ᠭᠡᠷ ᠤᠨ ᠡᠳ᠋ᠯᠡᠯ ᠤᠨ ᠵᠦᠢᠯ —ᠠᠪᠳᠠᠷ᠎ᠠ᠂ ᠪᠠᠷᠠᠭᠠᠨ ᠤ ᠰᠢᠷᠡᠭᠡ
ᠨᠡᠶᠢᠲᠡᠯᠡᠭᠰᠡᠨ ᠴᠠᠭ᠄
2021/1/20
︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾                  ----- ᠠᠬᠤᠢ ᠠᠮᠢᠳᠤᠷᠠᠯ ᠤᠨ ᠪᠣᠳᠢᠭᠡᠷ ᠤᠨ ᠡᠳ᠋ᠯᠡᠯ ᠤᠨ ᠵᠦᠢᠯ —  ᠠᠪᠳᠠᠷ᠎ᠠ᠂ ᠪᠠᠷᠠᠭᠠᠨ ᠤ ᠰᠢᠷᠡᠭᠡ᠄ ᠣᠶᠢᠷᠠᠳ ᠬᠦᠮᠦᠰ ᠤᠨ ᠤᠯᠠᠮᠵᠢᠯᠠᠯ ᠳᠤ ᠰᠢᠨ᠎ᠡ ᠠᠴᠠ ᠬᠤᠷᠢᠮ ᠬᠢᠵᠤ ᠠᠶᠢᠯ ᠠᠮᠢᠲᠠᠨ ᠪᠣᠯᠬᠤ ᠪᠠᠷ ᠪᠠᠶᠢᠬᠤ ᠤᠯᠤᠰ ᠲᠤ ᠡᠷᠬᠡᠪᠰᠢ ᠮᠡᠲᠦ ᠭᠡ ᠪᠠᠷ ᠬᠡᠷᠡᠭᠦᠯᠵᠦ ᠤᠷᠠᠯᠠᠭᠰᠠᠨ ᠨᠢᠭᠡ ᠬᠤᠣᠰ ᠮᠣᠳᠤᠨ ᠠᠪᠳᠠᠷ᠎ᠠ ᠪᠣᠯᠤᠨ ᠨᠢᠭᠡ ᠬᠤᠣᠰ ᠪᠠᠷᠠᠭᠠᠨ ᠤ ᠰᠢᠷᠡᠭᠡ ᠬᠢᠵᠤ᠂ ᠰᠢᠨ᠎ᠡ ᠪᠦᠷᠢᠭᠰᠡᠨ ᠭᠡᠷ ᠪᠤᠶᠤ ᠬᠤᠷᠢᠮ ᠬᠢᠵᠤ ᠠᠶᠢᠯ ᠠᠮᠢᠲᠠᠨ ᠪᠣᠯᠵᠤ ᠪᠠᠶᠢᠬᠤ ᠵᠠᠯᠠᠭᠤ ᠶᠢᠨ ᠭᠡᠷ ᠲᠤᠨᠢ ᠣᠷᠤᠭᠤᠯᠵᠤ ᠬᠤᠶᠢᠮᠤᠷ ᠪᠡᠶ᠎ᠡ ᠶᠢᠨ ᠲᠡᠷᠡᠮ ᠢ ᠳᠠᠭᠠᠭᠤᠯᠵᠤ ᠲᠠᠯᠪᠢᠳᠠᠭ᠃ ᠣᠯᠠᠩᠬᠢ ᠪᠠᠶᠢᠳᠠᠯ ᠳᠤ ᠪᠠᠷᠠᠭᠠᠨ ᠤ ᠰᠢᠷᠡᠭᠡ ᠪᠣᠯᠤᠨ ᠠᠪᠳᠠᠷ᠎ᠠ ᠶᠢ ᠮᠣᠷᠳᠠᠵᠤ ᠢᠷᠡᠬᠦ ᠬᠡᠤᠬᠡᠨ ᠤ ᠲᠠᠯ᠎ᠠ ᠬᠢᠵᠤ ᠢᠷᠡᠳᠡᠭ ᠵᠠᠩᠰᠢᠯ ᠲᠠᠢ ᠪᠣᠯᠬᠤᠷ ᠬᠡᠤᠬᠡᠨ ᠮᠣᠷᠳᠠᠵᠤ ᠢᠷᠡᠬᠦ ᠦᠶ᠎ᠡ ᠳᠤ ᠡᠳ᠋ ᠤᠨ ᠬᠠᠮᠲᠤ ᠠᠪᠴᠤ ᠢᠷᠡᠳᠡᠭ ᠪᠠᠶᠢᠯ᠎ᠠ᠃ ᠭᠡᠲᠡᠯ᠎ᠡ ᠡᠨᠡ ᠨᠢ ᠵᠠᠪᠠᠯ ᠬᠤᠷᠢᠮ ᠬᠢᠬᠦ ᠦᠶ᠎ᠡ ᠳᠤ ᠪᠠᠶᠢᠬᠤ ᠶᠣᠰᠣᠲᠠᠢ ᠵᠦᠢᠯ ᠭᠡᠬᠦ ᠶᠢᠨ ᠠᠷᠭ᠎ᠠ ᠦᠭᠡᠢ᠃ ᠤᠴᠢᠷ ᠨᠢ ᠦᠩᠭᠡᠷᠡᠭᠰᠡᠨ ᠳᠤ ᠵᠠᠷᠢᠮ ᠦᠭᠡᠶᠢᠲᠡᠢ ᠤᠯᠤᠰ ᠬᠦᠪᠡᠭᠦᠨ ᠬᠡᠤᠬᠡᠨ ᠳᠡᠭᠡᠨ ᠬᠤᠷᠢᠮ ᠭᠡᠶᠢᠴᠢ ᠬᠢᠬᠦ ᠳᠡᠭᠡᠨ ᠠᠪᠳᠠᠷ᠎ᠠ ᠬᠠᠶᠢᠷᠴᠠᠭ ᠬᠢᠵᠤ ᠲᠠᠯᠪᠢᠬᠤ ᠴᠢᠳᠠᠯ ᠦᠭᠡᠢ ᠪᠣᠯᠪᠠᠯ ᠲᠦᠷ ᠴᠠᠭ ᠪᠤᠰᠤᠩᠭᠢ ᠠᠶᠢᠯ ᠠᠴᠠ ᠠᠪᠳᠠᠷ᠎ᠠ ᠪᠤᠯᠤᠨ ᠠᠪᠳᠠᠷ᠎ᠠ ᠶᠢᠨ ᠰᠢᠷᠡᠭᠡ ᠶᠢ ᠨᠢ ᠵᠢᠭᠡᠯᠡᠵᠤ ᠢᠷᠡᠭᠡᠳ ᠲᠠᠯᠪᠢᠵᠤ᠂ ᠬᠤᠷᠢᠮ ᠭᠡᠶᠢᠴᠢ ᠶᠢᠨ ᠶᠣᠰᠤᠨ ᠶᠠᠪᠤᠳᠠᠯ ᠲᠡᠭᠦᠰᠦᠭᠰᠡᠨ ᠠᠴᠠ ᠬᠤᠶᠢᠷᠤ ᠡᠷᠭᠢᠭᠦᠯᠵᠦ ᠦᠭᠳᠡᠭ ᠪᠠᠶᠢᠭᠰᠠᠨ ᠪᠠᠶᠢᠨ᠎ᠠ᠃ ᠣᠶᠢᠷᠠᠳ ᠨᠤᠲᠤᠭ ᠤᠨ ᠬᠦᠮᠦᠰ ᠮᠤᠳᠤ ᠲᠡᠮᠦᠷ ᠮᠡᠲᠦ ᠮᠠᠲ᠋ᠧᠷᠢᠶᠠᠯ ᠢᠶᠠᠷ ᠳᠦᠷᠪᠡᠯᠵᠢᠯᠡᠵᠦ ᠬᠢᠭᠰᠡᠨ ᠪᠠᠭ᠎ᠠ ᠭᠠᠷ ᠤᠨ ᠠᠪᠳᠠᠷ᠎ᠠ ᠶᠢ ᠵᠠᠷᠢᠮ ᠳᠠᠭᠠᠨ ︽ᠬᠠᠶᠢᠷᠴᠠᠭ︾ ᠭᠡᠵᠦ᠂ ᠠᠷᠠᠰᠦ ᠰᠢᠷᠢ ᠪᠠᠷ ᠬᠢᠭᠰᠡᠨ ᠠᠪᠳᠠᠷ᠎ᠠ ᠶᠢ ᠬᠠᠷᠢ ᠬᠡᠯᠡᠨ ᠤ ᠠᠪᠢᠶ᠎ᠠ ᠶᠢ ᠳᠠᠭᠠᠭᠤᠯᠵᠤ ︽ᠴᠠᠮᠠᠲᠠᠨ︾ ᠪᠤᠶᠤ ︽ᠴᠠᠪᠠᠭᠠᠲᠠᠨ︾ ᠭᠡᠵᠦ ᠬᠡᠯᠡᠬᠦ ᠦᠵᠡᠭᠳᠡᠯ ᠴᠤ ᠪᠠᠶᠢᠳᠠᠭ᠃ ᠭᠡᠬᠦ ᠳᠡᠭᠡᠨ ᠣᠯᠠᠩᠬᠢ ᠪᠠᠶᠢᠳᠠᠯ ᠳᠤ ︽ᠬᠠᠶᠢᠷᠴᠠᠭ︾ ᠭᠡᠵᠦ ᠡᠵᠡᠯᠡᠭᠦᠨ ᠨᠢ ᠪᠠᠭ᠎ᠠ ᠰᠢᠭ᠋ ᠠᠪᠳᠠᠷ᠎ᠠ ᠶᠢ ᠬᠡᠯᠡᠳᠡᠭ ᠪᠦᠭᠡᠳ ︽ᠴᠠᠭᠠᠰᠤᠨ ᠬᠠᠶᠢᠷᠴᠠᠭ︾᠂ ︽ᠲᠡᠮᠦᠷ ᠬᠠᠶᠢᠷᠴᠠᠭ︾᠂ ︽ᠲᠠᠮᠠᠬᠢ ᠶᠢᠨ ᠬᠠᠶᠢᠷᠴᠠᠭ︾᠂ ︽ᠡᠮ ᠤᠨ ᠬᠠᠶᠢᠷᠴᠠᠭ︾ ᠭᠡᠬᠦ ᠮᠡᠲᠦ ᠶᠠᠭᠤ ᠲᠦᠷᠦᠬᠦ ᠪᠠᠷ ᠨᠢ ᠲᠤᠲᠤᠳᠬᠠᠵᠤ ᠬᠡᠯᠡᠳᠡᠭ ᠵᠠᠩᠰᠢᠯ ᠲᠠᠢ ᠶᠤᠮ᠃ ᠠᠪᠳᠠᠷ᠎ᠠ ᠶᠢ ᠶᠡᠬᠡᠪᠴᠢᠯᠡᠨ ᠮᠣᠳᠤ ᠱᠠᠯᠠ ᠪᠠᠷ ᠳᠦᠷᠪᠡᠯᠵᠢᠯᠡᠨ ᠤᠭᠯᠠᠬᠤ ᠪᠤᠶᠤ ᠵᠤᠰᠤᠯᠠᠵᠤ ᠬᠠᠳᠠᠭᠠᠳ᠂ ᠳᠡᠭᠡᠷ᠎ᠡ ᠠᠴᠠ ᠨᠢ ᠰᠢᠷᠳᠡᠵᠦ ᠦᠩᠭᠡᠯᠡᠭᠡᠳ ᠬᠢᠳᠡᠭ᠃ ᠠᠪᠳᠠᠷ᠎ᠠ ᠶᠢ ᠬᠡᠷᠡᠭᠯᠡᠬᠦ ᠬᠡᠷᠡᠭᠴᠡᠭᠡᠨ ᠤ ᠲᠠᠯ᠎ᠡ ᠠᠴᠠ ᠬᠡᠯᠡᠪᠡᠯ᠂ ᠶᠡᠷᠦ ᠳᠡᠭᠡᠨ ᠬᠤᠪᠴᠠᠰᠤ ᠬᠤᠨᠠᠷ᠂ ᠰᠢᠬᠢᠷ ᠦᠵᠦᠮ᠂ ᠮᠦᠩᠭᠦ ᠲᠡᠩᠬᠡ ᠵᠡᠷᠭᠡ ᠶᠠᠭᠤᠮ᠎ᠠ ᠪᠣᠯᠤᠨ ᠦᠨ᠎ᠡ ᠴᠠᠨ᠎ᠠ  ᠲᠠᠢ ᠵᠠᠰᠠᠯ ᠴᠢᠮᠡᠭᠡᠯᠡᠯ᠂ ᠪᠢᠴᠢᠭ ᠮᠠᠲ᠋ᠧᠷᠢᠶᠠᠯ ᠵᠡᠷᠭᠡ ᠵᠦᠢᠯᠡᠰ ᠢ ᠲᠦᠷᠦᠵᠦ ᠲᠠᠯᠪᠢᠳᠠᠭ᠃ ᠡᠶᠢᠮᠦ ᠠᠴᠠ ᠬᠤᠷᠢᠮ ᠤᠨ ᠢᠷᠦᠭᠡᠯ ᠳᠤ᠄ ︽ᠠᠯᠠᠭᠠᠨ ᠠᠴᠠ ᠴᠢᠨᠢ ᠠᠯᠲᠠ ᠴᠠᠭᠠᠨ ᠬᠠᠳᠠᠭ ᠬᠤᠶᠢᠭᠤᠳᠠᠭ ᠦᠭᠡᠢ ᠪᠣᠯᠵᠤ᠂ ᠠᠪᠳᠠᠷ᠎ᠠ ᠠᠴᠠ ᠴᠢᠨᠢ ᠠᠷᠠᠭ᠎ᠠ ᠲᠠᠢ ᠶᠤᠸᠠᠮᠪᠣᠣ ᠬᠤᠶᠢᠭᠤᠳᠠᠭ ᠦᠭᠡᠢ ᠪᠣᠯᠵᠤ︾᠂ ︽ᠠᠪᠳᠠᠷ᠎ᠠ ᠪᠠᠷ ᠳᠦᠭᠦᠷᠡᠩ ᠠᠯᠲᠠ ᠲᠠᠢ ᠪᠣᠯᠵᠤ ᠠᠲᠠᠷᠭ᠎ᠠ ᠪᠠᠷ ᠲᠦᠭᠦᠷᠡᠩ ᠮᠠᠯ ᠲᠠᠢ ᠪᠣᠯᠵᠤ …︾ ᠭᠡᠵᠦ ᠬᠡᠯᠡᠳᠡᠭ᠃ ᠣᠶᠢᠷᠠᠳ ᠬᠦᠮᠦᠰ ᠰᠢᠨ᠎ᠡ ᠠᠴᠠ ᠭᠡᠷ ᠡᠷᠦᠬᠡ ᠪᠣᠰᠬᠠᠵᠤ ᠪᠠᠶᠢᠭ᠎ᠠ ᠤᠯᠤᠰ ᠤᠨ ᠠᠪᠳᠠᠷ᠎ᠠ ᠶᠢ ᠬᠤᠣᠰ ᠢᠶᠠᠷ ᠬᠢᠳᠡᠭ ᠪᠠ ᠦᠷᠦᠭᠡ ᠶᠢᠨ ᠪᠠᠶᠢᠳᠠᠯ ᠢ ᠦᠵᠡᠵᠦ ᠪᠠᠶᠢᠭᠠᠳ ᠶᠡᠭᠡ ᠪᠠᠭ᠎ᠠ ᠪᠤᠶᠤ ᠦᠨᠳᠦᠷ ᠪᠣᠭᠤᠨᠢ᠂ ᠦᠷᠭᠡᠨ ᠨᠠᠷᠢᠨ ᠤ ᠬᠡᠮᠵᠢᠶ᠎ᠡ ᠶᠢ ᠲᠣᠭᠲᠠᠭᠠᠲᠠᠭ᠃ ᠡᠶᠢᠮᠦ ᠠᠴᠠ ᠠᠭᠤᠵᠢᠭᠤ ᠰᠢᠭ᠋ ᠭᠡᠷ ᠪᠣᠯᠬᠤ ᠶᠤᠮ ᠪᠣᠯᠪᠠᠯ ᠳ᠋ᠤᠭ ︵ᠪᠠᠭ᠎ᠠ︶ ᠶᠡᠭᠡ ᠰᠢᠭ ᠬᠢᠵᠤ᠂ ᠪᠠᠭ᠎ᠠ ᠰᠢᠭ᠋ ᠭᠡᠷ ᠪᠣᠯᠬᠤ ᠶᠤᠮ ᠪᠣᠯᠪᠠᠯ ᠪᠠᠭᠲᠠᠭᠠᠮᠵᠢ ᠶᠢ ᠨᠢ ᠬᠠᠯᠠᠶᠢᠵᠤ ᠪᠠᠶᠢᠭᠠᠳ ᠪᠠᠭ᠎ᠠ ᠰᠢᠭ᠋ ᠬᠢᠳᠡᠭ᠃ ᠵᠠᠷᠢᠮ ᠨᠦᠭᠦᠴᠡᠯ ᠪᠣᠯᠤᠯᠴᠠᠭ᠎ᠠ᠂ ᠤᠷ᠎ᠠ ᠮᠡᠷᠭᠡᠵᠢᠯ ᠤᠨ ᠰᠢᠯᠲᠠᠭᠠᠨ ᠠᠴᠠ ᠪᠣᠯᠵᠤ ᠬᠦᠮᠦᠨ ᠪᠦᠬᠦᠨ ᠦᠪᠡᠷ ᠢᠶᠠᠨ ᠠᠪᠳᠠᠷ᠎ᠠ ᠬᠢᠵᠤ ᠴᠢᠳᠠᠬᠤ ᠦᠭᠡᠢ ᠲᠤᠯᠠ ᠣᠯᠠᠩᠬᠢ ᠪᠠᠶᠢᠳᠠᠯ ᠳᠤ ᠮᠤᠳᠤᠴᠢᠨ ᠬᠦᠮᠦᠨ ᠬᠢᠳᠡᠭ ᠪᠠᠶᠢᠯ᠎ᠠ ᠃ ᠭᠡᠲᠡᠯ᠎ᠡ ᠬᠠᠶᠠ ᠨᠢᠭᠡ ᠭᠠᠷ ᠲᠠᠭᠠᠨ ᠣᠢ ᠲᠠᠢ ᠬᠦᠮᠦᠰ ᠦᠪᠡᠷ ᠢᠶᠠᠨ ᠬᠢᠬᠦ ᠦᠵᠡᠭᠳᠡᠯ ᠲᠠᠢ ᠪᠠᠶᠢᠳᠠᠭ᠃ ᠭᠡᠮᠡᠷ ᠨᠤᠲᠤᠭ ᠠᠶᠢᠯ ᠳᠤᠮᠳᠠ ᠨᠢ ᠠᠪᠳᠠᠷ᠎ᠠ ᠬᠢᠵᠤ ᠦᠭᠬᠦ ᠮᠣᠲᠤᠴᠢᠨ ᠪᠠᠶᠢᠬᠤ ᠦᠭᠡᠢ ᠪᠣᠯᠪᠠᠯ ᠵᠠᠬ᠎ᠠ ᠵᠡᠭᠡᠯᠢ ᠶᠢᠨ ᠪᠠᠽᠠᠷ ᠠᠪᠳᠠᠷ᠎ᠠ ᠬᠤᠳᠠᠯᠳᠤᠵᠤ ᠠᠪᠬᠤ ᠪᠤᠶᠤ ᠮᠠᠯ ᠬᠠᠷ᠎ᠠ ᠪᠠ ᠠᠩ ᠠᠮᠢᠲᠠᠨ ᠤ ᠠᠷᠠᠰᠤ ᠬᠦᠷᠦᠰᠦ ᠪᠠᠷ ᠠᠪᠳᠠᠷ᠎ᠠ ᠰᠣᠯᠢᠵᠤ ᠠᠪᠳᠠᠭ᠃ ᠠᠪᠳᠠᠷ᠎ᠠ ᠶᠢ ᠬᠡᠯᠪᠡᠷᠢ ᠪᠠᠶᠢᠳᠠᠯ ᠤᠨ ᠬᠤᠪᠢ ᠳᠤ ᠲᠡᠭᠰᠢ ᠳᠦᠷᠪᠡᠯᠵᠢᠨ ᠪᠤᠶᠤ ᠤᠷᠲᠤ ᠳᠦᠷᠪᠡᠯᠵᠢᠨ ᠬᠡᠯᠪᠡᠷᠢ ᠲᠠᠢ ᠬᠢᠳᠡᠭ ᠪᠠ ᠰᠡᠬᠦᠭᠳᠡᠬᠦ ᠰᠡᠬᠦᠭᠦᠷ ᠬᠠᠪᠬᠠᠭ ᠲᠠᠢ᠂ ᠬᠠᠪᠬᠠᠭ ᠤᠨ ᠠᠷᠤ ᠳᠤ ᠨᠢ ᠦᠭᠡᠳᠡ ᠤᠷᠤᠭᠤ ᠰᠡᠬᠦᠬᠦ ᠳᠤ ᠬᠦᠳᠡᠯᠬᠦ ᠬᠤᠶᠠᠷ ᠲᠣᠪᠰᠠᠢ ᠲᠠᠢ᠂ ᠨᠢᠭᠤᠷ ᠲᠠᠯ᠎ᠠ ᠳᠤᠨᠢ ᠠᠪᠳᠠᠷ᠎ᠠ ᠶᠢᠨ ᠬᠠᠪᠬᠠᠭ ᠢ ᠣᠨᠢᠰᠤᠯᠠᠵᠤ ᠪᠠᠲᠤᠯᠠᠬᠤ ᠳᠤ ᠬᠡᠷᠡᠭᠲᠡᠢ ᠬᠤᠣᠰ ᠪᠤᠶᠤ ᠨᠢᠭᠡ ᠲᠦᠳᠡᠭᠡ ᠲᠠᠢ᠂ ᠬᠤᠶᠠᠷ ᠲᠠᠯ᠎ᠠ ᠳᠤᠨᠢ ᠪᠠᠷᠢᠵᠤ ᠡᠷᠭᠦᠬᠦ ᠳᠤ ᠵᠣᠷᠢᠭᠤᠯᠵᠤ ᠬᠤᠶᠠᠷ ᠰᠢᠭᠰᠢᠭ ᠪᠠᠷᠢᠭᠤᠯ ᠲᠠᠢ ᠬᠢᠳᠡᠭ᠃ ᠲᠡᠭᠡᠬᠦ ᠳᠡᠭᠡᠨ ᠮᠣᠳᠤᠨ ᠱᠠᠯᠠ ᠶᠢ ᠵᠣᠬᠢᠬᠤ ᠬᠡᠮᠵᠢᠶᠡᠷᠢ ᠪᠠᠷ ᠬᠢᠷᠦᠭᠡᠳᠡᠵᠦ ᠬᠤᠭᠤᠷᠤᠨᠳᠤ ᠨᠢ ᠠᠮᠠᠭᠠᠶᠢᠯᠠᠬᠤ ᠪᠤᠶᠤ ᠲᠡᠮᠦᠷ᠂ ᠮᠤᠳᠤᠨ ᠬᠠᠳᠠᠭᠠᠰᠤ ᠪᠠᠷ ᠬᠠᠳᠠᠵᠤ ᠪᠦᠲᠦᠴᠡ ᠶᠢ ᠨᠢ ᠭᠠᠷᠭᠠᠳᠠᠭ᠃ ᠭᠡᠮᠡᠷ ᠮᠣᠳᠤᠨ ᠱᠠᠯᠠ ᠶᠢᠨ ᠦᠷᠭᠡᠨ ᠨᠢ ᠬᠡᠷᠡᠭᠴᠡᠭᠡᠨ ᠳᠤ ᠬᠦᠷᠬᠦ ᠦᠭᠡᠢ ᠶᠤᠮ ᠪᠣᠯᠪᠠᠯ ᠬᠤᠶᠠᠷ ᠱᠠᠯᠠ ᠶᠢᠨ ᠢᠷᠮᠡᠭ ᠢ ᠬᠠᠷᠤᠭᠤᠯᠳᠠᠨ ᠲᠡᠭᠰᠢᠯᠡᠵᠦ ᠬᠤᠭᠤᠷᠤᠨᠳᠤ ᠨᠢ ᠵᠤᠰᠤ ᠪᠠᠷ ᠵᠤᠰᠤᠯᠠᠵᠤ ᠦᠷᠭᠡᠨ ᠤ ᠬᠡᠮᠵᠢᠶ᠎ᠡ ᠶᠢ ᠲᠣᠬᠢᠷᠠᠭᠤᠯᠳᠠᠭ᠃ ᠡᠶᠢᠭᠡᠭᠰᠡᠨ ᠤ ᠳᠠᠷᠠᠭ᠎ᠠ ᠬᠠᠳᠠᠵᠤ ᠵᠤᠰᠤᠯᠠᠭᠰᠠᠨ ᠠᠪᠳᠠᠷ᠎ᠠ ᠪᠠᠨ ᠡᠯᠡᠰᠦᠨ ᠴᠠᠭᠠᠰᠤ ᠪᠠᠷ ᠵᠦᠯᠬᠦᠵᠤ ᠲᠡᠭᠰᠢᠯᠡᠳᠡᠭ ᠪᠠ ᠵᠠᠷᠢᠮ ᠨᠢᠭᠡᠨ ᠬᠠᠳᠠᠭᠠᠰᠤᠨ ᠤ ᠤᠷᠤᠮ᠂ ᠠᠳᠠᠷᠠᠤ ᠲᠠᠢ ᠭᠠᠵᠠᠷ ᠪᠠᠶᠢᠬᠤ ᠶᠤᠮ ᠪᠣᠯᠪᠠᠯ ᠰᠢᠲᠠᠭᠠᠭᠰᠠᠨ ᠴᠡᠷᠡᠳ ᠤᠨ ᠦᠨᠡᠰᠦᠨ ᠳᠤ ᠵᠤᠰᠤ ᠬᠤᠯᠢᠵᠦ ᠨᠤᠬᠤᠭᠠᠳ ᠲᠡᠲᠡᠭᠡᠷ ᠠᠳᠠᠷᠠᠤ ᠲᠠᠢ ᠭᠠᠵᠠᠷ ᠢᠶᠠᠨ ᠲᠡᠭᠰᠢᠯᠡᠵᠦ ᠳᠡᠭᠡᠷ᠎ᠡ ᠠᠴᠠ ᠨᠢ ᠬᠤᠰᠤᠵᠤ ᠵᠦᠯᠭᠦᠭᠡᠳ ᠲᠡᠭᠰᠢᠯᠡᠳᠡᠭ᠃ ᠡᠶᠢᠭᠡᠵᠦ ᠪᠣᠯᠤᠭᠰᠠᠨ ᠤ ᠳᠠᠷᠠᠭ᠎ᠠ ᠤᠯᠠᠭᠠᠨ᠂ ᠬᠦᠷᠡᠩ᠂ ᠨᠣᠭᠤᠭᠠᠨ᠂ ᠬᠦᠬᠡ ᠮᠡᠲᠦ ᠦᠩᠭᠡᠲᠡᠢ ᠰᠢᠷ ᠢᠶᠠᠷ ᠬᠤᠶᠠᠷ ᠰᠠᠭᠠᠮ᠎ᠠ ᠰᠢᠷᠳᠡᠵᠦ᠂ ᠰᠢᠷ ᠨᠢ ᠬᠠᠳᠠᠭᠰᠠᠨ ᠤ ᠳᠠᠷᠠᠭ᠎ᠠ ᠡᠮᠦᠨ᠎ᠡ ᠨᠢᠭᠤᠷ ᠲᠤᠨᠢ ᠪᠤᠭᠤ ᠰᠤᠭᠤ᠂ ᠵᠢᠭᠦᠷᠲᠡᠨ ᠰᠢᠪᠠᠭᠤ᠂ ᠴᠡᠴᠡᠭ ᠬᠤᠸᠠᠷ ᠵᠢᠷᠤᠬᠤ ᠪᠤᠶᠤ ᠡᠰᠡᠭᠡᠵᠦ ᠦᠯᠵᠡᠢ ᠵᠠᠩᠭᠢᠶ᠎ᠠ᠂ ᠵᠠᠨᠵᠢ᠂ ᠭᠤᠯᠵᠠ ᠮᠡᠲᠦ ᠡᠷᠢᠶ᠎ᠡ ᠵᠢᠷᠤᠵᠤ ᠶᠠᠩᠵᠤᠯᠠᠳᠠᠭ᠃ ᠵᠠᠷᠢᠮ ᠨᠤᠲᠤᠭ ᠲᠤ ᠪᠣᠯᠪᠠᠯ ︽ᠪᠦᠰ ᠬᠤᠪᠴᠠᠰᠤ ᠲᠠᠢ ᠨᠣᠮ ᠰᠤᠳᠤᠷ᠂ ᠬᠦᠷᠦᠭ ᠪᠤᠷᠬᠠᠨ ᠪᠠ ᠭᠡᠷ ᠤᠨ ᠴᠠᠳᠢᠭ ᠲᠤᠭᠤᠵᠢ ᠲᠡᠤᠬᠡ᠂ ᠬᠠᠭᠤᠴᠢᠨ ᠤ ᠲᠤᠷᠠᠰᠬᠠᠯ ᠲᠠᠢ ᠬᠤᠪᠤᠷ ᠴᠤᠬᠠᠭ ᠵᠦᠢᠯᠡᠰ ᠢ ᠬᠠᠲᠠᠭᠠᠯᠠᠬᠤ ᠲᠤᠰᠬᠠᠢ ᠠᠪᠳᠠᠷ᠎ᠠ ᠰᠢᠭ᠋ ᠮᠣᠳᠤᠨ ᠬᠠᠶᠢᠷᠴᠠᠭ ᠢ ᠬᠤᠪᠲᠣ ᠭᠡᠨ᠎ᠡ᠃ ᠬᠤᠪᠲᠣ ᠨᠢ ᠬᠠᠶᠢᠷᠴᠠᠭ ᠠᠴᠠ ᠶᠡᠭᠡ᠂ ᠠᠪᠳᠠᠷ᠎ᠠ ᠠᠴᠠ ᠪᠠᠭ᠎ᠠ ᠪᠠᠶᠢᠳᠠᠭ᠃ ᠲᠡᠭᠦᠨ ᠢ ᠨᠣᠮ ᠤᠨ ᠤᠷᠲᠤ ᠣᠬᠤᠷ ᠢ ᠦᠨᠳᠦᠰᠦᠯᠡᠵᠦ ᠣᠯᠠᠨ ᠶᠠᠩᠵᠤ ᠶᠢᠨ ᠬᠡᠯᠪᠡᠷᠢ ᠲᠠᠢ ᠬᠢᠳᠡᠭ᠃ ᠭᠡᠪᠡᠴᠦ ᠴᠦᠮ ᠤᠷᠲᠤ ᠳᠦᠷᠪᠡᠯᠵᠢᠨ ᠬᠡᠯᠪᠡᠷᠢ ᠲᠠᠢ ᠪᠠᠶᠢᠳᠠᠭ ᠶᠤᠮ᠃ ᠬᠤᠪᠲᠣ ᠳᠤ ᠠᠯᠲᠠᠨ ᠮᠦᠩᠭᠦᠨ ᠵᠡᠷᠭᠡ ᠬᠤᠪᠤᠷ ᠴᠤᠬᠠᠭ ᠵᠦᠢᠯᠡᠰ︾ ᠢ ᠴᠤ ᠬᠠᠲᠠᠭᠠᠯᠠᠵᠤ ᠲᠠᠯᠪᠢᠳᠠᠭ ᠪᠠᠶᠢᠨ᠎ᠠ᠃ ᠵᠡᠷᠭᠡᠴᠡᠭᠡ ᠬᠤᠶᠠᠷ ᠠᠪᠳᠠᠷ᠎ᠠ ᠶᠢ ᠭᠠᠵᠠᠷ ᠠᠴᠠ ᠵᠠᠢ ᠲᠠᠢ ᠲᠠᠯᠪᠢᠬᠤ ᠶᠢᠨ ᠲᠦᠯᠦᠭᠡ ᠠᠪᠳᠠᠷ᠎ᠠ ᠶᠢᠨ ᠳᠦᠷᠪᠡᠯᠵᠢᠨ ᠰᠠᠭᠤᠷᠢ ᠲᠠᠢ ᠶᠡᠭᠡ ᠪᠠᠭ᠎ᠠ ᠨᠢ ᠠᠳᠠᠯᠢ ᠳᠦᠷᠪᠡᠯᠵᠢᠨ ᠬᠤᠶᠠᠷ ᠰᠢᠷᠡᠭᠡ ᠬᠢᠳᠡᠭ᠃ ᠡᠭᠦᠨ ᠢ ᠪᠠᠨ ︽ᠠᠪᠳᠠᠷ᠎ᠠ ᠶᠢᠨ ᠰᠢᠷᠡᠭᠡ︾ ᠭᠡᠵᠦ ᠨᠡᠷᠡᠯᠡᠳᠡᠭ᠃ ᠠᠪᠳᠠᠷ᠎ᠠ ᠶᠢᠨ ᠰᠢᠷᠡᠭᠡ ᠶᠢ ᠳᠦᠷᠪᠡᠨ ᠰᠢᠭᠢᠷ᠎ᠡ ᠲᠠᠢ ᠬᠢᠳᠡᠭ ᠪᠦᠭᠡᠳ ᠡᠮᠦᠨ᠎ᠡ ᠪᠡᠶ᠎ᠡ  ᠳᠤᠨᠢ ᠬᠤᠶᠠᠷ ᠠᠴᠠ ᠭᠤᠷᠪᠠᠨ ᠲᠤᠯᠢ ᠲᠠᠢ ᠬᠢᠳᠡᠭ᠃ ᠲᠣᠯᠢ ᠶᠢᠨ ᠬᠤᠶᠠᠷ ᠲᠡᠯᠡᠬᠢ ᠰᠢᠭᠢᠷ᠎ᠡ ᠨᠢ ᠲᠣᠯᠢ ᠶᠢᠨ ᠳᠣᠣᠷᠠᠬᠢ ᠢᠷᠮᠡᠭ ᠠᠴᠠ ᠲᠦᠷᠦᠦ ᠬᠤᠷᠤᠭᠤᠨ ᠤᠷᠲᠤ ᠪᠣᠯᠳᠠᠭ᠃ ᠡᠨᠡ ᠬᠦ ᠲᠣᠯᠢ ᠶᠢᠨ ᠳᠦᠷᠪᠡᠯᠵᠢᠨ ᠬᠦᠷᠢᠶᠡᠨ ᠳᠤ ᠮᠦᠨ ᠡᠯᠳᠡᠪ ᠠᠮᠢᠲᠠᠨ ᠤ ᠵᠢᠷᠤᠭ ᠵᠢᠷᠤᠬᠤ ᠶᠢᠨ ᠬᠠᠮᠲᠤ ᠴᠡᠴᠡᠭ ᠭᠤᠯᠵᠠ ᠵᠢᠷᠤᠵᠤ ᠬᠡᠷᠡᠭᠦᠯᠳᠡᠭ᠃ ᠶᠡᠷᠦ ᠶᠢᠨ ᠪᠠᠶᠢᠳᠠᠯ ᠳᠤ ᠳᠡᠭᠡᠷ᠎ᠡ ᠨᠢ ᠲᠠᠯᠪᠢᠬᠤ ᠠᠪᠳᠠᠷ᠎ᠠ ᠨᠢ ᠶᠠᠮᠠᠷ ᠦᠩᠭᠡ ᠲᠠᠢ ᠬᠢᠭᠰᠡᠨ ᠪᠣᠯᠪᠠᠯ ᠪᠠᠷᠠᠭᠠᠨ ᠤ ᠰᠢᠷᠡᠭᠡ ᠨᠢ ᠴᠤ ᠲᠠᠶᠢᠮᠦ ᠦᠩᠭᠡᠲᠡᠢ ᠪᠣᠯᠳᠠᠭ᠃ ᠠᠪᠳᠠᠷ᠎ᠠ ᠶᠢ ︽ᠡᠪ ᠦᠭᠡᠢ ᠮᠣᠲᠤ ᠶᠢ ᠡᠪ ᠲᠤᠨᠢ ᠲᠠᠭᠠᠷᠠᠭᠤᠯᠵᠤ ᠬᠢᠭᠰᠡᠨ᠂ ᠡᠷᠪᠡᠭᠡᠢ ᠲᠦᠷᠪᠡᠨ ᠠᠷᠠᠭ᠎ᠠ ᠭᠠᠷᠭᠠᠵᠤ ᠬᠢᠭᠰᠡᠨ᠂ ᠡᠷᠳᠡᠨᠢ ᠴᠠᠭᠠᠰᠤᠨ ᠤ ᠵᠤᠰᠤ ᠪᠠᠷ ᠨᠠᠭᠠᠵᠤ ᠬᠢᠭᠰᠡᠨ᠂ ᠡᠯᠳᠡᠪ ᠤᠨ ᠰᠢᠷ ᠢᠶᠠᠷ ᠰᠢᠷᠳᠡᠵᠦ ᠬᠢᠭᠰᠡᠨ᠂ ᠦᠨ᠎ᠡ  ᠲᠠᠢ ᠦᠩᠭᠡ ᠲᠠᠢ ᠲᠣᠷᠭ᠎ᠠ ᠳᠤᠷᠳᠤᠩ ᠡᠳ᠋ ᠡᠷᠳᠡᠨᠢ ᠪᠠᠷ ᠲᠦᠷᠦᠳᠡᠭ᠂ ᠠᠯᠲᠠᠨ ᠮᠦᠩᠭᠦᠨ ᠬᠤᠶᠢᠭᠤᠳᠠᠭ ᠦᠭᠡᠢ᠂ ᠠᠪᠳᠠᠷ᠎ᠠ ᠬᠠᠶᠢᠷᠴᠠᠭ ᠨᠢ ᠦᠯᠵᠡᠶᠢᠲᠠᠢ ᠪᠣᠯᠲᠤᠭᠠᠢ︕︾ ᠭᠡᠵᠦ ᠢᠷᠦᠭᠡᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号