| ᠪᠦᠬᠦ ᠲᠥᠷᠥᠯ ᠤᠨ ᠰᠡᠭᠡᠷ ᠨᠢᠷᠤᠭᠤᠲᠠᠨ ᠡᠪᠡᠳᠴᠢᠯᠡᠳᠡᠭ ᠂ ᠰᠠᠪᠬᠠᠨᠴᠢᠷ ᠨᠢᠶᠠᠨ ᠢᠶᠠᠷ ᠡᠭᠦᠰᠳᠡᠭ ᠂ ᠤᠵᠢᠭ | ᠶᠠᠪᠤᠴᠠ ᠲᠠᠢ ᠂ ᠲᠤᠶᠢᠯᠳᠠᠭᠤᠯᠳᠠᠭ ᠡᠪᠡᠳᠴᠢᠨ ᠃ | ᠰᠠᠪᠬᠠᠨᠴᠢᠷ ᠤᠨ ᠵᠦᠢᠯ ᠤᠳ ᠪᠠᠷᠤᠭ ᠢᠵᠢᠯᠢ ᠡᠮᠭᠡᠭ ᠡᠭᠦᠰᠬᠡᠳᠡᠭ ᠃ | ᠦᠬᠡᠷ ᠂ ᠭᠠᠭ᠋ᠠᠢ ᠂ ᠲᠠᠬᠢᠶ᠎ᠠ ᠢᠯᠡᠭᠦᠦ ᠡᠪᠡᠳᠴᠢᠯᠡᠬᠦ ᠠᠴᠠ ᠭᠠᠳᠠᠨ᠎ᠠ ᠬᠥᠮᠥᠨ ᠳᠤ ᠬᠠᠯᠳᠠᠨ᠎ᠠ ᠃ | | ᠬᠠᠯᠳᠠᠪᠤᠷᠢᠯᠠᠯᠲᠠ ᠡᠮᠭᠡᠭ ᠄ ᠬᠠᠯᠳᠠᠪᠤᠷᠢᠯᠠᠭᠳᠠᠭᠰᠠᠨ ᠠᠭᠠᠷ ᠂ ᠮᠠᠯ ᠤᠨ ᠪᠠᠭᠠᠰᠤ ᠂ ᠲᠡᠵᠢᠭᠡᠯ ᠂ ᠤᠰᠤ ᠰᠦ ᠵᠡᠷᠭᠡ ᠪᠠᠷ | ᠳᠠᠮᠵᠢᠨ᠎ᠠ ᠃ | ᠤᠭ ᠡᠪᠡᠳᠴᠢᠨ ᠬᠥᠮᠥᠨ ᠤ ᠠᠭᠤᠰᠬᠢ ᠂ ᠦᠬᠡᠷ ᠂ ᠰᠢᠪᠠᠭᠤᠨ ᠤ ᠭᠡᠳᠡᠰᠦ ᠣᠷᠴᠢᠮ ᠳᠤ ᠠᠩᠬᠠᠳᠠᠭᠴᠢ ᠭᠤᠯᠣᠮᠲᠠ | ᠡᠭᠦᠰᠦᠭᠰᠡᠨ ᠢᠶᠠᠷ ᠡᠬᠢᠯᠡᠨ᠎ᠡ ᠃ | ᠠᠩᠬᠠᠳᠠᠭᠴᠢ ᠭᠤᠯᠣᠮᠲᠠ ᠪᠠᠷ ᠲᠤᠩᠭᠠᠯᠠᠭ ᠤᠨ ᠤᠷᠤᠰᠬᠠᠯ ᠢᠶᠠᠷ ᠳᠡᠮᠵᠢᠨ ᠲᠤᠩᠭᠠᠯᠠᠭ ᠤᠨ ᠵᠠᠩᠭᠢᠯᠠᠭ᠎ᠠ ᠳᠤ | ᠠᠭᠠᠷᠴᠠᠨ ᠭᠡᠮᠲᠦᠯ ᠡᠭᠦᠰᠦᠨ᠎ᠡ ᠃ | ᠡᠨᠡ ᠨᠢ ᠵᠠᠷᠢᠮ ᠳᠤ ᠪᠠᠨ ᠡᠳᠡᠭᠡᠷᠡᠨ᠎ᠡ ᠂ ᠮᠥᠨ ᠠᠭᠠᠵᠢᠮ ᠂ ᠡᠰᠡᠪᠡᠯ ᠮᠠᠰᠢ ᠲᠦᠷᠭᠡᠨ ᠳᠠᠭᠠᠭᠠᠮᠵᠢᠷᠠᠵᠤ ᠴᠤ ᠪᠣᠯᠣᠨ᠎ᠠ ᠃ | | ᠡᠭᠦᠰᠬᠡᠭᠴᠢ ᠠᠩᠬᠠᠳᠠᠭᠴᠢ ᠭᠤᠯᠣᠮᠲᠠ ᠠᠴᠠ ᠲᠤᠩᠭᠠᠯᠠᠭ ᠤᠨ ᠪᠣᠯᠣᠨ ᠴᠢᠰᠤᠨ ᠤ ᠡᠰ ᠢᠶᠠᠷ ᠳᠡᠮᠵᠢᠨ ᠵᠠᠷᠢᠮ | ᠡᠷᠬᠡᠲᠡᠨ ᠂ ᠡᠳ᠋ ᠲᠤ ᠵᠠᠩᠭᠢᠯᠠᠭ᠎ᠠ ᠡᠭᠦᠰᠭᠡᠨ᠎ᠡ ᠃ | ᠪᠡᠶ᠎ᠡ ᠳᠤ ᠡᠭᠦᠰᠦᠭᠰᠡᠨ ᠭᠤᠯᠣᠮᠲᠠ ᠨᠤᠭᠤᠳ ᠤᠨ ᠭᠠᠳᠠᠭᠤᠷ ᠪᠦᠷᠬᠦᠭᠦᠯ ᠡᠭᠦᠰᠦᠭᠰᠡᠨ ᠢᠶᠠᠷ ᠂ ᠤᠷᠲᠤ | ᠬᠤᠭᠤᠴᠠᠭᠠᠨ ᠤ ᠲᠤᠷᠰᠢ ᠰᠢᠨᠵᠢ ᠲᠡᠮᠳᠡᠭ ᠦᠭᠡᠢ ᠰᠦᠷᠢᠶ᠎ᠡ ᠡᠭᠦᠰᠦᠨ᠎ᠡ ᠃ | ᠰᠠᠪᠬᠠᠨᠴᠢᠷ ᠪᠡᠶ᠎ᠡ ᠪᠠᠷ ᠲᠠᠷᠬᠠᠵᠤ ᠪᠤᠢ ᠴᠣᠴᠢᠮᠠᠭ ᠬᠡᠯᠪᠡᠷᠢ ᠶᠢ ᠲᠠᠷᠬᠠᠮᠠᠯ ᠰᠦᠷᠢᠶ᠎ᠡ ᠭᠡᠨ᠎ᠡ ᠃ | ᠡᠨᠡ ᠦᠶ᠎ᠡ ᠳᠤ ᠡᠪᠡᠳᠴᠢᠲᠡᠶ ᠮᠠᠯ ᠰᠦᠷᠢᠶ᠎ᠡ ᠶᠢᠨ ᠰᠠᠪᠬᠠᠨᠴᠢᠷ ᠢ ᠭᠠᠳᠠᠭᠰᠢᠯᠠᠭᠤᠯᠵᠤ ᠪᠠᠶᠢᠳᠠᠭ ᠃ | ᠰᠢᠨᠵᠢ ᠲᠡᠮᠳᠡᠭ ᠄ ᠭᠡᠮᠲᠦᠯ ᠭᠤᠯᠣᠮᠲᠠ — ᠡᠶᠢᠨ ᠪᠠᠶᠢᠷᠢᠯᠠᠯ ᠠᠴᠠ ᠶᠡᠬᠡᠬᠡᠨ ᠬᠠᠮᠢᠶᠠᠷᠤᠨ᠎ᠠ ᠂ ᠭᠠᠳᠠᠷᠭᠤᠨ | ᠲᠤᠩᠭᠠᠯᠠᠭ ᠤᠨ ᠵᠠᠩᠭᠢᠯᠠᠭ᠎ᠠ ᠲᠣᠮᠣᠷᠠᠨ᠎ᠠ ᠂ ᠨᠣᠮᠣᠢ ᠂ ᠲᠡᠵᠢᠭᠡᠯ ᠳᠤ ᠪᠠᠨ ᠳᠤᠷ᠎ᠠ ᠦᠭᠡᠢ ᠪᠣᠯᠣᠨ᠎ᠠ ᠂ ᠲᠡᠵᠢᠭᠡᠯᠯᠢᠭ | ᠰᠠᠶᠢᠨ ᠪᠣᠯᠪᠠᠴᠤ ᠲᠤᠷᠠᠨ᠎ᠠ ᠂ ᠠᠮᠢᠰᠬᠤᠯ ᠳᠠᠪᠴᠢᠳᠠᠨᠠ ᠂ ᠪᠠᠭ᠎ᠠ ᠵᠡᠷᠭᠡ ᠬᠠᠯᠠᠭᠤᠷᠠᠨ᠎ᠠ ᠂ ᠬᠠᠭᠤᠷᠠᠢ ᠬᠠᠨᠢᠶᠠᠨ᠎ᠠ ᠃ | ᠠᠷᠠᠰᠤᠨ ᠳᠤ ᠰᠦᠷᠢᠶᠡᠭᠡᠯᠡᠭᠦᠷ ᠲᠠᠷᠢᠬᠤ ᠳᠤ ᠲᠡᠷᠡ ᠬᠡᠰᠡᠭ ᠰᠡᠭᠦᠯ ᠤᠨ ᠤᠭ ᠂ ᠬᠦᠵᠦᠭᠦᠨ ᠤ ᠠᠷᠠᠰᠤ ᠣᠷᠴᠢᠮ | ᠦᠷᠪᠢᠰᠬᠦ ᠂ ᠣᠪᠣᠩ ᠡᠭᠦᠰᠬᠦ ᠵᠡᠷᠭᠡ ᠪᠠᠷ ᠬᠡᠲᠦ ᠮᠡᠳᠡᠷᠡᠭ ᠤᠷᠪᠠᠯ ᠢᠯᠡᠷᠡᠨ᠎ᠡ ᠃ | ᠤᠷᠢᠳᠴᠢᠯᠠᠨ ᠰᠡᠷᠭᠡᠶᠢᠯᠡᠯᠲᠡ ᠄ ᠮᠠᠯ ᠰᠦᠷᠦᠭ ᠢᠶᠠᠨ ᠵᠢᠯ ᠪᠦᠷᠢ ᠰᠦᠷᠢᠶ᠎ᠡ ᠶᠢᠨ ᠰᠢᠨᠵᠢᠯᠡᠭᠡᠨ ᠳᠤ ᠬᠠᠮᠤᠷᠤᠭᠤᠯᠵᠤ | ᠡᠪᠡᠳᠴᠢᠲᠡᠶ ᠮᠠᠯ ᠢ ᠡᠷᠡᠭᠦᠯᠵᠢᠭᠦᠯᠦᠨᠡ ᠃ | ᠰᠦᠷᠢᠶ᠎ᠡ ᠪᠠᠷ ᠡᠪᠡᠳᠴᠢᠯᠡᠭᠰᠡᠨ ᠮᠠᠯ ᠤᠨ ᠠᠰᠢᠭ ᠰᠢᠮ᠎ᠡ ᠶᠢ ᠨᠡᠶᠢᠲᠡ ᠶᠢᠨ ᠬᠡᠷᠡᠭᠴᠡᠭᠡᠨ ᠳᠤ ᠨᠡᠶᠢᠯᠡᠭᠦᠯᠬᠦ ᠶᠢ | ᠬᠤᠷᠢᠭᠯᠠᠨ᠎ᠠ ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |