ᠭᠡᠷ ᠤᠨ ᠡᠳ᠋ᠯᠡᠯ ᠤᠨ ᠵᠦᠢᠯ —ᠬᠠᠶᠢᠰᠤᠨ᠂ ᠲᠤᠯᠭ᠋
ᠨᠡᠶᠢᠲᠡᠯᠡᠭᠰᠡᠨ ᠴᠠᠭ᠄
2021/1/20
︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾                                 ----- ᠠᠬᠤᠢ ᠠᠮᠢᠳᠤᠷᠠᠯ ᠤᠨ ᠪᠣᠳᠢ ᠭᠡᠷ ᠤᠨ ᠡᠳ᠋ᠯᠡᠯ ᠤᠨ ᠵᠦᠢᠯ —  ᠬᠠᠶᠢᠰᠤᠨ᠂ ᠲᠤᠯᠭ᠎ᠠ᠄ ︽ᠬᠠᠶᠢᠰᠤᠨ︾ ᠭᠡᠳᠡᠭ ᠨᠢ ᠲᠤᠭᠤᠭ᠎ᠠ ᠶᠢ ᠵᠢᠭᠠᠳᠠᠭ ᠡᠷᠲᠡᠨ ᠤ ᠬᠡᠯᠡᠯᠭᠡ᠃ ᠣᠶᠢᠷᠠᠳ ᠤᠨ ᠬᠦᠮᠦᠰ ᠶᠡᠷᠦ ᠶᠢᠨ ᠠᠮᠢᠳᠦᠷᠠᠯ ᠠᠬᠤᠢ ᠳᠠᠭᠠᠨ ᠶᠡᠬᠡᠪᠴᠢᠯᠡᠨ ᠴᠦ᠋ ︵ᠰᠢᠷᠠᠮᠤᠨ︶ ᠬᠠᠶᠢᠰᠤ ᠬᠡᠷᠡᠭᠯᠡᠳᠡᠭ ᠪᠦᠭᠡᠳ ᠬᠠᠶᠢᠰᠤᠨ ᠤ ᠶᠡᠭᠡ ᠪᠠᠭ᠎ᠠ ᠪᠣᠯᠤᠨ ᠬᠡᠷᠡᠭᠴᠡᠭᠡ ᠳᠤᠨᠢ ᠦᠨᠳᠦᠰᠦᠯᠡᠵᠦ ︽ᠮᠠᠩᠵᠤᠨ ᠬᠠᠶᠢᠰᠤᠨ︾᠂ ︽ᠠᠷᠢᠬᠢ ᠶᠢᠨ ᠬᠠᠶᠢᠰᠤᠨ︾᠂ ︽ᠱᠠᠷᠠᠯᠵᠢᠨ ᠬᠠᠶᠢᠰᠤᠨ︾᠂ ︽ᠬᠤᠲᠤ ᠶᠢᠨ ᠬᠠᠶᠢᠰᠤᠨ︾᠂ ︽ᠵᠢᠯᠢᠪᠴᠢ︾ ᠪᠤᠶᠤ ︽ᠵᠢᠯᠭᠠᠴᠢ︾᠂ ︽ᠪᠠᠬᠢᠷᠰᠦᠨ︾ ᠭᠡᠵᠦ ᠬᠤᠪᠢᠶᠠᠳᠠᠭ ᠪᠠ ᠬᠢᠭᠳᠡᠭᠰᠡᠨ ᠮᠠᠲ᠋ᠧᠷᠢᠶᠠᠯ ᠳᠤᠨᠢ ᠦᠨᠳᠦᠰᠦᠯᠡᠵᠦ ︽ᠴᠠᠭᠠᠨ ᠬᠠᠶᠢᠰᠤᠨ︾᠂ ︽ᠪᠠᠮ ᠬᠠᠶᠢᠰᠤᠨ︾᠂ ︽ᠪᠤᠭᠤᠱ ᠬᠠᠶᠢᠰᠣᠨ︾᠂ ︽ᠵᠡᠰ ᠬᠠᠶᠢᠰᠣᠨ︾᠂ ︽ᠬᠦᠷᠡᠯ ᠬᠠᠶᠢᠰᠤᠨ︾ ᠭᠡᠬᠦ ᠮᠡᠲᠦ ᠪᠠᠷ ᠬᠤᠪᠢᠶᠠᠳᠠᠭ᠃ ᠮᠠᠩᠵᠤᠨ ᠬᠠᠶᠢᠰᠤᠨ ᠭᠡᠳᠡᠭ ᠨᠢ ᠰᠦᠮ᠎ᠡ ᠬᠡᠶᠢᠳ ᠲᠤ ᠬᠤᠷᠠᠯ ᠬᠤᠷᠠᠬᠤ ᠦᠶ᠎ᠡ ᠳᠤ ᠬᠤᠷᠠᠯ ᠤᠨ ᠪᠤᠳᠠᠭ᠎ᠠ ᠬᠢᠳᠡᠭ ᠲᠤᠮᠤ ᠬᠠᠶᠢᠰᠤ ᠶᠢ ᠬᠡᠯᠡᠳᠡᠭ᠃ ᠠᠷᠢᠬᠢ ᠶᠢᠨ ᠬᠠᠶᠢᠰᠤᠨ ᠭᠡᠵᠦ ᠰᠠᠭᠠᠯᠢ ᠶᠢᠨ ᠠᠷᠢᠬᠢ ᠨᠡᠷᠡᠬᠦ ᠦᠶ᠎ᠡ ᠳᠤ ᠪᠤᠶᠤ ᠬᠤᠷᠢᠮ ᠨᠠᠶᠢᠷ ᠤᠨ ᠶᠣᠰᠤᠯᠠᠯ ᠳᠤ ᠶᠡᠭᠡ ᠬᠡᠮᠵᠢᠶᠠᠨ ᠤ ᠮᠢᠬ᠎ᠠ ᠴᠢᠨᠠᠬᠤ ᠳᠤ ᠬᠡᠷᠡᠭᠯᠡᠳᠡᠭ ᠳᠦᠴᠢ ᠲᠠᠪᠢᠨ ᠺᠢᠯᠤᠭ᠍ᠷᠠᠮ ᠠᠶᠢᠷᠠᠭ ᠪᠠᠭᠲᠠᠬᠤ ᠶᠡᠬᠡᠴᠢᠷ ᠬᠠᠶᠢᠰᠤ ᠶᠢ ᠬᠡᠯᠡᠳᠡᠭ᠃ ᠬᠤᠲᠤ ᠶᠢᠨ ᠬᠠᠶᠢᠰᠤᠨ ᠭᠡᠳᠡᠭ ᠨᠢ ᠶᠡᠷᠦ ᠶᠢᠨ ᠦᠶ᠎ᠡ ᠳᠤ ᠴᠠᠢ ᠴᠢᠨᠠᠬᠤ᠂ ᠲᠠᠷᠢᠶ᠎ᠠ ᠰᠢᠰᠢ ᠬᠠᠭᠤᠷᠬᠤ᠂ ᠬᠤᠲᠤ ᠬᠤᠭᠤᠯᠠ ᠬᠢᠬᠦ ᠪᠠ ᠮᠢᠬ᠎ᠠ ᠴᠢᠨᠠᠵᠤ ᠢᠳᠡᠬᠦ ᠳᠤ ᠬᠡᠷᠡᠭᠯᠡᠳᠡᠭ ᠬᠦᠷᠡᠯ ᠪᠤᠶᠤ ᠵᠡᠰ ᠢᠶᠠᠷ ᠬᠢᠭᠰᠡᠨ ᠬᠠᠶᠢᠰᠤ ᠪᠠᠨ ᠬᠡᠯᠡᠳᠡᠭ᠃ ᠵᠢᠯᠢᠪᠴᠢ ᠭᠡᠵᠦ ᠮᠤᠰᠤᠷ ᠢᠶᠠᠷ ᠰᠠᠭᠠᠯᠢ ᠶᠢᠨ ᠠᠷᠢᠬᠢ ᠨᠡᠷᠡᠬᠦ ᠦᠶ᠎ᠡ ᠳᠤ ᠮᠤᠰᠤᠷ ᠤᠨ ᠳᠡᠭᠡᠷᠡᠬᠢ ᠠᠮᠠᠰᠠᠷ ᠲᠤ ᠲᠠᠯᠪᠢᠵᠤ ᠤᠰᠤ ᠰᠤᠯᠢᠬᠤ ᠳᠤ ᠬᠡᠷᠡᠭᠯᠡᠳᠡᠭ ᠪᠠᠭᠠᠴᠠᠷ ᠬᠠᠶᠢᠰᠤ ᠶᠢ ᠬᠡᠯᠡᠳᠡᠭ᠃ ᠪᠠᠬᠢᠷᠰᠤᠨ ᠭᠡᠳᠡᠭ ᠨᠢ ᠵᠢᠯᠢᠪᠴᠢ ᠠᠴᠠ ᠶᠡᠬᠡᠴᠡᠷ᠂ ᠬᠤᠲᠤ ᠬᠤᠭᠤᠯᠠ ᠬᠢᠬᠦ ᠬᠠᠶᠢᠰᠤᠨ ᠠᠴᠠ ᠪᠠᠭᠠᠴᠠᠷ ᠬᠠᠶᠢᠰᠤ ᠶᠢ ᠬᠡᠯᠡᠳᠡᠭ᠃ ᠭᠡᠬᠦ ᠳᠡᠭᠡᠨ ᠵᠠᠷᠢᠮ ᠪᠠᠭ᠎ᠠ ᠭᠠᠷ ᠤᠨ ᠪᠠᠬᠢᠷᠰᠤ ᠪᠠᠷ ᠵᠢᠯᠢᠪᠴᠢ ᠬᠢᠬᠦ ᠶᠠᠪᠦᠳᠠᠯ ᠴᠤ ᠪᠠᠶᠢᠳᠠᠭ᠃ ᠴᠠᠭᠠᠨ ᠬᠠᠶᠢᠰᠤᠨ ᠭᠡᠳᠡᠭ ᠨᠢ ᠴᠠᠶᠢᠷ ᠪᠤᠶᠤ ᠬᠦᠩᠭᠡᠨ ᠴᠠᠭᠠᠨ ᠢᠶᠠᠷ ᠬᠢᠭᠰᠡᠨ ᠬᠦᠨᠴᠦᠭᠦᠷ ᠭᠦᠨ ᠬᠡᠴᠡ ︵ᠬᠡᠯᠪᠡᠷᠢ︶ ᠲᠠᠢ ᠳᠡᠭᠡᠷ᠎ᠡ ᠪᠠᠨ ᠬᠤᠶᠠᠷ ᠪᠠᠷᠢᠭᠤᠯ ᠲᠠᠢ ᠬᠠᠶᠢᠰᠤ ᠶᠢ ᠬᠡᠯᠡᠳᠡᠭ᠃ ᠡᠶᠢᠮᠦ ᠬᠠᠶᠢᠰᠤᠨ ᠨᠢ ᠴᠠᠭᠠᠨ ᠦᠩᠭᠡ ᠲᠠᠢ ᠪᠣᠯᠳᠠᠭ ᠠᠴᠠ ︽ᠴᠠᠭᠠᠨ ᠬᠠᠶᠢᠰᠤᠨ︾ ᠭᠡᠮᠡᠨ ᠨᠡᠷᠡᠯᠡᠭᠰᠡᠨ ᠪᠠᠶᠢᠨ᠎ᠠ᠃ ᠣᠶᠢᠷᠠᠳ ᠬᠦᠮᠦᠰ ᠰᠢᠨ᠎ᠡ ᠬᠠᠶᠢᠰᠤ ᠶᠢ ᠪᠣᠯᠭᠤᠵᠤ ᠬᠡᠷᠡᠭᠯᠡᠳᠡᠭ᠃ ᠡᠰᠡ ᠪᠣᠯᠭᠤᠪᠠᠯ ᠵᠢᠪᠡ ᠭᠠᠷᠴᠤ᠂ ᠴᠢᠨᠠᠭᠰᠠᠨ ᠴᠠᠢ ᠪᠤᠶᠤ ᠱᠦᠯᠦᠨ ᠬᠦᠬᠡᠷᠡᠳᠡᠭ ᠲᠤᠯᠠ ᠡᠷᠬᠡᠪᠰᠢ ᠪᠠᠯ ᠢ ᠨᠢ ᠠᠷᠢᠯᠭᠠᠬᠤ ᠶᠢᠨ ᠵᠣᠷᠢᠯᠭ᠎ᠠ ᠪᠠᠷ ᠪᠤᠯᠭᠤᠳᠠᠭ᠃ ᠲᠡᠶᠢᠮᠦ ᠠᠴᠠ ︽ᠬᠠᠶᠢᠰᠤ ᠪᠤᠯᠭᠤᠬᠤ︾ ᠭᠡᠳᠡᠭ ᠨᠢ ᠰᠢᠨ᠎ᠡ ᠬᠤᠳᠠᠯᠳᠤᠵᠤ ᠠᠪᠤᠭᠰᠠᠨ ᠴᠦ᠋ ︵ᠰᠢᠷᠠᠮᠤ︶ ᠬᠠᠶᠢᠰᠤ ᠶᠢ ᠬᠡᠷᠡᠭ ᠦᠭᠡᠢ ᠶᠠᠰᠤ ᠪᠤᠶᠤ ᠮᠣᠷᠢᠨ ᠤ ᠬᠡᠲᠡ ︵ᠬᠤᠮᠤᠯ︶ ᠳᠡᠭᠡᠷ᠎ᠡ ᠤᠰᠤ ᠬᠢᠵᠤ ᠬᠡᠰᠡᠭ ᠵᠠᠭᠤᠷ᠎ᠠ ᠪᠤᠴᠠᠯᠭᠠᠵᠤ ᠠᠪᠤᠭᠠᠳ ᠳᠠᠬᠢᠨ ᠬᠠᠶᠢᠰᠤ ᠪᠠᠨ ᠠᠷᠴᠢᠵᠤ ᠴᠡᠪᠡᠷᠯᠡᠭᠡᠳ ᠭᠠᠯ ᠳᠡᠭᠡᠷ᠎ᠡ ᠲᠠᠯᠪᠢᠵᠤ ᠬᠠᠯᠠᠭᠤᠯᠤᠭᠠᠳ ᠬᠤᠨᠢᠨ ᠤ ᠰᠡᠭᠦᠯ᠂ ᠰᠡᠮᠡᠵᠡ ᠦᠭᠡᠬᠦ ᠮᠡᠲᠦ ᠠᠴᠠ ᠲᠦᠷᠬᠢᠵᠦ ᠨᠠᠷᠠᠨ ᠳᠤ ᠡᠭᠡᠵᠦ ᠲᠠᠯᠪᠢᠳᠠᠭ᠃ ᠭᠡᠮᠡᠷ ᠨᠢᠭᠡ ᠰᠠᠭᠠᠮ᠎ᠠ ᠳᠤ ᠪᠣᠯᠬᠤ ᠦᠭᠡᠢ ᠪᠣᠯᠪᠠᠯ ᠳᠡᠭᠡᠷᠡᠬᠢ ᠠᠷᠭ᠎ᠠ ᠪᠠᠷ ᠳᠠᠬᠢᠨ ᠳᠠᠪᠲᠠᠨ ᠬᠡᠳᠦᠨ ᠰᠠᠭᠠᠮ᠎ᠠ ᠪᠣᠯᠭᠤᠪᠠᠯ ᠪᠣᠯᠵᠤ ᠣᠷᠬᠢᠳᠠᠭ᠃ ᠴᠠᠭᠠᠨ ᠬᠠᠶᠢᠰᠤᠨ ᠠᠴᠠ ᠪᠠᠯ ᠵᠢᠪᠡ ᠭᠠᠷᠳᠠᠭ ᠦᠭᠡᠢ ᠲᠤᠯᠠ ᠰᠢᠨ᠎ᠡ ᠠᠪᠤᠭᠰᠠᠨ ᠬᠠᠶᠢᠰᠤᠨ ᠪᠣᠯᠪᠠᠯ ᠠᠩᠬ᠎ᠠ ᠤᠳᠠᠭ᠎ᠠ ᠬᠠᠷ᠎ᠠ ᠤᠰᠤ ᠪᠤᠴᠠᠯᠭᠠᠵᠤ᠂ ᠳᠠᠷᠠᠭ᠎ᠠ ᠪᠠᠷ ᠨᠢ ᠶᠠᠭᠤ ᠬᠢᠭᠰᠡᠨ ᠴᠤ ᠪᠣᠯᠤᠭᠠᠳ ᠪᠠᠶᠢᠳᠠᠭ᠃ ᠡᠶᠢᠮᠦ ᠠᠴᠠ ᠭᠡᠷ ᠤᠨ ᠢᠷᠦᠭᠡᠯ ᠳᠤ ᠴᠦ᠋ ᠬᠠᠶᠢᠰᠤ ᠶᠢ ᠪᠠᠨ᠄ ︽ᠰᠢᠨᠵᠸᠤ ᠬᠤᠲᠠ ᠳᠤ ᠰᠢᠷᠠᠮᠦ ᠴᠦ᠋ ᠪᠠᠷ ᠰᠢᠷᠢᠨ ᠬᠢᠭᠰᠡᠨ᠂ ᠰᠢᠮᠡᠲᠡᠢ ᠢᠳᠡᠭᠡ ᠶᠢ ᠲᠤᠭᠲᠠᠭᠠᠨ ᠬᠢᠭᠰᠡᠨ᠂ ᠡᠯᠪᠡᠭ ᠶᠡᠭᠡ ᠬᠡᠰᠢᠭ ᠲᠠᠢ ᠬᠢᠭᠰᠡᠨ᠂ ᠦᠪᠡᠷ ᠢᠶᠠᠨ ᠪᠤᠴᠠᠯᠤᠮᠠᠷ ᠰᠠᠶᠢᠬᠠᠨ ᠬᠢᠭᠰᠡᠨ᠂ ᠰᠢᠮ᠎ᠡ ᠰᠢᠭᠦᠰᠦᠨ ᠤ ᠠᠭᠤᠷᠬᠠᠢ ᠪᠤᠯᠤᠭᠰᠠᠨ᠂ ᠰᠢᠷᠠᠮᠦ ᠴᠦ᠋ ᠬᠠᠶᠢᠰᠤᠨ ᠨᠢ ᠦᠯᠵᠡᠶᠢᠲᠡᠢ ᠪᠤᠯᠲᠤᠭᠠᠢ︕︾ ᠭᠡᠵᠦ ᠬᠡᠯᠡᠳᠡᠭ᠃ ᠶᠠᠮᠠᠷ ᠶᠠᠩᠵᠤ ᠶᠢᠨ ᠬᠠᠶᠢᠰᠤᠨ ᠪᠣᠯᠤᠭ ᠪᠦᠷ ᠪᠦᠷᠬᠦᠭᠡᠰᠦ ᠲᠠᠢ ᠪᠣᠯᠳᠠᠭ᠃ ᠬᠠᠶᠢᠰᠤᠨ ᠤ ᠪᠦᠷᠬᠦᠭᠡᠰᠦ ᠶᠢ ᠱᠠᠯᠠ ᠮᠣᠳᠤ ᠶᠢ ᠵᠠᠯᠭᠠᠵᠤ ᠳᠡᠭᠡᠷ᠎ᠡ ᠨᠢ ᠬᠤᠶᠠᠷ ᠨᠠᠷᠢᠨ ᠰᠢᠭ᠋ ᠪᠠᠩᠵᠠ ᠬᠦᠨᠳᠡᠯᠡᠨ ᠬᠠᠳᠠᠵᠤ᠂ ᠬᠠᠶᠢᠰᠤᠨ ᠤ ᠶᠡᠭᠡ ᠪᠠᠭ᠎ᠠ ᠳᠤ ᠲᠠᠭᠠᠷᠠᠭᠤᠯᠤᠨ ᠲᠦᠭᠦᠷᠢᠭ ᠬᠢᠷᠦᠭᠡᠳᠡᠵᠦ᠂ ᠳᠡᠭᠡᠷ᠎ᠡ ᠨᠢ ᠪᠠᠷᠢᠵᠦ ᠲᠠᠯᠪᠢᠬᠤ ᠳᠤ ᠬᠢᠯᠪᠠᠷ ᠪᠠᠷᠢᠨᠳᠠᠳᠠᠭ ᠬᠢᠳᠡᠭ᠃ ᠣᠶᠢᠷᠠᠳ ᠬᠦᠮᠦᠰ ᠬᠠᠶᠢᠰᠤᠨ ᠤ ᠬᠦ᠋ ᠶᠠᠭᠤᠮ᠎ᠠ ᠶᠢ ᠳᠠᠷᠤᠳᠠᠭ ᠭᠡᠵᠦ ᠦᠵᠡᠳᠡᠭ ᠪᠣᠯᠬᠤᠷ ᠠᠰᠬᠠᠨ ᠣᠷᠤᠢ ᠪᠠᠭ᠎ᠠ ᠬᠦᠪᠡᠭᠦᠳ ᠢ ᠠᠪᠴᠤ ᠭᠠᠷᠬᠤ ᠳᠤ ᠴᠢᠷᠠᠢ ᠳᠡᠭᠡᠷ᠎ᠡ ᠨᠢ ᠬᠠᠶᠢᠰᠣᠨ ᠤ ᠬᠦ᠋ ᠴᠢᠨᠳᠢᠷᠯᠠᠪᠠᠯ ︽ᠪᠣᠷᠤᠭᠠᠨ ᠪᠣᠯᠵᠤ ᠬᠤᠷ᠎ᠠ ᠣᠷᠤᠬᠤ ᠶᠤᠮ ᠪᠠᠶᠢᠨ᠎ᠠ︾ ᠭᠡᠵᠦ᠂ ᠬᠠᠶᠢᠰᠣᠨ ᠤ ᠬᠤᠰᠤᠮ ᠢᠳᠡᠭᠡᠳ ᠪᠠᠶᠢᠭᠰᠠᠨ ᠬᠡᠤᠬᠡᠨ ᠮᠣᠷᠳᠠᠬᠤ ᠦᠶ᠎ᠡ ᠳᠤᠨᠢ ᠬᠤᠷ᠎ᠠ ᠴᠠᠰᠤᠨ ᠣᠷᠤᠵᠤ ᠪᠤᠷᠤᠭᠠᠨ ᠪᠣᠯᠤᠨ᠎ᠠ ᠭᠡᠵᠦ ᠬᠡᠯᠡᠳᠡᠭ᠃ ᠡᠭᠦᠨ ᠠᠴᠠ ᠭᠠᠵᠠᠭ᠎ᠠ ᠬᠠᠶᠢᠰᠤ ᠪᠠᠷ ᠤᠰᠤ ᠬᠤᠳᠬᠤᠵᠤ ︵ᠤᠳᠬᠤᠵᠤ︶ ᠠᠪᠬᠤ᠂ ᠬᠠᠶᠢᠰᠤᠨ ᠤ ᠭᠦ᠋ ᠶᠢ ᠵᠦᠭ ᠴᠢᠭ ᠦᠭᠡᠢ ᠠᠰᠬᠠᠬᠤ᠂ ᠬᠠᠶᠢᠰᠤ ᠳᠤ ᠪᠤᠵᠠᠷ ᠠᠵᠠᠷ ᠶᠠᠭᠤᠮ᠎ᠠ ᠣᠷᠤᠭᠤᠯᠬᠤ᠂ ᠬᠠᠶᠢᠰᠤ ᠶᠢ ᠡᠭᠦᠳᠡᠨ ᠲᠠᠯ᠎ᠠ ᠬᠡᠴᠡᠶᠢᠯᠭᠡᠵᠦ ᠲᠠᠯᠪᠢᠬᠤ᠂ ᠬᠠᠶᠢᠰᠤ ᠶᠢ ᠢᠰᠭᠦᠯᠵᠤ ᠳᠡᠪᠰᠡᠬᠦ᠂ ᠬᠠᠶᠢᠰᠤᠨ ᠤᠷᠤᠭᠤ ᠨᠢᠯᠪᠤᠬᠤ ᠮᠡᠲᠦ ᠦᠢᠯᠡ ᠶᠢ ᠲᠠᠰᠤ ᠴᠡᠭᠡᠷᠯᠡᠳᠡᠭ ᠪᠠ ᠳᠡᠭᠡᠷ᠎ᠡ ᠦᠶ᠎ᠡ ᠳᠤ ᠶᠠᠯ᠎ᠠ ᠭᠠᠷᠭᠠᠭᠰᠠᠨ ᠬᠦᠮᠦᠨ ᠳᠤ ᠬᠠᠷ᠎ᠠ ᠬᠠᠶᠢᠰᠤ ᠡᠭᠦᠷᠦᠭᠦᠯᠵᠦ ᠨᠤᠲᠤᠭ ᠡᠷᠭᠢᠭᠦᠯᠳᠡᠭ ᠶᠣᠰᠤᠨ ᠪᠠᠶᠢᠭᠰᠠᠨ ᠪᠠᠶᠢᠨ᠎ᠠ᠃ ᠲᠤᠯᠭ᠎ᠠ ᠪᠣᠯᠪᠠᠯ ᠪᠠᠷᠢᠭ᠎ᠠ ᠭᠡᠷ ᠲᠤ ᠪᠠᠶᠢᠩᠭᠤ ᠬᠡᠷᠡᠭᠯᠡᠵᠦ ᠪᠠᠶᠢᠭᠰᠠᠨ ᠭᠡᠷ ᠤᠨ ᠬᠡᠷᠡᠭᠰᠡᠯ ᠤᠨ ᠨᠢᠭᠡ ᠶᠤᠮ᠃ ᠲᠤᠯᠭ᠎ᠠ ᠶᠢ ᠪᠦᠷ ᠲᠡᠮᠦᠷ ᠢᠶᠠᠷ ᠬᠢᠳᠡᠭ ᠪᠠ ᠲᠡᠭᠦᠨ ᠤ ᠬᠢᠴᠡ ᠪᠠᠶᠢᠳᠠᠯ ᠳᠤᠨᠢ ᠦᠨᠳᠦᠰᠦᠯᠡᠵᠦ ︽ᠰᠠᠭᠰᠠᠭ ᠲᠤᠯᠭ᠎ᠠ︾ ᠪᠤᠯᠤᠨ ︽ᠱᠠᠯᠳᠠᠩ ᠲᠤᠯᠭ᠎ᠠ︾ ᠭᠡᠵᠦ ᠬᠤᠶᠠᠷ ᠵᠦᠢᠯ ᠳᠤ ᠬᠤᠪᠢᠶᠠᠳᠠᠭ᠃ ᠲᠤᠯᠭ᠎ᠠ ᠶᠢᠨ ᠪᠦᠲᠦᠴᠡ ᠨᠢ ᠲᠤᠯᠭ᠎ᠠ ᠶᠢᠨ ᠲᠤᠲᠤᠭᠤ᠂ ᠣᠴᠢᠭ᠂ ᠬᠦᠯ ︵ᠭᠤᠶ᠎ᠠ︶᠂ ᠰᠢᠭᠢᠷ᠎ᠠ᠂ ᠬᠠᠰᠠᠭ᠂ ᠪᠠᠳᠠᠮ᠂ ᠲᠡᠭᠡᠯᠢ ᠭᠡᠬᠦ ᠮᠡᠲᠦ ᠵᠦᠢᠯ ᠢᠶᠠᠷ ᠪᠦᠷᠢᠯᠳᠤᠵᠦ ᠪᠦᠲᠦᠳᠡᠭ᠃ ᠡᠳᠡᠭᠡᠷ ᠵᠦᠢᠯ ᠨᠢ ᠴᠤᠭᠭᠠᠷ ᠲᠡᠮᠦᠷ ᠤᠨ ᠵᠦᠢᠯ ᠢᠶᠠᠷ ᠪᠦᠲᠦᠳᠡᠭ ᠪᠦᠭᠡᠳ ᠰᠠᠭᠰᠠᠭ ᠲᠤᠯᠭ᠎ᠠ ᠪᠣᠯᠪᠠᠯ ᠵᠡᠷᠭᠡᠴᠡᠭᠡ ᠭᠤᠷᠪᠠᠨ ᠬᠠᠰᠠᠭ ᠲᠠᠢ ᠪᠣᠯᠳᠠᠭ᠃ ᠦᠩᠭᠡᠷᠡᠭᠰᠡᠨ ᠳᠤ ᠣᠶᠢᠷᠠᠳ ᠬᠦᠮᠦᠰ ᠪᠠᠷᠢᠭ᠎ᠠ ᠭᠡᠷ ᠤᠨ ᠢᠶᠠᠨ ᠭᠤᠣᠯ ᠲᠦᠪ ᠲᠤ ᠪᠠᠨ ᠲᠡᠮᠦᠷ ᠲᠤᠯᠭ᠎ᠠ ᠲᠤᠯᠵᠤ ᠭᠠᠯ ᠬᠦᠴᠡ ᠪᠠᠨ ᠬᠢᠵᠦ ᠠᠷᠢᠬᠢ ᠳᠠᠷᠠᠰᠤ ᠪᠠᠨ ᠨᠡᠷᠡᠳᠡᠭ ᠪᠠᠶᠢᠭᠰᠠᠨ ᠪᠠᠶᠢᠨ᠎ᠠ᠃ ᠭᠤᠷᠪᠠᠨ ᠬᠦᠯ ᠲᠠᠢ ᠱᠠᠯᠳᠠᠩ ᠲᠤᠯᠭ᠎ᠠ ᠶᠢ ᠪᠣᠯᠪᠠᠯ ᠨᠢᠭᠡ ᠪᠤᠶᠤ ᠬᠤᠣᠰ ᠬᠦᠷᠢᠶ᠎ᠡ ︵ᠬᠠᠰᠠᠭ︶ ᠲᠠᠢ ᠬᠢᠳᠡᠭ ᠪᠣᠯᠪᠠᠴᠦ᠂ ᠰᠠᠭᠰᠠᠭ ᠲᠤᠯᠭ᠎ᠠ ᠶᠢ ᠳᠦᠷᠪᠡᠨ ᠬᠦᠯ ᠲᠠᠢ ᠭᠤᠷᠪᠠ ᠠᠴᠠ ᠳᠦᠷᠪᠡᠨ ᠬᠦᠷᠢᠶ᠎ᠡ ︵ᠣᠯᠠᠩᠬᠢ ᠨᠢ ᠳᠦᠷᠪᠡᠨ ᠬᠦᠷᠢᠶ᠎ᠡ ᠲᠠᠢ︶ ᠬᠢᠳᠡᠭ ᠪᠠᠶᠢᠵᠡᠢ᠃ ᠭᠤᠷᠪᠠᠨ ᠬᠦᠯ ᠲᠠᠢ ᠬᠢᠬᠦ ᠶᠢᠨ ᠤᠴᠢᠷ ᠪᠠᠶᠢᠪᠠᠯ ᠡᠬᠡ ᠡᠴᠢᠭᠡ ᠪᠡᠷᠢ ᠭᠤᠷᠪᠠᠨ ᠤ ᠲᠦᠯᠦᠭᠡᠯᠡᠯ ᠭᠡᠵᠦ ᠬᠡᠯᠡᠬᠦ ︽ᠭᠤᠷᠪᠠᠨ ᠬᠦᠯ ᠨᠢ ᠠᠶᠢᠯ ᠭᠡᠷ ᠤᠨ ᠭᠠᠯ ᠭᠤᠯᠤᠮᠲᠠ ᠰᠠᠬᠢᠭᠴᠢ ᠭᠤᠷᠪᠠᠨ ᠪᠡᠶ᠎ᠡ ᠶᠢ ᠲᠦᠯᠦᠭᠡᠯᠡᠬᠦ ᠶᠢᠨ ᠬᠠᠮᠲᠤ ᠪᠠᠲᠤ ᠪᠠᠬᠢ᠂ ᠭᠦᠳᠡᠯᠦᠰᠢ ᠦᠭᠡᠢ ᠲᠣᠭᠳᠠᠩᠭᠤᠢ ᠶᠢᠨ ᠪᠡᠯᠭᠡᠳᠠᠯ ᠪᠣᠯᠤᠨ᠎ᠠ︾ ᠭᠡᠳᠡᠭ᠃ ᠬᠠᠷᠢᠨ ︽ᠲᠦᠷᠪᠡᠨ ᠬᠦᠯ ᠲᠠᠢ ᠬᠢᠬᠦ ᠨᠢ ᠪᠣᠯᠪᠠᠯ ᠲᠦᠷᠪᠡᠨ ᠲᠢᠪ ᠤᠨ ᠲᠦᠷᠦ ᠱᠠᠵᠢᠨ ᠪᠠᠲᠤ ᠪᠠᠬᠢ ᠲᠣᠭᠲᠠᠬᠤ ᠶᠢᠨ ᠪᠡᠯᠭᠡᠳᠡᠯ ᠢ ᠬᠠᠷᠠᠭᠤᠯᠳᠠᠭ︾ ᠭᠡᠵᠦ ᠬᠡᠯᠡᠳᠡᠭ ᠪᠠᠶᠢᠳᠠᠭ᠃ ᠡᠶᠢᠮᠦ ᠠᠴᠠ ᠦᠩᠭᠡᠷᠡᠭᠰᠡᠨ ᠳᠤ ᠬᠠᠨ ᠨᠣᠶᠠᠨ ᠤᠯᠤᠰ ᠪᠦᠷᠢ ᠳᠦᠷᠪᠡᠨ ᠬᠦᠯ ᠲᠠᠢ ᠰᠠᠭᠰᠠᠭ ᠲᠤᠯᠭ᠎ᠠ ᠲᠤᠯᠳᠠᠭ ᠪᠠᠶᠢᠭᠰᠠᠨ ᠶᠤᠮ ᠭᠡᠳᠡᠭ᠃ ᠡᠶᠢᠮᠦ ᠲᠤᠯᠭ᠎ᠠ ᠶᠢ ᠢᠷᠦᠭᠡᠯ ᠳᠤ ᠪᠣᠯᠪᠠᠯ᠄ ︽ᠭᠠᠨᠵᠸᠤ ᠬᠤᠲᠠ ᠳᠤ ᠭᠠᠩᠨᠠᠨ ᠬᠢᠭᠰᠡᠨ᠂ ᠭᠠᠩ ᠲᠡᠮᠦᠷ ᠢ ᠳᠠᠪᠳᠠᠨ ᠬᠢᠭᠰᠡᠨ᠂ ᠭᠠᠯ ᠤᠨ ᠪᠤᠷᠬᠠᠨ ᠦᠷᠦᠰᠢᠶᠡᠨ ᠬᠢᠭᠰᠡᠨ᠂ ᠭᠠᠯ ᠭᠤᠯᠤᠮᠲᠠ ᠶᠢ ᠲᠤᠭᠤᠷᠢᠭᠤᠯᠤᠨ ᠬᠢᠭᠰᠡᠨ᠂ ᠭᠠᠩᠭᠠᠩ ᠡᠷᠢᠶ᠎ᠡ ᠶᠢ ᠤᠷᠠᠯᠠᠨ ᠬᠢᠭᠰᠡᠨ᠂ ᠭᠤᠣᠯ ᠳᠤᠮᠳᠠ ᠨᠢ ᠪᠠᠶᠢᠬᠤ ᠭᠠᠩ ᠴᠠᠭᠠᠨ ᠲᠤᠯᠭ᠎ᠠ ᠨᠢ ᠦᠯᠵᠡᠶᠢᠲᠡᠢ ᠪᠣᠯᠲᠤᠭᠠᠢ︕︾ ᠭᠡᠵᠦ ᠬᠡᠯᠡᠳᠡᠭ ᠲᠤᠯᠭ᠎ᠠ ᠶᠢ ᠭᠠᠯ ᠭᠤᠯᠤᠮᠲᠠ ᠳᠠᠭᠠᠨ ᠲᠠᠯᠪᠢᠵᠤ ᠳᠡᠭᠡᠷ᠎ᠡ ᠨᠢ ᠬᠠᠶᠢᠰᠤ ᠨᠡᠷᠡᠬᠦ ᠶᠢᠨ ᠲᠦᠯᠦᠭᠡ ᠬᠡᠷᠡᠭᠯᠡᠳᠡᠭ ᠪᠦᠭᠡᠳ ᠲᠡᠭᠦᠨ ᠢ ᠪᠠᠶᠢᠷᠢᠰᠢᠭᠤᠯᠬᠤ ᠳᠠᠭᠠᠨ ᠨᠢᠭᠡ ᠰᠢᠭᠢᠷ᠎ᠡ ᠶᠢ ᠨᠢ ᠬᠤᠶᠢᠮᠦᠷ ᠲᠠᠯ᠎ᠠ ᠬᠠᠯᠠᠶᠢᠯᠭᠠᠵᠤ᠂ ᠨᠦᠭᠦᠭᠡ ᠬᠤᠶᠠᠷ ᠰᠢᠭᠢᠷ᠎ᠠ ᠶᠢ ᠨᠢ ᠪᠠᠷᠢᠭ᠎ᠠ ᠭᠡᠷ ᠤᠨ ᠵᠡᠭᠦᠨ ᠪᠠᠷᠠᠭᠤᠨ ᠵᠦᠭ ᠬᠠᠨᠳᠤᠭᠤᠯᠵᠦ ᠲᠠᠯᠪᠢᠳᠠᠭ ᠪᠠᠶᠢᠨ᠎ᠠ᠃ ᠡᠶᠢᠭᠡᠭᠡᠳ ᠦᠨᠡᠰᠦ ᠭᠠᠯ ᠨᠢ ᠪᠤᠲᠠᠷᠠᠵᠤ ᠴᠠᠴᠦᠷᠠᠬᠤ ᠦᠭᠡᠢ ᠪᠠᠶᠢᠬᠤ ᠶᠢᠨ ᠲᠤᠯᠠᠳᠠ ᠲᠤᠯᠭ᠎ᠠ ᠶᠢᠨ ᠢᠶᠠᠨ ᠰᠠᠭᠤᠷᠢ ᠶᠢ ᠬᠦᠷᠢᠶᠡᠯᠡᠨ ᠪᠠᠯᠴᠢᠭ ᠢᠶᠠᠷ ᠲᠤᠭᠤᠷᠢᠭᠤᠯ ᠬᠢᠳᠡᠭ᠃ ᠲᠤᠯᠭ᠎ᠠ ᠨᠢ ᠭᠠᠯ ᠭᠤᠯᠤᠮᠲᠠ ᠲᠠᠢ ᠪᠦᠬᠦᠶᠢᠯᠡ ᠴᠤᠭᠴᠠ ᠶᠢᠨ ᠬᠤᠪᠢ ᠪᠠᠷ ᠪᠠᠶᠢᠷᠢᠰᠢᠬᠤ ᠵᠦᠢᠯ ᠪᠣᠯᠬᠤᠷ ᠨᠢᠭᠡ ᠭᠡᠷ ᠤᠨ ᠭᠤᠣᠯ ᠲᠦᠪ ᠭᠡᠮᠡᠨ ᠦᠵᠡᠵᠦ ᠠᠷᠢᠭᠤᠨ ᠴᠡᠪᠡᠷ ᠪᠠᠶᠢᠯᠭᠠᠬᠤ ᠶᠢ ᠵᠤᠷᠢᠳᠠᠭ ᠪᠠᠶᠢᠯ᠎ᠠ᠃ ᠡᠶᠢᠮᠦ ᠠᠴᠠ ᠪᠣᠯᠵᠤ ᠪᠠᠶᠠᠵᠢᠬᠤ ᠶᠢᠨ ᠲᠤᠶᠢᠯ ᠳᠤ ᠬᠦᠷᠦᠭᠰᠡᠨ ᠬᠦᠮᠦᠨ ︽ᠮᠦᠩᠭᠦᠨ ᠲᠤᠯᠭ᠎ᠠ︾ ᠲᠤᠯᠳᠠᠭ ᠭᠡᠳᠡᠭ ᠪᠤᠶᠤ ︽ᠮᠠᠯ ᠨᠢ ᠮᠢᠩᠭ᠎ᠠ ᠬᠦᠷᠪᠡᠯ ᠮᠦᠩᠭᠦᠨ ᠲᠤᠯᠭ᠎ᠠ ᠲᠤᠯᠵᠤ᠂ ᠲᠦᠮᠡ ᠬᠦᠷᠪᠡᠯ ᠠᠯᠲᠠᠨ ᠲᠤᠯᠭ᠎ᠠ ᠲᠤᠯᠳᠠᠭ ᠶᠤᠮ︾ ᠭᠡᠳᠡᠭ᠃ ᠡᠨᠡ ᠬᠦ ᠠᠯᠲᠠᠨ ᠮᠦᠩᠭᠦᠨ ᠲᠤᠯᠭ᠎ᠠ ᠭᠡᠳᠡᠭ ᠨᠢ ᠮᠦᠩᠭᠦ ᠪᠠᠷ ᠲᠤᠯᠭ᠎ᠠ ᠬᠢᠵᠦ ᠭᠠᠯ ᠭᠤᠯᠤᠮᠲᠠ ᠳᠠᠭᠠᠨ ᠲᠤᠯᠬᠤ ᠶᠢ ᠬᠡᠯᠡᠵᠦ ᠪᠠᠶᠢᠭ᠎ᠠ ᠪᠢᠰᠢ᠂ ᠬᠠᠷᠢᠨ ᠴᠤᠯ ᠠᠯᠲᠠ ᠮᠦᠩᠭᠦ ᠪᠠᠷ ᠪᠢᠴᠢᠬᠠᠨ ᠲᠤᠯᠭ᠎ᠠ ᠬᠢᠵᠦ ᠭᠡᠷ ᠤᠨ ᠬᠤᠶᠢᠮᠤᠷ ᠲᠤ ᠵᠠᠯᠠᠵᠤ ᠲᠠᠯᠪᠢᠬᠤ ᠶᠢ ᠬᠡᠯᠡᠳᠡᠭ᠃ ᠡᠨᠡ ᠲᠠᠯ᠎ᠠ ᠪᠠᠷ ᠵᠠᠷᠢᠮ ᠲᠡᠮᠳᠡᠭᠯᠡᠯ ᠠᠴᠠ ᠦᠵᠡᠬᠦ ᠳᠤ ᠳᠡᠭᠡᠷ᠎ᠡ ᠦᠶ᠎ᠡ ᠳᠤ ︽ᠲᠠᠪᠤᠨ ᠬᠤᠰᠢᠭᠤ ᠮᠠᠯ ᠤᠨ ᠠᠯᠢ ᠨᠢᠭᠡ ᠨᠢ ᠲᠦᠮᠡ ᠬᠦᠷᠴᠦ᠂ ᠡᠵᠡᠨ ᠶᠠᠮᠤᠨ ᠠᠴᠠ ᠭᠠᠩ ᠲᠤᠯᠭ᠎ᠠ᠂ ᠭᠠᠩ ᠲᠠᠮᠠᠭ᠎ᠠ ᠱᠠᠩᠨᠠᠬᠤ ᠳᠤ ᠶᠡᠭᠡ ᠬᠡᠮᠵᠢᠶᠡᠨ ᠤ ᠲᠠᠮᠠᠭᠠᠨ ᠨᠠᠶᠢᠷ ᠬᠢᠵᠦ ᠪᠡᠯᠭᠡᠯᠡᠳᠡᠭ︾ ᠪᠠᠶᠢᠭᠰᠠᠨ ᠭᠡᠵᠦ ᠲᠠᠮᠳᠡᠭᠯᠡᠭᠰᠡ ᠪᠠᠶᠢᠳᠠᠭ᠃ ᠡᠶᠢᠮᠦ ᠠᠴᠠ ᠣᠶᠢᠷᠠᠳ ᠬᠦᠮᠦᠰ ᠬᠦᠪᠡᠭᠦᠳ ᠬᠡᠤᠬᠡᠳ ᠤᠨ ᠢᠶᠠᠨ ᠪᠠᠶᠠᠨ ᠡᠯᠪᠡᠭ ᠪᠣᠯᠬᠤ ᠶᠢ ᠪᠡᠯᠭᠡᠳᠡᠨ ︽ᠮᠦᠩᠭᠦᠨᠲᠤᠯᠭ᠎ᠠ︾᠂ ︽ᠠᠯᠲᠠᠨᠲᠤᠯᠭ᠎ᠠ︾ ᠭᠡᠵᠦ ᠨᠡᠷ᠎ᠡ ᠦᠭᠭᠦᠭᠰᠡᠨ ᠪᠠᠶᠢᠭᠰᠠᠨ ᠪᠠ ︽ᠬᠡᠨ ᠬᠡᠨ ᠭᠡᠳᠡᠭ ᠠᠶᠢᠯ ᠦᠩᠭᠡᠷᠡᠭᠰᠡᠨ ᠳᠤ ᠮᠠᠯ ᠨᠢ ᠦᠰᠦᠭᠡᠳ ᠮᠦᠩᠭᠦᠨ ᠲᠤᠯᠭ᠎ᠠ ᠲᠤᠯᠤᠭᠰᠠᠨ ᠠᠶᠢᠯ ᠪᠣᠯᠬᠤ ᠶᠤᠮ︾᠂ ︽ᠬᠡᠨ ᠬᠡᠨ ᠤ ᠡᠪᠦᠭᠡ ᠶᠢᠨ ᠮᠠᠯ ᠨᠢ ᠦᠰᠦᠭᠡᠳ ᠠᠯᠲᠠᠨ ᠲᠤᠯᠭ᠎ᠠ ᠲᠤᠯᠤᠭᠰᠠᠨ ᠶᠤᠮ︾ ᠭᠡᠵᠦ ᠬᠠᠭᠤᠴᠢᠯᠠᠵᠤ ᠬᠡᠯᠡᠬᠦ ᠬᠡᠯᠡᠯᠭᠡ ᠪᠠᠶᠢᠳᠠᠭ᠃ ᠪᠣᠳᠠᠰ ᠤᠨ ᠠᠮᠢᠳᠤᠷᠠᠯ ᠳᠡᠭᠡᠭᠰᠢᠯᠡᠵᠦ᠂ ᠬᠦᠮᠦᠰ ᠤᠨ ᠡᠳ᠋ᠯᠡᠵᠦ ᠬᠡᠷᠡᠭᠯᠡᠬᠦ ᠶᠠᠭᠤᠮ᠎ᠠ ᠡᠯᠪᠡᠭ ᠪᠣᠯᠤᠭᠰᠠᠨ ᠠᠴᠠ ᠠᠯᠢ ᠭᠠᠵᠠᠷ ᠲᠤ ᠴᠤ ᠲᠤᠯᠭ᠎ᠠ ᠲᠤᠯᠬᠤ ᠪᠠᠨ ᠪᠠᠶᠢᠵᠤ᠂ ᠶᠠᠩᠯᠤᠤ ᠪᠤᠶᠤ ᠲᠡᠮᠦᠷ ᠵᠤᠤᠬ᠎ᠠ ᠲᠤᠯᠬᠤ ᠪᠤᠯᠤᠭᠰᠠᠨ ᠲᠤᠯᠠ ᠤᠷᠢᠳᠤ ᠨᠢ ᠬᠡᠷᠡᠭᠯᠡᠵᠦ ᠪᠠᠶᠢᠭᠰᠠᠨ ᠲᠤᠯᠭ᠎ᠠ ᠭᠡᠷ ᠤᠨ ᠵᠡᠭᠦᠨ ᠪᠡᠶ᠎ᠡ ᠶᠢᠨ ᠢᠷᠭᠢ ᠳᠤ ᠭᠠᠷᠴᠦ ᠭᠤᠯᠤᠮᠲᠠ ᠠᠴᠠ ᠰᠢᠯᠵᠢᠭᠰᠡᠨ ᠪᠦᠭᠡᠳ ᠲᠡᠷᠡ ᠨᠢ ᠵᠦᠪᠬᠡᠨ ᠬᠠᠶᠢᠰᠤ ᠪᠠᠨ ᠰᠤᠯᠠ ᠨᠡᠷᠡᠵᠦ ᠲᠠᠯᠪᠢᠬᠤ ᠲᠡᠳᠦᠢ ᠦᠢᠯᠡᠳᠦᠯ ᠲᠠᠢ ᠶᠠᠭᠤᠮ᠎ᠠ ᠪᠣᠯᠤᠭᠰᠠᠨ ᠪᠠᠶᠢᠳᠠᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号