ᠭᠡᠷ ᠤᠨ ᠡᠳ᠋ᠯᠡᠯ ᠤᠨ ᠵᠦᠢᠯ—ᠦᠭᠡᠭ᠂ ᠲᠠᠯᠪᠢᠭᠤᠷ
ᠨᠡᠶᠢᠲᠡᠯᠡᠭᠰᠡᠨ ᠴᠠᠭ᠄
2021/1/20
︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾                  ----- ᠠᠬᠤᠢ ᠠᠮᠢᠳᠤᠷᠠᠯ ᠤᠨ ᠪᠣᠳᠢ ᠭᠡᠷ ᠤᠨ ᠡᠳ᠋ᠯᠡᠯ ᠤᠨ ᠵᠦᠢᠯ— ᠦᠭᠡᠭ᠂ ᠲᠠᠯᠪᠢᠭᠤᠷ᠄ ᠠᠪᠳᠠᠷ᠎ᠠ ᠲᠠᠢ ᠠᠳᠠᠯᠢ ᠬᠢᠴᠡ ᠲᠠᠢ ᠮᠠᠯᠴᠢᠨ ᠨᠤᠲᠤᠭ ᠲᠤ ᠪᠠᠶᠢᠩᠭᠤ ᠬᠡᠷᠡᠭᠯᠡᠭᠳᠡᠳᠡᠭ ᠪᠠᠰᠠ ᠨᠢᠭᠡ ᠡᠳ᠋ᠯᠡᠮᠤᠰᠢ ᠪᠣᠯᠪᠠᠯ ᠦᠭᠡᠭ ᠪᠣᠯᠬᠤ ᠶᠤᠮ᠃ ᠦᠭᠡᠭ ᠢ ᠶᠡᠷᠦ ᠳᠡᠭᠡᠨ ᠪᠠᠷᠢᠭ᠎ᠠ ᠭᠡᠷ ᠤᠨ ᠵᠡᠭᠦᠨ ᠪᠡᠶ᠎ᠡ ᠶᠢᠨ ᠣᠷᠤᠨ ᠤ ᠬᠦᠯ ᠲᠤᠰ ᠲᠠᠯᠪᠢᠳᠠᠭ ᠪᠦᠭᠡᠳ ᠭᠤᠣᠯᠳᠠᠭᠤ ᠬᠤᠷᠤᠰᠤ ᠲᠤᠰᠤ᠂ ᠠᠶᠠᠭ᠎ᠠ ᠲᠠᠪᠠᠭ ᠮᠡᠲᠦ ᠡᠯᠳᠡᠪ ᠵᠦᠢᠯ ᠢᠶᠠᠨ ᠲᠦᠷᠦᠵᠦ ᠲᠠᠯᠪᠢᠬᠤ ᠳᠤ ᠬᠡᠷᠡᠭᠯᠡᠳᠡᠭ᠃ ᠦᠭᠡᠭ ᠤᠨ ᠠᠪᠳᠠᠷ᠎ᠠ ᠠᠴᠠ ᠢᠯᠭᠠᠭᠳᠠᠬᠤ ᠨᠢᠭᠡ ᠣᠨᠴᠠᠯᠢᠭ  ᠨᠢ ᠭᠡᠪᠡᠯ᠂ ᠳᠡᠭᠡᠷ᠎ᠡ ᠨᠢ ᠦᠭᠡᠳᠡ ᠰᠡᠬᠦᠬᠦ ᠬᠠᠪᠬᠠᠭ ᠬᠢᠳᠡᠭ ᠪᠢᠰᠢ᠂ ᠬᠠᠷᠢᠨ ᠡᠮᠦᠨ᠎ᠡ ᠨᠢᠭᠤᠷ ᠤᠨ ᠳᠡᠭᠡᠲᠤ ᠬᠠᠭᠠᠰ  ᠲᠤᠨᠢ ᠬᠠᠪᠬᠠᠭ ᠬᠢᠳᠡᠭ ᠪᠠ ᠤᠷᠤᠭᠤ ᠡᠷᠭᠢᠭᠦᠯᠵᠦ ᠰᠡᠬᠦᠬᠦ ᠬᠠᠭᠠᠭᠤᠯ ᠬᠢᠳᠡᠭ᠃ ᠡᠭᠦᠨ ᠤ ᠤᠴᠢᠷ ᠪᠣᠯᠪᠠᠯ ᠦᠭᠡᠭ ᠤᠨ ᠳᠡᠭᠡᠷ᠎ᠡ ᠲᠠᠪᠠᠭ ᠳ᠋ᠢᠶᠧᠽᠢ ᠮᠡᠲᠦ ᠵᠦᠢᠯ ᠢ ᠲᠠᠯᠪᠢᠳᠠᠭ ᠲᠤᠯᠠ ᠳᠡᠭᠡᠲᠤ ᠪᠡᠶ᠎ᠡ ᠳᠤᠨᠢ ᠬᠠᠪᠬᠠᠭ ᠬᠢᠵᠤ ᠣᠷᠬᠢᠪᠠᠯ ᠲᠤᠲᠤᠷ᠎ᠠ ᠠᠴᠠ ᠨᠢ ᠶᠠᠭᠤᠮ᠎ᠠ ᠬᠡᠤᠮ᠎ᠡ ᠠᠪᠬᠤ ᠳᠤ ᠳᠦᠭᠦᠮ ᠪᠢᠰᠢ ᠪᠣᠯᠳᠠᠭ᠃ ᠡᠨᠡ ᠡᠳ᠋ᠯᠡᠯ ᠢ ᠯᠦᠨᠲ᠋ᠤ ᠶᠢᠨ ᠨᠠᠶᠢᠷᠠᠭᠤᠯᠤᠭᠰᠠᠨ ︽ᠣᠶᠢᠷᠠᠳ ᠨᠤᠲᠤᠭ ᠤᠨ ᠠᠶᠠᠯᠭᠤᠨ ᠤ ᠦᠭᠡᠰ ᠤᠨ ᠬᠤᠷᠢᠶᠠᠩᠭᠤᠢ︾ ᠭᠡᠬᠦ ᠲᠣᠯᠢ ᠳᠤ ︽ᠲᠡᠮᠡᠭᠡ ᠮᠣᠷᠢᠨ ᠳᠤ ᠠᠴᠢᠵᠤ ᠶᠠᠪᠤᠬᠤ ᠲᠤᠮᠤ ᠠᠪᠳᠠᠷ᠎ᠠ︾ ᠭᠡᠵᠦ ᠲᠠᠶᠢᠯᠪᠤᠷᠢᠯᠠᠭᠰᠠᠨ ᠪᠠᠶᠢᠨ᠎ᠠ᠃ ᠪᠠᠷᠢᠭ᠎ᠠ ᠭᠡᠷ ᠲᠤ ᠪᠠᠶᠢᠷᠢᠯᠠᠳᠠᠭ ᠤᠯᠤᠰ ᠲᠠᠯᠪᠢᠭᠤᠷ ᠪᠤᠶᠤ ᠲᠠᠯᠪᠢᠴᠠ ᠭᠡᠳᠡᠭ ᠮᠣᠳᠤᠨ ᠡᠳ᠋ᠯᠡᠯ ᠢ ᠴᠤᠭᠭᠠᠷ ᠬᠡᠯᠲᠡᠢ ᠬᠡᠷᠡᠭᠯᠡᠳᠡᠭ᠃ ᠡᠨᠡ ᠬᠦ ᠲᠠᠯᠪᠢᠭᠤᠷ ᠨᠢ ᠬᠤᠶᠠᠷ ᠵᠦᠢᠯ ᠪᠣᠯᠳᠠᠭ ᠪᠠ ᠨᠢᠭᠡ ᠨᠢ ᠪᠠᠷᠢᠭ᠎ᠠ ᠭᠡᠷ ᠤᠨ ᠳᠤᠲᠤᠷ᠎ᠠ ᠦᠭᠡᠭ ᠤᠨ ᠳᠣᠣᠷᠠᠳᠤ ᠪᠡᠶ᠎ᠡ ᠪᠠᠷ ᠪᠠᠶᠢᠷᠢᠰᠢᠯᠠᠭᠤᠯᠳᠠᠭ ᠳᠠᠪᠬᠤᠷ ᠲᠠᠯᠪᠢᠭᠤᠷ᠂ ᠨᠦᠭᠦᠭᠡ ᠨᠢ ᠬᠤᠷᠤᠰᠤ ᠰᠢᠭᠦᠷᠡᠮᠡᠭ ᠳᠡᠯᠭᠡᠵᠦ ᠬᠠᠳᠠᠭᠠᠯᠠᠬᠤ ᠳᠤ ᠬᠡᠷᠡᠭᠯᠡᠬᠦ ᠲᠠᠩ ᠲᠠᠯᠪᠢᠭᠤᠷ ᠪᠣᠯᠬᠤ ᠶᠤᠮ᠃ ᠳᠠᠪᠬᠤᠷ ᠲᠠᠯᠪᠢᠭᠤᠷ ᠢ ᠬᠤᠶᠠᠷ ᠪᠤᠶᠤ ᠭᠤᠷᠪᠠᠨ ᠳᠠᠪᠬᠤᠷ ᠬᠢᠳᠡᠭ᠃ ᠲᠡᠭᠡᠬᠦ ᠳᠡᠭᠡᠨ ᠤᠷᠲᠤ ᠪᠠᠷ ᠢᠶᠠᠨ ᠨᠢᠭᠡ ᠬᠠᠭᠠᠰ ᠮᠧᠲᠷ ᠪᠠᠷᠤᠭ ᠲᠠᠢ᠂ ᠦᠷᠭᠡᠨ ᠢᠶᠠᠷ  ᠨᠢ ᠨᠠᠶᠠᠨ ᠰᠠᠨᠲ᠋ᠢᠮᠧᠲᠷ ᠪᠠᠷᠤᠭ ᠲᠠᠢ ᠪᠠᠶᠢᠵᠤ᠂ ᠶᠡᠷᠤ ᠶᠢᠨ ᠪᠠᠶᠢᠳᠠᠯ ᠳᠤ ᠳᠦᠷᠪᠡᠨ ᠪᠡᠶ᠎ᠡ ᠨᠢ ᠵᠠᠳᠠᠭᠠᠢ᠂ ᠵᠦᠪᠬᠡᠨ ᠳᠠᠪᠬᠤᠷᠭ᠎ᠠ ᠨᠢ ᠱᠠᠯᠠ ᠪᠠᠷ ᠬᠢᠭᠰᠡᠨ ᠪᠠᠶᠢᠳᠠᠭ᠃ ᠡᠭᠦᠨ ᠳᠤ ᠲᠤᠮᠪᠦ ᠳ᠋ᠢᠶᠧᠽᠢ᠂ ᠰᠢᠨᠠᠭ᠎ᠠ ᠤᠭᠢᠶᠠᠳᠠᠯ ᠵᠡᠷᠭᠡ ᠵᠦᠢᠯᠡᠰ ᠢ ᠲᠠᠯᠪᠢᠳᠠᠭ ᠪᠠ ᠬᠠᠶᠢᠰᠤ ᠲᠤᠯᠭ᠎ᠠ ᠶᠢᠨ ᠠᠬᠠᠷ ᠴᠢᠬᠢᠷ ᠡᠳ᠋ᠯᠡᠯ ᠢᠶᠠᠨ ᠬᠤᠷᠢᠶᠠᠵᠤ ᠲᠠᠯᠪᠢᠳᠠᠭ ᠵᠠᠩᠰᠢᠯ ᠲᠠᠢ ᠶᠤᠮ᠃ ᠲᠠᠩ ᠲᠠᠯᠪᠢᠭᠤᠷ ᠢ ᠠᠯᠳᠠ ᠳᠠᠯᠢᠮ ᠬᠢᠷᠢᠲᠡᠢ ᠤᠷᠲᠤ᠂ ᠳᠠᠯᠢᠮ ᠬᠢᠷᠢ ᠲᠠᠢ ᠦᠷᠭᠡᠨ ᠱᠠᠯᠠ ᠶᠢ ᠬᠠᠷᠤᠭᠤᠯᠳᠠᠵᠤ ᠲᠡᠭᠰᠢᠯᠡᠭᠡᠳ᠂ ᠨᠢᠭᠡ ᠲᠠᠯ᠎ᠠ ᠶᠢᠨ ᠬᠦᠪᠡᠭᠡ ᠪᠠᠷ ᠭᠤᠷᠪᠠᠨ ᠬᠤᠷᠤᠭᠤᠨ ᠬᠢᠷᠢ ᠲᠠᠢ ᠦᠷᠭᠡᠨ ᠱᠠᠯᠠ ᠪᠠᠷ ᠬᠦᠷᠢᠶᠡᠯᠡᠵᠦ ᠬᠢᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号