ᠬᠡᠭᠡᠯ ᠬᠠᠶᠠᠬᠤ ᠡᠪᠡᠳᠴᠢᠨ 
ᠨᠡᠶᠢᠲᠡᠯᠡᠭᠰᠡᠨ ᠴᠠᠭ᠄
2021/11/25
ᠪᠦᠬᠦ ᠲᠥᠷᠥᠯ ᠤᠨ ᠮᠠᠯ ᠪᠠᠰᠠ ᠬᠥᠮᠦᠨ ᠡᠪᠡᠳᠴᠢᠯᠡᠭᠦᠯᠳᠡᠭ ᠠᠷᠬᠠᠭ ᠬᠠᠯᠳᠠᠪᠤᠷᠢᠲᠤ ᠡᠪᠡᠳᠴᠢᠨ ᠃ ᠡᠪᠡᠳᠴᠢᠯᠡᠭᠰᠡᠨ ᠬᠡᠭᠡᠯ ᠲᠠᠢ ᠮᠠᠯ ᠣᠯᠠᠨ ᠢᠶᠠᠷ ᠬᠡᠭᠡᠯ ᠬᠠᠶᠠᠬᠤ ᠂ ᠰᠤᠪᠠᠶᠢᠷᠠᠬᠤ ᠂ ᠠᠮᠢᠳᠤᠷᠠᠬᠤ ᠴᠢᠳᠠᠪᠤᠷᠢ ᠦᠭᠡᠢ ᠲᠥᠯ ᠭᠠᠷᠬᠤ ᠵᠡᠷᠭᠡ ᠬᠤᠬᠢᠷᠠᠯ ᠤᠴᠠᠷᠠᠭᠤᠯᠤᠨ᠎ᠠ ᠃ ᠡᠭᠦᠰᠬᠡᠭᠴᠢ ᠨᠢ ᠄ ᠪᠷᠦ᠋ᠼᠧᠯᠯᠢᠶᠣᠽ ︵布鲁氏菌病︶ ᠬᠡᠮᠡᠬᠦ 6 ᠲᠥᠷᠥᠯ ᠤᠨ ᠨᠢᠶᠠᠨ ᠪᠠᠶᠢᠳᠠᠭ ᠃ ᠭᠠᠳᠠᠭᠠᠳᠤ ᠣᠷᠴᠢᠨ ᠳᠤ ᠨᠡᠯᠢᠶᠡᠳ ᠲᠡᠰᠪᠦᠷᠢᠲᠡᠢ ᠂ ᠭᠠᠵᠠᠷ ᠤᠨ ᠬᠥᠷᠥᠰᠥ ᠂ ᠤᠰᠤ ᠪᠠᠭᠤᠴᠠ ᠂ ᠲᠡᠵᠢᠭᠡᠯ ᠳᠤ 120 ᠬᠤᠨᠤᠭ ᠂ ᠪᠣᠬᠢᠷᠳᠠᠭᠰᠠᠨ ᠬᠤᠪᠴᠠᠰᠤᠨ ᠳᠤ 14᠎ ᠂ ᠬᠤᠨᠢᠨ ᠤ ᠨᠣᠣᠰᠣ ᠂ ᠠᠷᠠᠰᠤᠨ ᠳᠤ 45-120᠎ ᠂ ᠪᠢᠰᠢᠯᠠᠭ ᠂ ᠴᠥᠴᠥᠭᠡᠢ ᠶᠢᠨ ᠲᠣᠰᠣ ᠂ ᠳᠠᠪᠤᠰᠤᠯᠠᠭᠰᠠᠨ ᠠᠷᠠᠰᠤᠨ ᠳᠤ 60-70᠎ ᠂ ᠮᠢᠬᠠᠨ ᠳᠤ 120᠎ ᠂ ᠬᠥᠯᠳᠡᠭᠦᠦ ᠰᠦᠨ ᠳᠤ 6-8 ᠬᠤᠨᠤᠭ ᠠᠮᠢᠳᠤᠷᠠᠵᠤ ᠴᠢᠳᠠᠨ᠎ᠠ ᠃ ᠬᠠᠯᠠᠭᠤᠨ ᠳᠤ ᠲᠡᠰᠪᠦᠷᠢ ᠮᠠᠭᠤᠲᠠᠢ ᠲᠤᠯᠠ ᠰᠦ ᠶᠢ 65-75 ᠭᠷᠡᠳᠦ᠋ᠰ ᠬᠠᠯᠠᠭᠠᠬᠤ ᠂ ᠹᠤᠷᠮᠠᠯᠢᠨ ︵福尔马林︶ 1-2 ᠬᠤᠪᠢ ᠶᠢᠨ ᠠᠭᠤᠰᠤᠮᠠᠯ ᠳᠤ 1 ᠴᠠᠭ ᠂ ᠴᠣᠬᠤᠢ ᠶᠢᠨ 5 ᠬᠤᠪᠢ ᠶᠢᠨ ᠠᠭᠤᠰᠤᠮᠠᠯ ᠳᠤ 1-3 ᠴᠠᠭ ᠲᠤ ᠦᠬᠦᠨ᠎ᠡ ᠃ ᠬᠠᠯᠳᠠᠪᠤᠷᠢᠯᠠᠬᠤ ᠵᠠᠮ ᠄ ᠭᠤᠣᠯ ᠡᠬᠢ ᠪᠤᠯᠠᠭ ᠨᠢ ᠢᠯᠡ ᠡᠪᠡᠳᠴᠢᠲᠡᠶ ᠮᠠᠯ ᠂ ᠠᠮᠢᠲᠠᠨ ᠃ ᠡᠪᠡᠳᠴᠢᠲᠡᠶ ᠮᠠᠯ ᠤᠨ ᠬᠠᠭ ᠬᠠᠯᠢᠰᠤ ᠂ ᠬᠡᠭᠡᠯ ᠂ ᠰᠠᠪᠠ ᠂ ᠦᠲᠦᠷᠢᠶᠡᠨ ᠤ ᠭᠤᠭᠤᠵᠢᠳᠠᠰᠤ ᠂ ᠦᠷ᠎ᠡ ᠶᠢᠨ ᠰᠢᠩᠭᠡᠨ ᠂ ᠴᠢᠰᠤ ᠂ ᠲᠦᠭᠦᠬᠡᠢ ᠰᠦ ᠂ ᠤᠭᠤᠷᠠᠭ ᠪᠣᠯᠣᠨ ᠲᠡᠳᠡᠭᠡᠷ ᠲᠤ ᠪᠣᠬᠢᠷᠳᠠᠭᠰᠠᠨ ᠮᠠᠯ ᠂ ᠠᠮᠢᠲᠠᠳ ᠤᠨ ᠬᠡᠪᠲᠡᠷᠢ ᠂ ᠲᠦᠭᠦᠬᠡᠢ ᠡᠳ᠋ ᠂ ᠪᠠᠭᠠᠵᠢ ᠬᠡᠷᠡᠭᠰᠡᠯ ᠂ ᠤᠰᠤ ᠪᠡᠯᠴᠢᠭᠡᠷ ᠪᠣᠯᠣᠨ᠎ᠠ ᠃ ᠬᠡᠭᠡᠯ ᠬᠠᠶᠠᠬᠤ ᠡᠪᠡᠳᠴᠢᠨ ᠬᠥᠮᠥᠨ ᠠᠴᠠ ᠬᠥᠮᠥᠨ ᠳᠤ ᠬᠠᠯᠳᠠᠭᠰᠠᠨ ᠲᠣᠬᠢᠶᠠᠯᠳᠤᠯ ᠪᠦᠷᠢᠳᠬᠡᠭᠳᠡᠭᠡ ᠦᠭᠡᠢ ᠃ ᠰᠢᠨᠵᠢ ᠲᠡᠮᠳᠡᠭ ᠄ ᠬᠡᠭᠡᠯ ᠬᠠᠶᠠᠬᠤ ᠡᠪᠡᠳᠴᠢᠨ ᠲᠠᠢ ᠬᠤᠨᠢ ᠂ ᠢᠮᠠᠭ᠎ᠠ ᠂ ᠦᠨᠢᠶ᠎ᠡ ᠬᠡᠭᠡᠯ ᠶᠢᠨ ᠰᠡᠭᠦᠯ ᠤᠨ ᠬᠠᠭᠠᠰ ᠲᠤ ᠬᠡᠭᠡᠯ ᠬᠠᠶᠠᠨ᠎ᠠ ᠃ ᠮᠥᠨ ᠰᠠᠪᠠ ᠦᠲᠦᠷᠦᠭᠡ ᠦᠷᠪᠢᠰᠴᠦ ᠪᠣᠷᠣ ᠬᠦᠷᠡᠩ ᠥᠩᠭᠡ ᠲᠠᠢ ᠰᠢᠩᠭᠡᠨ ᠭᠤᠭᠤᠵᠢᠨ᠎ᠠ ᠃ ᠬᠠᠭ ᠰᠠᠭᠠᠲᠠᠬᠤ ᠨᠢ ᠡᠯᠪᠡᠭ ᠃ ᠪᠣᠷᠪᠢ ᠂ ᠡᠪᠦᠳᠦᠭ ᠤᠨ ᠦᠶ᠎ᠡ ᠦᠷᠪᠢᠰᠴᠦ ᠬᠠᠪᠤᠳᠤᠨ᠎ᠠ ᠃ ᠬᠤᠨᠢ ᠂ ᠭᠠᠭ᠋ᠠᠢ ᠳᠤ ᠦᠶ᠎ᠡ ᠮᠥᠴᠢ ᠨᠢ ᠬᠠᠪᠤᠳᠬᠤ ᠂ ᠮᠡᠳᠡᠷᠡᠯ ᠤᠨ ᠦᠢᠯᠡ ᠠᠵᠢᠯᠯᠠᠭ᠎ᠠ ᠬᠢᠮᠤᠷᠠᠬᠤ ᠨᠢ ᠠᠵᠢᠭᠯᠠᠭᠳᠠᠨ᠎ᠠ ᠃ ᠬᠤᠶᠢᠲᠤ ᠬᠥᠯ ᠳᠤ ᠰᠠ ᠲᠤᠰᠬᠤ ᠲᠣᠬᠢᠶᠠᠯᠳᠤᠯ ᠭᠠᠷᠴᠤ ᠪᠣᠯᠣᠨ᠎ᠠ ᠃ ᠬᠡᠭᠡᠯ ᠬᠠᠶᠠᠬᠤ ᠡᠪᠡᠳᠴᠢᠨ ᠲᠠᠢ ᠮᠠᠯ ᠢ ᠵᠠᠭᠠᠵᠠᠯᠠᠨ ᠰᠦᠷᠦᠭ ᠠᠴᠠ ᠲᠤᠰᠠᠭᠠᠷᠯᠠᠵᠤ ᠨᠢᠲᠤᠯᠬᠤ ᠬᠡᠷᠡᠭᠲᠡᠢ ᠃ ᠤᠷᠢᠳᠴᠢᠯᠠᠨ ᠰᠡᠷᠭᠡᠶᠢᠯᠡᠯᠲᠡ ᠄ ᠮᠠᠯ ᠣᠯᠠᠨ ᠢᠶᠠᠷ ᠢᠶᠠᠨ ᠬᠡᠭᠡᠯ ᠬᠠᠶᠠᠭᠰᠠᠨ ᠦᠶ᠎ᠡ ᠳᠤ ᠡᠮᠴᠢ ᠳᠠᠭᠤᠳᠠᠵᠤ ᠣᠨᠣᠰᠢ ᠲᠣᠭᠲᠠᠭᠠᠯᠭᠠᠨ᠎ᠠ ᠃ ᠬᠡᠭᠡᠯ ᠬᠠᠶᠠᠬᠤ ᠡᠪᠡᠳᠴᠢᠨ ᠢᠶᠠᠷ ᠲᠠᠶᠢᠪᠤᠩ ᠰᠤᠮᠤ ᠂ ᠪᠠᠭ ᠂ ᠡᠷᠦᠬᠡ ᠶᠢᠨ ᠮᠠᠯ ᠳᠤ ᠬᠡᠭᠡᠯ ᠬᠠᠶᠠᠬᠤ ᠡᠪᠡᠳᠴᠢᠨ ᠡᠪᠡᠳᠴᠢᠲᠡᠶ ᠮᠠᠯ ᠣᠷᠣᠭᠤᠯᠬᠤ ᠦᠭᠡᠢ ᠪᠠᠶᠢᠬᠤ ᠂ ᠡᠭᠦᠨ ᠤ ᠲᠤᠯᠠᠳᠠ ᠰᠦᠷᠦᠭ ᠰᠡᠯᠪᠢᠬᠦ ᠮᠠᠯ ᠳᠤ ᠪᠠᠨ ᠰᠢᠨᠵᠢᠯᠡᠭᠡ ᠬᠢᠯᠭᠡᠵᠦ ᠡᠷᠡᠭᠦᠯ ᠢ ᠨᠢ ᠲᠣᠭᠲᠠᠭᠠᠭᠰᠠᠨ ᠤ ᠳᠠᠷᠠᠭ᠎ᠠ ᠰᠦᠷᠦᠭ ᠲᠤ ᠨᠡᠶᠢᠯᠡᠭᠦᠯᠬᠦ ᠃ ᠰᠡᠷᠭᠡᠶᠢᠯᠡᠬᠦ ᠶᠢᠨ ᠲᠤᠯᠠᠳᠠ ᠄ ᠢᠩᠭᠡ ᠂ ᠦᠨᠢᠶ᠎ᠡ ᠶᠢ 19 ᠳ᠋ᠦ᠋ᠭᠡᠷ ᠣᠮᠤᠭ ᠤᠨ ᠸᠠᠺᠼᠢᠨ ᠂ ᠡᠮ ᠬᠤᠨᠢ ᠂ ᠢᠮᠠᠭ᠎ᠠ ᠶᠢ PEB-1 ᠸᠠᠺᠼᠢᠨ ᠢᠶᠠᠷ ᠲᠠᠷᠢᠭᠤᠯᠬᠤ ᠂ ᠸᠠᠺᠼᠢᠨ ᠲᠠᠷᠢᠭᠰᠠᠨ ᠮᠠᠯ ᠠᠴᠠ ᠭᠠᠷᠤᠭᠰᠠᠨ ᠥᠬᠢᠨ ᠲᠥᠯ ᠢ ᠵᠢᠯ ᠵᠢᠯ ᠳᠤ ᠨᠢ ᠲᠠᠷᠢᠭᠤᠯᠵᠤ ᠪᠠᠶᠢᠬᠤ ᠂ ᠮᠠᠯᠴᠢᠳ ᠂ ᠮᠡᠷᠭᠡᠵᠢᠯᠲᠡᠨ ᠨᠦᠭᠦᠳ ᠬᠡᠭᠡᠯ ᠬᠠᠶᠠᠬᠤ ᠡᠪᠡᠳᠴᠢᠨ ᠠᠴᠠ ᠤᠷᠢᠳᠴᠢᠯᠠᠨ ᠰᠡᠷᠭᠡᠶᠢᠯᠡᠬᠦ ᠂ ᠡᠭᠦᠨ ᠤ ᠲᠤᠯᠠᠳᠠ ᠮᠠᠯ ᠤᠨ ᠰᠦ ᠶᠢ ᠪᠤᠴᠠᠯᠭᠠᠵᠤ ᠬᠡᠷᠡᠭᠯᠡᠬᠦ ᠂ ᠳᠤᠲᠠᠭᠤ ᠴᠢᠨᠠᠭᠰᠠᠨ ᠮᠢᠬ᠎ᠠ ᠬᠡᠷᠡᠭᠯᠡᠬᠦ ᠦᠭᠡᠢ ᠪᠠᠶᠢᠬᠤ ᠂ ᠬᠤᠭᠤᠯᠠᠯᠠᠬᠤ ᠶᠢᠨ ᠡᠮᠦᠨ᠎ᠡ ᠭᠠᠷ ᠢᠶᠠᠨ ᠤᠬᠢᠶᠠᠵᠤ ᠵᠠᠩᠰᠢᠬᠤ ᠂ ᠦᠶ᠎ᠡ ᠮᠥᠴᠡ ᠪᠠᠷ ᠡᠪᠡᠳᠬᠦ ᠂ ᠬᠠᠯᠠᠭᠤᠷᠠᠬᠤ ᠂ ᠶᠡᠭᠡ ᠪᠠᠷ ᠬᠥᠯᠥᠷᠡᠬᠦ ᠰᠢᠨᠵᠢ ᠮᠡᠳᠡᠭᠳᠡᠪᠡᠯ ᠡᠮᠴᠢ ᠳᠤ ᠦᠵᠡᠭᠦᠯᠵᠦ ᠵᠥᠪᠯᠡᠯᠭᠡ ᠠᠪᠬᠤ ᠬᠡᠷᠡᠭᠲᠡᠢ ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号