ᠭᠡᠷ ᠤᠨ ᠡᠳ᠋ᠯᠡᠯ ᠤᠨ ᠵᠦᠢᠯ — ᠰᠢᠨᠠᠭ᠎ᠠ᠂ ᠬᠡᠪᠬᠡᠭᠦᠷ
ᠨᠡᠶᠢᠲᠡᠯᠡᠭᠰᠡᠨ ᠴᠠᠭ᠄
2021/1/20
︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾                                   ----- ᠠᠬᠤᠢ ᠠᠮᠢᠳᠤᠷᠠᠯ ᠤᠨ ᠪᠣᠳᠢ ᠭᠡᠷ ᠤᠨ ᠡᠳ᠋ᠯᠡᠯ ᠤᠨ ᠵᠦᠢᠯ —  ᠰᠢᠨᠠᠭ᠎ᠠ᠂ ᠬᠡᠪᠬᠡᠭᠦᠷ᠄ ᠰᠢᠨᠠᠭ᠎ᠠ ᠭᠡᠳᠡᠭ ᠨᠢ ᠠᠶᠢᠷᠠᠭ ᠴᠡᠭᠡ᠂ ᠤᠰᠤ ᠰᠦ ᠮᠡᠲᠦ ᠰᠢᠩᠭᠡᠨ ᠪᠡᠶᠡᠲᠦ ᠶᠢ ᠬᠤᠳᠬᠤᠵᠤ ᠠᠪᠬᠤ ᠳᠤ ᠬᠡᠷᠡᠭᠯᠡᠬᠦ ᠪᠠᠷᠢᠭᠤᠯ ᠡᠰᠢ ᠲᠠᠢ ᠡᠳ᠋ᠯᠡᠮᠤᠰᠢ ᠶᠢ ᠬᠡᠯᠡᠳᠡᠭ᠃ ᠭᠡᠲᠡᠯ᠎ᠡ ᠶᠡᠭᠡ ᠪᠠᠭ᠎ᠠ ᠰᠢᠨᠠᠭ᠎ᠠ ᠶᠢᠨ ᠪᠠᠭᠲᠠᠭᠠᠮᠵᠢ ᠨᠢ ᠠᠳᠠᠯᠢ ᠦᠭᠡᠢ ᠠᠴᠠ ᠪᠣᠯᠵᠤ ᠪᠠᠭ᠋ᠠᠷ᠂ ᠤᠭᠤᠭᠤᠷ᠂ ᠤᠵᠢᠤ᠂ ᠶᠡᠩᠬᠡ ᠭᠡᠬᠦ ᠮᠡᠲᠦ ᠣᠯᠠᠨ ᠵᠦᠢᠯ ᠳᠤ ᠬᠤᠪᠢᠶᠠᠭᠳᠠᠭ ᠪᠠᠶᠢᠨ᠎ᠠ᠃ ᠡᠭᠦᠨ ᠳᠤ ᠵᠠᠷᠢᠮ ᠭᠠᠵᠠᠷ ᠤᠨ ᠤᠯᠤᠰ ᠰᠢᠨᠠᠭ᠎ᠠ ᠪᠠᠨ ᠤᠭᠤᠭᠤᠷ᠂ ᠶᠡᠩᠬᠡ ᠭᠡᠵᠦ ᠬᠡᠯᠡᠬᠦ ᠪᠤᠶᠤ ᠵᠠᠷᠢᠮ ᠭᠠᠵᠠᠷ ᠤᠨ ᠬᠦᠮᠦᠰ ᠤᠵᠢᠤ ᠶᠡᠩᠬᠡ ᠪᠠᠨ ᠴᠤ ᠰᠢᠨᠠᠭ᠎ᠠ ᠭᠡᠵᠦ ᠬᠡᠯᠡᠳᠡᠭ ᠦᠵᠡᠭᠳᠡᠯ ᠪᠠᠶᠢᠳᠠᠭ ᠪᠠᠶᠢᠨ᠎ᠠ᠃ ᠬᠠᠷᠢᠨ ᠵᠠᠷᠢᠮ ᠨᠢ ᠨᠢᠭᠡ ᠺᠢᠯᠣᠭ᠍ᠷᠠᠮ ᠪᠠᠭᠲᠠᠭᠠᠮᠵᠢ ᠲᠠᠢ ᠪᠠᠨ ᠰᠢᠨᠠᠭ᠎ᠠ ᠭᠡᠵᠦ᠂ ᠬᠡᠳᠦᠨ ᠪᠠᠯᠭᠤ ᠶᠠᠭᠤᠮ᠎ᠠ ᠰᠠᠪᠠᠯᠠᠬᠤ ᠪᠠᠭ᠎ᠠ ᠭᠠᠷ ᠤᠨ ᠰᠢᠨᠠᠭ᠎ᠠ ᠪᠠᠨ ᠤᠵᠢᠤ ᠭᠡᠵᠦ ᠬᠡᠯᠡᠳᠡᠭ᠃ ᠡᠶᠢᠮᠦ ᠠᠴᠠ ᠨᠤᠲᠤᠭ ᠨᠤᠲᠤᠭ ᠤᠨ ᠣᠶᠢᠯᠠᠭᠠᠮᠵᠢ ᠳᠤ ᠰᠢᠨᠠᠭ᠎ᠠ᠂ ᠤᠵᠢᠤ᠂ ᠤᠭᠤᠭᠤᠷ᠂ ᠶᠡᠩᠬᠡ ᠭᠡᠳᠡᠭ ᠤᠨ ᠤᠬᠠᠭᠳᠠᠬᠤᠨ ᠠᠳᠠᠯᠢ ᠦᠭᠡᠢ ᠪᠠᠶᠢᠳᠠᠭ ᠪᠠᠶᠢᠨ᠎ᠠ᠃ ᠡᠨᠡ ᠡᠳ᠋ᠯᠡᠯ ᠢ ᠢᠷᠦᠭᠡᠯ ᠳᠤ᠄ ︽ᠸᠴᠢᠷ ᠬᠤᠩᠬ᠎ᠠ ᠶᠢ ᠳᠠᠭᠤᠷᠢᠶᠠᠯᠭᠠᠵᠤ ᠬᠢᠭᠰᠡᠨ᠂ ᠤᠯᠠᠭᠠᠨ ᠵᠡᠰ ᠢᠶᠠᠷ ᠳᠡᠪᠳᠡᠵᠦ ᠬᠢᠭᠰᠡᠨ᠂ ᠰᠠᠷᠠ ᠨᠠᠷᠠ ᠶᠢ ᠳᠠᠭᠤᠷᠢᠶᠠᠯᠭᠠᠵᠤ ᠬᠢᠭᠰᠡᠨ᠂ ᠰᠢᠷ᠎ᠠ ᠵᠡᠰ ᠢ ᠡᠯᠳᠡᠨ ᠬᠢᠭᠰᠡᠨ᠂ ᠣᠯᠠᠨ ᠪᠦᠬᠦᠨ ᠳᠤ ᠲᠦᠭᠡᠭᠡᠯᠲᠡ ᠲᠠᠢ ᠬᠢᠭᠰᠡᠨ᠂ ᠣᠨᠴᠠ ᠶᠡᠭᠡ ᠶᠡᠩᠭᠡ ︵ᠰᠢᠨᠠᠭ᠎ᠠ︶ ᠨᠢ ᠦᠯᠵᠡᠶᠢᠲᠡᠢ ᠪᠣᠯᠲᠤᠭᠠᠢ︕︾ ᠭᠡᠵᠦ ᠬᠡᠯᠡᠳᠡᠭ᠃ ᠦᠩᠭᠡᠷᠡᠭᠰᠡᠨ ᠳᠤ ᠪᠣᠯᠪᠠᠯ ᠡᠳᠡᠭᠡᠷ ᠡᠳ᠋ᠯᠡᠯ ᠢ ᠮᠣᠳᠤ ᠪᠠᠷ ᠬᠢᠳᠡᠭ ᠪᠠᠶᠢᠭᠰᠠᠨ ᠪᠠ ᠰᠢᠭᠤᠳ ᠰᠢᠨᠠᠭ᠎ᠠ ᠬᠤᠯᠤ ᠶᠢᠨ ᠨᠢᠭᠡ ᠲᠠᠯ᠎ᠠ ᠶᠢ ᠨᠢ ᠴᠤᠭᠤᠯᠵᠤ ᠳᠤᠲᠤᠷᠠᠬᠢ ᠦᠷ᠎ᠡ ᠶᠢ ᠨᠢ ᠠᠪᠴᠤ ᠬᠠᠶᠠᠭᠠᠳ ᠰᠢᠨᠠᠭ᠎ᠠ ᠶᠢᠨ ᠣᠷᠤᠨ ᠳᠤ ᠵᠠᠷᠤᠳᠠᠭ ᠪᠠᠶᠢᠵᠡᠢ᠃ ᠰᠡᠭᠦᠯ ᠤᠨ ᠦᠶ᠎ᠡ ᠪᠣᠯᠵᠤ ᠢᠷᠡᠬᠦ ᠳᠤ ᠮᠣᠳᠤ ᠪᠣᠯᠤᠨ ᠬᠠᠪᠤᠭ ︵ᠬᠤᠯᠤ︶ ᠢᠶᠠᠷ ᠬᠢᠭᠰᠡᠨ ᠰᠢᠨᠠᠭ᠎ᠠ ᠠᠮᠢᠳᠤᠷᠠᠯ ᠳᠤᠮᠳᠠ ᠦᠵᠡᠭᠳᠡᠬᠦ ᠦᠭᠡᠢ ᠪᠣᠯᠵᠤ ᠭᠤᠣᠯᠴᠢᠯᠠᠨ ᠲᠡᠮᠦᠷ᠂ ᠴᠠᠶᠢᠷ᠂ ᠵᠡᠰ᠂ ᠬᠦᠩᠭᠡᠨ ᠴᠠᠭᠠᠨ ᠮᠡᠲᠦ ᠲᠡᠮᠦᠷᠯᠢᠭ ᠢᠶᠠᠷ ᠬᠢᠭᠰᠡᠨ ᠰᠢᠨᠠᠭ᠎ᠠ ᠪᠣᠯᠤᠨ ᠬᠤᠪᠠ ᠪᠠᠷ ᠬᠢᠭᠰᠡᠨ ᠰᠢᠨᠠᠭ᠎ᠠ ᠶᠢ ᠬᠡᠷᠡᠭᠯᠡᠬᠦ ᠵᠠᠩᠰᠢᠯ ᠲᠠᠢ ᠪᠤᠯᠤᠭᠰᠠᠨ ᠪᠠᠶᠢᠳᠠᠭ᠃ ᠡᠶᠢᠮᠦ ᠠᠴᠠ ᠢᠷᠦᠭᠡᠯ ᠳᠤ᠄ ︽ᠲᠠᠯ᠎ᠠ ᠲᠠᠢ ᠪᠣᠯᠤᠳ ᠲᠡᠮᠦᠷ ᠢᠶᠠᠷ᠂ ᠳᠠᠪᠳᠠᠨ ᠴᠣᠬᠢᠵᠤ ᠬᠢᠭᠰᠡᠨ᠂ ᠲᠠᠪᠦᠨ ᠵᠦᠢᠯ ᠤᠨ ᠢᠳᠡᠭᠡᠨ᠂ ᠲᠠᠰᠤᠷᠠᠯᠲᠠ ᠦᠭᠡᠢ ᠳᠤᠲᠤᠷ᠎ᠠ ᠨᠢ ᠣᠷᠤᠭᠠᠳ ᠪᠠᠶᠢᠳᠠᠭ᠂ ᠲᠠᠲᠠᠨ ᠲᠦᠯᠬᠢᠨ ᠤᠳᠬᠤᠭᠠᠳ ᠬᠢᠪᠡᠯ ᠲᠠᠪᠤ ᠭᠤᠷᠪᠠ ᠶᠢ ᠲᠠᠭᠠᠷᠠᠭᠤᠯᠤᠭᠠᠳ ᠪᠠᠶᠢᠳᠠᠭ᠂ ᠲᠠᠭᠠᠲᠠᠢ ᠰᠠᠶᠢᠬᠠᠨ ᠰᠢᠨᠠᠭ᠎ᠠ ᠨᠢ ᠦᠯᠵᠡᠶᠢᠲᠡᠢ ᠪᠣᠯᠲᠤᠭᠠᠢ︕︾ ᠭᠡᠵᠦ ᠬᠡᠯᠡᠬᠦ ᠪᠣᠯᠤᠭᠰᠠᠨ ᠪᠠᠶᠢᠳᠠᠭ᠃ ᠬᠡᠪᠬᠡᠭᠦᠷ ᠭᠡᠳᠡᠭ ᠨᠢ ᠰᠠᠪᠠᠨ ᠳᠤᠲᠤᠷ᠎ᠠ ᠠᠴᠠ ᠦᠳᠬᠡᠨ ᠶᠠᠭᠤᠮ᠎ᠠ ᠶᠢ ᠰᠢᠭᠦᠵᠦ ᠠᠪᠬᠤ ᠳᠤ ᠬᠡᠷᠡᠭᠯᠡᠳᠡᠭ ᠰᠢᠭᠦᠭᠦᠷ ᠢ ᠵᠢᠭᠠᠳᠠᠭ᠃ ᠡᠨᠡ ᠬᠦ ᠡᠳ᠋ᠯᠡᠯ ᠨᠢ ᠬᠠᠶᠢᠰᠤ ᠲᠦᠮᠫᠡᠨ ᠵᠡᠷᠭᠡ ᠰᠠᠪᠠ ᠳᠤᠲᠤᠷ᠎ᠠ ᠠᠴᠠ ᠦᠳᠬᠡᠨ ᠶᠠᠭᠤᠮ᠎ᠠ ᠪᠤᠶᠤ ᠰᠢᠩᠭᠡᠨ ᠪᠡᠶᠡᠲᠦ ᠲᠤᠲᠤᠷ᠎ᠠ ᠠᠴᠠ ᠪᠦᠬᠦᠯᠢ ᠶᠠᠭᠤᠮ᠎ᠠ ᠶᠢ ᠰᠢᠭᠦᠵᠦ ᠠᠪᠬᠤ ᠳᠤ ᠪᠠ ᠮᠢᠬ᠎ᠠ ᠱᠦᠯᠦ ᠴᠢᠨᠠᠬᠤ ᠦᠶ᠎ᠡ ᠳᠤ ᠳᠡᠭᠡᠷ᠎ᠡ ᠨᠢ ᠬᠦᠪᠦᠭᠰᠡᠨ ᠬᠦᠭᠡᠰᠦ ᠮᠡᠲᠦ ᠵᠦᠢᠯᠡᠰ ᠢ ᠢᠯᠭᠠᠵᠤ ᠠᠪᠬᠤ ᠳᠤ ᠬᠡᠷᠡᠭᠯᠡᠳᠡᠭ᠃ ᠬᠡᠪᠬᠡᠭᠦᠷ ᠢ ᠭᠤᠷᠪᠠᠨ ᠵᠦᠢᠯ ᠢᠶᠠᠷ ᠬᠢᠳᠡᠭ᠃ ᠨᠢᠭᠡ ᠨᠢ ᠰᠢᠭᠤᠳ ᠰᠢᠨᠠᠭ᠎ᠠ ᠶᠢᠨ ᠬᠡᠯᠪᠡᠷᠢ ᠲᠠᠢ ᠵᠦᠢᠯ ᠳᠤ ᠣᠯᠠᠨ ᠰᠡᠭᠡᠷᠬᠡᠢ ᠨᠦᠬᠡ ᠭᠠᠷᠭᠠᠵᠦ ᠬᠢᠳᠡᠭ᠃ ᠨᠦᠭᠦᠭᠡ ᠨᠢ ᠨᠠᠷᠢᠨ ᠲᠡᠮᠦᠷ ᠤᠲᠠᠰᠦ ᠪᠠᠷ ᠰᠦᠯᠵᠢᠵᠦ᠂ ᠮᠤᠳᠤ ᠪᠠᠷ ᠪᠤᠶᠤ ᠲᠡᠮᠦᠷ ᠤᠨ ᠪᠡᠶ᠎ᠡ ᠪᠠᠷ ᠨᠢ ᠡᠰᠢ ᠪᠠᠷᠢᠭᠤᠯ ᠬᠢᠳᠡᠭ᠃ ᠪᠠᠰᠠ ᠨᠢᠭᠡ ᠨᠢ ᠪᠣᠯᠪᠠᠯ ᠨᠠᠷᠢᠨ ᠨᠠᠶᠢᠳᠠᠭ ᠪᠤᠷᠭᠠᠰᠦ ᠪᠠᠷ ᠰᠢᠨᠠᠭ᠎ᠠ ᠬᠡᠯᠪᠡᠷᠢ  ᠲᠠᠢ ᠰᠦᠯᠵᠢᠨ ᠨᠡᠬᠡᠵᠦ᠂ ᠠᠳᠬᠤ ᠪᠠᠷᠢᠮ᠎ᠠ ᠮᠣᠳᠤ ᠪᠠᠷ ᠡᠰᠢ ᠪᠠᠷᠢᠭᠤᠯ ᠵᠡᠭᠦᠵᠦ ᠬᠢᠳᠡᠭ᠃ ᠡᠨᠡ ᠬᠡᠷᠡᠭᠯᠡᠭᠦᠷ ᠢ ᠵᠠᠷᠢᠮ ᠨᠤᠲᠤᠭ ᠤᠨ ᠬᠦᠮᠦᠰ ︽ᠰᠢᠭᠦᠭᠦᠯ︾ ᠭᠡᠵᠦ ᠬᠡᠯᠡᠳᠡᠭ᠃ ᠵᠠᠷᠢᠮ ᠭᠠᠵᠠᠷ ᠤᠨ ᠬᠦᠮᠦᠰ ᠬᠠᠷᠢᠨ ︽ᠵᠤᠤᠯᠢ︾ ᠭᠡᠬᠦ ᠪᠤᠶᠤ ︽ᠱᠦᠭᠦᠷ︾ ᠭᠡᠵᠦ ᠬᠡᠯᠡᠳᠡᠭ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号