ᠭᠦᠨᠳᠦᠳᠭᠡᠯ ᠤᠨ ᠶᠣᠰᠣᠨ ᠤ ᠵᠢᠷ ᠤᠨ ᠭᠦᠳᠡᠯᠦᠯ ᠪᠠᠷᠢᠯ᠂ ᠶᠣᠰᠣ ᠮᠤᠷᠠᠯ
ᠨᠡᠶᠢᠲᠡᠯᠡᠭᠰᠡᠨ ᠴᠠᠭ᠄
2021/10/13
1. ᠭᠦᠮᠦᠨ ᠲᠠᠢ ᠠᠭᠤᠯᠵᠠᠬᠤ ᠳᠠᠭᠠᠨ ᠨᠢᠳᠦᠨ ᠰᠢᠯ ᠢᠶᠠᠨ ᠠᠪᠳᠠᠭ᠃ ᠣᠯᠠᠩᠭᠢ ᠨᠠᠰᠣᠳᠠᠶᠢᠴᠣᠳ ᠭᠦᠳᠡᠭᠡ ᠭᠡᠭᠡᠷ᠎ᠡ ᠪᠤᠶᠤ ᠭᠡᠷ ᠤᠨ ᠭᠠᠳᠠᠨ᠎ᠠ ᠭᠦᠮᠦᠨ ᠲᠠᠢ ᠠᠭᠤᠯᠵᠠᠬᠤ ᠳᠠᠭᠠᠨ ᠦᠪᠡᠷ ᠢᠶᠠᠨ ᠭᠡᠷᠪᠡ ᠨᠢᠳᠦᠨ ᠰᠢᠯ ︵ᠰᠠᠷᠠᠪᠴᠢ︶ ᠵᠡᠭᠦᠵᠤ ᠪᠠᠶᠢᠭᠰᠠᠨ ᠪᠤᠯ ᠣᠷᠢᠳ ᠢᠶᠠᠷ ᠨᠢᠳᠣᠨ ᠰᠢᠯ ᠢᠶᠠᠨ ᠠᠪᠴᠦ ᠵᠡᠭᠦᠨ ᠭᠠᠷ ᠲᠠᠭᠠᠨ ᠪᠠᠷᠢᠴᠢᠬᠠᠭᠠᠳ᠂ ᠪᠠᠷᠠᠭᠤᠨ ᠭᠠᠷ ᠤᠨ ᠠᠯᠠᠭ᠎ᠠ ᠪᠠᠨ ᠳᠡᠯᠭᠡᠵᠦ ᠮᠡᠨᠳᠦᠴᠢᠯᠡᠳᠡᠭ ᠵᠠᠩᠰᠢᠯ ᠲᠠᠢ ᠪᠠᠶᠢᠭᠰᠠᠨ ︵ᠭᠡᠯᠡᠯᠭᠡᠨ ᠦᠭᠡᠢ ᠠᠮᠤᠷ ᠮᠡᠨᠳᠦ ᠠᠰᠠᠭᠤᠴᠢᠬᠠᠪᠠᠯ ᠮᠥᠨ ᠨᠢᠳᠦᠨ ᠳᠡᠭᠡᠨ ᠵᠡᠭᠦᠨ᠎ᠡ ᠰᠢᠣ ᠳ᠋ᠠ︶᠃ ᠡᠨ᠋ᠨ ᠨᠢ ᠨᠢᠳᠣ ᠨᠢᠭᠤᠷ ᠎ ᠢᠶᠠᠨ ᠬᠠᠭᠠᠵᠤ ︵ᠬᠠᠯᠬᠠᠯᠠᠵᠤ︶ ᠪᠠᠶᠢᠭᠠᠳ ᠭᠦᠮᠦᠨ ᠲᠠᠢ ᠠᠭᠤᠯᠵᠠᠵᠤ ᠮᠡᠨᠳᠦᠯᠡᠭᠦ ᠶᠣᠰᠣ ᠦᠭᠡᠢ ᠭᠡᠰᠡᠨ ᠣᠳᠬ᠎ᠠ ᠰᠠᠨᠠᠭ᠎ᠠ ᠲᠠᠢ ᠪᠠᠶᠢᠭ᠎ᠠ ᠪᠠᠰᠠ ᠨᠢᠭᠡᠨ ᠵᠦᠢᠯ ᠤᠨ ᠭᠦᠨᠳᠦᠳᠭᠡᠯ ᠤᠨ ᠶᠣᠰᠣ ᠵᠠᠩᠰᠢᠯ ᠪᠤᠯᠤᠨ᠎ᠠ᠃ ᠬᠠᠶ᠋ᠨ ᠵᠠᠷᠢᠮ ᠭᠦᠮᠦᠨ ᠨᠢᠳᠣᠨ ᠰᠢᠯ ᠲᠠᠢ ᠪᠠᠨ ᠠᠮᠤᠷ ᠮᠡᠨᠳᠦ ᠠᠰᠠᠭᠤᠪᠠᠯ ︽ᠡᠨ᠋ᠨ ᠭᠦᠮᠣᠨ ᠨᠢᠳᠣ ᠪᠠᠨ ᠳᠠᠯᠳᠠᠯᠠᠵᠤ ᠬᠠᠯᠬᠠᠯᠠᠭᠠᠳ ᠪᠠᠶᠢᠳᠠᠭ ᠴᠢᠨᠢ ᠨᠢᠳᠣ ᠨᠢ ᠰᠣᠬᠤᠷ ᠬᠠᠷᠠᠯᠭᠠᠨ ᠲᠠᠢ ᠶᠤᠮ ᠪᠠ︖︾᠂ ︽ᠡᠰᠡᠭᠦᠯ᠎ᠡ ᠶᠡᠭᠡᠷᠭᠡᠭ ᠳᠡᠭᠡᠭᠦᠷ ᠵᠠᠩ ᠲᠠᠢ ᠶᠤᠮ ᠪᠠᠶᠢᠨ᠎ᠠ︾ ᠭᠡᠮᠡᠨ ᠳᠣᠷ᠎ᠠ ᠦᠭᠡᠶᠢᠴᠡᠵᠦ ᠵᠢᠮᠡᠯᠡᠳᠡᠭ ᠪᠠᠶᠢᠪᠠ᠃ 2. ᠠᠶᠢᠯ ᠤᠨ ᠭᠡᠷ ᠲᠤ ᠳᠡᠭᠡᠰᠦ ᠪᠤᠷᠠᠠᠳᠠᠭ ᠠᠪᠴᠦ ᠣᠷᠤᠳᠠᠭ ᠦᠭᠡᠢ᠃ ᠠᠶᠢᠯ ᠤᠨ ᠭᠡᠷ ᠦᠷᠭᠦᠭᠡ ᠳᠤ ᠣᠷᠤᠬᠤ ᠎ ᠳᠠᠭᠠᠨ ᠳᠡᠭᠡᠰᠦ ᠪᠤᠷᠠᠠᠳᠠᠭ ᠪᠦᠰᠡᠯᠡᠭᠦ ᠪᠤᠶᠤ ᠳᠡᠭᠡᠰᠦ ᠪᠤᠷᠠᠠᠳᠠᠭ᠂ ᠴᠢᠳᠣᠷ ᠳᠣᠱᠠ᠂ ᠮᠣᠳᠣ ᠳᠠᠰᠢᠭᠤᠷ ᠮᠡᠳᠦᠰ ᠤᠨ ᠶᠠᠭᠤᠮ᠎ᠠ ᠶᠢ ᠪᠠᠷᠢᠬᠤ ᠪᠤᠶᠤ ᠪᠦᠰᠠ ᠳᠡᠭᠡᠨ ᠵᠡᠭᠦᠵᠤ ᠬᠠᠪᠴᠢᠭᠤᠯᠵᠤ ᠤᠷᠤᠳᠠᠭ ᠦᠭᠡᠢ᠂ ᠡᠳᠡᠭᠡᠷ ᠶᠠᠭᠤᠮᠠᠰ ᠢ ᠵᠠᠪᠠᠯ ᠭᠡᠷ ᠤᠨ ᠭᠠᠳᠠᠨ᠎ᠠ ᠳᠠᠯᠪᠢᠭᠠᠳ ᠭᠡᠷ ᠲᠤ ᠤᠷᠤᠳᠠᠭ ᠶᠣᠰᠣ ᠲᠠᠢ ᠶᠤᠮ᠃ 3. ᠴᠣᠮᠴᠣᠶᠢᠵᠤ ᠰᠠᠭᠤᠬᠤ ᠶᠣᠰᠣ᠃ ᠠᠶᠢᠯ ᠤᠨ ᠮᠤᠩᠭᠤᠯ ᠭᠡᠷ ᠲᠤ ᠪᠤᠶᠤ ᠪᠠᠶᠢᠰᠢᠩ ᠤᠨ ᠬᠠᠨᠵᠤᠨ ᠳᠡᠭᠡᠷ᠎ᠡ ᠰᠠᠭᠤᠬᠤ ᠳᠠᠭᠠᠨ ᠳᠦᠪ ᠶᠣᠰᠣᠷᠬᠠᠭ ᠢᠶᠠᠷ ᠴᠣᠮᠴᠣᠶᠢᠵᠤ ᠰᠠᠭᠤᠳᠠᠭ ᠶᠣᠰᠣ ᠲᠠᠢ᠃ ᠳᠡᠭᠡᠭᠦ ᠳᠡᠭᠡᠨ ᠳᠡᠪᠡᠯ ᠤᠨ ᠡᠩᠭᠡᠷ ᠬᠤᠷᠮᠤᠢ ᠪᠠᠷ ᠢᠶᠠᠨ ᠡᠪᠦᠳᠦᠭ ᠰᠢᠯᠪᠢ ᠪᠠᠨ ᠪᠦᠷᠬᠦᠵᠤ ᠳᠠᠯᠳᠠᠯᠠᠵᠤ ᠰᠠᠭᠤᠳᠠᠭ᠃ ᠨᠠᠰᠣ ᠦᠨᠳᠦᠷ ᠯᠠᠮᠨ ᠬᠤᠸᠠᠷᠠᠭ᠂ ᠡᠪᠦᠭᠡᠳ ᠨᠠᠰᠣᠳᠠᠨ ᠭᠦᠮᠦᠨ ᠪᠤᠯ ᠪᠠᠷᠤᠭ ᠳᠡᠭᠰᠢ ᠰᠠᠶᠢᠬᠠᠨ ᠵᠠᠪᠢᠯᠠᠵᠤ ᠰᠠᠭᠤᠳᠠᠭ ᠪᠤᠯᠪᠠᠴᠦ ᠮᠥᠨ ᠭᠦᠯ ᠡᠪᠦᠳᠦᠭ ᠢᠶᠠᠨ ᠪᠦᠭᠦᠨ ᠢ ᠬᠤᠴᠢᠵᠤ ᠪᠦᠷᠭᠦᠵᠦ ᠰᠠᠭᠤᠳᠠᠭ ᠶᠤᠮ᠃ ᠡᠮᠡᠭᠳᠠᠶᠢᠴᠣᠳ ᠪᠤᠯ ᠪᠦᠷ ᠳᠡᠭᠡᠷᠡᠭᠢ ᠎ ᠲᠠᠢ ᠠᠳᠠᠯᠢ ᠴᠣᠮᠴᠣᠶᠢᠵᠤ ᠰᠠᠭᠤᠳᠠᠭ ᠳᠠᠳᠬᠠᠯ ᠲᠠᠢ ᠪᠠᠶᠢᠭᠰᠠᠨ᠃ ᠴᠣᠮᠴᠣᠶᠢᠵᠤ ᠰᠠᠭᠤᠬᠤ ᠨᠢ ᠠᠶᠢᠯ ᠭᠡᠷ ᠢ ᠭᠦᠨᠳᠦᠳᠭᠡᠭᠰᠡᠨ ᠶᠣᠰᠣᠷᠬᠠᠭ ᠵᠠᠩᠰᠢᠯ ᠪᠤᠯᠵᠤ ᠪᠠᠶᠢᠳᠠᠭ ᠪᠦᠭᠡᠳ ᠵᠣᠴᠢᠨ ᠣᠯᠠᠨ ᠦᠶ᠎ᠡ ᠳᠤ ᠵᠠᠢ ᠪᠠᠭ᠎ᠠ ᠡᠵᠡᠯᠡᠭᠦ ᠳᠠᠪᠠᠭᠤᠯᠢᠭ ᠳᠠᠯ᠎ᠠ ᠲᠠᠢ ᠪᠠᠶᠢᠳᠠᠭ ᠪᠠᠶᠢᠨ᠎ᠠ᠃ ᠠᠶᠢᠯ ᠭᠡᠷ ᠲᠤ ᠪᠠ ᠦᠪᠡᠷ ᠤᠨ ᠭᠡᠷ ᠲᠡᠭᠡᠨ ᠭᠦᠮᠦᠨ ᠤ ᠳᠡᠷᠭᠡᠳᠡ ᠭᠦᠯ ᠢᠶᠠᠨ ᠵᠢᠭᠢᠭᠦ᠂ ᠠᠯᠴᠠᠶᠢᠵᠤ ᠰᠠᠭᠤᠬᠤ᠂ ᠶᠠᠪᠠᠭᠠᠨ ᠰᠠᠭᠤᠬᠤ᠂ ᠡᠩᠭᠡᠷ ᠬᠤᠷᠮᠤᠢ ᠪᠠᠨ ᠳᠡᠯᠭᠡᠵᠦ ᠵᠠᠳᠠᠭᠠᠶᠢᠯᠠᠵᠤ ᠰᠠᠭᠤᠬᠤ᠂ ᠬᠤᠶᠠᠷ ᠭᠠᠷ ᠢᠶᠠᠨ ᠰᠠᠯᠠᠭᠠᠪᠴᠢᠯᠠᠵᠤ ᠡᠪᠦᠳᠦᠭ ᠢᠶᠠᠨ ᠳᠡᠪᠡᠷᠢᠵᠤ ᠰᠠᠭᠤᠬᠤ ᠁ ᠶᠢ ᠪᠦᠷ ᠶᠣᠰᠣ ᠳᠣᠮᠤᠭ᠎ᠠ ᠠᠯᠳᠠᠭᠰᠠᠨ ᠢᠶᠠᠷ ᠦᠵᠡᠳᠡᠭ ᠶᠤᠮ᠃ 4. ᠭᠦᠮᠦᠨ ᠤ ᠣᠷᠢᠳᠠᠭᠤᠷ ︵ᠡᠮᠦᠨᠡᠭᠦᠷ︶ ᠶᠠᠪᠤᠬᠤ ᠦᠭᠡᠢ᠃ ᠭᠡᠵᠢᠶ᠎ᠡ ᠬᠠᠮᠢᠭ᠎ᠠ ᠴᠦ ᠭᠡᠰᠡᠨ ᠰᠠᠭᠤᠵᠤ ᠰᠠᠭᠠᠳᠠᠵᠤ ᠪᠠᠶᠢᠭ᠎ᠠ ᠶᠡᠭᠡᠰ ᠲᠠᠭᠡᠳᠤᠬᠦᠯ᠂ ᠳᠣᠮᠣ ᠭᠦᠮᠦᠨ᠂ ᠭᠡᠶᠢᠴᠢᠨ ᠵᠤᠴᠢᠨ ᠤ ᠳᠡᠷᠭᠡᠳᠡᠭᠦᠷ ᠶᠠᠪᠤᠬᠤ᠂ ᠭᠠᠳᠣᠯᠬᠤ ᠳᠠᠭᠠᠨ ᠵᠠᠪᠠᠯ ᠭᠦᠮᠦᠨ ᠤ ᠠᠷᠤ ᠨᠢᠷᠤᠭᠤ ᠳᠠᠯ᠎ᠠ ᠪᠠᠷ ᠨᠢ ᠶᠠᠪᠤᠳᠠᠭ ᠶᠣᠰᠣ ᠲᠠᠢ᠃ ᠭᠦᠮᠦᠨ ᠤ ᠡᠮᠦᠨᠡᠭᠦᠷ ᠎ ᠨᠢ ᠭᠦᠨᠳᠡᠯᠡᠨ ᠭᠤᠯᠳᠤ ᠭᠠᠳᠣᠯᠬᠤ ᠶᠢ ᠪᠤᠯ ᠭᠦᠮᠦᠨ ᠢ ᠭᠦᠩᠭᠡᠪᠴᠢᠯᠡᠵᠦ ᠬᠠᠯᠬᠠᠯᠠᠭᠰᠠᠨ ᠢᠶᠠᠷ ᠳᠣᠭᠠᠴᠠᠳᠠᠭ ᠶᠤᠮ᠃ ᠭᠦᠮᠦᠨ ᠤ᠂ ᠦᠪᠡᠷ ᠤᠨ ᠭᠡᠷ ᠦᠷᠭᠦᠭᠡ ᠳᠤ ᠣᠷᠤᠬᠤ ᠳᠠᠭᠠᠨ ᠴᠦ ᠭᠦᠮᠦᠨ ᠢ ᠣᠷᠢᠳ ᠢᠶᠠᠷ ᠤᠷᠤᠭᠤᠯᠵᠤ᠂ ᠦᠪᠡᠷ ᠢᠶᠠᠨ ᠬᠤᠶᠢᠨ᠎ᠠ ᠠᠴᠠ ᠨᠢ ᠤᠷᠤᠬᠤ ᠶᠢ ᠡᠷᠭᠢᠮᠯᠡᠳᠡᠭ ᠨᠢ ᠮᠤᠩᠭᠤᠯᠴᠣᠳ ᠤᠨ ᠨᠡᠶᠢᠳᠡ ᠶᠢᠨ ᠶᠣᠰᠣ ᠳᠠᠳᠬᠠᠯ ᠪᠤᠯᠤᠭᠰᠠᠭᠠᠷ ᠢᠷᠡᠭᠰᠡᠨ ᠪᠠᠶᠢᠭ᠎ᠠ ᠶᠤᠮ᠃ 5. ᠭᠦᠮᠦᠨ ᠲᠠᠢ ᠦᠭᠡ ᠭᠡᠯᠡᠯᠴᠡᠭᠦ ᠳᠡᠭᠡᠨ ᠴᠢᠷᠠᠢ ᠪᠠᠨ ᠪᠤᠷᠤᠭᠤ ᠬᠠᠷᠠᠭᠤᠯᠳᠠᠭ ᠦᠭᠡᠢ᠃ ᠶᠠᠮᠠᠷᠪᠠ ᠭᠦᠮᠦᠨ ᠳᠤ ᠦᠭᠡ ᠭᠡᠯᠡᠭᠦ ᠪᠠ ᠭᠦᠮᠦᠨ ᠤ ᠠᠰᠠᠭᠤᠭᠰᠠᠨ ᠦᠭᠡ ᠶᠢ ᠬᠠᠷᠢᠭᠤᠯᠬᠤ ᠳᠠᠭᠠᠨ ᠴᠠᠰᠢ ᠪᠤᠷᠤᠭᠤ ᠬᠠᠨᠳᠣᠬᠤ ᠪᠤᠶᠤ ᠭᠢᠭᠠᠰ ᠬᠠᠵᠠᠭᠠᠢ ᠬᠠᠷᠠᠵᠤ ᠪᠠᠶᠢᠵᠤ ᠭᠡᠯᠡᠳᠡᠭ ᠶᠣᠰᠣ ᠦᠭᠡᠢ ᠶᠤᠮ᠃ ᠶᠠᠮᠠᠷ ᠣᠴᠢᠷ ᠪᠠᠶᠢᠭᠰᠠᠨ ᠴᠦ ᠴᠢᠷᠠᠢ ᠡᠭ᠍ᠴᠨ ᠎ ᠪᠠᠷ ᠨᠢᠭᠤᠷᠳᠠᠵᠤ ᠭᠡᠯᠡᠳᠡᠭ ᠣᠴᠢᠷ ᠲᠠᠢ ᠪᠠᠶᠢᠳᠠᠭ᠃ ᠳᠡᠶᠢᠮᠤ ᠪᠢᠰᠢ ᠪᠤᠯ ︽ᠨᠢᠭᠤᠷ ᠲᠤ ᠴᠢᠨᠢ ᠶᠠᠷ᠎ᠠ ᠭᠠᠷᠴᠢᠬᠠᠪᠠ ᠤᠤ︖︾ ᠭᠡᠭᠦ ᠪᠤᠶᠤ ︽ᠭᠡᠷᠡᠭᠦᠯ ᠵᠣᠳᠤᠭ᠎ᠠ ᠭᠢᠴᠢᠭᠡᠭᠰᠡᠨ ᠶᠤᠮ ᠪᠠ︕︾ ᠭᠡᠭᠦᠴᠢᠯᠡᠨ ᠳᠣᠭᠤᠭᠢᠯᠠᠵᠤ ᠮᠠᠭᠤ ᠭᠡᠯᠡᠳᠡᠭ ᠪᠠᠶᠢᠨ᠎ᠠ᠃ ᠣᠴᠢᠷ ᠨᠢ ᠪᠤᠷᠤᠭᠤ ᠬᠠᠷᠠᠵᠤ ᠪᠠᠶᠢᠵᠤ ᠭᠦᠮᠦᠨ ᠳᠤ ᠦᠭᠡ ᠭᠡᠯᠡᠭᠦ ᠪᠤᠯ ᠭᠦᠨᠳᠦᠳᠭᠡᠯ ᠤᠨ ᠶᠣᠰᠣᠨ ᠳᠤ ᠦᠯᠦ ᠨᠡᠶᠢᠴᠡᠭᠦ ᠮᠠᠭᠤ ᠳᠠᠳᠬᠠᠯ ᠪᠤᠯᠤᠨ᠎ᠠ᠃ 6. ᠬᠠᠨᠴᠣᠢ ᠰᠢᠮᠠᠯᠠᠵᠤ ᠬᠤᠷᠮᠤᠢ ᠪᠠᠨ ᠰᠢᠭᠤᠬᠤ ᠶᠢ ᠭᠢᠴᠢᠶᠡᠳᠡᠭ᠃ ᠠᠶᠢᠯ ᠬᠤᠨᠠᠷ ᠤᠨ ᠳᠤ ᠣᠴᠢᠬᠤ᠂ ᠭᠦᠮᠦᠨ ᠎ ᠲᠠᠢ ᠠᠭᠤᠯᠵᠠᠵᠤ ᠵᠤᠯᠭᠠᠬᠤ᠂ ᠭᠦᠮᠦᠨ ᠭᠡᠶᠢᠴᠢᠨ ᠳᠤ ᠴᠠᠢ ᠬᠤᠭᠤᠯᠨ᠂ ᠠᠷᠢᠭᠢ ᠰᠠᠷᠬᠤᠳ ᠵᠠᠰᠠᠬᠤ ᠮᠠᠳᠤ ᠶᠢᠨ ᠦᠢᠯᠨ ᠶᠠᠪᠤᠳᠠᠯ ᠳᠤ ᠬᠠᠨᠴᠣᠢ ᠪᠠᠨ ᠡᠷᠭᠢᠭᠦᠯᠵᠦ ᠰᠢᠮᠠᠯᠠᠳᠠᠭ ᠦᠭᠡᠢ᠃ ᠡᠩᠭᠡᠷ ᠬᠤᠷᠮᠤᠢ ᠪᠠᠨ ᠰᠡᠭᠡᠵᠦ ᠰᠢᠭᠤᠳᠠᠭ ᠦᠭᠡᠢ᠂ ᠡᠩᠭᠡᠷ ᠵᠠᠭᠠᠮ᠎ᠠ ᠪᠠᠨ ᠵᠠᠳᠠᠭᠠᠶᠢᠯᠠᠵᠤ ᠡᠪᠴᠢᠬᠦᠤ ᠡᠩᠭᠡᠯᠳᠡᠭ ᠢᠶᠠᠨ ᠳᠡᠯᠭᠡᠳᠡᠭ ᠦᠭᠡᠢ᠃ ᠭᠦᠮᠦᠨ ᠭᠡᠶᠢᠴᠢᠨ ᠢᠷᠡᠭᠦ ᠳᠤ ᠪᠡᠶ᠎ᠡ ᠨᠢᠴᠦᠭᠦᠨ ᠪᠤᠶᠤ ᠢᠯᠠᠩᠭᠤᠶ᠎ᠠ ᠭᠠᠳᠠᠷ ᠦᠮᠤᠳᠣ ᠪᠠᠨ ᠡᠮᠦᠰᠭᠦ ᠦᠭᠡᠢ ᠪᠠᠷ ᠣᠭᠳᠣᠳᠠᠭ ᠶᠣᠰᠣ ᠦᠭᠡᠢ ᠶᠤᠮ᠃ ᠡᠰᠡ ᠳᠡᠶᠢᠮᠣ ᠪᠤᠯ ᠰᠢᠨᠵᠢ ᠪᠡᠯᠭᠡ ᠮᠠᠭᠤ ᠲᠠᠢ ᠭᠡᠮᠡᠨ ᠦᠵᠡᠵᠦ ᠵᠢᠭᠰᠢᠭᠦ ᠪᠠ ᠵᠢᠮᠡᠯᠡᠵᠦ ᠪᠤᠷᠤᠭᠤᠰᠢᠶᠠᠳᠠᠭ ᠪᠠᠶᠢᠭᠰᠠᠨ᠃ ᠡᠳᠡᠭᠡᠷ ᠨᠢ ᠮᠦᠨᠴᠦ ᠨᠣᠳᠤᠭ ᠤᠨ ᠭᠦᠨᠳᠦᠳᠭᠡᠯ ᠤᠨ ᠶᠣᠰᠣᠨ ᠤ ᠦᠨᠳᠦᠰᠦᠨ ᠱᠠᠭᠠᠷᠳᠠᠯᠭ᠎ᠠ ᠪᠤᠯᠵᠤ ᠪᠠᠶᠢᠳᠠᠭ ᠶᠤᠮ᠃ ᠭᠡᠪᠡᠴᠦ ᠠᠵᠢᠯ ᠭᠦᠳᠡᠯᠮᠤᠷᠢ ᠶᠢᠨ ᠭᠠᠵᠠᠷ ᠲᠤ ᠪᠡᠶ᠎ᠡ ᠶᠢᠨ ᠭᠦᠳᠡᠯᠮᠤᠷᠢ ᠭᠢᠵᠤ ᠶᠠᠭᠠᠷᠠᠵᠤ ᠪᠠᠶᠢᠬᠤ ᠦᠶ᠎ᠡ ᠳᠤ ᠪᠤᠯ ᠬᠠᠨᠴᠣᠢ ᠰᠢᠮᠠᠯᠠᠵᠤ ᠬᠤᠷᠮᠤᠢ ᠰᠢᠭᠤᠬᠤ᠂ ᠳᠣᠪᠴᠢ ᠰᠢᠯᠪᠢ ᠪᠠᠨ ᠰᠣᠯᠠᠳᠬᠠᠬᠤ᠂ ᠬᠤᠪᠴᠠᠰᠣ ᠬᠤᠨᠠᠷ ᠢᠶᠠᠨ ᠨᠢᠮᠭᠡᠯᠡᠭᠦ ᠨᠢ ᠴᠦᠮ ᠡᠩ ᠤᠨ ᠶᠠᠪᠤᠳᠠᠯ᠂ ᠠᠰ ᠲᠠᠭᠠᠨ ᠪᠠᠶᠢᠬᠤ ᠣᠴᠢᠷ ᠪᠤᠯᠤᠨ᠎ᠠ᠃ ᠳᠡᠶᠢᠮᠤ ᠦᠭᠦᠮᠡᠯ ᠴᠦ ᠶᠠᠭᠤᠮ᠎ᠠ ᠪᠠᠰᠠ ᠪᠢᠰᠢ᠃ 7. ᠭᠦᠮᠦᠨ ᠤ ᠡᠮᠦᠨ᠎ᠡ ᠬᠤᠭᠤᠰᠣᠨ ᠠᠶᠠᠭ᠎ᠠ ᠳᠠᠯᠪᠢᠳᠠᠭ ᠦᠭᠡᠢ᠃ ᠭᠦᠳᠡᠭᠡ ᠨᠤᠳᠤᠭ ᠤᠨ ᠮᠤᠩᠭᠤᠯᠴᠣᠳ ᠶᠡᠷᠦ ᠎ ᠨᠢ ᠶᠠᠮᠠᠷᠪᠠ ᠭᠦᠮᠦᠨ ᠤ ᠣᠷᠢᠳᠠᠢ ᠠᠴᠠ ᠬᠤᠭᠤᠰᠣᠨ ᠰᠠᠪᠠ ᠳᠣᠰᠣᠭᠤᠯᠬᠤ ᠶᠢ ᠴᠡᠭᠡᠷᠯᠡᠳᠡᠭ ᠵᠠᠩᠰᠢᠯ ᠲᠠᠢ ᠪᠠᠶᠢᠳᠠᠭ ᠃ ᠭᠡᠷ ᠦᠷᠭᠦᠭᠡ ᠳᠤ ᠢᠷᠡᠭᠰᠡᠨ ᠭᠦᠮᠦᠨ ᠳᠤ ᠴᠠᠢ ᠬᠤᠭᠤᠯᠨ ᠵᠠᠰᠠᠬᠤ ᠳᠠᠭᠠᠨ ᠤᠷᠢᠤᠨ ᠢᠶᠠᠷ ᠬᠤᠭᠤᠰᠣᠨ ᠠᠶᠠᠭ᠎ᠠ ᠠᠪᠴᠢᠷᠠᠵᠤ ᠵᠤᠴᠢᠨ ᠤ ᠣᠷᠢᠳᠠᠢ ᠳᠠᠯᠪᠢᠳᠠᠭ ᠦᠭᠡᠢ᠂ ᠵᠠᠪᠠᠯ ᠳᠣᠳᠣᠷ᠎ᠠ ᠨᠢ ᠴᠠᠢ ᠬᠤᠭᠤᠯᠨ ᠪᠠᠨ ᠭᠢᠴᠢᠭᠡᠭᠡᠳ ᠵᠠᠰᠠᠵᠤ ᠭᠠᠷ ᠲᠤ ᠨᠢ ᠪᠠᠷᠢᠭᠤᠯᠳᠠᠭ ᠳᠠᠳᠬᠠᠯ ᠲᠠᠢ ᠶᠤᠮ ︵ᠣᠳᠣ ᠪᠠᠷᠤᠭ ᠰᠢᠷᠡᠭᠡᠨ ᠳᠡᠭᠡᠷ᠎ᠡ ᠪᠠᠨ ᠳᠠᠯᠪᠢᠴᠢᠳᠠᠭ ᠪᠤᠯᠵᠡᠢ︶᠃ ᠭᠦᠮᠦᠨ ᠵᠤᠴᠢᠨ ᠭᠡᠷ ᠦᠷᠦᠭᠡ ᠳᠤ ᠢᠷᠡᠭᠦ ᠳᠤ ᠡᠰᠡᠷᠭᠦ ᠠᠴᠠ ᠨᠢ ᠬᠤᠭᠤᠰᠣᠨ ᠵᠠᠳᠠᠭᠠᠢ ᠰᠠᠪᠠ ᠳᠣᠰᠣᠭᠤᠯᠳᠠᠭ ᠦᠭᠡᠢ᠂ ᠭᠡᠷᠪᠡ ᠭᠦᠮᠦᠨ ᠤ ᠡᠮᠦᠨ᠎ᠡ ᠢᠯᠨ ᠪᠠᠶᠢᠭᠰᠠᠨ ᠪᠤᠯ ᠳᠦᠷᠭᠡᠨ ᠵᠠᠶᠢᠯᠠᠭᠤᠯᠵᠤ ᠳᠠᠯᠳᠠ ᠳᠠᠯᠪᠢᠬᠤ ᠪᠤᠶᠤ ᠬᠤᠷᠢᠶᠠᠵᠤ ᠠᠪᠳᠠᠭ ᠶᠤᠮ᠃ ᠠᠶᠢᠯ ᠤᠨ ᠭᠡᠷ ᠦᠷᠭᠦᠭᠡ ᠳᠤ ᠣᠴᠢᠬᠤ ᠳᠠᠭᠠᠨ ᠴᠦ ᠵᠠᠳᠠᠭᠠᠢ ᠬᠤᠭᠤᠰᠣᠨ ᠰᠠᠪᠠ ᠪᠠᠷᠢᠵᠤ ᠭᠡᠷ ᠲᠤ ᠨᠢ ᠣᠷᠤᠳᠠᠭ ᠦᠭᠡᠢ᠃ ᠭᠦᠳᠡᠭᠡ ᠨᠣᠳᠤᠭ ᠲᠤ ᠪᠤᠯ ᠭᠡᠷᠪᠡ ᠣᠰᠣᠨ ᠤ ᠪᠤᠷᠢᠪᠤ᠂ ᠴᠠᠢ ᠶᠢᠨ ᠱᠠᠭᠤ᠂ ᠠᠷᠭᠠᠯ ᠤᠨ ᠣᠭᠤᠳᠠ ᠮᠡᠳᠦᠰ ᠤᠨ ᠰᠣᠯᠨ ᠬᠤᠭᠤᠰᠣᠨ ᠰᠠᠪᠠ ᠠᠪᠴᠦ ᠶᠠᠪᠤᠵᠤ ᠳᠠᠭᠠᠷᠠᠭᠰᠠᠨ ᠪᠤᠯ ᠪᠦᠷ ᠭᠡᠷ ᠤᠨ ᠭᠠᠳᠠᠨ᠎ᠠ ᠳᠠᠯᠪᠢᠴᠢᠬᠠᠭᠠᠳ ᠰᠠᠶ᠋ᠢ ᠠᠶᠢᠯ ᠤᠨ ᠭᠡᠷ ᠲᠤ ᠣᠷᠣᠳᠠᠭ ᠳᠠᠳᠬᠠᠯ ᠲᠠᠢ ᠪᠠᠶᠢᠭᠰᠠᠨ᠃ ᠭᠡᠷᠪᠡ ᠠᠶᠢᠯ ᠠᠴᠠ ᠶᠠᠮᠠᠷ ᠨᠢᠭᠡᠨ ᠶᠠᠭᠤᠮ᠎ᠠ ᠶᠢ ᠰᠠᠪᠠᠯᠠᠵᠤ ᠠᠪᠬᠤ ᠪᠠᠷ ᠰᠣᠯᠨ ᠰᠠᠪᠠ ᠠᠪᠴᠦ ᠣᠴᠢᠭᠰᠠᠨ ᠪᠤᠯ ᠰᠠᠪᠠᠨ ᠳᠠᠭᠠᠨ ᠶᠣᠰᠣ ᠶᠢᠨ ᠳᠡᠳᠦᠢ ᠴᠦ ᠭᠡᠰᠡᠨ ᠪᠠᠭ᠎ᠠ ᠰᠠᠭ᠎ᠠ ᠶᠠᠭᠤᠮ᠎ᠠ ᠬᠢᠬᠦ ᠪᠤᠶᠤ ᠠᠮᠠᠨ ᠳᠡᠭᠡᠷ᠎ᠡ ᠨᠢ ᠳᠠᠯᠪᠢᠵᠤ ᠦᠭᠭᠦᠭᠡᠳ ᠶᠠᠭᠤᠮ᠎ᠠ ᠪᠠᠨ ᠰᠠᠪᠠᠯᠠᠵᠤ ᠠᠪᠳᠠᠭ ᠶᠣᠰᠣ ᠲᠠᠢ ᠶᠤᠮ᠃ ᠡᠳᠡᠭᠡᠷ ᠵᠠᠩᠰᠢᠯ ᠨᠢ ᠮᠦᠨᠴᠦ ᠠᠶᠢᠯ ᠭᠡᠷ ᠪᠠ ᠭᠡᠶᠢᠴᠢᠨ ᠵᠤᠴᠢᠨ ᠢ ᠭᠦᠨᠳᠦᠳᠭᠡᠭᠦ᠂ ᠰᠢᠨᠵᠢ ᠪᠡᠯᠭᠡ ᠶᠢ ᠡᠷᠭᠢᠮᠯᠡᠭᠦ ᠭᠡᠰᠡᠨ ᠳᠠᠪᠬᠤᠷ ᠣᠳᠬ᠎ᠠ ᠰᠠᠨᠠᠭ᠎ᠠ ᠶᠢ ᠠᠭᠤᠯᠵᠤ ᠪᠠᠶᠢᠳᠠᠭ ᠶᠤᠮ᠃ 8. ᠭᠠᠯ ᠪᠠ ᠪᠤᠷᠬᠠᠨ ᠤ ᠣᠶᠢᠷᠠᠠᠬᠨ ᠭᠤᠳᠣᠯ ᠦᠢᠮᠣᠰᠣ ᠪᠠᠨ ᠳᠠᠶᠢᠯᠵᠤ ᠳᠠᠯᠪᠢᠳᠠᠭ ᠦᠭᠡᠢ᠃ ᠮᠤᠩᠭᠤᠯᠴᠣᠳ ᠠᠶᠢᠯ ᠤᠨ ᠭᠡᠷ ᠦᠷᠭᠦᠭᠡ ᠳᠤ ᠣᠴᠢᠪᠠᠯ ᠭᠠᠯ ᠪᠤᠷᠬᠠᠨ᠂ ᠰᠠᠭᠠᠯᠢ ᠶᠢᠨ ᠰᠠᠪᠠ᠂ ᠳᠣᠭᠤᠭ᠎ᠠ ᠰᠢᠨᠠᠭ᠎ᠠ ᠶᠢᠨ ᠣᠶᠢᠷᠠᠬᠠᠨ ᠬᠠᠵᠠᠭᠤ ᠳᠡᠷᠭᠡᠳᠡ ᠭᠤᠳᠣᠯ ᠣᠶᠢᠮᠣᠰᠣ ᠪᠠᠨ ᠳᠠᠶᠢᠯᠵᠤ ᠭᠦᠯ ᠦᠯᠮᠡᠢ ᠪᠠᠨ ᠨᠢᠴᠦᠭᠦᠯᠭᠦ ᠪᠠ ᠦᠮᠣᠳᠣ ᠭᠤᠳᠣᠯ ︵ᠱᠠᠬᠠᠢ︶᠎ ᠢᠶᠠᠨ ᠳᠡᠳᠡᠭᠡᠷ ᠶᠠᠭᠤᠮᠠᠨ ᠳᠤ ᠭᠡᠳᠦ ᠣᠶᠢᠷᠠᠬᠠᠨ ᠳᠠᠯᠪᠢᠬᠤ ᠶᠢ ᠴᠡᠭᠡᠷᠯᠡᠳᠡᠭ ᠳᠠᠳᠬᠠᠯ ᠲᠠᠢ ᠪᠠᠶᠢᠳᠠᠭ᠃ ᠡᠨ᠋ᠨ ᠨᠢ ᠮᠦᠨᠴᠦ ᠠᠶᠢᠯ ᠤᠨ ᠭᠡᠷ ᠦᠷᠭᠦᠭᠡ᠂ ᠭᠦᠮᠦᠨ ᠡᠵᠡᠨ ᠢ ᠭᠦᠨᠳᠦᠳᠭᠡᠵᠦ᠂ ᠡᠷᠡᠭᠦᠯ ᠬᠠᠮᠠᠭᠠᠯᠠᠯ ᠎ ᠢ ᠡᠷᠭᠢᠮᠯᠡᠵᠦ ᠪᠠᠶᠢᠭ᠎ᠠ ᠤᠴᠢᠷ ᠶᠣᠰᠣ ᠪᠤᠯᠤᠨ᠎ᠠ᠃ ᠭᠡᠷᠪᠡ ᠵᠦᠷᠢᠴᠡᠭᠦ ᠳᠤ ᠭᠦᠷᠪᠡᠯ ᠶᠤᠰᠣ ᠠᠯᠳᠠᠵᠤ ᠠᠶᠢᠯ ᠢ ᠭᠤᠳᠣᠭᠠᠨ ᠡᠵᠡᠨ ᠢ ᠨᠢ ᠳᠣᠷᠤᠮᠵᠢᠯᠠᠭᠰᠠᠨ ᠳᠤ ᠳᠣᠭᠠᠴᠠᠭᠳᠠᠳᠠᠭ ᠪᠠᠶᠢᠨ᠎ᠠ᠃ 9. ᠭᠦᠮᠦᠨ ᠤ ᠡᠮᠦᠨ᠎ᠡ ᠠᠴᠠ ᠪᠤᠶᠤ ᠬᠤᠶᠢᠨ᠎ᠠ ᠠᠴᠠ ᠬᠤᠭ ᠢᠶᠠᠨ ᠬᠠᠶᠠᠳᠠᠭ ᠦᠭᠡᠢ᠃ ᠡᠨ᠋ᠨ ᠪᠤᠯ ᠮᠤᠩᠭᠤᠯᠴᠣᠳ ᠂ ᠮᠠᠯᠴᠢᠨ ᠳᠦᠮᠡᠨ ᠤ ᠮᠠᠰᠢ ᠠᠩᠬᠠᠷᠳᠠᠭ ᠭᠢᠴᠢᠶᠠᠮᠵᠢ ᠪᠤᠯᠤᠨ᠎ᠠ᠃ ᠡᠶᠢᠮᠣ ᠠᠴᠠ ᠶᠠᠮᠠᠷᠪᠠ ᠭᠦᠮᠦᠨ ᠢᠷᠡᠭᠦ ᠳᠤ ᠡᠮᠦᠨ᠎ᠡ ᠠᠴᠠ ᠨᠢ ᠬᠤᠭ ᠦᠨᠡᠰᠦ ᠬᠠᠶᠠᠬᠤ᠂ ᠬᠠᠷ᠎ᠠ ᠣᠰᠣ᠂ ᠪᠤᠵᠠᠷ ᠣᠰᠣ ᠰᠠᠴᠣᠬᠤ ᠶᠢ ᠰᠡᠷᠭᠡᠶᠢᠯᠡᠵᠦ ᠴᠡᠭᠡᠷᠯᠡᠳᠡᠭ ᠪᠤᠯᠪᠠᠰᠣᠨ ᠳᠠᠳᠬᠠᠯ ᠲᠠᠢ ᠪᠠᠶᠢᠳᠠᠭ ᠶᠤᠮ᠃ ᠶᠠᠪᠤᠭᠰᠠᠨ ᠭᠦᠮᠦᠨ ᠤ ᠬᠤᠶᠢᠨ᠎ᠠ ᠠᠴᠠ ᠴᠦ ᠬᠤᠭ ᠨᠤᠪᠰᠢ᠂ ᠣᠰᠣ ᠴᠠᠰᠣ ᠶᠢ ᠪᠡᠯᠡᠨ ᠳᠣᠣᠷ᠎ᠠ ᠪᠠᠨ ᠬᠠᠶᠠᠵᠤ ᠰᠠᠴᠣᠳᠠᠭ ᠦᠭᠡᠢ᠃ ᠬᠠᠶᠠᠬᠤ ᠴᠢᠬᠤᠯᠨ ᠲᠠᠢ ᠪᠤᠯ ᠭᠦᠮᠦᠨ ᠪᠦᠷ ᠬᠤᠯᠨ ᠶᠠᠪᠤᠭᠰᠠᠨ ᠤ ᠬᠤᠶᠢᠨ᠎ᠠ ᠲᠠᠪᠠ ᠪᠠᠷ ᠠᠪᠠᠴᠢᠵᠤ ᠬᠠᠶᠠᠳᠠᠭ ᠶᠤᠮ᠃ ᠡᠨ᠋ᠨ ᠨᠢ ᠭᠦᠮᠦᠨ ᠢ ᠭᠦᠨᠳᠦᠳᠭᠡᠭᠦ ᠡᠰᠡᠭᠦ ᠳᠤ ᠰᠢᠭᠤᠳ ᠬᠤᠯᠪᠤᠭᠳᠠᠬᠤ ᠨᠢᠭᠡᠨ ᠵᠦᠢᠯ ᠤᠨ ᠵᠠᠩ ᠮᠤᠷᠠᠯ ᠤᠨ ᠣᠴᠢᠷ ᠶᠤᠮ ᠪᠤᠯᠬᠤᠷ ᠡᠷᠭᠡᠪᠰᠢ ᠠᠩᠬᠠᠷᠴᠤ ᠭᠢᠴᠢᠶᠡᠭᠦ ᠳᠡᠭᠡᠨ ᠳᠠᠭᠠᠷᠠᠬᠤ ᠪᠠᠶᠢᠬ᠎ᠠ᠃ 10. ᠭᠦᠮᠦᠨ ᠤ ᠳᠡᠷᠭᠡᠳᠡ ᠨᠢᠷᠤᠭᠤ ᠪᠠᠨ ᠡᠭᠦᠷᠳᠡᠭ ᠦᠭᠡᠢ᠃ ᠨᠢᠷᠤᠭᠤ ᠡᠭᠦᠷᠦᠨ᠎ᠡ ᠭᠡᠳᠡᠭ ᠨᠢ ᠬᠤᠶᠠᠷ ᠭᠠᠷ ᠎ ᠢᠶᠠᠨ ᠠᠷᠤ ᠨᠢᠷᠤᠭᠤ ᠳᠠᠭᠠᠨ ᠡᠭᠦᠷᠭᠦ ᠶᠢ ᠭᠡᠯᠡᠳᠡᠭ᠃ ᠮᠤᠩᠭᠤᠯᠴᠣᠳ ᠤᠨ ᠵᠤᠷᠰᠢᠯ ᠢᠶᠠᠷ ᠪᠤᠯ ᠶᠠᠮᠠᠷᠪᠠ ᠭᠦᠮᠦᠨ ᠤ ᠳᠡᠷᠭᠡᠳᠡ᠂ ᠢᠯᠠᠩᠭᠤᠶ᠎ᠠ ᠶᠡᠭᠡᠰ ᠲᠠᠭᠡᠳᠤᠬᠦᠯ ᠪᠠ ᠠᠭᠢᠮᠠᠭ ᠨᠠᠰᠣᠨ ᠤ ᠭᠦᠮᠦᠨ ᠤ ᠳᠡᠷᠭᠡᠳᠡ ᠨᠢᠷᠤᠭᠤ ᠪᠠᠨ ᠡᠭᠦᠷᠴᠦ ᠵᠣᠭᠰᠣᠬᠤ ︵ᠶᠠᠪᠤᠬᠤ︶ ᠪᠤᠶᠤ ᠦᠭᠡ ᠭᠡᠯᠡᠯᠴᠡᠭᠦ ᠶᠢ ᠠᠩᠬᠠᠷᠴᠦ ᠭᠢᠴᠢᠶᠡᠳᠡᠭ ᠪᠠᠶᠢᠨ᠎ᠠ᠃ ᠭᠦᠮᠦᠨ ᠤ ᠪᠠ ᠦᠪᠡᠷ ᠎ ᠤᠨ ᠭᠡᠷ ᠳᠣᠳᠣᠷ᠎ᠠ ᠴᠦ ᠨᠢᠷᠤᠭᠤ ᠡᠭᠦᠷᠭᠦ ᠶᠢ ᠴᠡᠭᠡᠷᠯᠡᠳᠡᠭ ᠪᠠᠶᠢᠭᠰᠠᠨ᠃ ᠨᠢᠷᠤᠭᠤ ᠪᠠᠨ ᠡᠭᠦᠷᠭᠦ ᠪᠤᠯ ᠵᠠᠷᠢᠮ ᠳᠠᠯ᠎ᠠ ᠎ ᠪᠠᠷ ᠢᠶᠠᠨ ᠭᠦᠮᠦᠨ ᠤ ᠤᠪᠤᠷ ᠵᠠᠩ ᠤᠨ ᠢᠯᠡᠷᠡᠯ ᠪᠤᠯᠵᠤ ᠪᠠᠶᠢᠳᠠᠭ ᠶᠤᠮ ᠪᠤᠯᠬᠤᠷ ᠳᠠᠷᠤᠤ ᠭᠢᠴᠢᠶᠡᠩᠭᠦᠢ ᠭᠦᠮᠦᠨ ᠶᠡᠷᠦ ᠨᠢ ᠭᠦᠮᠦᠨ ᠤ ᠳᠡᠷᠭᠡᠳᠡ ᠨᠢᠷᠤᠭᠤ ᠪᠠᠨ ᠡᠭᠦᠷᠳᠡᠭ ᠦᠭᠡᠢ ᠶᠤᠮ᠃ ᠳᠡᠭᠡᠭᠡᠳ ᠡᠨ᠋ᠨ ᠨᠢ ᠭᠦᠮᠦᠨ ᠢ ᠭᠦᠨᠳᠦᠳᠭᠡᠭᠦ ᠶᠣᠰᠣ ᠵᠤᠷᠰᠢᠯ ᠪᠤᠯᠵᠤ ᠭᠡᠪᠰᠢᠭᠳᠡᠭᠰᠡᠨ ᠪᠠᠶᠢᠳᠠᠭ ᠶᠤᠮ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号