ᠮᠠᠯ ᠤᠨ ᠲᠦᠷᠭᠡᠨ ᠦᠬᠦᠯ
ᠨᠡᠶᠢᠲᠡᠯᠡᠭᠰᠡᠨ ᠴᠠᠭ᠄
2021/11/25
ᠮᠠᠯ ᠤᠨ ᠲᠦᠷᠭᠡᠨ ᠦᠭᠦᠯ ᠪᠤᠯ ᠢᠯᠵᠠᠷᠠᠭᠤᠯᠤᠭᠴᠢ ᠪᠠᠺᠲ᠋ᠧᠷᠢ ᠠᠴᠠ ᠤᠯᠤᠭᠰᠠᠨ ᠨᠢᠭᠡ ᠵᠤᠶᠢᠯ ᠤᠨ ᠲᠦᠷᠭᠡᠨ ᠴᠢᠨᠠᠷᠳᠠᠢ ᠬᠠᠯᠳᠠᠪᠤᠷᠢᠳᠤ ᠡᠪᠡᠳᠴᠢᠨ ᠪᠤᠯᠤᠨ᠎ᠠ᠃ ᠲᠦᠯ ᠳᠤ ᠬᠠᠯᠳᠠᠪᠤᠷᠢᠯᠠᠤ ᠨᠢ ᠢᠯᠡᠭᠦᠤ ᠪᠠᠶᠢᠵᠤ᠂ ᠭᠤᠤᠯᠳᠠᠭᠤ ᠮᠠᠯ ᠤᠨ ᠰᠢᠩᠭᠡᠭᠡᠯᠳᠠ ᠶᠢᠨ ᠰᠢᠰᠲ᠋ᠧᠮ ᠪᠠ ᠰᠢᠷᠬ᠎ᠠ ᠪᠠᠷ ᠲᠠᠮᠵᠢᠨ ᠬᠠᠯᠳᠠᠪᠤᠷᠢᠯᠠᠳᠠᠭ᠃ ᠡᠪᠡᠳᠴᠢᠨ ᠤ ᠢᠯᠡᠷᠡᠯ᠄ ᠲᠤᠰ ᠡᠪᠡᠳᠴᠢᠨ ᠳᠤ ᠨᠡᠷᠪᠡᠭᠳᠡᠭᠰᠡᠨ ᠮᠠᠯ ᠨᠢ ᠡᠪᠡᠳᠴᠢᠨ ᠤ ᠢᠯᠡᠷᠡᠯ ᠭᠠᠷᠴᠤ ᠠᠮᠵᠢᠬᠤ ᠦᠭᠡᠢ ᠪᠠᠷ ᠭᠡᠨᠡᠳᠳᠠ ᠦᠬᠦᠳᠡᠭ᠃ ᠡᠪᠡᠳᠴᠢᠨ ᠤ ᠦᠩᠭᠡᠷᠡᠯᠳᠠ ᠨᠢ ᠪᠠᠭ᠋ᠠᠨ ᠤᠳᠠᠭᠠᠨ ᠰᠢᠭ᠋ ᠨᠢ ᠰᠦᠷᠦᠭ ᠠᠴᠠ ᠎ ᠪᠠᠨ ᠰᠠᠯᠵᠤ᠂ ᠡᠰᠡᠭᠦᠯ᠎ᠡ ᠬᠡᠪᠳᠡᠬᠦ ᠪᠤᠶᠤ ᠶᠠᠪᠤᠬᠤ ᠲᠤᠷ᠎ᠠ ᠦᠭᠡᠢ᠂ ᠢᠳᠡᠬᠦ ᠨᠢ ᠮᠠᠭᠤᠳᠠᠬᠤ᠂ ᠰᠢᠳᠤ ᠪᠠᠨ ᠬᠠᠪᠢᠷᠠᠵᠤ ᠠᠮᠢᠰᠬᠤᠯ ᠨᠢ ᠬᠦᠴᠢᠷᠳᠡᠵᠤ ᠬᠠᠮᠠᠷ ᠠᠴᠠ ᠨᠢ ᠦᠳᠬᠡᠨ ᠨᠢᠰᠤ ᠭᠤᠭᠤᠵᠢᠨ᠂ ᠴᠡᠭᠡᠵᠢ ᠨᠢ ᠲᠦᠬᠦᠷᠴᠤ ᠡᠪᠡᠳᠬᠦ ᠮᠠᠶ᠋ᠢᠭ ᠭᠠᠷᠴᠤ᠂ ᠬᠠᠷ᠎ᠠ ᠦᠩᠭᠡ ᠶᠢᠨ ᠦᠮᠡᠭᠡᠢ ᠰᠢᠩᠭᠡᠨ ᠪᠠᠭᠠᠰᠤ ᠠᠯᠳᠠᠨ᠂ ᠶᠡᠷᠤ ᠨᠢ ᠭᠡᠳᠦᠨ ᠮᠢᠨᠦᠲ ᠪᠤᠶᠤ ᠬᠡᠳᠦᠨ ᠴᠠᠭ ᠤᠨ ᠲᠤᠳᠤᠷ᠎ᠠ ᠲᠠᠳᠠᠯᠳᠤᠨ ᠦᠬᠦᠳᠡᠭ᠂ ᠨᠢᠭᠡ ᠡᠳᠦᠷ ᠪᠤᠯᠬᠤ ᠨᠢ ᠲᠤᠩ ᠬᠤᠪᠤᠷᠬᠠᠨ ᠪᠠᠶᠢᠳᠠᠭ ᠰᠡᠷᠭᠡᠶᠢᠯᠡᠬᠦ ᠠᠷᠭ᠎ᠠ᠄ ᠬᠢᠵᠢᠭ ᠤᠨ ᠤᠷᠤᠨ ᠳᠤ ᠵᠢᠯ ᠪᠦᠷᠢ ᠡᠪᠡᠳᠴᠢᠨ ᠡᠭᠦᠰᠬᠦ ᠤᠯᠠᠷᠢᠯ ᠠᠴᠠ ᠡᠮᠤᠨ᠎ᠠ ᠬᠤᠨᠢᠨ ᠤ ᠲᠦᠷᠭᠡᠨ ᠦᠬᠦᠯ ᠪᠠ ᠭᠡᠳᠡᠰᠦᠨ ᠤ ᠴᠢᠰᠤᠨ ᠤ ᠬᠤᠤᠷᠳᠠᠯᠭ᠎ᠠ ᠶᠢᠨ ᠪᠠᠺᠲ᠋ᠧᠷᠢ ᠶᠢ ᠠᠯᠠᠬᠤ ᠭᠤᠷᠪᠠᠴᠢᠯᠠᠭᠰᠠᠨ ‍ᠠ᠊ ᠸᠠᠺᠼᠢᠨ ᠲᠠᠯᠬ᠎ᠠ ᠶᠢᠨ ᠲᠠᠷᠢᠯᠭ᠎ᠠ ᠶᠢ ᠴᠤᠬᠢᠵᠤ᠂ ᠬᠤᠨᠢᠨ ᠰᠦᠷᠦᠭ ᠢᠶᠠᠨ ᠴᠢᠭᠢᠭᠯᠢᠭ ᠪᠤᠰᠤ ᠪᠡᠯᠴᠢᠭᠡᠷ ᠲᠤ ᠬᠠᠷᠢᠭᠤᠯᠵᠤ᠂ ᠬᠦᠯᠳᠡᠭᠦᠤ ᠡᠪᠡᠰᠦ ᠢᠳᠡᠬᠦ ᠠᠴᠠ ᠪᠤᠯᠭᠤᠮᠵᠢᠯᠠᠬᠤ ᠬᠡᠷᠡᠭᠳᠡᠢ᠃ ᠵᠠᠰᠠᠬᠤ ᠠᠷᠭ᠎ᠠ᠄ ᠬᠢᠵᠢᠭ ᠤᠨ ᠪᠠᠶᠢᠳᠠᠯ ᠪᠠᠴᠢᠮ ᠪᠠᠶᠢᠳᠠᠯ ᠲᠤᠤᠷ᠎ᠠ᠂ ᠪᠦᠬᠦ ᠮᠠᠯ ᠢᠶᠠᠨ2%᠎ ᠤᠨ ᠯᠢᠤ ᠰᠤᠸᠠᠨ ᠲᠤᠩ ᠢ ᠮᠠᠯ ᠪᠦᠷᠢ ᠳᠤ100 ᠮᠢᠯᠢᠯᠢᠲᠷ ᠴᠢᠳᠬᠤᠬᠤ ᠪᠤᠶᠤ10%᠎ ᠶᠢᠨ ᠴᠤᠬᠤᠢ ᠶᠢᠨ ᠤᠰᠤ ᠶᠢ ᠮᠠᠯ ᠪᠦᠷᠢ ᠎ ᠳᠤ100-150 ᠮᠢᠯᠢᠯᠢᠲᠷ ᠦᠭᠪᠡᠯ ᠲᠦᠷ ᠵᠠᠭᠤᠷ᠎ᠠ ᠡᠪᠡᠳᠴᠢᠯᠡᠬᠦ ᠨᠤᠷᠮ᠎ᠠ ᠶᠢ ᠲᠤᠷᠤᠭᠰᠢᠯᠠᠭᠤᠯᠵᠤ ᠴᠢᠳᠠᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号