᠮᠢᠬᠠᠨ ᠵᠦᠢᠯ ᠢ ᠪᠦᠳᠦᠬᠦᠨ ᠲᠤᠭᠤᠭᠠᠨ  ᠳᠤ ᠤᠭᠤᠴᠠ ᠶᠢ ᠨᠢ ᠡᠪᠳᠡᠯ ᠦᠬᠡᠢ ᠪᠠᠷ ᠪᠤᠰᠤᠳ ᠵᠦᠢᠯ ᠢ ᠨᠢ ᠦᠶᠡᠯᠡᠬᠦ ᠶᠤᠰᠤᠭᠠᠷ ᠰᠠᠯᠭᠠᠵᠤ ᠤᠰᠤ ᠪᠦᠯᠢᠶᠡᠰᠦᠮᠡᠭᠴᠡ ᠴᠠᠭ᠎ᠠ ᠬᠢᠵᠤ ᠮᠢᠬ᠎ᠠ ᠪᠠᠨ ᠬᠢᠬᠡᠳ ᠵᠦᠬᠡᠯᠡᠨ ᠭᠠᠯ ᠢᠶᠠᠷ ᠴᠢᠨᠠᠬᠤ ᠳᠠᠭᠠᠨ ᠪᠠᠶᠢᠨ ᠲᠠᠬᠢᠨ ᠡᠷᠬᠢᠬᠦᠯᠵᠤ ᠱᠦᠷᠬᠦᠬᠡᠢ ᠦᠬᠡᠢ ᠪᠤᠯᠤᠭᠰᠠᠨ ᠤ ᠲᠠᠷᠠᠭ᠎ᠠ ᠭᠠᠷᠭᠠᠵᠤ ᠲᠠᠪᠠᠭᠯᠠᠨ ᠲᠡᠪᠰᠢᠬᠦᠯᠳᠡᠭ᠃ ᠬᠡᠳᠡᠰᠦ ᠲᠤᠳᠤᠷ ᠡᠯᠢᠬᠡ ᠪᠦᠬᠡᠷ᠎ᠡ ᠶᠢ ᠪᠤᠰᠤᠳ ᠲᠤᠭᠤᠭᠠᠨ ᠳᠤ ᠴᠢᠨᠠᠳᠠᠭ᠃ ᠪᠠᠰᠠ ᠬᠤᠶᠢᠬᠠᠯᠠᠭᠰᠠᠨ ᠬᠤᠨᠢᠨ ᠲᠤᠯᠤᠭᠠᠢ ᠶᠢ ᠴᠤ ᠠᠰ  ᠲᠤᠨᠢ ᠴᠢᠨᠠᠵᠤ ᠪᠤᠯᠭᠤᠳᠠᠭ᠃ ᠰᠢᠬᠦᠰᠦ ᠲᠠᠪᠠᠭᠯᠠᠬᠤ᠄ ᠪᠤᠯᠭᠤᠭᠰᠠᠨ ᠬᠤᠨᠢᠨ ᠮᠢᠬ᠎ᠠ ᠪᠠᠨ ᠲᠠᠪᠠᠭᠯᠠᠬᠤ ᠳᠠᠭᠠᠨ ᠡᠩ ᠲᠡᠷᠢᠬᠦᠨ ᠳᠤ ᠴᠢᠨᠠᠭᠰᠠᠨ ᠤᠭᠤᠴᠠ ᠶᠢᠨ ᠢᠶᠠᠨ ᠦᠡᠭᠬᠡᠨ ᠲᠠᠯ᠎ᠠ ᠶᠢᠨ ᠨᠢᠮᠬᠡᠨ ᠬᠠᠯᠢᠰᠤ ᠶᠢ ᠬᠠᠯᠢᠮᠯᠠᠨ ᠠᠪᠴᠦ ᠤᠭᠤᠴᠠ ᠪᠠᠨ ᠦᠡᠭᠬᠡᠯᠡᠨ᠎ᠡ᠃ ᠡᠬᠦᠨ ᠤ ᠲᠠᠷᠠᠭ᠎ᠠ ᠭᠠᠤᠯᠢ ᠪᠤᠶᠤ ᠮᠤᠳᠤᠨ ᠲᠠᠪᠰᠢ ᠳᠤ ᠲᠦᠷᠪᠡᠨ ᠮᠦᠴᠢ ᠶᠢ ᠨᠢ ᠠᠮᠢᠳᠤ ᠬᠤᠨᠢᠨ ᠤ ᠬᠡᠪᠳᠡᠭᠡ ᠬᠡᠯᠪᠡᠷᠢ ᠶᠤᠰᠤᠭᠠᠷ ᠬᠤᠶᠢᠨ᠎ᠠ ᠡᠮᠤᠨ᠎ᠡ᠂ ᠵᠡᠬᠦᠨ ᠪᠠᠷᠠᠭᠤᠨ ᠲᠠᠯ᠎ᠠ ᠪᠠᠷ ᠢᠯᠭᠠᠵᠤ ᠲᠠᠯᠪᠢᠭᠠᠳ ᠬᠤᠶᠠᠷ ᠬᠠ ᠶᠢᠨ ᠬᠤᠭᠤᠷᠤᠨᠳᠤ ︽ᠬᠠᠷ᠎ᠠ ᠰᠡᠬᠡᠷ᠂ ᠦᠨᠳᠦᠷ ᠰᠡᠬᠡᠷ᠂ ᠪᠤᠭᠤᠨᠢ ᠰᠡᠬᠡᠷ︾ ᠬᠡᠵᠤ ᠭᠤᠷᠪᠠ ᠬᠤᠪᠢᠶᠠᠨ᠂ ᠪᠤᠶᠠᠨ ᠰᠡᠬᠡᠷ ᠬᠡᠵᠤ ᠰᠡᠷᠪᠡᠭᠡ ᠶᠢ ᠨᠢ ᠲᠤᠳᠤᠭᠰᠢ ᠬᠠᠨᠳᠤᠭᠤᠯᠤᠨ ᠬᠦᠨᠳᠡᠯᠡᠨ ᠢᠶᠠᠷ ᠠᠳᠠᠷ ᠪᠤᠯᠭᠠᠨ ᠦᠷᠦᠨ᠎ᠡ᠃ ᠲᠡᠬᠡᠷ᠎ᠡ ᠨᠢ ᠬᠠᠯᠢᠮᠯᠠᠭᠰᠠᠨ ᠤᠭᠤᠴᠠ ᠪᠠᠨ ᠲᠠᠯᠪᠢᠵᠤ ᠤᠭᠤᠴᠠᠨ ᠤ ᠲᠡᠬᠡᠷ᠎ᠡ ᠨᠢ ᠪᠠᠶᠠᠷ ᠤᠨ ᠮᠠᠩᠨᠠᠢ ︵ᠲᠤᠨᠤᠯᠵᠢᠨ︶ ᠡᠰᠬᠡᠭᠰᠡᠨ ᠬᠤᠨᠢᠨ ᠲᠤᠯᠤᠭᠠᠢ ᠪᠠᠨ ᠲᠠᠯᠪᠢᠨ᠎ᠠ᠃ ᠰᠢᠷᠡᠬᠡᠨ ᠳᠤ ᠭᠠᠷᠭᠠᠬᠤ ᠳᠠᠭᠠᠨ ᠭᠤᠤᠯᠳᠠᠵᠤ ᠰᠠᠭᠤᠭ᠎ᠠ ᠵᠤᠴᠢᠨ ᠤ ᠦᠬᠡᠳᠡ ᠲᠤᠯᠤᠭᠠᠢ ᠶᠢ ᠨᠢ ᠬᠠᠨᠳᠤᠭᠤᠯᠤᠨ ᠰᠡᠬᠦᠯ ᠢ ᠨᠢ ᠰᠢᠬᠦᠰᠦ ᠤᠷᠤᠭᠤᠯᠤᠭᠰᠠᠨ ᠬᠦᠮᠤᠨ ᠦᠪᠡᠷ ᠤᠨ ᠪᠡᠶ᠎ᠡ ᠦᠬᠡᠳᠡ  ᠪᠠᠨ ᠬᠠᠨᠳᠤᠭᠤᠯᠤᠨ ᠲᠠᠯᠪᠢᠨ᠎ᠠ᠃ ᠰᠢᠬᠦᠰᠦ ᠤᠷᠤᠭᠤᠯᠬᠤ ᠶᠢᠨ ᠬᠠᠮᠳᠤᠳᠠ ᠲᠡᠪᠤᠰᠤ ᠰᠤᠩᠬᠢᠨ᠎ᠠ᠂ ᠰᠠᠷᠢᠮᠰᠤᠭ ᠲᠠᠢ ᠨᠠᠶᠢᠷᠠᠭᠤᠯᠤᠭᠰᠠᠨ ᠬᠠᠯᠠᠭᠤᠨ ᠱᠦᠯᠤ ᠶᠢ ᠰᠢᠷᠡᠬᠡᠨ ᠤ ᠲᠦᠷᠪᠡᠨ ᠦᠨᠴᠦᠭ ᠪᠤᠶᠤ ᠬᠤᠶᠠᠷ ᠲᠠᠯ᠎ᠠ ᠳᠤ ᠨᠢ ᠲᠠᠯᠪᠢᠵᠤ ᠰᠢᠬᠦᠰᠦ ᠢᠳᠡᠬᠦ ᠳᠤ ᠵᠤᠷᠢᠭᠤᠯᠤᠭᠰᠠᠨ ᠪᠠᠶᠢᠳᠠᠭ᠃ ᠡᠬᠦᠨ ᠢ ᠪᠦᠬᠦᠯᠢ ᠬᠤᠨᠢᠨ ᠰᠢᠬᠦᠰᠦ ᠲᠡᠪᠰᠢᠬᠦᠯᠬᠦ ᠬᠡᠳᠡᠭ᠃ ᠰᠢᠬᠦᠰᠦ ᠬᠦᠨᠳᠡᠬᠦ᠄ ᠰᠢᠬᠦᠰᠦ ᠤᠷᠤᠭᠤᠯᠤᠭᠰᠠᠨ ᠤ ᠲᠠᠷᠠᠭ᠎ᠠ ᠬᠡᠷ ᠤᠨ ᠡᠵᠡᠨ ᠪᠤᠶᠤ ᠬᠤᠷᠢᠮ ᠨᠠᠶᠢᠷ ᠬᠠᠮᠢᠶᠠᠷᠤᠭᠴᠢ ᠵᠤᠴᠢᠨ ᠲᠤ ᠰᠢᠬᠦᠰᠦ ᠶᠢᠨ ᠠᠷᠢᠬᠢ ᠬᠡᠮᠡᠨ ᠪᠠᠷᠢᠵᠤ ᠰᠢᠬᠦᠰᠦ ᠤᠷᠤᠭᠤᠯᠤᠭᠰᠠᠨ ᠶᠤᠰᠤ ᠬᠦᠢᠴᠡᠳᠬᠡᠨ᠎ᠡ᠃ ᠡᠬᠦᠨ ᠤ ᠲᠠᠷᠠᠭ᠎ᠠ ᠰᠢᠬᠦᠰᠦ ᠤᠷᠤᠭᠤᠯᠤᠭᠰᠠᠨ ᠬᠦᠮᠤᠨ ᠵᠢᠵᠢᠭ ᠲᠠᠪᠠᠭ ᠤᠨ ᠲᠤᠳᠤᠷ᠎ᠠ ᠮᠦᠡᠭᠬᠦᠨ ᠬᠤᠢ ᠲᠠᠢ ᠮᠤᠩᠭᠤᠯ ᠬᠢᠳᠤᠭ᠎ᠠ ᠶᠢᠨ ᠦᠵᠦᠬᠦᠷ ᠢ ᠨᠢ ᠪᠡᠶ᠎ᠡ ᠵᠦᠭ ᠢᠶᠠᠨ ᠬᠠᠨᠳᠤᠭᠤᠯᠤᠨ ᠡᠰᠢ ᠪᠠᠷ ᠨᠢ ᠰᠢᠷᠡᠬᠡᠨ ᠲᠦᠷᠦᠬᠦᠦ ᠵᠤᠴᠢᠨ ᠳᠤ ᠪᠠᠷᠢᠨ᠎ᠠ᠃ ᠲᠦᠷᠦᠬᠦᠦ ᠵᠤᠴᠢᠨ ᠬᠢᠳᠤᠭ᠎ᠠ ᠶᠢ ᠲᠤᠰᠤᠨ ᠠᠪᠴᠦ ᠬᠤᠨᠢᠨ ᠲᠤᠯᠤᠭᠠᠢ ᠶᠢᠨ ᠪᠠᠶᠠᠷ ᠤᠨ ᠮᠠᠩᠨᠠᠢ ᠶᠢᠨ ᠲᠤᠮᠳᠠ ᠨᠢ ᠬᠢᠳᠤᠭ᠎ᠠ ᠪᠠᠷ ᠢᠶᠠᠨ ︽+︾ ᠲᠡᠮᠳᠡᠭ ᠪᠤᠶᠤ ︽ᠬᠠᠰᠪᠤ ᠲᠡᠮᠳᠡᠭ︾ ᠶᠢ ᠤᠭ ᠡᠰᠬᠡᠭᠰᠡᠨ ᠤᠷᠤᠮ ᠪᠠᠷ  ᠨᠢ ᠲᠠᠭᠠᠭᠤᠯᠤᠨ ᠵᠢᠷᠤᠵᠤ ᠲᠠᠬᠢᠨ ᠪᠠᠷᠠᠭᠤᠨ ᠴᠢᠬᠢᠨ ᠤ ᠠᠷᠤ ᠪᠠᠷ ᠨᠢ ᠤᠭᠳᠤᠯᠤᠵᠤ ᠬᠦᠨᠳᠡᠬᠡᠳ ᠰᠢᠬᠦᠰᠦ ᠠᠴᠠ ᠬᠡᠳᠦᠨ ᠵᠢᠰᠦᠮ ᠠᠪᠴᠦ ᠭᠠᠯ ᠭᠤᠯᠤᠮᠳᠠ ᠳᠠᠭᠠᠨ ᠡᠷᠬᠦᠬᠡᠳ ᠬᠤᠨᠢᠨ ᠲᠤᠯᠤᠭᠠᠢ ᠶᠢ ᠵᠢᠵᠢᠭ ᠲᠠᠪᠠᠭ ᠲᠤ ᠬᠢᠵᠤ ᠪᠤᠴᠠᠭᠠᠬᠤ ᠶᠢᠨ ᠬᠠᠮᠳᠤ ᠬᠢᠳᠤᠭ᠎ᠠ ᠪᠠᠨ ᠵᠤᠴᠢᠨ ᠲᠠᠶᠢᠯᠠᠭᠴᠢ ᠳᠤ ᠭᠠᠷᠳᠠᠭᠤᠯᠤᠨ᠎ᠠ᠃ ᠡᠬᠦᠨ ᠢ ᠰᠢᠬᠦᠰᠦ ᠬᠦᠨᠳᠡᠬᠦ ᠬᠡᠳᠡᠭ᠃ ᠵᠤᠴᠢᠨ ᠲᠠᠶᠢᠯᠠᠭᠴᠢ ᠬᠢᠴᠢᠶᠡᠩᠬᠦᠢ ᠪᠠᠷ ᠬᠢᠳᠤᠭ᠎ᠠ ᠶᠢ ᠲᠤᠰᠤᠨ ᠠᠪᠴᠦ ᠤᠭᠤᠴᠠᠨ ᠪᠠᠨ ᠬᠠᠰᠢᠵᠤ ᠡᠬᠢᠯᠡᠨ᠎ᠡ᠃ ᠤᠭᠤᠴᠠ ᠪᠠᠨ ᠬᠠᠰᠢᠬᠤ ᠳᠠᠭᠠᠨ ᠬᠢᠳᠤᠭ᠎ᠠ ᠶᠢᠨ ᠢᠷ ᠢ ᠭᠠᠳᠠᠭᠰᠢ ᠬᠠᠨᠳᠤᠭᠤᠯᠤᠨ ᠵᠦᠪ ᠢᠶᠠᠷ ᠪᠠᠷᠢᠵᠤ ᠨᠢᠷᠤᠭᠤ ᠲᠠᠭᠤ ᠦᠶᠡᠯᠡᠨ ᠲᠠᠬᠢᠨ ᠤᠭᠤᠴᠠ ᠶᠢᠨ ᠵᠦᠪ ᠲᠠᠯ᠎ᠠ ᠶᠢᠨ ᠰᠡᠬᠦᠯ ᠤᠨ ᠪᠤᠭᠤᠮ᠎ᠠ ᠠᠴᠠ ᠡᠬᠢᠯᠡᠨ ᠵᠦᠰᠦᠵᠤ ᠤᠭᠤᠴᠠ ᠶᠢᠨ ᠬᠤᠶᠠᠷ ᠲᠠᠯ᠎ᠠ ᠶᠢ ᠠᠳᠠᠯᠢᠬᠠᠨ ᠬᠠᠰᠢᠵᠤ ᠵᠦᠰᠦᠨ᠎ᠠ᠃ ᠡᠬᠦᠨ ᠢ ᠬᠠᠰᠢᠬᠤ ᠬᠡᠵᠤ ᠡᠨᠡᠬᠦ ᠵᠦᠰᠦᠮ ᠢ ︽ᠬᠠᠰᠢᠶᠠᠰᠤ︾ ᠬᠡᠬᠦ ᠪᠤᠶᠤ ︽ᠲᠠᠷᠠᠮ᠎ᠠ︾ ᠬᠡᠳᠡᠭ᠃ ᠬᠠᠰᠢᠭᠰᠠᠨ ᠬᠠᠰᠢᠶᠠᠰᠤ ᠪᠠᠨ ᠵᠦᠪ ᠲᠠᠯ᠎ᠠ ᠶᠢᠨ ᠬᠢ ᠪᠤᠷᠤᠭᠤ ᠲᠠᠯ᠎ᠠ ᠳᠤᠨᠢ ᠰᠤᠯᠢᠵᠤ ᠲᠠᠯᠪᠢᠭᠰᠠᠨ ᠤ ᠲᠠᠷᠠᠭ᠎ᠠ ᠨᠢᠬᠡ ᠲᠠᠯ᠎ᠠ ᠶᠢᠨ ᠬᠠᠰᠢᠶᠠᠰᠤ ᠪᠤᠶᠤ ᠨᠢᠬᠡ ᠬᠠ ᠶᠢᠨ ᠬᠡᠰᠡᠭ ᠠᠴᠠ ᠲᠠᠪᠠᠭ ᠲᠤ ᠬᠢᠵᠤ ᠬᠡᠷ ᠤᠨ ᠡᠵᠡᠨ ᠤ ᠬᠤᠪᠢ ᠬᠡᠵᠤ ᠦᠭᠬᠦᠨ᠎ᠡ᠃ ᠬᠡᠷᠪᠡ ᠬᠡᠷ ᠤᠨ ᠡᠵᠡᠨ ᠨᠢ ᠨᠠᠰᠤ ᠵᠡᠷᠬᠡ ᠪᠠᠷ ᠦᠨᠳᠦᠷ ᠪᠤᠯ ᠪᠠᠷᠠᠭᠤᠨ ᠬᠠ ᠶᠢ ᠪᠦᠬᠦᠯᠢ ᠪᠠᠷ ᠨᠢ ᠬᠡᠷ ᠤᠨ ᠡᠵᠡᠨ ᠳᠤ ᠳᠤᠨᠢ ᠪᠠᠷᠢᠳᠠᠭ᠃ ᠬᠡᠷ ᠤᠨ ᠡᠵᠡᠨ ᠲᠡᠷᠡᠬᠦ ᠬᠠ ᠶᠢ ᠡᠪᠳᠡᠬᠡᠳ ᠬᠤᠶᠠᠷ ᠬᠠᠪᠢᠷᠭ᠎ᠠ ᠶᠢ ᠯᠡ ᠦᠯᠡᠳᠡᠬᠡᠬᠡᠳ ᠪᠤᠰᠤᠳ ᠢ ᠨᠢ ᠤᠭᠤᠴᠠᠨ ᠤ ᠲᠠᠪᠰᠢ  ᠳᠤ ᠪᠤᠴᠠᠭᠠᠳᠠᠭ᠃ ᠪᠦᠬᠦᠯᠢ ᠬᠤᠨᠢᠨ ᠰᠢᠬᠦᠰᠦ ᠤᠷᠤᠭᠤᠯᠬᠤ ᠲᠠᠶᠢᠯᠠᠯᠭ᠎ᠠ ᠳᠤ ᠪᠠᠰᠠ ᠲᠠᠪᠠᠭ ᠲᠠᠪᠰᠢ ᠬᠡᠵᠤ ᠤᠷᠤᠭᠤᠯᠳᠠᠭ᠃ ᠢᠡᠭᠬᠢᠬᠦ  ᠳᠡᠭᠡᠨ ᠲᠤᠳᠤᠷ ᠲᠠᠪᠤᠨ ᠴᠤᠯᠤᠮ ᠴᠢᠳᠬᠤᠭᠰᠠᠨ ᠬᠡᠳᠡᠰᠤ᠂ ᠬᠤᠰᠬᠢᠨᠠᠭ ᠵᠡᠷᠬᠡ ᠶᠢ ᠲᠠᠪᠠᠰᠢ ᠳᠤ ᠦᠷᠦᠵᠤ᠂ ᠠᠰ  ᠲᠤᠨᠢ ᠰᠢᠷᠡᠭᠡ ᠵᠠᠰᠠᠵᠤ ᠲᠠᠯᠪᠢᠳᠠᠭ᠃ ᠬᠠᠷᠢᠨ ᠤᠭᠤᠴᠠ ᠰᠢᠬᠦᠰᠦ ᠲᠠᠢ ᠬᠠᠮᠳᠤ ᠬᠡᠳᠡᠰᠤ ᠲᠤᠳᠤᠷ ᠤᠷᠤᠭᠤᠯᠳᠠᠭ ᠦᠬᠡᠢ᠃ ᠰᠢᠬᠦᠰᠤ ᠡᠷᠬᠢᠬᠦᠯᠬᠦ᠄ ᠰᠢᠬᠦᠰᠤ ᠶᠢᠨ ᠲᠠᠶᠢᠯᠠᠯᠭ᠎ᠠ ᠪᠠᠷᠠᠬᠤ ᠳᠤ ᠲᠦᠷᠦᠬᠦᠦ ᠵᠤᠴᠢᠨ ᠠᠴᠠ ᠬᠦᠮᠤᠨ ᠪᠦᠷᠢ ᠠᠮᠰᠠᠭᠰᠠᠨ ᠲᠠᠯᠤ ᠶᠢᠨ ᠶᠠᠰᠤ᠂ ᠴᠢᠮᠤᠬᠡ ᠶᠢᠨ ᠶᠠᠰᠤ ᠶᠢ ᠶᠤᠰᠤᠴᠢᠯᠠᠨ ᠲᠠᠯᠪᠢᠵᠤ ᠬᠤᠨᠢᠨ ᠲᠤᠯᠤᠭᠠᠢ ᠶᠢ ᠲᠠᠬᠢᠨ ᠲᠠᠪᠠᠭ ᠲᠤ ᠬᠢᠵᠤ ᠠᠪᠴᠢᠷᠠᠭᠤᠯᠤᠨ ᠮᠦᠨ ᠬᠦ ᠤᠭᠤᠴᠠᠨ ᠲᠡᠬᠡᠷ᠎ᠡ ᠨᠢ ᠲᠠᠯᠪᠢᠵᠤ ᠲᠠᠪᠰᠢ ᠪᠠᠭᠤᠯᠭᠠᠬᠤ ᠶᠢ ᠮᠡᠳᠡᠭᠳᠡᠨ ᠵᠤᠴᠢᠨ ᠲᠠᠶᠢᠯᠠᠭᠴᠢ ᠳᠤ ᠵᠦᠪ ᠡᠷᠬᠢᠯᠳᠡ ᠪᠠᠷ ᠡᠷᠬᠢᠬᠦᠯᠤᠨ ᠭᠠᠷᠳᠠᠭᠤᠯᠵᠤ ᠰᠢᠬᠦᠰᠤ ᠪᠤᠴᠠᠭᠠᠨ᠎ᠠ᠃ ᠬᠦᠯᠢᠶᠡᠨ ᠠᠪᠤᠭᠴᠢ ᠨᠢ ᠲᠠᠬᠢᠨ ᠵᠦᠪ ᠢᠶᠠᠷ ᠬᠠᠭᠠᠰ ᠡᠷᠬᠢᠬᠦᠯᠤᠨ ᠰᠢᠬᠦᠰᠦᠨ ᠲᠡᠬᠡᠷᠡᠬᠢ ᠬᠤᠨᠢᠨ ᠲᠤᠯᠤᠭᠠᠢ ᠶᠢ ᠭᠠᠳᠠᠭᠰᠢ ᠬᠠᠨᠳᠤᠭᠤᠯᠤᠨ ︽ᠵᠤᠴᠢᠨ ᠰᠠᠶᠢᠨ ᠵᠤᠭᠤᠭᠯᠠᠪᠠᠤ︖︾ ᠬᠡᠵᠤ ᠶᠤᠰᠤ ᠬᠦᠢᠴᠡᠳᠬᠡᠨ ᠬᠡᠳᠡᠷᠬᠦ ᠤᠬᠤᠷᠢᠨ ᠠᠪᠴᠦ ᠭᠠᠷᠤᠨ᠎ᠠ᠃ ᠡᠬᠦᠨ ᠢ ᠰᠢᠬᠦᠰᠦ ᠡᠷᠬᠢᠨ᠎ᠡ ᠬᠡᠳᠡᠭ᠃ ᠰᠢᠬᠦᠰᠤ ᠪᠠᠭᠤᠯᠭᠠᠭᠰᠠᠨ ᠤ ᠲᠠᠷᠠᠭ᠎ᠠ᠂ ᠵᠤᠴᠢᠨ ᠲᠤ ᠲᠤᠳᠤᠷᠭ᠎ᠠ ᠪᠤᠶᠤ ᠮᠤᠩᠭᠤᠯ ᠬᠠᠭᠤᠷᠤᠭᠰᠠᠨ ᠠᠮᠤ ᠪᠤᠳᠠᠭ᠎ᠠ ᠡᠰᠡᠬᠦᠯ᠎ᠡ ᠨᠠᠷᠢᠮᠤ ᠪᠤᠳᠠᠭ᠎ᠠ ᠪᠠᠷ ᠴᠢᠨᠠᠭᠰᠠᠨ ᠱᠦᠯᠤ ᠠᠶᠠᠭᠠᠯᠠᠨ᠎ᠠ᠃ ᠡᠬᠦᠨ ᠢ ᠱᠦᠯᠤ ᠪᠠᠷᠢᠬᠤ ᠬᠡᠨ᠎ᠡ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号