1. ᠴᠢᠷᠠᠶ ᠪᠠᠨ ᠬᠠᠷᠠᠬᠤ | ᠬᠡᠷᠪᠡ ᠥᠪᠡᠷ ᠤᠨ ᠴᠢᠷᠠᠶ ᠶᠢᠨ ᠥᠩᠭᠡ ᠨᠢ ᠲᠦᠢᠯ ᠤᠨ ᠤᠯᠠᠭᠠᠨ ᠥᠩᠭᠡ ᠲᠠᠢ ᠪᠣᠯ ᠡᠯᠢᠭᠡ ᠡᠷᠡᠭᠦᠯ ᠪᠠᠶᠢᠳᠠᠯ ᠳᠤ | ᠪᠠᠶᠢᠬᠤ ᠶᠢ ᠬᠠᠷᠠᠭᠤᠯᠵᠤ ᠪᠠᠶᠢᠨ᠎ᠠ᠃ ᠬᠡᠷᠪᠡ ᠴᠢᠷᠠᠶ ᠰᠢᠷᠠᠯᠠᠬᠤ ᠪᠤᠶᠤ ᠬᠠᠷᠠᠯᠠᠪᠠᠯ᠂ ᠡᠯᠢᠭᠡᠨ ᠤ ᠡᠷᠡᠭᠦᠯ ᠮᠡᠨᠳᠦ ᠳᠤ | ᠠᠰᠠᠭᠤᠳᠠᠯ ᠭᠠᠷᠤᠭᠰᠠᠨ ᠢ ᠬᠠᠷᠠᠭᠤᠯᠵᠤ ᠪᠠᠶᠢᠨ᠎ᠠ᠃ ᠡᠯᠢᠭᠡᠨ ᠤ ᠠᠵᠢᠯᠯᠠᠭ᠎ᠠ ᠨᠥᠯᠥᠭᠡᠯᠡᠭᠳᠡᠬᠦ ᠦᠶ᠎ᠡ ᠳᠤ᠂ ᠰᠥᠰᠥᠨ ᠤ | ᠤᠯᠠᠭᠠᠨ ᠡᠳ᠋ ᠤᠨ ᠰᠢᠭᠦᠷᠡᠯᠲᠡ ᠨᠢ ᠬᠡᠲᠦᠷᠬᠡᠶ ᠠᠷᠪᠢᠳᠴᠤ᠂ ᠴᠢᠷᠠᠶ ᠶᠢᠨ ᠥᠩᠭᠡ ᠨᠢ ᠲᠦᠢᠯ ᠤᠨ ᠰᠢᠷᠠᠯᠠᠨ᠎ᠠ᠃ | ᠡᠭᠦᠨ ᠠᠴᠠ ᠭᠠᠳᠠᠨ᠎ᠠ ᠡᠯᠢᠭᠡᠨ ᠤ ᠠᠵᠢᠯᠯᠠᠭ᠎ᠠ ᠭᠡᠮᠲᠦᠯ ᠳᠤ ᠤᠴᠠᠷᠠᠪᠠᠯ ᠪᠠᠰᠠ ᠲᠡᠮᠦᠷ ᠤᠨ ᠰᠣᠯᠢᠯᠴᠠᠭ᠎ᠠ ᠶᠢ ᠨᠥᠯᠥᠭᠡᠯᠡᠵᠦ᠂ | ᠬᠥᠮᠦᠨ ᠤ ᠴᠢᠷᠠᠶ ᠶᠢᠨ ᠥᠩᠭᠡ ᠬᠠᠷᠠᠯᠠᠳᠠᠭ᠃ | 2. ᠨᠢᠳᠦ ᠪᠠᠨ ᠬᠠᠷ᠎ᠠ | ᠡᠯᠢᠭᠡ ᠡᠷᠡᠭᠦᠯ ᠴᠢᠭᠢᠷᠠᠭ ᠤᠨ ᠪᠠᠶᠢᠳᠠᠯ ᠢᠯᠡᠷᠡᠬᠦ ᠦᠶ᠎ᠡ ᠳᠤ᠂ ᠨᠢᠳᠦ ᠪᠠᠰᠠ ᠡᠬᠡᠭᠦᠨ ᠪᠣᠯᠬᠤ᠂ ᠵᠠᠭᠠᠲᠤᠨᠠᠬᠤ ᠵᠡᠷᠭᠡ ᠪᠠᠶᠢᠳᠠᠯ | ᠭᠠᠷᠤᠨ᠎ᠠ᠃ ᠨᠢᠳᠦ ᠬᠡᠷᠡᠭᠯᠡᠬᠦ ᠳᠤ ᠶᠠᠳᠠᠷᠠᠬᠤ᠂ ᠨᠢᠳᠦᠨ ᠤ ᠡᠪᠡᠳᠴᠢᠨ ᠵᠡᠷᠭᠡ ᠨᠢᠳᠦᠨ ᠤ ᠰᠢᠯᠲᠠᠭᠠᠨ ᠢ ᠠᠷᠢᠯᠭᠠᠬᠤ ᠠᠴᠠ | ᠭᠠᠳᠠᠨ᠎ᠠ᠂ ᠬᠡᠷᠪᠡ ᠪᠠᠰᠠ ᠯᠠ ᠨᠢᠳᠦ ᠡᠪ ᠦᠭᠡᠢ ᠰᠠᠨᠠᠭᠳᠠᠵᠤ ᠪᠠᠶᠢᠪᠠᠯ᠂ ᠡᠯᠢᠭᠡᠨ ᠳᠤ ᠡᠪᠡᠳᠴᠢᠨ ᠣᠯᠤᠭᠰᠠᠨ ᠠᠴᠠ | ᠰᠡᠷᠡᠮᠵᠢᠯᠡᠬᠦ ᠬᠡᠷᠡᠭᠲᠡᠶ᠃ ᠡᠨᠡ ᠨᠢ ᠡᠯᠢᠭᠡᠨ ᠤ ᠠᠵᠢᠯᠯᠠᠭ᠎ᠠ ᠶᠢᠨ ᠪᠠᠭᠤᠷᠠᠯᠲᠠ ᠲᠠᠢ ᠮᠠᠰᠢ ᠶᠡᠭᠡ ᠬᠠᠷᠢᠴᠠᠭ᠎ᠠ ᠲᠠᠢ ᠪᠥᠭᠡᠳ | ᠬᠥᠮᠦᠰ ᠤᠨ ᠠᠩᠬᠠᠷᠤᠯ ᠢ ᠲᠠᠲᠠᠵᠤ ᠬᠦᠨᠳᠦᠳᠬᠡᠨ ᠦᠵᠡᠬᠦ ᠴᠢᠬᠤᠯᠠ ᠲᠠᠢ ᠶᠤᠮ᠃ | 3. ᠭᠠᠷ ᠢᠶᠠᠨ ᠦᠵᠡ | ᠭᠠᠷ ᠤᠨ ᠠᠯᠠᠭᠠᠨ ᠨᠢ ᠭᠦᠢᠬᠡᠨ ᠤᠯᠠᠭᠠᠨ ᠥᠩᠭᠡᠲᠡᠶ ᠢᠯᠲᠠᠰᠤ ᠬᠡᠯᠪᠡᠷᠢ ᠶᠢᠨ ᠴᠢᠰᠤ ᠬᠤᠷᠠᠵᠤ ᠪᠠᠶᠢᠬᠤ ᠡᠰᠡᠬᠦ ᠶᠢ | ᠦᠵᠡᠨ᠎ᠡ᠂ ᠳᠠᠷᠤᠭᠰᠠᠨ ᠤ ᠳᠠᠷᠠᠭ᠎ᠠ ᠠᠷᠢᠯᠤᠨ᠎ᠠ᠃ ᠵᠠᠷᠢᠮ ᠦᠷᠭᠦᠯᠵᠢ ᠲᠣᠬᠢᠶᠠᠯᠳᠤᠳᠠᠭ ᠡᠯᠢᠭᠡᠨ ᠡᠪᠡᠳᠴᠢᠨ᠂ ᠵᠢᠱᠢᠶᠡᠯᠡᠪᠡᠯ | ᠸᠢᠷᠦ᠋ᠰ ᠤᠨ ᠴᠢᠨᠠᠷᠲᠠᠶ ᠡᠯᠢᠭᠡᠨ ᠦᠷᠪᠢᠰᠦᠯ᠂ ᠡᠯᠢᠭᠡᠨ ᠤ ᠬᠠᠲᠠᠭᠤᠷᠠᠯ᠂ ᠡᠯᠢᠭᠡᠨ ᠤ ᠰᠢᠷᠬᠡᠭᠵᠢᠬᠦ ᠵᠡᠷᠭᠡ ᠡᠪᠡᠳᠴᠢᠨ ᠳᠤ | ᠪᠦᠷ ᠡᠯᠢᠭᠡᠨ ᠤ ᠠᠯᠠᠭᠠᠨ ᠤ ᠢᠯᠡᠷᠡᠯ ᠭᠠᠷᠳᠠᠭ᠃ ᠢᠯᠠᠩᠭᠤᠶ᠎ᠠ ᠡᠯᠢᠭᠡᠨ ᠤ ᠬᠠᠲᠠᠭᠤᠷᠠᠯ ᠨᠢ ᠨᠡᠩ ᠠᠮᠠᠷᠬᠠᠨ ᠡᠯᠢᠭᠡᠨ ᠤ | ᠠᠯᠠᠭ᠎ᠠ ᠢᠯᠡᠷᠡᠨ᠎ᠡ᠂ ᠡᠮᠨᠡᠯᠭᠡ ᠳᠤ ᠬᠦᠷᠴᠦ ᠡᠯᠢᠭᠡᠨ ᠤ ᠠᠵᠢᠯᠯᠠᠭ᠎ᠠ ᠪᠠᠨ ᠪᠠᠶᠢᠴᠠᠭᠠᠯᠭᠠᠬᠤ ᠨᠢ ᠬᠠᠮᠤᠭ ᠤᠨ ᠲᠣᠬᠢᠷᠠᠮᠵᠢᠲᠠᠶ | ᠠᠷᠭ᠎ᠠ ᠪᠣᠯᠤᠨ᠎ᠠ᠃ | 4. ᠬᠢᠮᠤᠰᠤ ᠪᠠᠨ ᠦᠵᠡ | ᠬᠡᠷᠪᠡ ᠬᠢᠮᠤᠰᠤ ᠲᠦᠢᠯ ᠤᠨ ᠴᠠᠶᠢᠪᠤᠷ ᠪᠣᠯ ᠡᠯᠢᠭᠡᠨ ᠤ ᠴᠢᠰᠤ ᠭᠦᠢᠴᠡᠳ ᠦᠭᠡᠢ ᠠᠴᠠ ᠪᠣᠯᠤᠭᠰᠠᠨ ᠪᠠᠶᠢᠵᠤ ᠮᠡᠳᠡᠨ᠎ᠡ᠃ | ᠣᠯᠠᠩᠬᠢ ᠬᠥᠮᠦᠰ ᠡᠨᠡ ᠬᠦ ᠢᠯᠡᠷᠡᠯ ᠢ ᠮᠡᠳᠡᠬᠦ ᠦᠭᠡᠢ᠂ ᠡᠶᠢᠮᠦ ᠠᠴᠠ ᠲᠣᠭᠲᠠᠭᠰᠠᠨ ᠬᠤᠭᠤᠴᠠᠭ᠎ᠠ ᠲᠠᠢ ᠪᠠᠷ ᠡᠮᠨᠡᠯᠭᠡ ᠳᠤ | ᠬᠦᠷᠴᠦ ᠡᠯᠢᠭᠡᠨ ᠤ ᠠᠵᠢᠯᠯᠠᠭ᠎ᠠ ᠶᠢ ᠪᠠᠶᠢᠴᠠᠭᠠᠯᠭᠠᠬᠤ ᠨᠢ ᠮᠠᠰᠢ ᠴᠢᠬᠤᠯᠠ ᠶᠤᠮ᠃ | 5. ᠮᠡᠩᠭᠡ ᠪᠠᠨ ᠦᠵᠡ | ᠠᠳᠡ ᠬᠡᠯᠡᠵᠦ ᠪᠠᠶᠢᠭ᠎ᠠ ᠮᠡᠩᠭᠡ ᠭᠡᠳᠡᠭ ᠨᠢ ᠪᠡᠶ᠎ᠡ ᠶᠢᠨ ᠳᠡᠭᠡᠷ᠎ᠡ ᠠᠭᠠᠯᠵᠢᠨ ᠮᠡᠩᠭᠡ ᠪᠠᠶᠢᠬᠤ ᠡᠰᠡᠬᠦ ᠶᠢ ᠦᠵᠡᠬᠦ ᠶᠢ ᠵᠢᠭᠠᠵᠤ | ᠪᠠᠶᠢᠨ᠎ᠠ᠃ ᠠᠭᠠᠯᠵᠢᠨ ᠮᠡᠩᠭᠡ ᠪᠣᠯ ᠠᠭᠠᠯᠵᠢ ᠶᠢᠨ ᠤᠷᠭᠤᠴᠠ ᠲᠠᠢ ᠠᠳᠠᠯᠢᠪᠲᠤᠷ ᠨᠢᠭᠡ ᠵᠦᠢᠯ ᠤᠨ ᠮᠡᠩᠭᠡ ᠪᠣᠯᠤᠨ᠎ᠠ᠂ | ᠮᠡᠩᠭᠡ ᠪᠡᠶ᠎ᠡ ᠶᠢᠨ ᠲᠣᠭᠤᠷᠢᠨ ᠳᠤ ᠠᠭᠠᠯᠵᠢ ᠶᠢᠨ ᠬᠦᠯ ᠰᠢᠭ ᠰᠠᠴᠤᠷᠠᠭ ᠬᠡᠯᠪᠡᠷᠢᠲᠦ ᠬᠢᠯᠭᠠᠰᠤᠨ ᠰᠤᠳᠠᠯ ᠪᠠᠶᠢᠳᠠᠭ᠃ | ᠠᠭᠠᠯᠵᠢ ᠪᠣᠯ ᠶᠡᠷᠦ ᠳᠡᠭᠡᠨ ᠬᠥᠮᠦᠨ ᠤ ᠬᠦᠵᠦᠭᠦᠦ᠂ ᠬᠡᠪᠡᠯᠢ ᠶᠢᠨ ᠬᠡᠰᠡᠭ ᠪᠠ ᠴᠡᠭᠡᠵᠢ ᠳᠡᠭᠡᠷ᠎ᠡ ᠤᠷᠭᠤᠵᠤ᠂ ᠡᠯᠢᠭᠡᠨ ᠤ | ᠡᠪᠡᠳᠴᠢᠨ ᠤ ᠢᠯᠡᠷᠡᠯ ᠪᠣᠯᠤᠨ᠎ᠠ᠂ ᠢᠯᠠᠩᠭᠤᠶ᠎ᠠ ᠵᠢᠵᠢᠭ ᠬᠡᠯᠪᠡᠷᠢ ᠶᠢᠨ ᠡᠯᠢᠭᠡᠨ ᠤ ᠬᠠᠲᠠᠭᠤᠷᠠᠯ ᠪᠠ ᠡᠯᠢᠭᠡᠨ ᠤ ᠥᠮᠡᠨ | ᠪᠣᠯᠤᠨ᠎ᠠ᠃ ᠡᠶᠢᠮᠦ ᠠᠴᠠ ᠡᠩ ᠤᠨ ᠦᠶ᠎ᠡ ᠳᠤ ᠥᠪᠡᠷ ᠤᠨ ᠪᠡᠶ᠎ᠡ ᠳᠤ ᠠᠭᠠᠯᠵᠢᠨ ᠮᠡᠩᠭᠡ ᠢᠯᠡᠷᠡᠭᠰᠡᠨ ᠡᠰᠡᠬᠦ ᠶᠢ ᠠᠵᠢᠭᠯᠠᠵᠤ | ᠪᠣᠯᠤᠨ᠎ᠠ᠂ ᠲᠡᠷᠡ ᠨᠢ ᠨᠡᠯᠢᠶᠡᠳ ᠢᠯᠡᠷᠬᠡᠶ ᠪᠠᠶᠢᠳᠠᠭ᠂ ᠬᠡᠷᠪᠡ ᠢᠯᠡᠷᠡᠪᠡᠯ᠂ ᠶᠠᠭᠠᠬᠢᠭᠰᠠᠨ ᠴᠤ ᠰᠠᠭᠠᠲᠠᠭᠠᠵᠤ ᠪᠣᠯᠬᠤ ᠦᠭᠡᠢ᠂ | ᠡᠮᠨᠡᠯᠭᠡ ᠳᠤ ᠣᠴᠢᠵᠤ ᠤᠯᠠᠮ ᠨᠢᠭᠡ ᠠᠯᠬᠤᠮ ᠤᠨ ᠪᠠᠶᠢᠴᠠᠭᠠᠯᠲᠠ ᠬᠢᠯᠭᠡᠨ᠎ᠡ᠃ | | | | | | | | | | | ᠥᠪᠡᠷ ᠤᠨ ᠡᠯᠢᠭᠡᠨ ᠤ ᠡᠷᠡᠭᠦᠯ ᠡᠰᠡᠬᠦ ᠶᠢ ᠮᠡᠳᠡᠶ᠎ᠡ ᠭᠡᠪᠡᠯ᠂ ᠪᠡᠶ᠎ᠡ ᠶᠢᠨ ᠳᠡᠭᠡᠷᠡᠬᠢ ᠬᠡᠳᠦᠨ ᠭᠠᠵᠠᠷ ᠢ ᠠᠵᠢᠭᠯᠠᠵᠤ ᠪᠣᠯᠤᠨ᠎ᠠ᠂ | ᠬᠡᠷᠪᠡ ᠡᠨᠡ ᠬᠡᠳᠦᠨ ᠭᠠᠵᠠᠷ ᠲᠤ ᠬᠡᠪ ᠤᠨ ᠪᠤᠰᠤ ᠪᠠᠶᠢᠳᠠᠯ ᠭᠠᠷᠪᠠᠯ ᠡᠷᠡᠭᠡᠯᠵᠡᠬᠦ ᠬᠡᠷᠡᠭ ᠦᠭᠡᠢ᠂ ᠲᠦᠷᠭᠡᠨ ᠡᠮᠨᠡᠯᠭᠡ ᠳᠤ | ᠣᠴᠢᠵᠤ ᠪᠠᠶᠢᠴᠠᠭᠠᠯᠭᠠᠬᠤ ᠬᠡᠷᠡᠭᠲᠡᠶ᠃ ᠡᠩ ᠤᠨ ᠦᠶ᠎ᠡ ᠳᠤ ᠡᠯᠢᠭᠡ ᠶᠢ ᠰᠠᠶᠢᠲᠤᠷ ᠠᠷᠠᠴᠢᠯᠠᠬᠤ ᠶᠢ ᠠᠩᠬᠠᠷᠬᠤ ᠬᠡᠷᠡᠭᠲᠡᠶ᠃ | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |