| | ᠣᠣᠬᠠᠨ · ᠬᠠᠭᠳᠠ ᠵᠣᠬᠢᠶᠠᠪᠠ | ᠲᠣᠰ ᠵᠣᠬᠢᠶᠠᠯ ᠳᠤ ︽ᠬᠠᠭᠠᠨ︾ ︵可汗︶ ᠭᠡᠳᠡᠭ ᠦᠭᠡ ᠶᠢᠨ ᠬᠢᠳᠠᠳ ᠮᠣᠩᠭᠤᠯ ᠬᠡᠯᠡᠨ ᠲᠠᠬᠢ | ᠲᠠᠶᠢᠯᠪᠣᠷᠢ᠂ ᠦᠭᠡ ᠶᠢᠨ ᠠᠪᠢᠶ᠎ᠠ ᠣᠳᠬ᠎ᠠ ᠪᠣᠯᠣᠨ ᠲᠡᠭᠦᠨ ᠤ ᠢᠷᠡᠯ ᠭᠠᠷᠣᠯ ᠢ ᠮᠠᠭᠠᠳᠯᠠᠬᠤ ᠪᠠᠷ ᠴᠢᠷᠮᠠᠶᠢᠭᠰᠠᠨ | ᠮᠦᠷᠳᠡᠭᠡᠨ᠂ ᠲᠡᠭᠦᠨ ᠤ ᠠᠪᠢᠶᠠᠨ ᠤ ᠬᠦᠭᠵᠢᠯ ᠬᠤᠪᠢᠷᠠᠯ ᠤᠨ ᠶᠠᠪᠣᠴᠠ ᠵᠡᠷᠭᠡ ᠬᠤᠯᠪᠣᠭᠳᠠᠯ ᠪᠦᠬᠦᠢ ᠠᠭᠤᠯᠭ᠎ᠠ ᠶᠢ | ᠲᠠᠨᠢᠯᠴᠠᠭᠤᠯᠬᠤ ᠪᠠᠷ ᠪᠡᠯᠡᠳᠭᠡᠵᠡᠢ᠃ | ᠨᠢᠭᠡ ᠬᠢᠳᠠᠳ ᠲᠡᠣᠬᠡ ᠰᠣᠳᠣᠷ᠂ ᠰᠣᠷᠪᠣᠯᠵᠢ ᠪᠢᠴᠢᠭ ᠪᠣᠯᠣᠨ ᠲᠣᠯᠢ ᠪᠢᠴᠢᠭ ᠨᠦᠭᠦᠳ ᠲᠤ ︽ᠬᠠᠭᠠᠨ︾ | ᠭᠡᠳᠡᠭ ᠦᠭᠡᠨ ᠤ ᠲᠣᠬᠠᠢ ᠲᠠᠶᠢᠯᠪᠣᠷᠢ ᠠᠴᠠ ᠨᠡᠯᠢᠶᠡᠳ ᠪᠦᠷᠢᠨ ᠲᠡᠭᠦᠯᠳᠡᠷ ᠰᠠᠨᠠᠭᠳᠠᠭᠰᠠᠨ ᠬᠤᠶᠠᠷᠬᠠᠨ ᠵᠣᠷᠪᠣᠰ ᠢ | ᠲᠠᠨᠢᠯᠴᠠᠭᠤᠯᠣᠶ᠎ᠠ᠃ | ︵ᠨᠢᠭᠡ︶ ︽ᠪᠠᠢ ᠳ᠋ᠦ᠋ ᠨᠡᠪᠳᠡᠷᠬᠡᠢ ᠪᠢᠴᠢᠭ︾ ᠤᠨ ᠲᠠᠶᠢᠯᠪᠣᠷᠢ᠄可汗 ᠬᠤᠶᠠᠷ ᠬᠢᠳᠠᠳ ᠦᠰᠦᠭ ᠤᠨ | ᠣᠳᠣ ᠦᠶ᠎ᠡ ᠶᠢᠨ ᠠᠪᠢᠶ᠎ᠠ ᠨᠢ kè hán ᠭᠡᠵᠦ᠂ 可汗 ᠪᠣᠯ ᠮᠣᠩᠭᠤᠯ ᠬᠡᠯᠡᠨ ᠤ хан / ᠬᠠᠨ᠂ | ᠲᠦᠷᠺ ᠬᠡᠯᠡᠨ ᠤ Qaghan᠂ ᠦᠷᠳᠦ᠋ ᠬᠡᠯᠡᠨ ᠤ خان ᠮᠦᠨ᠃可汗 ᠢ ᠪᠠᠰᠠ合罕᠂大汗 | ᠂汗王 ᠭᠡᠳᠡᠭ᠂ ᠲᠦᠭᠦᠮᠴᠢᠯᠡᠭᠡᠳ汗ᠭᠡᠨ᠎ᠡ᠃可汗 ᠪᠣᠯ ᠲᠣᠮᠳᠠᠳᠣ ᠣᠯᠣᠰ ᠤᠨ ᠡᠷᠳᠡᠨ ᠤ | ᠦᠨᠳᠦᠰᠦᠳᠡᠨ ᠪᠣᠯᠬᠤ ᠰᠢᠶᠠᠨᠪᠸᠢ᠂ ᠷᠸᠣᠷᠠᠨ᠂ ᠲᠦᠷᠺ᠂ ᠣᠶᠢᠭᠤᠷ᠂ ᠮᠣᠩᠭᠤᠯ ᠵᠡᠷᠭᠡ ᠣᠭᠰᠠᠭᠠᠳᠠᠨ ᠤ ᠡᠵᠡᠳ | ᠬᠠᠭᠠᠳ ᠤᠨ ᠴᠣᠯᠠ ᠨᠡᠷᠡᠶᠢᠳᠦᠯ ᠮᠦᠨ᠃ ᠲᠣᠰ ᠨᠡᠷ᠎ᠡ ᠦᠭᠡ ᠬᠠᠮᠤᠭ ᠡᠷᠳᠡ ᠭᠤᠷᠪᠠᠳᠣᠭᠠᠷ ᠵᠠᠭᠤᠨ ᠤ ᠰᠢᠶᠠᠨᠪᠸᠢ | ᠦᠨᠳᠦᠰᠦᠳᠡᠨ ᠤ ᠠᠶᠢᠮᠠᠭ ᠤᠨ ᠠᠬᠠᠯᠠᠭᠴᠢ ᠶᠢᠨ ᠴᠣᠯᠠ ᠪᠠᠷ ᠲᠡᠣᠬᠡᠨ ᠳᠤ ᠢᠯᠡᠷᠡᠵᠦ᠂ ᠲᠣᠬᠠᠢ ᠶᠢᠨ ᠦᠶ᠎ᠡ ᠳᠤ | ᠬᠢᠳᠠᠳ ᠰᠣᠷᠪᠣᠯᠵᠢ ᠳᠤ可寒 ᠬᠤᠶᠠᠷ ᠦᠰᠦᠭ ᠢᠶᠠᠷ ᠠᠪᠢᠶᠠᠴᠢᠯᠠᠨ ᠣᠷᠴᠢᠭᠤᠯᠵᠣ ᠪᠠᠶᠢᠪᠠ᠃ ᠲᠡᠭᠦᠨ ᠢ | ᠣᠯᠣᠰ ᠤᠨ ᠡᠵᠡᠨ ᠤ ᠴᠣᠯᠠ ᠨᠡᠷ᠎ᠡ ᠪᠠᠷ ᠡᠬᠢᠯᠡᠨ ᠬᠡᠷᠡᠭᠯᠡᠭᠰᠡᠨ ᠬᠠᠮᠤᠭ ᠡᠷᠳᠡᠨ ᠤ ᠬᠦᠮᠦᠰ ᠪᠣᠯ ᠷᠸᠣᠷᠠᠨᠴᠣᠣᠳ | ᠤᠨ ᠠᠬᠠᠯᠠᠭᠴᠢ社崘① ᠮᠦᠨ᠃ ᠲᠡᠷᠡᠪᠡᠷ ᠭᠤᠪᠢ ᠶᠢᠨ ᠠᠷᠣ ᠶᠢ ᠨᠢᠭᠡᠳᠭᠡᠨ ᠦᠪᠡᠷ ᠢ ᠪᠠᠨ可汗 | ᠬᠡᠮᠡᠨ ᠴᠣᠯᠠᠳᠠᠨ ᠡᠷᠭᠦᠮᠵᠢᠯᠡᠪᠡ᠃ ᠬᠢᠳᠠᠳ ᠰᠣᠷᠪᠣᠯᠵᠢᠰ ᠲᠤ可汗᠂可寒᠂克汗 ᠵᠡᠷᠭᠡ ᠪᠠᠷ | ᠲᠡᠮᠳᠡᠭᠯᠡᠵᠦ ᠪᠠᠶᠢᠵᠠᠢ᠃ | ︵ᠬᠤᠶᠠᠷ︶ ︽ᠸᠢᠺᠢ ᠨᠡᠪᠳᠡᠷᠬᠡᠢ ᠪᠢᠴᠢᠭ︾ ᠤᠨ ᠲᠠᠶᠢᠯᠪᠣᠷᠢ᠄可汗 ᠤ ᠬᠢᠳᠠᠳ ᠬᠡᠯᠡᠨ ᠲᠠᠬᠢ ᠯᠠᠲ᠋ᠢᠨ | ᠭᠠᠯᠢᠭ ᠨᠢ Kè hán ᠪᠠᠶᠢᠵᠣ᠂ ᠡᠷᠳᠡᠨ ᠤ ᠲᠦᠷᠺ ᠬᠡᠯᠡᠨ ᠳᠤ Qaghan ᠭᠡᠵᠦ᠂ ᠮᠣᠩᠭᠤᠯ ᠬᠡᠯᠡᠨ ᠳᠤ | ᠬᠠᠭᠠᠨ ᠬᠡᠵᠦ᠂ ᠫᠣᠪᠫᠸᠢ ᠶᠢᠨ ᠭᠠᠯᠢᠭᠴᠢᠯᠠᠭ᠎ᠠ ᠪᠠᠷ qaγan ᠭᠡᠳᠡᠭ᠃ ᠮᠣᠩᠭᠤᠯ ᠤᠨ ᠨᠢᠭᠤᠴᠠ ᠲᠣᠪᠴᠢᠶᠠᠨ | ᠳᠤ ᠲᠡᠮᠳᠡᠭᠯᠡᠭᠰᠡᠨ ᠠᠪᠢᠶ᠎ᠠ ᠨᠢ合罕 ︵ᠬᠠᠭ᠋ᠠᠨ︶᠂ ᠺᠢᠷᠢᠯ ᠮᠣᠩᠭᠤᠯ ᠢᠶᠠᠷ хаан᠂ ᠮᠠᠨᠵᠣ ᠬᠡᠯᠡᠨ | ᠳᠤ ᡥᠠᠨ︵han︶᠂ ᠺᠣᠷᠢᠶᠠ ᠬᠡᠯᠡᠨ ᠳᠤ皆(key︶ ᠭᠡᠬᠦ ᠪᠣᠶᠣ ᠡᠰᠡᠬᠦᠯ᠎ᠡ ᠪᠠᠰᠠ大汗 ᠭᠡᠳᠡᠭ᠃ | 可汗 ᠢ ᠪᠠᠰᠠ可寒᠂合罕 ᠪᠣᠶᠣ黑汗 ᠭᠡᠵᠦ ᠬᠢᠳᠠᠳ ᠬᠡᠯᠡᠨ ᠳᠤ ᠠᠪᠢᠶᠠᠯᠠᠨ ᠣᠷᠴᠢᠭᠤᠯᠳᠠᠭ᠃ | 可汗 ᠪᠣᠯ ᠨᠣᠶᠠᠷᠬᠠᠭᠴᠢᠳ ᠤᠨ ᠴᠣᠯᠠ ᠪᠣᠯᠣᠨ᠎ᠠ᠃ ᠠᠶᠢᠮᠠᠭ ᠪᠦᠯᠦᠭ ᠤᠨ ᠬᠠᠮᠤᠭ ᠲᠡᠭᠡᠳᠦ ᠣᠳᠣᠷᠢᠳᠣᠭᠴᠢ | ᠪᠣᠶᠣ ᠬᠤᠸᠠᠩᠳᠢ ᠭᠡᠳᠡᠭ ᠣᠳᠬ᠎ᠠ ᠲᠠᠢ ᠦᠭᠡ ᠪᠠᠷ ᠮᠣᠩᠭᠤᠯ ᠣᠷᠣᠨ ᠪᠣᠯᠣᠨ ᠲᠣᠮᠳᠠᠳᠣ ᠠᠽᠢ ᠳᠤ ᠦᠷᠭᠡᠨ ᠢᠶᠠᠷ | ᠬᠡᠷᠡᠭᠯᠡᠵᠦ ᠪᠠᠶᠢᠪᠠ᠃ ᠡᠷᠳᠡᠨ ᠤ ᠣᠮᠠᠷᠠᠳᠣ ᠠᠽᠢ ᠶᠢᠨ ᠨᠡᠭᠦᠳᠡᠯᠴᠢᠨ ᠦᠨᠳᠦᠰᠦᠳᠡᠨ ᠰᠢᠶᠠᠨᠪᠸᠢ᠂ ᠷᠸᠣᠷᠠᠨ᠂ | ᠣᠶᠢᠭᠤᠷ᠂ ᠭᠤᠣ ᠴᠧ᠂ ᠲᠦᠷᠺ᠂ ᠲᠣᠶᠣᠬᠤᠨ᠂ ᠲᠢᠶᠧ ᠯᠧ᠂ ᠨᠢᠥᠢ ᠵᠧᠨ ᠨᠡᠷ ᠤᠨ ᠪᠠᠶᠢᠭᠤᠯᠣᠭᠰᠠᠨ ᠬᠠᠭᠠᠨᠳᠣ | ᠣᠯᠣᠰ ᠤᠨ ᠡᠵᠡᠳ ᠪᠣᠶᠣ ᠣᠯᠣᠰ ᠲᠦᠷᠦ ᠶᠢᠨ ᠬᠠᠮᠤᠭ ᠲᠡᠭᠡᠳᠦ ᠣᠳᠣᠷᠢᠳᠣᠭᠴᠢ ᠪᠠᠨ ᠪᠦᠷ可汗 ᠪᠣᠶᠣ大汗 | ᠭᠡᠵᠦ ᠴᠣᠯᠠᠯᠠᠳᠠᠭ ᠵᠣᠷᠰᠢᠯ ᠲᠠᠢ ᠭᠡᠵᠡᠢ᠃ | ᠵᠣᠬᠢᠶᠠᠭᠴᠢ ᠶᠢᠨ ᠠᠵᠢᠭᠯᠠᠭᠰᠠᠨ ᠢᠶᠠᠷ᠂ ᠬᠠᠭᠠᠨ ᠭᠡᠳᠡᠭ ᠦᠭᠡ ᠶᠢ ᠣᠳᠣ ᠦᠶ᠎ᠡ ᠶᠢᠨ ᠪᠣᠰᠤᠭ᠎ᠠ ᠮᠣᠩᠭᠤᠯ | ᠪᠢᠴᠢᠭ ᠲᠤ ᠬᠠ᠊ ᠭᠠ᠊ ᠨ ︵ha ga n︶ ᠭᠡᠵᠦ ᠪᠢᠴᠢᠨ᠂ haan ᠭᠡᠵᠦ ᠣᠩᠰᠢᠨ᠎ᠠ᠃ ᠭᠡᠳᠡᠯ᠎ᠡ ᠺᠢᠷᠢᠯ | ᠮᠣᠩᠭᠤᠯ ᠪᠢᠴᠢᠭ ᠢᠶᠠᠷ ᠪᠣᠯ хаːн ᠪᠣᠶᠣ хан ᠭᠡᠳᠡᠭ ᠠᠵᠠᠢ᠂ ᠭᠡᠶ᠎ᠡ ᠵᠣᠬᠢᠶᠠᠭᠴᠢ ᠶᠢᠨ | ᠠᠩᠬᠠᠷᠣᠭᠰᠠᠨ ᠢᠶᠠᠷ хаːн ᠪᠣᠯᠣᠨ хан ᠨᠢ ᠠᠳᠠᠯᠢ ᠣᠬᠠᠭᠳᠠᠬᠤᠨ ᠲᠠᠢ ᠦᠭᠡ ᠪᠢᠰᠢ᠂ | хаːн ᠨᠢ ᠰᠠᠭᠤᠷᠢᠨ ᠳᠤ ᠰᠠᠭᠤᠵᠣ ᠬᠠᠭᠠᠨ ᠪᠠᠶᠢᠵᠣ᠂ хан ᠨᠢ ᠬᠠᠭᠠᠨ ᠰᠠᠭᠤᠷᠢ ᠵᠠᠯᠭᠠᠮᠵᠢᠯᠠᠬᠤ | ᠬᠢᠷᠢ ᠭᠡᠮ ᠪᠦᠬᠦᠢ ᠬᠦᠮᠦᠰ ᠢ ᠵᠢᠭᠠᠳᠠᠭ ︽ᠬᠠᠨ ᠬᠦᠪᠡᠭᠦᠳ︾ ᠪᠣᠶᠣ ︽ᠦᠴᠦᠬᠡᠨ ᠬᠠᠳ︾᠂ ︽ᠪᠠᠭ᠎ᠠ ᠬᠠᠳ︾ | ᠵᠡᠷᠭᠡ ᠣᠳᠬ᠎ᠠ ᠲᠠᠢ ᠦᠭᠡ ᠪᠠᠶᠢᠵᠠᠢ᠃ | ᠬᠤᠶᠠᠷ 可汗 ︵可寒᠂克汗᠂合罕 ᠵᠡᠷᠭᠡ ᠶᠢ ᠪᠠᠭᠳᠠᠭᠠᠨ᠎ᠠ︶ ᠭᠡᠳᠡᠭ ᠬᠢᠳᠠᠳ ᠦᠰᠦᠭ | ᠤᠨ ᠡᠷᠳᠡᠨ ᠤ ᠠᠪᠢᠶ᠎ᠠ ᠠᠶᠠᠯᠭᠤ ᠶᠢᠨ ᠮᠠᠭᠠᠳᠯᠠᠯᠳᠠ᠄ ᠵᠣᠬᠢᠶᠠᠭᠴᠢ ᠶᠢᠨ ᠦᠵᠡᠬᠦ ᠪᠠᠷ ᠬᠢᠳᠠᠳ ᠤᠨ ᠡᠷᠳᠡᠨ ᠤ | ᠲᠡᠣᠬᠡ ᠰᠣᠷᠪᠣᠯᠵᠢᠰ ᠲᠤ ᠢᠯᠡᠷᠡᠭᠰᠡᠨ 可汗᠂可寒᠂克汗᠂合罕᠂黑汗 ᠵᠡᠷᠭᠡ ᠦᠭᠡ | ᠪᠣᠯ ᠦᠨᠡᠨᠳᠡᠭᠡᠨ ᠪᠦᠷ ᠮᠣᠩᠭᠤᠯ ᠬᠡᠯᠡᠨ ᠤ ᠬᠠᠭᠠᠨ ᠭᠡᠳᠡᠭ ᠣᠳᠬ᠎ᠠ ᠪᠦᠬᠦᠢ ᠢᠵᠢᠯ ᠨᠢᠭᠡᠨ ᠦᠭᠡ ᠶᠢ | ᠠᠪᠢᠶᠠᠴᠢᠯᠠᠨ ᠣᠷᠴᠢᠭᠤᠯᠣᠭᠰᠠᠨ ᠬᠢᠳᠠᠳ ᠦᠰᠦᠭ ᠶᠣᠮ᠃ ᠲᠡᠭᠡᠪᠡᠯ ᠶᠠᠭᠠᠬᠢᠭᠠᠳ ᠠᠪᠢᠶ᠎ᠠ ᠠᠶᠠᠯᠭᠤ ᠨᠢ ᠵᠢᠭᠠᠬᠠᠨ | ᠵᠦᠷᠢᠶ᠎ᠡ ᠲᠠᠢ ᠦᠰᠦᠭ ᠢ ᠬᠡᠷᠡᠭᠯᠡᠭᠰᠡᠨ ᠪᠣᠢ ᠭᠡᠪᠡᠯ᠂ ᠭᠤᠣᠯᠳᠠᠭᠤ ᠮᠣᠩᠭᠤᠯ ᠬᠡᠯᠡᠨ ᠤ ᠨᠣᠳᠤᠭ ᠤᠨ ᠠᠪᠢᠶᠠᠨ ᠤ | ᠵᠦᠷᠢᠶ᠎ᠡ ᠳᠤ ᠰᠠᠭᠤᠷᠢᠯᠠᠨ ᠣᠷᠴᠢᠭᠤᠯᠣᠭᠰᠠᠨ ᠠᠴᠠ ᠪᠣᠯᠵᠠᠢ᠃ ᠡᠭᠦᠨ ᠤ ᠳᠣᠳᠣᠷ᠎ᠠ可汗᠂可寒᠂克汗 | ᠵᠡᠷᠭᠡ ᠦᠭᠡᠰ ᠨᠢ ᠲᠡᠣᠬᠡᠨ ᠲᠡᠭᠡᠷ᠎ᠡ ᠡᠷᠳᠡ ᠰᠢᠭ ᠢᠯᠡᠷᠡᠵᠦ᠂ ᠪᠠᠷᠤᠭ ᠲᠣᠪᠠ ᠰᠢᠶᠠᠨᠪᠸᠢ ᠪᠣᠯᠣᠨ ᠷᠸᠣᠷᠠᠨ ᠨᠡᠷ | ᠤᠨ ᠦᠶ᠎ᠡ ᠳᠤ ᠨᠢᠭᠡᠨᠳᠡ ᠦᠷᠭᠡᠨ ᠢᠶᠠᠷ ᠬᠡᠷᠡᠭᠯᠡᠵᠦ ᠪᠠᠶᠢᠵᠠᠢ᠂ ᠪᠦᠳᠦᠭᠦᠪᠴᠢᠯᠡᠨ ᠶᠠᠷᠢᠪᠠᠯ᠂ ᠨᠡᠶᠢᠳᠡ ᠶᠢᠨ ᠣᠨ | ᠲᠣᠭᠠᠯᠠᠯ ᠤᠨ ᠡᠬᠢᠨ ᠢᠶᠠᠷ ᠨᠢᠭᠡᠨᠳᠡ ᠬᠡᠷᠡᠭᠯᠡᠵᠦ ᠪᠠᠶᠢᠪᠠ᠃ ᠬᠠᠷᠢᠨ合罕᠂黑汗 ᠪᠣᠯᠣᠨ汗 ᠨᠢ ᠲᠡᠭᠦᠨ | ᠠᠴᠠ ᠵᠢᠭᠠᠬᠠᠨ ᠣᠷᠣᠢ ᠰᠢᠭ ᠲᠡᠣᠬᠡᠨ ᠳᠤ ᠢᠯᠡᠷᠡᠵᠦ᠂ ᠮᠣᠩᠭᠤᠯ ᠬᠠᠭᠠᠨᠳᠣ ᠣᠯᠣᠰ ᠤᠨ ᠦᠶ᠎ᠡ ᠳᠤ ᠵᠢᠴᠢ ᠲᠡᠭᠦᠨ | ᠤ ᠡᠮᠦᠨ᠎ᠡ ᠬᠤᠶᠢᠨ᠎ᠠ ᠪᠠᠷ ᠲᠡᠯᠡᠬᠡᠢ ᠲᠠᠶᠠᠭᠠᠷ ᠲᠦᠭᠡᠮᠡᠯ ᠬᠡᠷᠡᠭᠯᠡᠭᠳᠡᠵᠡᠢ᠃ | 可汗᠂可寒᠂克汗᠂合罕᠂黑汗 ᠵᠡᠷᠭᠡ ᠬᠢᠳᠠᠳ ᠦᠰᠦᠭ ᠤᠨ ᠡᠷᠳᠡᠨ ᠤ ᠠᠪᠢᠶ᠎ᠠ | ᠠᠶᠠᠯᠭᠤ ᠶᠢ ᠲᠦᠭᠦᠮᠴᠢᠯᠡᠨ ᠶᠠᠷᠢᠪᠠᠯ᠄ | 1可 ᠦᠰᠦᠭ ᠤᠨ ᠡᠷᠳᠡᠨ ᠤ ᠠᠪᠢᠶ᠎ᠠ ᠠᠶᠠᠯᠭᠤ᠄ kʰaːlʔ᠂kʰɑ᠂ kʰa ᠵᠡᠷᠭᠡ ᠪᠠᠶᠢᠵᠣ᠂ | ᠺᠣᠷᠢᠶᠠ ᠬᠡᠯᠡᠨ ᠳᠤ KA᠂ ᠶᠠᠫᠣᠨ ᠬᠡᠯᠡᠨ ᠤ ᠠᠪᠢᠶᠠᠨ ᠣᠩᠰᠢᠯᠭ᠎ᠠ ᠳᠤ ᠮᠦᠨか ᠪᠠᠷ ᠣᠩᠰᠢᠵᠣ᠂ ᠸᠢᠶᠧᠲᠨᠠᠮ | ᠬᠡᠯᠡᠨ ᠳᠤ khả ᠪᠠᠶᠢᠵᠣ᠂ ᠲᠠᠩ ᠣᠯᠣᠰ ᠤᠨ ᠦᠶ᠎ᠡ ᠶᠢᠨ ᠠᠪᠢᠶ᠎ᠠ ᠨᠢ *kɑ̌ ᠠᠵᠠᠢ᠃ ᠠᠩᠬᠠᠷᠬᠤ ᠨᠢ | ᠲᠡᠭᠦᠨ ᠤ ᠠᠶᠠᠯᠭᠤ ︵ᠡᠭᠡᠰᠢᠭ︶ ᠨᠢ a᠂ ᠬᠠᠷᠢᠨ ᠣᠳᠣᠬᠢ ᠰᠢᠭ᠋ e ᠪᠢᠰᠢ ᠪᠣᠯᠬᠤᠷ ᠲᠣᠰ ᠦᠰᠦᠭ ᠢ ᠡᠷᠳᠡ | ᠦᠶ᠎ᠡ ᠳᠤ KA ᠭᠡᠵᠦ ᠣᠩᠰᠢᠬᠤ ᠨᠢ ᠵᠦᠪ ᠪᠠᠶᠢᠵᠠᠢ᠃克 ᠦᠰᠦᠭ ᠤᠨ ᠣᠳᠣ ᠦᠶ᠎ᠡ ᠶᠢᠨ ᠠᠪᠢᠶ᠎ᠠ ᠠᠶᠠᠯᠭᠤ | ᠨᠢ 可 ᠲᠠᠢ ᠪᠦᠷᠢᠮᠦᠰᠦᠨ ᠠᠳᠠᠯᠢ ᠪᠣᠯᠪᠠᠴᠣ᠂ ᠡᠷᠳᠡᠨ ᠤ ᠠᠪᠢᠶ᠎ᠠ ᠠᠶᠠᠯᠭᠤ ᠨᠢ ᠬᠠᠷᠢᠨ ᠵᠢᠭᠠᠬᠠᠨ ᠵᠦᠷᠢᠶ᠎ᠡ ᠲᠠᠢ | kʰɯːɡ ᠪᠣᠶᠣ kʰək ᠪᠠᠶᠢᠵᠣ᠂ ᠲᠠᠩ ᠣᠯᠣᠰ ᠤᠨ ᠦᠶ᠎ᠡ ᠳᠤ kək ᠠᠵᠠᠢ᠃ ᠶᠠᠫᠣᠨ ᠬᠡᠯᠡᠨ | ᠳᠤこく᠂ ᠺᠣᠷᠢᠶᠠ ᠬᠡᠯᠡᠨ ᠳᠤ KUK᠂ ᠸᠢᠶᠧᠲᠨᠠᠮ ᠬᠡᠯᠡᠨ ᠳᠤ khắc ᠭᠡᠳᠡᠭ᠃ ᠲᠡᠭᠡᠷᠡᠬᠢ ᠡᠳᠡᠭᠡᠷ | ᠪᠠᠶᠢᠳᠠᠯ ᠠᠴᠠ ᠦᠵᠡᠪᠡᠯ可 ᠦᠰᠦᠭ ᠲᠠᠢ ᠨᠡᠯᠢᠶᠡᠳ ᠵᠦᠷᠢᠶ᠎ᠡ ᠲᠠᠢ ᠰᠢᠭ᠂ ᠵᠦᠪᠬᠡᠨ ᠲᠡᠭᠦᠨ ᠤ ᠲᠣᠲᠣᠷ᠎ᠠ | ᠸᠢᠶᠧᠲᠨᠠᠮ ᠬᠡᠯᠡᠨ ᠤ ᠠᠪᠢᠶ᠎ᠠ khắc ᠨᠢ可 ᠶᠢᠨ ᠠᠪᠢᠶ᠎ᠠ ᠲᠠᠢ ᠣᠶᠢᠷᠠᠳᠴᠣ᠂ ᠪᠣᠰᠣᠳ ᠨᠢ ᠪᠦᠷ ᠨᠡᠯᠢᠶᠡᠳ | ᠵᠦᠷᠢᠶ᠎ᠡ ᠲᠠᠢ ᠪᠣᠯᠪᠠᠴᠣ᠂ ᠣᠳᠣ ᠦᠶ᠎ᠡ ᠶᠢᠨ ᠬᠢᠳᠠᠳ ᠬᠡᠯᠡᠨ ᠤ ᠨᠣᠳᠤᠭ ᠤᠨ ᠠᠪᠢᠶᠠᠨ ᠳᠤ ᠲᠣᠰ ᠦᠰᠦᠭ ᠢ | ᠮᠦᠨ haak1᠂ hak᠂ kag4᠂ khak ᠵᠡᠷᠭᠡ ᠪᠠᠷ ᠣᠩᠰᠢᠵᠣ᠂ ka ᠪᠣᠶᠣ ha ᠠᠴᠠ ᠶᠡᠬᠡᠯ᠎ᠡ | ᠣᠶᠢᠷᠬᠠᠨ ᠠᠪᠢᠶᠠᠯᠠᠳᠠᠭ ᠪᠠᠶᠢᠨ᠎ᠠ᠃ ᠡᠳᠡᠭᠡᠷ ᠢ ᠦᠨᠳᠦᠰᠦᠯᠡᠵᠦ可᠂克 ᠬᠤᠶᠠᠷ ᠦᠰᠦᠭ ᠤᠨ ᠡᠷᠳᠡᠨ ᠤ | ᠠᠪᠢᠶ᠎ᠠ ᠠᠶᠠᠯᠭᠤ ᠶᠢ ka ᠪᠣᠶᠣ ha ᠭᠡᠵᠦ ᠮᠠᠭᠠᠳᠯᠠᠵᠠᠢ᠃ | 2 汗᠂寒 ᠦᠰᠦᠭ ᠤᠨ ᠡᠷᠳᠡᠨ ᠤ ᠠᠪᠢᠶ᠎ᠠ ᠠᠶᠠᠯᠭᠤ᠄ ᠡᠨᠡ ᠬᠤᠶᠠᠷ ᠬᠢᠳᠠᠳ ᠦᠰᠦᠭ ᠤᠨ ᠡᠷᠳᠡᠨ ᠤ | ᠠᠪᠢᠶ᠎ᠠ ᠠᠶᠠᠯᠭᠤ ᠶᠢ ᠲᠣᠮᠳᠠᠳᠣ ᠭᠠᠳᠠᠭᠠᠳᠣ ᠶᠢᠨ ᠬᠢᠳᠠᠳ ᠬᠡᠯᠡᠨ ᠤ ᠠᠪᠢᠶ᠎ᠠ ᠠᠶᠠᠯᠭᠤ ᠶᠢᠨ ᠡᠷᠳᠡᠮᠳᠡᠳ ᠪᠦᠷ | ᠲᠣᠩ ᠨᠢᠭᠡᠳᠦᠯ ᠲᠠᠢ ᠪᠠᠷ ɡaːn᠂ ɡaːns᠂ ɡʰɑn ᠭᠡᠵᠦ ᠰᠡᠷᠭᠦᠭᠡᠵᠡᠭᠡᠵᠡᠢ᠃ ᠬᠢᠳᠠᠳ ᠬᠡᠯᠡᠨ | ᠤ ᠬᠠᠮᠤᠭ ᠡᠷᠳᠡᠨ ᠤ ᠲᠣᠯᠢ ᠪᠢᠴᠢᠭ ᠪᠣᠯᠬᠤ《说文解字︾ ᠭᠡᠳᠡᠭ ᠨᠣᠮ ᠳᠤ ᠴᠦ汗 ᠦᠰᠦᠭ ᠤᠨ | ᠠᠪᠢᠶ᠎ᠠ ᠶᠢ从水干声 ᠭᠡᠵᠦ ᠲᠠᠶᠢᠯᠪᠣᠷᠢᠯᠠᠭᠰᠠᠨ ᠠᠴᠠ ᠦᠵᠡᠪᠡᠯ᠂ ᠲᠣᠰ ᠦᠰᠦᠭ ᠢ ᠡᠷᠳᠡ ᠦᠶ᠎ᠡ ᠳᠤ | ᠮᠦᠨ 干 ɡan︶ ᠠᠪᠢᠶ᠎ᠠ ᠪᠠᠷ ᠣᠩᠰᠢᠵᠣ ᠪᠠᠶᠢᠵᠠᠢ᠃ ᠡᠶᠢᠮᠦ ᠠᠴᠠ᠂汗᠂寒 ᠦᠰᠦᠭ ᠢ ᠡᠷᠳᠡ ᠦᠶ᠎ᠡ | ᠳᠤ ᠪᠦᠷ ᠭᠠᠨ ᠭᠡᠵᠦ ᠠᠪᠢᠶᠠᠯᠠᠨ᠎ᠠ ᠭᠡᠵᠦ ᠮᠠᠭᠠᠳᠯᠠᠵᠣ᠂可汗᠂可寒᠂克汗 ᠢ ᠡᠷᠳᠡᠨ ᠤ ᠮᠣᠩᠭᠤᠯ | ᠬᠡᠯᠡᠨ ᠤ ︽ᠺᠠᠭᠠᠨ︾ ᠪᠣᠶᠣ ︽ᠬᠠᠭᠠᠨ︾ ᠭᠡᠵᠦ ᠮᠠᠭᠠᠳᠯᠠᠵᠠᠢ᠃ ᠲᠡᠭᠡᠭᠡᠳ ᠺᠠᠭᠠᠨ ᠪᠣᠶᠣ ᠬᠠᠭᠠᠨ ᠨᠢ ᠨᠡᠩ | ᠡᠷᠳᠡ ᠰᠢᠭ ᠦᠶ᠎ᠡ ︵ᠰᠢᠶᠠᠨᠪᠸᠢ ᠷᠸᠣᠷᠠᠨ ᠤ ᠦᠶ᠎ᠡ︶ ᠳᠤ ᠲᠦᠭᠡᠮᠡᠯ ᠲᠡᠯᠭᠡᠷᠡᠭᠰᠡᠨ ᠬᠠᠭᠠᠨ ᠬᠦᠮᠦᠨ ᠤ ᠴᠣᠯᠠ ᠪᠠᠷ | ᠬᠡᠷᠡᠭᠯᠡᠬᠦ ᠲᠣᠰᠬᠠᠢ ᠨᠡᠷ᠎ᠡ ᠦᠭᠡ ᠪᠠᠶᠢᠪᠠ ᠭᠡᠵᠦ ᠦᠵᠡᠵᠡᠢ᠃ | 3 合罕᠂黑汗 ᠪᠣᠯ ᠬᠠᠷᠢᠴᠠᠩᠭᠤᠢ ᠪᠠᠷ ᠨᠡᠯᠢᠶᠡᠳ ᠬᠤᠵᠢᠭᠤ ᠰᠢᠭ ᠦᠶ᠎ᠡ ᠪᠣᠯᠬᠤ ᠮᠣᠩᠭᠤᠯ | ᠬᠠᠭᠠᠨᠳᠣ ᠣᠯᠣᠰ ᠤᠨ ᠡᠮᠦᠨ᠎ᠡ ᠬᠤᠶᠢᠨᠠᠬᠠᠨ ᠢᠶᠠᠷ ᠬᠡᠷᠡᠭᠯᠡᠵᠦ ᠪᠠᠶᠢᠭᠰᠠᠨ ᠬᠢᠳᠠᠳ ᠠᠪᠢᠶᠠᠨ ᠣᠷᠴᠢᠭᠤᠯᠭ᠎ᠠ ᠪᠣᠯᠣᠨ᠎ᠠ | ᠃合 ᠦᠰᠦᠭ ᠤᠨ ᠣᠳᠣ ᠦᠶ᠎ᠡ ᠶᠢᠨ ᠠᠪᠢᠶ᠎ᠠ ᠨᠢ hé ᠪᠣᠯᠣᠨ gě ᠪᠠᠶᠢᠪᠠᠴᠣ᠂ ᠲᠡᠭᠦᠨ ᠤ ᠡᠷᠳᠡᠨ ᠤ | ᠠᠪᠢᠶ᠎ᠠ ᠠᠶᠠᠯᠭᠤ ᠨᠢ ᠦᠨᠡᠬᠡᠷ ɣăp᠂ kăp ᠪᠠᠶᠢᠵᠣ᠂ ᠺᠣᠷᠢᠶᠠ ᠬᠡᠯᠡᠨ ᠳᠤ HAP ᠪᠣᠯᠣᠨ KAp ᠠᠵᠠᠢ | ᠃黑 ᠦᠰᠦᠭ ᠨᠢ ᠣᠳᠣ ᠦᠶ᠎ᠡ ᠶᠢᠨ ᠬᠢᠳᠠᠳ ᠬᠡᠯᠡᠨ ᠤ ᠨᠣᠳᠤᠭ ᠤᠨ ᠠᠪᠢᠶᠠᠨ ᠳᠤ ᠮᠦᠨ hap8᠂ gak7 | ᠂ kap7᠂ lap7᠂ gap3 ᠪᠣᠶᠣ hap6᠂ hah8 ᠵᠡᠷᠭᠡ ᠪᠠᠶᠢᠭᠰᠠᠭᠠᠷ ᠢ ᠦᠨᠳᠦᠰᠦᠯᠡᠵᠦ᠂合 ᠶᠢᠨ | ᠡᠷᠳᠡᠨ ᠤ ᠠᠪᠢᠶ᠎ᠠ ᠶᠢ Hap᠂ KAP ᠪᠣᠶᠣ hah ᠵᠡᠷᠭᠡ ᠪᠠᠷ ᠣᠩᠰᠢᠬᠤ ᠨᠢ ᠵᠦᠪ ᠭᠡᠵᠦ ᠮᠠᠭᠠᠳᠯᠠᠵᠠᠢ᠃合 | 罕᠂ 黑汗 ᠤ ᠡᠷᠳᠡᠨ ᠤ ᠠᠪᠢᠶ᠎ᠠ ᠶᠢ hahan ︵ᠬᠠᠭ᠋ᠠᠨ︶ ᠪᠣᠶᠣ hagan ︵ᠬᠠᠭᠠᠨ︶ ᠭᠡᠵᠦ | ᠰᠡᠷᠭᠦᠭᠡᠭᠰᠡᠨ ᠢᠶᠠᠨ ᠣᠨᠣᠪᠴᠢᠳᠠᠢ ᠭᠡᠵᠦ ᠦᠵᠡᠵᠦ ᠪᠠᠶᠢᠨ᠎ᠠ᠃ ᠪᠠᠰᠠ ︽ᠮᠣᠩᠭᠤᠯ ᠤᠨ ᠨᠢᠭᠤᠴᠠ ᠲᠣᠪᠴᠢᠶᠠᠨ︾ | ᠳᠤ ᠢᠯᠡᠷᠡᠭᠰᠡᠨ扎木合 ︵ᠵᠠᠮᠤᠬ᠎ᠠ︶᠂合不勒 ︵ᠬᠠᠪᠣᠯ︶ ᠵᠡᠷᠭᠡ ᠬᠦᠮᠦᠨ ᠤ ᠨᠡᠷ᠎ᠡ ᠳᠤ ᠪᠠᠶᠢᠭ᠎ᠠ合 | ᠦᠰᠦᠭ ᠢ ᠲᠣᠬᠠᠢ ᠶᠢᠨ ᠦᠶ᠎ᠡ ᠳᠤ ᠮᠦᠨ ha ︵ᠬᠠ︶ ᠪᠠᠷ ᠠᠪᠢᠶᠠᠯᠠᠳᠠᠭ ᠪᠠᠶᠢᠵᠠᠢ᠂ ᠦᠭᠡᠢ ᠪᠣᠯ ᠮᠣᠩᠭᠤᠯ | ᠬᠡᠯᠡᠨ ᠤ ᠮᠠᠰᠢ ᠴᠢᠩᠭ᠎ᠠ ᠡᠭᠡᠰᠢᠭ ᠵᠣᠬᠢᠴᠠᠬᠤ ᠶᠣᠰᠣᠨ ᠳᠤ ᠨᠡᠶᠢᠴᠡᠵᠦ ᠴᠢᠳᠠᠬᠤ ᠦᠭᠡᠢ ᠪᠣᠯᠬᠤᠷ᠂ ᠠᠳᠡ ᠡᠨᠡᠬᠦ合 | ᠦᠰᠦᠭ ᠢ ᠬᠡᠷᠡᠭᠯᠡᠵᠦ ᠪᠣᠯᠬᠤ ᠦᠭᠡᠢ ᠪᠣᠯᠣᠨ᠎ᠠ᠃ 合 ᠦᠰᠦᠭ ᠢ ha ︵ᠬᠠ︶ ᠪᠠᠷ ᠠᠪᠢᠶᠠᠯᠠᠬᠤ ᠲᠣᠬᠠᠢ᠂ | ᠮᠣᠩᠭᠤᠯ ᠤᠨ ᠨᠢᠭᠤᠴᠠ ᠲᠣᠪᠴᠢᠶᠠᠨ ᠠᠴᠠ ᠡᠷᠳᠡ ᠦᠶ᠎ᠡ ᠶᠢᠨ ᠣᠶᠢᠭᠤᠷ ᠬᠠᠭᠠᠳ ᠤᠨ ᠬᠦᠨᠳᠦᠳᠭᠡᠯᠳᠦ ᠴᠣᠯᠠ | ᠠᠴᠠ ᠪᠠᠰᠠ ᠯᠠᠪᠯᠠᠵᠣ ᠪᠣᠯᠣᠨ᠎ᠠ᠃ | 4 ᠲᠡᠭᠡᠪᠡᠯ可汗᠂ 克汗᠂ 可寒 ᠪᠣᠯᠣᠨ合罕 ᠵᠢᠴᠢ黑汗 ᠵᠡᠷᠭᠡ ᠠᠳᠠᠯᠢ ᠪᠣᠰᠣ | ᠠᠪᠢᠶᠠᠯᠠᠭ᠎ᠠ ᠶᠠᠭᠠᠬᠢᠵᠣ ᠪᠣᠢ ᠪᠣᠯᠣᠭᠰᠠᠨ ᠪᠣᠢ ᠭᠡᠪᠡᠯ᠂ ᠲᠡᠭᠡᠷᠡᠬᠢ ᠡᠳᠡᠭᠡᠷ ᠦᠭᠡ ᠪᠣᠯ ᠪᠦᠷ ᠬᠢᠳᠠᠳ ᠬᠡᠯᠡᠨ ᠳᠤ | ᠠᠪᠢᠶᠠᠴᠢᠯᠠᠨ ᠣᠷᠴᠢᠭᠤᠯᠬᠤ ᠳᠠᠭᠠᠨ ᠮᠣᠩᠭᠤᠯ ᠬᠡᠯᠡᠨ ᠤ ᠡᠯ᠎ᠡ ᠨᠣᠳᠤᠭ ᠤᠨ ᠠᠪᠢᠶᠠᠨ ᠳᠤ ᠰᠠᠭᠤᠷᠢᠯᠠᠨ | ᠠᠪᠢᠶᠠᠯᠠᠭᠰᠠᠨ ᠠᠴᠠ ᠡᠭᠦᠰᠦᠭᠰᠡᠨ ᠦᠵᠡᠭᠳᠡᠯ ᠭᠡᠵᠦ ᠦᠵᠡᠬᠦ ᠨᠢ ᠵᠦᠪ ᠶᠣᠮ᠃ ᠵᠢᠱᠢᠶᠡᠯᠡᠪᠡᠯ ᠲᠣᠬᠠᠢ ᠶᠢᠨ ᠦᠶ᠎ᠡ | ᠳᠤ ᠵᠠᠷᠢᠮ ᠠᠶᠢᠮᠠᠭ ᠪᠦᠯᠦᠭ ᠤᠨ ᠮᠣᠩᠭᠤᠯ ᠬᠡᠯᠡᠳᠡᠨ ᠬᠦᠮᠦᠰ ᠬᠠᠭᠠᠨ ᠭᠡᠵᠦ ᠬᠡᠯᠡᠬᠦ ᠳᠤ ᠵᠠᠷᠢᠮ ᠬᠦᠮᠦᠰ ᠨᠢ ᠺᠠᠭᠠᠨ | ᠭᠡᠵᠦ ᠠᠪᠢᠶᠠᠯᠠᠬᠤ ᠨᠢ ᠲᠣᠩ ᠶᠡᠷᠦ ᠶᠢᠨ ᠬᠡᠷᠡᠭ ᠪᠠᠶᠢᠭᠰᠠᠨ ᠪᠣᠯᠣᠯᠳᠠᠢ᠃ | ᠲᠡᠭᠡᠷᠡᠬᠢ ᠶᠢ ᠬᠤᠷᠢᠶᠠᠩᠭᠤᠶᠢᠯᠠᠨ ᠦᠬᠦᠯᠡᠪᠡᠯ᠂可汗᠂可寒᠂克汗 ᠵᠡᠷᠭᠡ ᠶᠢᠨ | ᠣᠶᠢᠷᠠᠯᠴᠠᠭ᠎ᠠ ᠠᠪᠢᠶ᠎ᠠ ᠨᠢ kagan ᠪᠠᠶᠢᠵᠣ᠂合罕᠂黑汗 ᠨᠢ hahan ᠪᠠᠶᠢᠵᠠᠢ᠃ ᠭᠡᠪᠡᠴᠦ ᠡᠨᠡ | ᠬᠤᠶᠠᠷ ᠦᠭᠡᠨ ᠤ ᠢᠷᠡᠯᠳᠡ ᠪᠣᠯ ᠨᠡᠩ ᠡᠷᠳᠡᠨ ᠤ ᠾᠦᠩᠨᠦ ᠴᠠᠨ ᠢᠥᠢ ᠶᠢᠨ ᠬᠦᠨᠳᠦᠳᠭᠡᠯᠳᠦ ᠴᠣᠯᠠ ᠪᠣᠯᠬᠤ呼韩 | 邪 ᠭᠡᠳᠡᠭ ᠦᠭᠡᠨ ᠠᠴᠠ ᠣᠯᠪᠠᠭ᠎ᠠ ᠲᠠᠢ ᠦᠭᠡ ᠭᠡᠵᠦ ᠦᠵᠡᠵᠡᠢ᠃ 呼韩邪 ᠶᠢᠨ ᠡᠷᠳᠡᠨ ᠤ ᠠᠪᠢᠶ᠎ᠠ ᠨᠢ | ᠣᠶᠢᠷᠠᠯᠴᠠᠭ᠎ᠠ ᠪᠠᠷ ᠬᠠᠭᠠᠨᠰ᠎ᠡ ︵hagansea︶ ᠭᠡᠵᠦ ᠠᠪᠢᠶᠠᠯᠠᠨ᠂ ᠦᠭᠡᠨ ᠤ ᠢᠵᠠᠭᠤᠷ ᠨᠢ ᠲᠠᠷᠣᠢ ᠬᠠᠭᠠᠨ | ᠶᠣᠮ ︵ᠡᠭᠦᠨ ᠢ ᠲᠠᠷᠠᠭ᠎ᠠ ᠪᠠᠷ ᠲᠠᠬᠢᠨ ᠯᠠᠪᠰᠢᠷᠠᠭᠤᠯᠣᠨ ᠦᠬᠦᠯᠡᠬᠦ ᠪᠣᠯᠬᠤᠷ ᠲᠦᠷ ᠣᠷᠬᠢᠶ᠎ᠠ︶᠃ ᠶᠠᠮᠠᠷ ᠪᠠᠶᠢᠭᠰᠠᠨ | ᠴᠦ 汗 ᠪᠣᠯᠣᠨ罕 ︵Haan︶ ᠪᠣᠯ可汗 ᠪᠣᠶᠣ合罕 ᠭᠡᠳᠡᠭ ᠬᠢᠳᠠᠳ ᠦᠭᠡᠨ ᠤ ᠲᠣᠪᠴᠢᠯᠠᠯ | ᠪᠢᠰᠢ᠂ ᠬᠠᠷᠢᠨ hagan᠂ kagan ᠪᠣᠶᠣ hahan ᠵᠡᠷᠭᠡ ᠡᠷᠳᠡᠨ ᠤ ᠦᠭᠡ ᠶᠢᠨ ᠣᠶᠢᠷ᠎ᠠ ᠣᠷᠴᠢᠨ ᠦᠶ᠎ᠡ | ᠶᠢᠨ ᠮᠣᠩᠭᠤᠯ ᠦᠭᠡ ᠪᠣᠯᠣᠨ᠎ᠠ᠃ Haan ᠭᠡᠪᠡᠯ ᠬᠢᠳᠠᠳ ᠬᠡᠯᠡᠨ ᠤ ᠬᠤᠸᠠᠩᠳᠢ ᠭᠡᠳᠡᠭ ᠦᠭᠡ ᠪᠠᠶᠢᠵᠣ᠂ Han | ᠨᠢ ᠴᠢᠨ ᠸᠠᠩ ᠭᠡᠳᠡᠭ ᠦᠭᠡ ᠪᠣᠯᠵᠣ ᠲᠠᠭᠠᠷᠠᠨ᠎ᠠ᠃ ᠭᠡᠶ᠎ᠡ ᠵᠠᠷᠢᠮ ᠦᠶ᠎ᠡ ᠳᠤ Han ᠢᠶᠠᠨ ᠪᠠᠭ᠎ᠠ ᠬᠠᠭᠠᠨ ︵莫贺 | 可汗᠂ Ba ga ka gan︶ ᠭᠡᠳᠡᠭ ᠲᠣᠬᠢᠶᠠᠯᠳᠣᠯ ᠴᠦ ᠪᠣᠢ᠂莫贺可汗 ᠢᠶᠠᠨ ᠬᠢᠳᠠᠳ | ᠬᠡᠯᠡᠨ ᠤ ᠡᠷᠳᠡᠨ ᠤ ᠠᠪᠢᠶ᠎ᠠ ᠠᠶᠠᠯᠭᠤ ᠳᠤ ᠰᠠᠭᠤᠷᠢᠯᠠᠨ ᠣᠩᠰᠢᠪᠠᠯ ᠣᠶᠢᠷᠠᠯᠴᠠᠭ᠎ᠠ ᠪᠠᠷ bag ga kag gan | ᠭᠡᠵᠦ᠂ ᠪᠠᠭ᠎ᠠ ᠬᠠᠭᠠᠨ ︵小可汗︶ ᠭᠡᠳᠡᠭ ᠮᠣᠩᠭᠤᠯ ᠦᠭᠡ ᠠᠵᠠᠢ᠃ ᠡᠶᠢᠮᠦ ᠠᠴᠠ ᠣᠳᠣ ᠦᠶ᠎ᠡ ᠳᠤ ᠴᠦ | Haan᠂ Han ᠢ ᠬᠤᠳᠬᠤᠯᠳᠣᠭᠤᠯᠣᠨ ᠬᠡᠷᠡᠭᠯᠡᠵᠦ ᠪᠣᠯᠬᠤ ᠦᠭᠡᠢ᠃ | ᠭᠤᠷᠪᠠ ᠬᠠᠭᠠᠨ ︵可汗︶ ᠭᠡᠳᠡᠭ ᠦᠭᠡᠨ ᠤ ᠣᠳᠬ᠎ᠠ ᠶᠢ ᠲᠣᠷᠰᠢᠨ ᠲᠠᠶᠢᠯᠪᠣᠷᠢᠯᠠᠬᠤ ᠨᠢ᠄ ᠣᠳᠣ | ᠦᠶ᠎ᠡ ᠶᠢᠨ ᠮᠣᠩᠭᠤᠯ ᠬᠡᠯᠡᠨ ᠤ ᠲᠣᠯᠢ ᠪᠢᠴᠢᠭ ᠪᠣᠯᠣᠨ ᠡᠷᠳᠡᠨ ᠤ ᠮᠣᠩᠭᠤᠯ ᠰᠣᠷᠪᠣᠯᠵᠢ ᠪᠢᠴᠢᠭ ᠨᠦᠭᠦᠳ ᠲᠤ | ᠲᠣᠰ ᠦᠭᠡᠨ ᠤ ᠠᠭᠤᠯᠭ᠎ᠠ ᠶᠢ ᠲᠠᠶᠢᠯᠪᠣᠷᠢᠯᠠᠭᠰᠠᠨ ᠲᠠᠯ᠎ᠠ ᠪᠠᠷ ᠬᠠᠮᠤᠭ ᠲᠡᠭᠦᠯᠳᠡᠷ ᠨᠡᠶᠢᠳᠡᠯᠢᠭ ᠰᠠᠨᠠᠭᠳᠠᠭᠰᠠᠨ | ᠲᠠᠶᠢᠯᠪᠣᠷᠢ ᠭᠡᠪᠡᠯ᠄ ︽ᠣᠯᠣᠰ ᠪᠠᠶᠢᠭᠤᠯᠣᠭᠰᠠᠨ ᠪᠣᠶᠣ ᠣᠯᠣᠰ ᠬᠠᠮᠳᠣᠳᠬᠠᠨ᠂ ᠬᠢᠯᠢ ᠪᠠᠬᠢᠯᠡᠭᠰᠡᠨ ᠡᠵᠡᠨ ᠬᠦᠮᠦᠨ | ᠢ ᠬᠠᠭᠠᠨ ᠡᠷᠭᠦᠮᠣᠢ︾ ᠭᠡᠵᠡᠢ᠃ ᠡᠨᠡᠬᠦ ᠲᠠᠶᠢᠯᠪᠣᠷᠢ ᠶᠢ ᠵᠦᠪᠬᠡᠨ ᠦᠩᠭᠡᠨ ᠲᠠᠯ᠎ᠠ ᠠᠴᠠ ᠨᠢ ᠦᠵᠡᠪᠡᠯ ᠲᠣᠣᠷᠠᠬᠢ | ᠮᠡᠳᠦ ᠭᠤᠷᠪᠠᠨ ᠲᠠᠯ᠎ᠠ ᠶᠢᠨ ᠦᠨᠳᠦᠰᠦᠨ ᠣᠬᠠᠭᠳᠠᠬᠤᠨ ᠢ ᠪᠠᠭᠳᠠᠭᠠᠨ᠎ᠠ᠃ ᠨᠢᠭᠡ᠂ ᠣᠯᠣᠰ ᠪᠠᠶᠢᠭᠤᠯᠣᠭᠰᠠᠨ ᠡᠵᠡᠨ | ᠬᠦᠮᠦᠨ ᠢ ᠬᠠᠭᠠᠨ ᠡᠷᠭᠦᠨ᠎ᠡ᠂ ᠬᠤᠶᠠᠷ᠂ ᠣᠯᠣᠰ ᠬᠠᠮᠳᠣᠳᠬᠠᠭᠰᠠᠨ ᠡᠵᠡᠨ ᠬᠦᠮᠦᠨ ᠢ ᠬᠠᠭᠠᠨ ᠡᠷᠭᠦᠨ᠎ᠡ᠂ ᠭᠤᠷᠪᠠ | ᠂ ᠬᠠᠭᠠᠨ ᠪᠣᠯ ᠢᠵᠠᠭᠤᠷᠳᠠᠨ ᠤ ᠬᠤᠷᠠᠯᠳᠠᠢ ᠪᠠᠷ ᠲᠠᠮᠵᠢᠨ ᠡᠷᠭᠦᠮᠵᠢᠯᠡᠨ᠎ᠡ᠃ ᠲᠣᠪᠴᠢᠯᠠᠨ ᠶᠠᠷᠢᠪᠠᠯ᠂ ᠣᠯᠣᠰ | ᠴᠣᠭᠴᠠᠯᠠᠨ ᠪᠠᠶᠢᠭᠤᠯᠣᠭᠰᠠᠨ ᠡᠵᠡᠨ ᠬᠦᠮᠦᠨ᠂ ᠡᠰᠡᠬᠦᠯ᠎ᠡ ᠲᠣᠮᠳᠠ ᠠᠴᠠ ᠮᠠᠨᠳᠣᠭᠤᠯᠣᠭᠰᠠᠨ ᠡᠵᠡᠨ ᠬᠦᠮᠦᠨ ᠢ | ᠢᠵᠠᠭᠤᠷᠳᠠᠨ ᠤ ᠬᠤᠷᠠᠯᠳᠠᠢ ᠢᠶᠠᠷ ᠲᠠᠮᠵᠢᠨ ᠬᠠᠭᠠᠨ ᠡᠷᠭᠦᠮᠵᠢᠯᠡᠨ᠎ᠡ ᠭᠡᠰᠡᠨ ᠦᠭᠡ ᠶᠣᠮ᠃ | ᠲᠦᠷᠪᠡ 可汗 ᠭᠡᠳᠡᠭ ᠦᠭᠡᠨ ᠤ ᠢᠷᠡᠯᠳᠡ ᠶᠢ ᠮᠠᠭᠠᠳᠯᠠᠬᠤ ᠨᠢ᠄ ᠵᠣᠬᠢᠶᠠᠭᠴᠢ ᠶᠢᠨ ᠦᠵᠡᠬᠦ ᠪᠠᠷ | ᠬᠠᠭᠠᠨ ᠬᠡᠳᠡᠭ ᠦᠭᠡᠨ ᠤ ᠬᠠᠮᠤᠭ ᠡᠷᠳᠡᠨ ᠤ ᠢᠷᠡᠯᠳᠡ ᠪᠣᠯ ᠾᠦᠩᠨᠦ ᠬᠠᠭᠠᠳ ᠤᠨ ᠬᠦᠨᠳᠦᠳᠭᠡᠯᠳᠦ ᠴᠣᠯᠠ | ᠪᠣᠯᠬᠤ呼韩邪 ᠭᠡᠳᠡᠭ ᠦᠭᠡᠨ ᠠᠴᠠ ᠢᠷᠡᠵᠡᠢ᠃呼韩邪 ᠶᠢᠨ ᠣᠳᠣ ᠦᠶ᠎ᠡ ᠶᠢᠨ ᠠᠪᠢᠶ᠎ᠠ ᠨᠢ | hū hán yé ︵ᠬᠣ᠋ ᠬᠠᠨ ᠶᠧ︶ ᠪᠣᠯᠵᠠᠢ᠃ ᠦᠨᠡᠨᠳᠡᠭᠡᠨ ᠲᠡᠭᠦᠨ ᠤ ᠣᠣᠯ ᠠᠪᠢᠶ᠎ᠠ ᠨᠢ ᠬᠠᠭᠠᠨᠰ᠎ᠡ ︵ | ha gan sea︶ ᠭᠡᠵᠦ ᠣᠩᠰᠢᠳᠠᠭ ᠾᠦᠩᠨᠦ — ᠮᠣᠩᠭᠤᠯ ᠦᠭᠡ ᠪᠠᠶᠢᠵᠠᠢ᠃ ᠮᠦᠨᠴᠦ ᠬᠠᠮᠤᠭ ᠡᠷᠳᠡᠨ ᠤ | ᠲᠡᠣᠬᠡᠨ ᠳᠤ ᠲᠡᠮᠳᠡᠭᠯᠡᠭᠳᠡᠭᠰᠡᠨ ︽ᠬᠠᠭᠠᠨ︾ ᠭᠡᠳᠡᠭ ᠢᠵᠠᠭᠤᠷ ᠲᠠᠢ ᠮᠣᠩᠭᠤᠯ ᠦᠭᠡ ᠪᠣᠯᠣᠨ᠎ᠠ᠃ ᠡᠭᠦᠨ ᠠᠴᠠ | ᠡᠬᠢᠯᠡᠭᠡᠳ ᠪᠣᠰᠣᠳ ᠮᠣᠩᠭᠤᠯ ᠲᠣᠭᠤᠷᠭᠠᠳᠠᠨ᠂ ᠵᠢᠱᠢᠶᠡᠯᠡᠪᠡᠯ ᠰᠢᠶᠠᠨᠪᠸᠢ᠂ ᠷᠸᠥᠷᠠᠨ᠂ ᠬᠢᠳᠠᠨ ᠣᠨᠴᠠᠭᠠᠶᠢᠯᠠᠨ | ᠮᠣᠩᠭᠤᠯ ᠮᠡᠳᠦ ᠣᠭᠰᠠᠭᠠᠳᠠᠨ ᠡᠨᠡᠬᠦ ᠴᠣᠯᠠ ᠨᠡᠷ᠎ᠡ ᠶᠢ ᠦᠪᠡᠷ ᠤᠨ ᠨᠣᠳᠤᠭ ᠤᠨ ᠬᠡᠯᠡ ᠪᠠᠷ ᠬᠠᠭᠠᠨ᠂ ᠺᠠᠭᠠᠨ᠂ | ᠬᠠᠭ᠋ᠠᠨ ᠮᠡᠳᠦ ᠪᠠᠷ ᠠᠪᠢᠶᠠᠴᠢᠯᠠᠨ ᠲᠠᠭᠤᠳᠠᠵᠣ ᠨᠡᠩ ᠲᠦᠭᠡᠮᠡᠯ ᠬᠡᠷᠡᠭᠯᠡᠭᠰᠡᠨ ᠠᠵᠠᠢ᠃可汗 ᠭᠡᠳᠡᠭ ᠴᠣᠯᠠ ᠶᠢᠨ | ᠣᠳᠬ᠎ᠠ ᠨᠢ ᠬᠡᠯᠡᠯᠭᠡᠨ ᠦᠭᠡᠢ ᠣᠯᠣᠰ ᠤᠨ ᠡᠵᠡᠨ᠂ ᠣᠯᠣᠰ ᠤᠨ ᠸᠠᠩ᠂ ᠰᠣᠯᠲ᠋ᠠᠨ᠂ ᠱᠠᠾ᠂ ᠬᠤᠸᠠᠩᠳᠢ ᠮᠡᠳᠦ | ᠦᠭᠡ ᠲᠠᠢ ᠢᠵᠢᠯ ᠣᠳᠬ᠎ᠠ ᠲᠠᠢ ᠦᠭᠡ ᠶᠣᠮ᠃ | ᠲᠡᠭᠡᠪᠡᠯ呼韩邪᠂可汗᠂可寒 ᠪᠣᠯᠣᠨ合罕 ᠵᠡᠷᠭᠡ ᠶᠢ ᠶᠠᠭᠠᠬᠢᠵᠣ ᠠᠪᠢᠶᠠᠯᠠᠨ | ᠣᠩᠰᠢᠳᠠᠭ ᠪᠣᠢ ᠭᠡᠳᠡᠭ ᠠᠰᠠᠭᠤᠳᠠᠯ ᠭᠠᠷᠴᠣ ᠢᠷᠡᠨ᠎ᠡ᠂ ᠵᠣᠬᠢᠶᠠᠭᠴᠢ ᠶᠢᠨ ᠦᠵᠡᠬᠦ ᠪᠠᠷ ᠭᠤᠣᠯᠳᠠᠭᠤ ᠪᠦᠷ ᠲᠡᠭᠡᠷ᠎ᠡ | ᠲᠣᠷᠠᠳᠣᠭᠰᠠᠨ ᠮᠣᠩᠭᠤᠯ ᠣᠭᠰᠠᠭᠠᠳᠠᠨ᠂ ᠣᠨᠴᠠᠭᠠᠶᠢᠯᠠᠨ ᠾᠦᠩᠨᠦ ᠪᠣᠯᠣᠨ ᠰᠢᠶᠠᠨᠪᠸᠢ ᠣᠭᠰᠠᠭᠠᠳᠠᠨ ᠤ ᠬᠡᠯᠡ | ᠪᠣᠯᠣᠨ ᠡᠳᠡᠭᠡᠷ ᠬᠡᠯᠡ ᠶᠢ ᠠᠪᠢᠶᠠᠴᠢᠯᠠᠨ ᠲᠡᠮᠳᠡᠭᠯᠡᠭᠰᠡᠨ ᠡᠷᠳᠡᠨ ᠤ ᠬᠢᠳᠠᠳ ᠦᠰᠦᠭ ᠤᠨ ᠠᠪᠢᠶ᠎ᠠ ᠠᠶᠠᠯᠭᠤ ᠪᠠ | ᠲᠡᠭᠦᠨ ᠤ ᠬᠤᠪᠢᠷᠠᠯᠳᠠ ᠬᠦᠭᠵᠢᠯᠳᠡ ᠲᠠᠢ ᠰᠢᠭᠤᠳ ᠬᠤᠯᠪᠣᠭ᠎ᠠ ᠲᠠᠢ᠂ ᠡᠭᠦᠨ ᠢ ᠵᠣᠬᠢᠶᠠᠭᠴᠢ ᠠᠴᠠ ᠨᠢᠭᠡ ᠨᠢᠭᠡ | ᠬᠢᠳᠠᠳ ᠦᠰᠦᠭ ᠢᠶᠠᠷ ᠨᠢ ᠰᠠᠯᠭᠠᠨ᠂ ᠲᠡᠭᠦᠨ ᠤ ᠡᠷᠳᠡᠨ ᠤ ᠠᠪᠢᠶ᠎ᠠ ᠠᠶᠠᠯᠭᠤ ᠶᠢ ᠲᠦᠭᠦᠮᠴᠢᠯᠡᠨ ᠦᠭᠦᠯᠡᠶ᠎ᠡ᠃ | ᠰᠣᠨᠢᠷᠬᠠᠯ ᠲᠠᠢ ᠨᠦᠬᠦᠳ ᠦᠪᠡᠷ ᠢᠶᠠᠨ ᠭᠦᠨᠵᠡᠭᠡᠶᠢᠷᠡᠨ ᠯᠠᠪᠯᠠᠭᠠᠷᠠᠢ᠃ | 1呼韩邪 ᠭᠡᠳᠡᠭ ᠴᠠᠨ ᠢᠥᠢ ᠶᠢᠨ ᠬᠦᠨᠳᠦᠳᠭᠡᠯᠳᠦ ᠴᠣᠯᠠ ᠦᠭᠡ ᠶᠢ ᠲᠡᠮᠳᠡᠭᠯᠡᠭᠰᠡᠨ ᠭᠤᠷᠪᠠᠨ | ᠬᠢᠳᠠᠳ ᠦᠰᠦᠭ ᠤᠨ ᠡᠷᠳᠡᠨ ᠤ ᠠᠪᠢᠶ᠎ᠠ ᠠᠶᠠᠯᠭᠤ ᠨᠢ ᠦᠨᠡᠬᠡᠷ ha gan sea ᠲᠠᠢ ᠮᠠᠰᠢ ᠣᠶᠢᠷᠠᠯᠴᠠᠭ᠎ᠠ | ᠠᠪᠢᠶᠠᠯᠠᠵᠣ ᠪᠠᠶᠢᠵᠠᠢ᠃ ᠲᠡᠭᠡᠭᠡᠳ ᠠᠩᠬᠠᠷᠬᠤ ᠨᠢ ha gan sea ᠶᠢᠨ ᠦᠭᠡ ᠶᠢᠨ ᠢᠵᠠᠭᠤᠷ ᠨᠢ ᠲᠠᠷᠣᠢ ︽ | ᠬᠠᠭᠠᠨ︾ ᠪᠣᠯᠣᠨ᠎ᠠ᠃ ᠡᠨᠡᠬᠦ ᠬᠠᠭᠠᠨᠰ᠎ᠡ ︵ha gan sea︶ ᠴᠠᠨ ᠢᠥᠢ ᠶᠢᠨ ᠨᠡᠷ᠎ᠡ ᠨᠢ稽侯栅 | ᠭᠡᠵᠦ᠂ ᠨᠡᠶᠢᠳᠡ ᠶᠢᠨ ᠣᠨ ᠲᠣᠭᠠᠯᠠᠯ ᠤᠨ ᠡᠮᠦᠨ᠎ᠡ 58 ᠣᠨ ᠠᠴᠠ ᠡᠮᠦᠨ᠎ᠡ 31 ᠣᠨ ᠪᠣᠯᠳᠠᠯ᠎ᠠ ᠰᠠᠭᠤᠷᠢᠨ ᠳᠤ | ᠰᠠᠭᠤᠵᠣ ᠪᠠᠶᠢᠪᠠ᠃ ᠲᠡᠭᠦᠨ ᠤ ᠰᠠᠭᠤᠷᠢᠨ ᠳᠤ ᠪᠠᠶᠢᠭ᠎ᠠ ᠬᠤᠭᠤᠴᠠᠭ᠎ᠠ ᠪᠣᠯ ᠾᠦᠩᠨᠦ ᠶᠢᠨ ᠲᠣᠲᠣᠭᠠᠳᠣ ᠳᠤ | ᠣᠷᠢᠳᠦ ᠡᠮᠦᠨ᠎ᠡ ᠢᠯᠡᠷᠡᠭᠡ ᠦᠭᠡᠢ ᠶᠡᠭᠡ ᠬᠠᠭᠠᠴᠠᠯ ᠪᠣᠳᠠᠷᠠᠯ ᠤᠨ ᠴᠠᠭ ᠦᠶ᠎ᠡ ᠪᠠᠶᠢᠵᠣ᠂ ᠪᠠᠷᠤᠭ ᠬᠠᠭᠠᠰ ᠵᠠᠭᠤᠨ | ᠰᠢᠬᠠᠮ ᠦᠷᠬᠦᠯᠵᠢᠯᠡᠭᠰᠡᠨ ᠰᠠᠮᠠᠭᠤᠨ ᠴᠠᠭ ᠶᠣᠮ᠃ ᠲᠡᠣᠭᠡᠨ ᠲᠡᠭᠡᠷ᠎ᠡ ᠡᠭᠦᠨ ᠢ ︽ᠲᠠᠪᠣᠨ ᠴᠠᠨ ᠢᠥᠢ ᠵᠡᠷᠭᠡᠳᠡ | ᠰᠠᠭᠤᠷᠢᠨ ᠡᠵᠡᠯᠡᠭᠰᠡᠨ ᠰᠠᠮᠠᠭᠤᠨ ᠴᠠᠭ︾ ᠭᠡᠳᠡᠭ ᠠᠵᠠᠢ᠃ ᠭᠡᠪᠡᠴᠦ ᠬᠡᠳᠦᠶᠢᠪᠡᠷ稽侯栅 ᠪᠦᠬᠦ ᠾᠦᠩᠨᠦ | ᠭᠦᠷᠦᠨ ᠢᠶᠠᠨ ᠨᠢᠭᠡᠳᠭᠡᠵᠦ ᠴᠢᠳᠠᠭᠰᠠᠨ ᠦᠭᠡᠢ ᠪᠣᠯᠪᠠᠴᠣ᠂ ᠮᠦᠨ ᠣᠯᠠᠩᠬᠢ ᠾᠦᠩᠨᠦ ᠬᠦᠮᠦᠰ ᠢᠶᠠᠨ ᠡᠵᠡᠯᠡᠨ | ᠠᠪᠴᠣ᠂ ᠡᠴᠦᠰ ᠤᠨ ᠢᠯᠡᠯᠳᠡ ᠳᠤ ᠬᠦᠷᠴᠦ ᠴᠢᠳᠠᠭᠰᠠᠨ ᠪᠣᠯᠬᠤᠷ ᠦᠪᠡᠷ ᠤᠨ ᠪᠡᠶ᠎ᠡ ᠪᠠᠨ ︽ᠲᠣᠮᠳᠠ ᠠᠴᠠ | ᠮᠠᠨᠳᠣᠭᠤᠯᠣᠭᠰᠠᠨ︾ ᠡᠵᠡᠨ ᠬᠦᠮᠦᠨ ᠢᠶᠠᠷ ᠦᠵᠡᠵᠦ ︽ᠬᠠᠭᠠᠨᠰ᠎ᠡ ᠴᠠᠨ ᠢᠥᠢ︾ ᠬᠡᠮᠡᠨ ᠴᠣᠯᠠᠳᠠᠬᠤ ᠨᠢ ᠮᠦᠨ | ᠵᠦᠢ ᠶᠣᠰᠣᠨ ᠤ ᠬᠡᠷᠡᠭ ᠶᠣᠮ᠃ ᠡᠨᠡᠬᠦ ᠠᠭᠤᠯᠭ᠎ᠠ ᠶᠢ ᠬᠦᠨᠵᠡᠭᠡᠢ ᠰᠢᠭ ᠣᠶᠢᠯᠭᠠᠬᠤ ᠶᠢᠨ ᠲᠣᠰᠠᠳᠠ᠂ 呼韩邪 | ᠭᠤᠷᠪᠠᠨ ᠦᠰᠦᠭ ᠤᠨ ᠡᠷᠳᠡᠨ ᠤ ᠠᠪᠢᠶ᠎ᠠ ᠠᠶᠠᠯᠭᠤ ᠶᠢ ᠲᠣᠪᠴᠢᠯᠠᠨ ᠦᠭᠦᠯᠡᠶ᠎ᠡ᠃ | 1呼 ᠦᠰᠦᠭ᠄ ᠲᠣᠰ ᠦᠰᠦᠭ ᠪᠣᠯ ᠲᠡᠭᠡᠳᠦ ᠡᠷᠳᠡᠨ ᠤ ᠦᠶ᠎ᠡ ᠳᠤ ᠣᠯᠠᠨ ᠣᠩᠰᠢᠯᠭ᠎ᠠ ᠲᠠᠢ ᠬᠢᠳᠠᠳ | ᠦᠰᠦᠭ ᠪᠠᠶᠢᠵᠠᠢ᠃ ᠭᠡᠪᠡᠴᠦ ᠭᠤᠣᠯᠳᠠᠭᠤ ha ᠪᠣᠯᠣᠨ hu ᠵᠡᠷᠭᠡ ᠪᠠᠷ ᠣᠩᠰᠢᠳᠠᠭ ᠨᠢ ᠣᠯᠠᠨ ᠶᠣᠮ᠃呼 | ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ ᠶᠢ ᠡᠷᠳᠡᠮᠳᠡᠳ ᠰᠡᠷᠭᠦᠭᠡᠭᠰᠡᠨ ᠨᠢ qʰaː ᠪᠣᠶᠣ hag | ᠪᠠᠶᠢᠵᠣ᠂ ᠣᠶᠢᠷᠠᠯᠴᠠᠭ᠎ᠠ ᠪᠠᠷ ᠪᠦᠷ ha ᠭᠡᠵᠦ ᠣᠩᠰᠢᠨ᠎ᠠ᠂ ᠪᠠᠰᠠ ho᠂ hu ᠵᠡᠷᠭᠡ ᠪᠠᠷ ᠪᠦᠷ ᠣᠩᠰᠢᠵᠣ | ᠪᠣᠯᠣᠨ᠎ᠠ᠃ 呼 ᠶᠢ ha ᠪᠠᠷ ᠣᠩᠰᠢᠬᠤ ᠲᠣᠬᠢᠶᠠᠯᠳᠣᠯ ᠭᠡᠪᠡᠯ᠂ ᠬᠢᠳᠠᠳ ᠤᠨ ᠬᠠᠮᠤᠭ ᠡᠷᠳᠡᠨ ᠤ ᠣᠨ | ᠲᠠᠷᠠᠭᠠᠯᠠᠭᠰᠠᠨ ᠲᠡᠣᠬᠡᠨ ᠨᠣᠮ ︽ᠰᠣᠳᠣᠷ ᠲᠡᠮᠳᠡᠭᠯᠡᠯ︾ ᠳᠤ哈卡斯 ︵hakas︶ ᠭᠡᠳᠡᠭ | ᠦᠨᠳᠦᠰᠦᠳᠡᠨ ᠤ ᠨᠡᠷ᠎ᠡ ᠶᠢ呼揭 ᠬᠤᠶᠠᠷ ᠬᠢᠳᠠᠳ ᠦᠰᠦᠭ ᠢᠶᠠᠷ ᠲᠡᠮᠳᠡᠭᠯᠡᠵᠡᠢ᠃呼揭 ᠶᠢᠨ ᠡᠷᠳᠡᠨ ᠤ | ᠠᠪᠢᠶ᠎ᠠ ᠠᠶᠠᠯᠭᠤ ᠨᠢ ᠲᠠᠷᠣᠢ Ha kiet ᠪᠣᠶᠣ Ha kied ᠪᠠᠶᠢᠵᠠᠢ᠃ ᠠᠳᠡ ᠮᠠᠨᠣᠰ ᠤᠨ ᠮᠡᠳᠡᠬᠦ ᠴᠢᠬᠤᠯᠠ | ᠲᠠᠢ ᠨᠢᠭᠡᠨ ᠠᠭᠤᠯᠭ᠎ᠠ ᠪᠣᠯ᠂ ᠡᠷᠳᠡᠨ ᠤ ᠬᠢᠳᠠᠳ ᠦᠰᠦᠭ ᠲᠤ ︽ᠷ᠂ ᠰ︾ ᠶᠢ ᠭᠠᠷᠭᠠᠪᠠᠯ ᠪᠣᠰᠣᠳ | ᠬᠡᠶᠢᠭᠦᠯᠦᠭᠴᠢ ᠪᠦᠷ ᠬᠢᠳᠠᠳ ᠦᠰᠦᠭ ᠤᠨ ᠠᠪᠢᠶᠠᠨ ᠰᠡᠬᠦᠯ ︵韵尾︶ ᠪᠣᠯᠵᠣ ᠪᠣᠯᠳᠠᠭ ᠭᠡᠨ᠎ᠡ᠃ ᠠᠪᠢᠶᠠᠨ ᠤ | ᠰᠡᠭᠦᠯ ᠭᠡᠳᠡᠭ ᠨᠢ ᠮᠠᠨ ᠤ ᠮᠣᠩᠭᠤᠯ ᠬᠡᠯᠡᠨ ᠤ ᠲᠡᠪᠢᠰᠭᠡᠷ ᠦᠰᠦᠭ ᠲᠠᠢ ᠨᠡᠯᠢᠶᠡᠳ ᠠᠳᠠᠯᠢᠪᠳᠣᠷ ᠶᠠᠭᠤᠮ᠎ᠠ ᠪᠠᠶᠢᠵᠠᠢ | ᠃ ᠭᠡᠪᠡᠴᠦ ᠷ ᠪᠣᠯᠣᠨ ᠰ ᠪᠣᠯ ᠬᠢᠳᠠᠳ ᠬᠡᠯᠡᠨ ᠤ ᠠᠪᠢᠶᠠᠨ ᠰᠡᠭᠦᠯ ᠪᠣᠯᠵᠣ ᠴᠢᠳᠠᠬᠤ ᠦᠭᠡᠢ ᠵᠣᠷᠰᠢᠯ ᠲᠠᠢ ᠪᠣᠯᠬᠤᠷ᠂ | ᠬᠠᠷᠢ ᠦᠭᠡᠨ ᠤ ᠷ ᠪᠣᠯᠣᠨ ᠰ ᠲᠡᠪᠰᠭᠡᠷ ᠢᠶᠠᠷ ᠲᠡᠭᠦᠰᠦᠭᠰᠡᠨ ᠦᠭᠡ ᠶᠢ ᠠᠪᠢᠶᠠᠴᠢᠯᠠᠨ ᠲᠡᠮᠳᠡᠭᠯᠡᠬᠦ ᠳᠡᠭᠡᠨ ᠪᠣᠰᠣᠳ | ᠭᠡᠶᠢᠭᠦᠯᠦᠭᠴᠢ ᠪᠠᠷ ᠣᠷᠣᠯᠠᠭᠤᠯᠬᠤ᠂ ᠡᠰᠡᠬᠦᠯ᠎ᠡ ᠬᠠᠰᠣᠵᠣ ᠬᠠᠶᠠᠬᠤ᠂ ᠪᠠᠰᠠ ᠡᠰᠡᠬᠦᠯ᠎ᠡ ᠲᠡᠭᠦᠨ ᠳᠤ ᠡᠭᠡᠰᠢᠭ ᠨᠡᠮᠡᠵᠦ | ᠦᠭᠬᠦ ᠵᠡᠷᠭᠡ ᠣᠯᠠᠨ ᠵᠦᠢᠯ ᠤᠨ ᠠᠷᠭ᠎ᠠ ᠠᠪᠴᠢᠯ ᠢᠶᠠᠷ ᠰᠢᠢᠳᠪᠦᠷᠢᠯᠡᠳᠡᠭ ᠠᠵᠠᠢ᠃ ᠠᠳᠡ ᠲᠠᠷᠣᠢ ᠬᠠᠺᠠᠰ ᠭᠡᠳᠡᠭ | ᠦᠭᠡ ᠶᠢᠨ ᠺᠠᠰ ᠢ揭 kiet ᠤᠨ t ᠪᠠᠷ ᠣᠷᠣᠯᠠᠭᠤᠯᠣᠭᠰᠠᠨ ᠬᠡᠷᠡᠭ ᠶᠣᠮ᠃ ᠢᠩᠬᠢᠭᠡᠳ ᠬᠠᠺᠠᠰ ᠢ ᠬᠠᠺᠠᠲ | ᠪᠣᠶᠣ ᠬᠠᠺᠶᠧᠲ ᠭᠡᠵᠦ ᠠᠪᠢᠶᠠᠴᠢᠯᠠᠨ ᠲᠡᠮᠳᠡᠭᠯᠡᠪᠡ᠃ | 呼 ᠶᠢ hu ᠪᠠᠷ ᠣᠩᠰᠢᠬᠤ ᠲᠣᠬᠢᠶᠠᠯᠳᠣᠯ ᠭᠡᠪᠡᠯ᠂呼延 ᠭᠡᠳᠡᠭ ᠾᠦᠩᠨᠦ — ᠮᠣᠩᠭᠤᠯ | ᠣᠭᠰᠠᠭᠠᠳᠠᠨ ᠤ ᠣᠪᠣᠭ ᠤᠨ ᠨᠡᠷ᠎ᠡ ᠳᠤ hu ᠪᠠᠷ ᠣᠩᠰᠢᠨ᠎ᠠ᠂ ᠲᠠᠷᠣᠢ ᠬᠦᠬᠦᠢ ᠶᠢᠨ ︵huhuiin᠂ ᠣᠯᠠᠨ | ᠲᠣᠭᠠᠨ ᠤ ᠬᠡᠯᠪᠡᠷᠢ ᠨᠢ ᠬᠦᠬᠡᠶᠢᠳ︶ ᠭᠡᠳᠡᠭ ᠦᠭᠡ ᠶᠢ 呼延 ︵hu yan︶ ᠢᠶᠠᠷ ᠢᠯᠡᠳᠭᠡᠵᠦ ᠪᠠᠶᠢᠪᠠ᠃ | ᠬᠦᠬᠡᠶᠢᠳ ᠣᠪᠣᠭᠳᠠᠨ ᠪᠣᠯ ᠾᠦᠩᠨᠦ ᠶᠢᠨ ᠢᠵᠠᠭᠤᠷᠳᠠᠨ ᠣᠪᠣᠭ ᠮᠦᠷᠳᠡᠭᠡᠨ ᠬᠤᠵᠢᠮ ᠰᠦᠢ ᠲᠠᠩ ᠣᠯᠣᠰ | ᠪᠣᠯᠳᠠᠯ᠎ᠠ ᠲᠡᠣᠬᠡᠨ ᠲᠡᠭᠡᠷ᠎ᠡ ᠮᠠᠰᠢ ᠬᠦᠭᠵᠢᠭᠡᠨ ᠲᠠᠢ ᠢᠯᠡᠷᠡᠵᠦ ᠪᠠᠶᠢᠭᠰᠠᠨ ᠰᠣᠷᠪᠣᠯᠵᠢᠳᠣ ᠣᠪᠣᠭ ᠪᠣᠯᠣᠨ᠎ᠠ᠃ | ᠮᠦᠨᠴᠦ ᠣᠳᠣ ᠦᠶ᠎ᠡ ᠶᠢᠨ ᠮᠣᠩᠭᠤᠯ ᠬᠦᠮᠦᠰ ᠲᠣᠲᠣᠷ᠎ᠠ ᠬᠦᠬᠡᠶᠢᠳ ᠣᠪᠣᠭᠳᠠᠨ ᠣᠣᠯ ᠬᠡᠪ ᠢᠶᠠᠷ ᠣᠷᠣᠰᠢᠭᠰᠠᠭᠠᠷ | ᠪᠠᠶᠢᠭ᠎ᠠ ᠣᠪᠣᠭ ᠶᠣᠮ᠃ | 2韩 ᠦᠰᠦᠭ ᠤᠨ ᠲᠡᠭᠡᠳᠦ ᠡᠷᠳᠡᠨ ᠤ ᠠᠪᠢᠶ᠎ᠠ ᠨᠢ ᠦᠨᠡᠬᠡᠷ gan ᠪᠠᠶᠢᠵᠠᠢ᠃ ᠲᠣᠮᠳᠠᠳᠣ ᠭᠠᠳᠠᠭᠠᠳᠣ | ᠶᠢᠨ ᠡᠷᠳᠡᠨ ᠤ ᠬᠢᠳᠠᠳ ᠬᠡᠯᠡᠨ ᠤ ᠠᠪᠢᠶ᠎ᠠ ᠠᠶᠠᠯᠭᠤ ᠶᠢᠨ ᠡᠷᠳᠡᠮᠳᠡᠳ ᠤᠨ ᠰᠠᠨᠠᠯ ᠴᠦ ᠡᠨᠡᠬᠦ ᠲᠠᠯ᠎ᠠ ᠳᠤ ᠲᠣᠩ | ᠢᠵᠢᠯᠬᠡᠨ ᠪᠠᠶᠢᠳᠠᠭ ᠪᠣᠯᠬᠤᠷ ᠨᠠᠷᠢᠪᠴᠢᠯᠠᠨ ᠶᠠᠷᠢᠬᠤ ᠦᠭᠡᠢ ᠲᠠᠯᠪᠢᠶ᠎ᠠ᠃ | 3邪 ᠦᠰᠦᠭ ᠪᠣᠯ ᠣᠯᠠᠨ ᠣᠩᠰᠢᠯᠭ᠎ᠠ ᠲᠠᠢ ᠦᠰᠦᠭ ᠪᠣᠯᠬᠤᠷ ᠵᠢᠭᠠᠬᠠᠨ ᠪᠣᠳᠣᠯᠢᠶᠠᠨ ᠲᠠᠢ ᠪᠣᠯᠵᠠᠢ᠃ | ᠲᠡᠭᠦᠨ ᠤ ᠣᠳᠣ ᠦᠶ᠎ᠡ ᠶᠢᠨ ᠠᠪᠢᠶ᠎ᠠ ᠨᠢ xié᠂ yá᠂ yé᠂ yú᠂ xú ᠵᠡᠷᠭᠡ ᠣᠯᠠᠨ ᠠᠪᠢᠶ᠎ᠠ ᠲᠠᠢ | ᠪᠠᠶᠢᠵᠣ᠂ ᠲᠡᠭᠦᠨ ᠤ ᠡᠷᠳᠡᠨ ᠤ ᠠᠪᠢᠶ᠎ᠠ ᠨᠡᠩ ᠪᠣᠳᠣᠯᠢᠶᠠᠨ ᠲᠠᠢ ᠪᠠᠶᠢᠪᠠ᠂ ᠲᠠᠩ ᠣᠯᠣᠰ ᠤᠨ ᠦᠶ᠎ᠡ ᠶᠢᠨ ᠠᠪᠢᠶ᠎ᠠ | ᠨᠢ zia᠂ ᠺᠣᠷᠢᠶᠠ ᠬᠡᠯᠡᠨ ᠳᠤ SA ᠪᠣᠯᠣᠨ YA ᠪᠠᠶᠢᠵᠣ᠂ ᠸᠢᠶᠧᠲᠨᠠᠮ ᠬᠡᠯᠡᠨ ᠳᠤ tà ᠭᠡᠳᠡᠭ᠃ ᠣᠳᠣ | ᠦᠶ᠎ᠡ ᠶᠢᠨ ᠬᠢᠳᠠᠳ ᠨᠣᠳᠤᠭ ᠤᠨ ᠠᠪᠢᠶᠠᠨ ᠳᠤ ᠮᠦᠨ sia2᠂ ja2᠂ ja1᠂ ra2᠂ ra1᠂ xia2᠂ | ce4᠂ je4 ᠮᠡᠳᠦ ᠶᠢᠨ ᠣᠯᠠᠨ ᠣᠩᠰᠢᠯᠭ᠎ᠠ ᠲᠠᠢ ᠬᠡᠪ ᠢᠶᠠᠷ ᠪᠠᠶᠢᠨ᠎ᠠ᠃ ᠲᠡᠭᠡᠪᠡᠯ呼韩邪 ᠶᠢᠨ邪 ᠶᠢ | ᠶᠠᠭᠠᠬᠢᠵᠣ ᠠᠪᠢᠶᠠᠯᠠᠬᠤ ᠪᠣᠢ ᠭᠡᠪᠡᠯ zia᠂ sia2᠂ SA᠂ ja1᠂ xia2 ᠵᠡᠷᠭᠡ ᠶᠢᠨ ᠠᠯᠢ ᠨᠢᠭᠡ ᠨᠢ ᠪᠦᠷ | ᠲᠣᠬᠢᠷᠠᠮᠵᠢ ᠲᠠᠢ ᠵᠦᠪ ᠰᠣᠩᠭᠤᠯᠳᠠ ᠪᠣᠯᠣᠨ᠎ᠠ᠃ ᠡᠶᠢᠮᠦ ᠠᠴᠠ ᠣᠳᠣ ᠦᠶ᠎ᠡ ᠶᠢᠨ ᠬᠢᠳᠠᠳ ᠬᠡᠯᠡᠨ ᠳᠤ ᠶᠧ ᠭᠡᠵᠦ | ᠣᠩᠰᠢᠬᠤ ᠨᠢ ᠲᠠᠷᠣᠢ 呼韩邪 ᠭᠡᠵᠦ ᠪᠢᠴᠢᠭᠡᠳ ha gans ea ᠭᠡᠵᠦ ᠣᠩᠰᠢᠪᠠᠯ ᠵᠦᠪ ᠪᠠᠶᠢᠵᠠᠢ᠂ | ᠭᠡᠪᠡᠴᠦ ᠲᠤᠬᠠᠢ ᠶᠢᠨ ᠦᠶ᠎ᠡ ᠳᠤ ᠬᠢᠳᠠᠳ ᠬᠡᠯᠡᠨ ᠤ ᠠᠪᠢᠶ᠎ᠠ ᠠᠶᠠᠯᠭᠤ ᠳᠤ ᠰ ᠲᠡᠪᠢᠰᠭᠡᠷ ᠦᠰᠦᠭ ᠪᠠᠶᠢᠬᠤ ᠦᠭᠡᠢ | ᠪᠣᠯᠬᠤᠷ᠂ ᠬᠠᠷᠢ ᠬᠡᠯᠡᠨ ᠤ ᠦᠭᠡ ᠶᠢ ᠲᠡᠮᠳᠡᠭᠯᠡᠭᠦ ᠲᠡᠭᠡᠨ᠂ ᠬᠢᠳᠠᠳ ᠬᠡᠯᠡᠨ ᠤ ᠲᠠᠳᠬᠠᠯ ᠢᠶᠠᠷ ᠢᠶᠠᠨ ᠰ ᠶᠢ | ᠲᠣᠪᠴᠢᠯᠠᠨ ᠬᠠᠰᠣᠬᠤ᠂ ᠲᠡᠭᠦᠨ ᠤ ᠬᠤᠶᠢᠨ᠎ᠠ ᠡᠭᠡᠰᠢᠭ ᠨᠡᠮᠡᠵᠦ ᠣᠩᠰᠢᠬᠤ ᠡᠰᠡᠬᠦᠯ᠎ᠡ ᠪᠣᠰᠣᠳ ᠢᠶᠠᠷ ᠣᠷᠣᠯᠠᠭᠤᠯᠬᠤ | ᠵᠡᠷᠭᠡ ᠣᠯᠠᠨ ᠠᠷᠭ᠎ᠠ ᠪᠠᠷ ᠰᠢᠢᠳᠪᠦᠷᠢᠯᠡᠳᠡᠭ ᠠᠵᠠᠢ᠃ ᠠᠳᠡ ᠲᠠᠷᠣᠢ ᠰ ᠲᠡᠪᠢᠰᠭᠡᠷ ᠲᠤ ᠡᠭᠡᠰᠢᠭ ᠨᠡᠮᠡᠵᠦ | ᠣᠩᠰᠢᠭᠰᠠᠨ ᠪᠣᠶᠣ ᠡᠰᠡᠬᠦᠯ᠎ᠡ ᠲᠡᠭᠦᠨ ᠢ ᠬᠠᠰᠣᠵᠣ᠂ ᠬᠤᠶᠢᠨᠠᠬᠢ ᠡᠭᠡᠰᠢᠭ ᠢ ᠨᠢ ᠣᠷᠳᠣᠳᠬᠠᠯ ᠠᠶᠠᠯᠭᠤ ᠲᠠᠢ | ᠣᠩᠰᠢᠭᠰᠠᠨ ᠬᠡᠷᠡᠭ ᠪᠣᠯᠬᠤ ᠶᠣᠮ᠃ ᠲᠡᠭᠡᠭᠡᠳ ᠣᠳᠣ ᠦᠶ᠎ᠡ ᠪᠣᠯᠬᠤ ᠳᠤ ᠲᠡᠭᠦᠨ ᠢᠶᠠᠨ hū hán yé | ᠭᠡᠵᠦ ᠣᠩᠰᠢᠳᠠᠭ ᠪᠣᠯᠵᠠᠢ᠃ ᠡᠨᠡᠬᠦ ha gans ea ᠪᠣᠯ ᠲᠡᠭᠦᠨ ᠤ ᠦᠭᠡ ᠶᠢᠨ ᠢᠵᠠᠭᠤᠷ ᠪᠣᠯᠬᠤ ha gan | ᠤ ᠲᠣᠣᠷ᠎ᠠ s ᠲᠡᠪᠢᠰᠭᠡᠷ ᠵᠠᠯᠭᠠᠨ ha gans ᠭᠡᠳᠡᠭ ᠬᠦᠨᠳᠦᠳᠭᠡᠯ ᠦᠭᠡ ᠪᠣᠯᠭᠠᠵᠣ᠂ ᠠᠮᠠᠨ ᠶᠠᠷᠢᠶᠠᠨ ᠳᠤ | ᠦᠭᠡ ᠶᠢᠨ ᠬᠦᠨᠳᠦᠴᠡ ᠪᠠᠨ ᠨᠡᠩ ᠲᠣᠪᠣᠶᠢᠯᠭᠠᠬᠤ ᠶᠢᠨ ᠳᠣᠰᠠᠳᠠ ᠲᠣᠣᠷ᠎ᠠ ᠨᠢ ᠣᠷᠳᠣ ᠡᠭᠡᠰᠢᠭ ea ᠨᠡᠮᠡᠭᠡᠳ | ha gan sea ᠪᠣᠯᠣᠭᠰᠠᠨ ᠬᠡᠷᠡᠭ ᠶᠣᠮ᠃ ᠬᠡᠯᠡᠯᠭᠡᠨ ᠦᠭᠡᠢ᠂ ᠢᠩᠬᠢᠵᠦ ᠠᠪᠢᠶᠠᠯᠠᠬᠤ ᠨᠢ ᠮᠣᠩᠭᠤᠯ ᠬᠡᠯᠡᠨ ᠤ | ᠠᠪᠢᠶᠠᠨ ᠳᠤ ᠲᠣᠬᠢᠷᠠᠬᠤ ᠬᠡᠯᠪᠡᠷᠢ ᠪᠣᠯᠣᠨ᠎ᠠ᠃ | ᠲᠠᠪᠤ 可汗 ᠭᠡᠳᠡᠭ ᠦᠭᠡᠨ ᠤ ᠲᠡᠣᠬᠡᠨ ᠳᠤ ᠢᠯᠡᠷᠡᠭᠰᠡᠨ ᠴᠠᠭ ᠬᠤᠭᠤᠴᠠᠭ᠎ᠠ ᠶᠢ ᠰᠢᠨᠵᠢᠬᠦ ᠨᠢ᠄ 可汗 | ᠭᠡᠵᠦ ᠲᠡᠣᠬᠡᠨ ᠳᠤ ᠳᠣᠳᠣᠷᠬᠠᠢ ᠲᠡᠮᠳᠡᠭᠯᠡᠭᠰᠡᠨ ᠲᠡᠮᠳᠡᠭᠯᠡᠯ ᠢ ᠵᠣᠬᠢᠶᠠᠭᠴᠢ ᠠᠴᠠ ᠰᠢᠶᠠᠨᠪᠸᠢ ᠲᠣᠪᠠ ᠣᠭᠰᠠᠭᠠᠨ ᠤ | ᠪᠠᠶᠢᠭᠤᠯᠣᠭᠰᠠᠨ ᠣᠯᠣᠰ ᠤᠨ ᠪᠢᠴᠢᠭ ︽ᠸᠧᠢ ᠣᠯᠣᠰ ᠤᠨ ᠪᠢᠴᠢᠭ︾ ᠠᠴᠠ ᠣᠯᠵᠣ ᠬᠠᠷᠠᠵᠠᠢ᠃ ᠪᠣᠳᠠᠳᠠᠶᠢᠴᠢᠯᠠᠨ | ᠶᠠᠷᠢᠪᠠᠯ᠂ ᠲᠣᠰ ᠪᠢᠴᠢᠭ ᠤᠨ ᠱᠠᠰᠳᠢᠷ ᠶᠢᠷᠡᠨ ᠶᠢᠰᠦᠳᠦᠭᠡᠷ ᠲᠤ ᠲᠡᠮᠳᠡᠭᠯᠭᠰᠡᠨ ᠨᠢ᠄ ︽社崘 ᠁自号 | 丘豆伐可汗。“丘豆伐”犹魏言驾驭开张也,“可汗 | ”犹魏言皇帝也。︾ ᠭᠡᠵᠡᠢ᠃ ᠮᠣᠩᠭᠤᠯᠴᠢᠯᠠᠪᠠᠯ᠄ ︽社崘 ︵ᠲᠣᠰ ᠨᠡᠷ᠎ᠡ ᠦᠭᠡ ᠶᠢ | ᠲᠣᠯᠣᠨ ᠭᠡᠵᠦ ᠣᠩᠰᠢᠨ᠎ᠠ᠂ ᠬᠤᠶᠢᠨᠠᠬᠢ ᠲᠠᠶᠢᠯᠪᠣᠷᠢ ᠳᠤ ᠦᠵᠡᠭᠡᠷᠡᠢ︶ ᠁ ᠦᠪᠡᠷ ᠢ ᠪᠠᠨ丘豆伐可汗 | ᠬᠡᠮᠡᠨ ᠡᠷᠭᠦᠮᠵᠢᠯᠡᠪᠡ᠃丘豆伐 ᠭᠡᠳᠡᠭ ᠨᠢ ᠸᠧᠢ ᠣᠯᠣᠰ ᠤᠨ ᠬᠡᠯᠡ ᠪᠠᠷ ᠡᠬᠢᠯᠡᠯᠳᠡ ᠬᠡᠮᠡᠭᠴᠢ ᠣᠳᠬ᠎ᠠ | ᠲᠠᠢ ᠦᠭᠡ ᠪᠣᠯᠠᠢ᠂可汗 ᠬᠡᠮᠡᠭᠴᠢ ᠨᠢ ᠸᠧᠢ ᠣᠯᠣᠰ ᠤᠨ ᠬᠡᠯᠡ ᠪᠠᠷ ᠬᠤᠸᠠᠩ ᠳ᠋ᠢ ᠬᠡᠮᠡᠭᠴᠢ ᠣᠳᠬ᠎ᠠ ᠲᠠᠢ | ᠦᠭᠡ ᠪᠣᠯᠠᠢ ᠭᠡᠵᠡᠢ᠃ ᠠᠳᠡ ᠬᠡᠯᠡᠵᠦ ᠪᠠᠶᠢᠭ᠎ᠠ ᠸᠧᠢ ᠣᠯᠣᠰ ᠤᠨ ᠬᠡᠯᠡ ᠭᠡᠳᠡᠭ ᠨᠢ ᠰᠢᠶᠠᠨᠪᠸᠢ ᠲᠣᠪᠠ ᠣᠪᠣᠭᠳᠠᠨ | ᠤ ᠪᠠᠶᠢᠭᠤᠯᠣᠭᠰᠠᠨ ᠣᠮᠠᠷᠠᠳᠣ ᠸᠧᠢ ᠣᠯᠣᠰ ᠤᠨ ᠣᠯᠣᠰ ᠤᠨ ᠬᠡᠯᠡ ᠪᠣᠯᠣᠭᠠᠳ ᠪᠠᠶᠢᠭᠰᠠᠨ ᠬᠢᠳᠠᠳ ᠬᠡᠯᠡ ᠶᠢ | ᠵᠢᠭᠠᠵᠣ ᠪᠠᠶᠢᠨ᠎ᠠ᠃丘豆伐 ᠭᠡᠳᠡᠭ ᠦᠭᠡ ᠪᠣᠯ ᠣᠳᠣᠬᠢ ᠮᠣᠩᠭᠤᠯ ᠬᠡᠯᠡᠨ ᠳᠤ ᠬᠤᠳᠤᠭ ᠭᠡᠳᠡᠭ ᠦᠭᠡᠨ ᠤ | ᠡᠷᠳᠡᠨ ᠤ ᠬᠡᠯᠪᠡᠷᠢ ᠬᠤᠲᠣᠬᠤ ᠪᠣᠶᠣ ᠬᠤᠲᠤᠬ᠎ᠠ ᠪᠣᠯᠣᠨ᠎ᠠ᠃ ᠬᠤᠳᠤᠭ ᠭᠡᠳᠡᠭ ᠨᠢ ᠲᠡᠭᠷᠢ ᠠᠴᠠ ᠡᠰᠢ ᠲᠠᠢ ᠭᠡᠬᠦ | ᠪᠣᠶᠣ ᠲᠡᠭᠷᠢ ᠠᠴᠠ ᠵᠠᠶᠠᠭ᠎ᠠ ᠲᠠᠢ ᠭᠡᠳᠡᠭ ᠦᠭᠡ ᠶᠣᠮ᠃ ᠡᠶᠢᠮᠦ ᠠᠴᠠ ᠠᠳᠡ ᠲᠣᠯᠣᠨ ᠦᠪᠡᠷ ᠤᠨ ᠬᠠᠭᠠᠨ ᠴᠣᠯᠠ | ᠪᠠᠨ ᠲᠡᠭᠷᠢ ᠠᠴᠠ ᠬᠤᠲᠣᠭᠳᠣ ᠬᠠᠭᠠᠨ ᠭᠡᠵᠦ ᠡᠷᠭᠦᠮᠵᠢᠯᠡᠭᠰᠡᠨ ᠦᠭᠡ ᠪᠣᠯᠣᠨ᠎ᠠ᠃ ᠪᠢᠳᠠ ᠠᠩᠬᠠᠷᠬᠤ ᠨᠢ ᠲᠡᠭᠡᠷᠡᠬᠢ | ᠠᠭᠤᠯᠭ᠎ᠠ ᠪᠣᠯ ᠨᠡᠶᠢᠳᠡ ᠶᠢᠨ ᠣᠨ ᠲᠣᠭᠠᠯᠠᠯ ᠤᠨ ᠨᠢᠭᠡᠳᠦᠭᠡᠷ ᠵᠠᠭᠤᠨ ᠤ ᠲᠣᠮᠳᠠ ᠦᠶ᠎ᠡ ᠠᠴᠠ ᠨᠢᠭᠡᠨᠳᠡ | ᠬᠦᠴᠦᠷᠭᠡᠭᠵᠢᠨ ᠮᠠᠨᠳᠣᠵᠣ ᠡᠬᠢᠯᠡᠭᠰᠡᠨ ᠰᠢᠶᠠᠨᠪᠸᠢ ᠬᠦᠮᠦᠨ ᠤ ᠲᠣᠪᠠ ᠣᠪᠣᠭᠳᠠᠨ ᠠᠴᠠ ᠲᠦᠷᠪᠡ ᠲᠠᠪᠣᠳᠣᠭᠠᠷ | ᠵᠠᠭᠤᠨ ᠳᠤ ᠰᠠᠶ᠋ᠢ ᠬᠦᠴᠦᠷᠭᠡᠭᠵᠢᠨ ᠡᠬᠢᠯᠡᠭᠰᠡᠨ ᠰᠢᠶᠠᠨᠪᠸᠢ ᠬᠦᠮᠦᠨ ᠤ ᠷᠸᠣᠷᠠᠨ ᠣᠭᠰᠠᠭᠠᠳᠠᠨ ᠢ ᠦᠭᠦᠯᠡᠬᠦ ᠲᠡᠭᠡᠨ | ᠬᠡᠯᠡᠭᠰᠡᠨ ᠲᠡᠣᠬᠡᠨ ᠲᠡᠮᠳᠡᠭᠯᠡᠯ ᠪᠣᠯᠣᠨ᠎ᠠ᠃ ︽ᠸᠧᠢ ᠣᠯᠣᠰ ᠤᠨ ᠪᠢᠴᠢᠭ︾ ᠤᠨ ᠲᠡᠮᠳᠡᠭᠯᠡᠯ ᠢ ᠦᠨᠳᠦᠰᠦᠯᠡᠪᠡᠯ᠂ | ᠷᠸᠣᠷᠠᠨ ᠬᠦᠮᠦᠰ ᠠᠴᠠ ᠡᠷᠳᠡ ᠬᠤᠶᠠᠷ ᠭᠤᠷᠪᠠᠨ ᠵᠠᠭᠤᠨ ᠵᠢᠯ ᠳᠤ ᠨᠢᠭᠡᠨᠳᠡ ᠮᠠᠨᠳᠣᠨ ᠬᠦᠴᠦᠷᠭᠡᠭᠵᠢᠭᠰᠡᠨ | ᠲᠣᠪᠠᠴᠣᠳ᠂ ᠲᠡᠣᠬᠡᠨ ᠳᠤ可汗ᠴᠣᠯᠠ ᠶᠢ ᠬᠡᠷᠡᠭᠯᠡᠭᠰᠡᠨ ᠦᠭᠡᠢ ᠮᠡᠳᠦ ᠪᠠᠶᠢᠨ᠎ᠠ᠃ ᠡᠰᠡᠬᠦᠯ᠎ᠡ ᠮᠢᠨᠦ ᠨᠦᠬᠦᠴᠡᠯ | ᠮᠡᠳᠡᠯᠭᠡ ᠮᠡᠭᠦᠰ ᠤᠨ ᠰᠢᠯᠳᠠᠭᠠᠨ ᠠᠴᠠ ᠪᠣᠯᠵᠣ ᠡᠷᠢᠵᠦ ᠣᠯᠣᠭᠰᠠᠨ ᠦᠭᠡᠢ ᠪᠠᠶᠢᠵᠣ ᠮᠡᠳᠡᠨ᠎ᠡ᠃ ᠭᠡᠶ᠎ᠡ ᠠᠷᠪᠠᠨ | ᠨᠢᠭᠡᠳᠦᠭᠡᠷ ᠵᠠᠭᠤᠨ ᠪᠣᠯᠣᠭᠠᠳ᠂ ᠰᠧ ᠮᠠ ᠭᠤᠸᠠᠩ ᠤᠨ ᠨᠠᠶᠢᠷᠠᠭᠤᠯᠣᠨ ᠵᠣᠬᠢᠶᠠᠭᠰᠠᠨ ︽ᠵᠠᠰᠠᠭ ᠲᠤᠷ ᠲᠣᠰᠠᠯᠠᠬᠤ | ᠨᠡᠪᠳᠡᠷᠬᠡᠢ ᠪᠢᠴᠢᠭ︾ ᠲᠤ ᠬᠠᠷᠢᠨ ᠲᠣᠪᠠᠴᠣᠳ ᠤᠨ可汗 ᠭᠡᠳᠡᠭ ᠴᠣᠯᠠ ᠦᠭᠡ ᠢᠯᠡᠷᠡᠵᠡᠢ᠃ ᠲᠡᠭᠡᠭᠡᠳ | ᠲᠣᠰ ᠨᠣᠮ ᠡᠨᠡᠬᠦ ᠨᠡᠷ᠎ᠡ ᠦᠭᠡ ᠶᠢᠨ ᠢᠷᠡᠯᠳᠡ ᠶᠢ ᠲᠣᠲᠣᠷᠬᠠᠶᠢᠯᠠᠭᠰᠠᠨ ᠦᠭᠡᠢ ᠪᠣᠯᠬᠤᠷ᠂ ᠲᠡᠭᠦᠨ ᠤ ᠢᠳᠡᠭᠡᠮᠵᠢᠳᠦ | ᠴᠢᠨᠠᠷ ᠢ ᠣᠯᠠᠮ ᠨᠢᠭᠡᠨ ᠠᠯᠬᠤᠮ ᠮᠠᠭᠠᠳᠯᠠᠨ ᠰᠢᠨᠵᠢᠬᠦ ᠴᠢᠬᠤᠯᠠ ᠲᠠᠢ ᠪᠣᠯᠪᠠ᠃ ︽ᠵᠠᠰᠠᠭ ᠲᠤᠷ ᠲᠣᠰᠠᠯᠠᠬᠤ | ᠨᠡᠪᠳᠡᠷᠬᠡᠢ ᠪᠢᠴᠢᠭ︾ ᠲᠤ ᠲᠡᠮᠳᠡᠭᠯᠡᠭᠰᠡᠨ ᠣᠣᠯ ᠦᠭᠡ ᠨᠢ᠄ ︽ᠵᠢᠩ ᠶᠣᠸᠠᠨ ᠤ ᠬᠤᠶᠠᠳᠣᠭᠠᠷ ᠣᠨ᠂ ᠴᠠᠭᠠᠭᠴᠢᠨ | ᠮᠣᠭᠠᠢ ᠵᠢᠯ ︵ᠲᠠᠷᠣᠢ ᠨᠡᠶᠢᠳᠡ ᠶᠢᠨ ᠣᠨ ᠲᠣᠭᠠᠯᠠᠯ ᠤᠨ 261 ᠣᠨ︶ ᠳᠤ ᠰᠢᠶᠠᠨᠪᠸᠢ ᠶᠢᠨ ᠭᠡᠵᠢᠭᠡᠳᠦ ᠶᠢᠨ | ᠠᠶᠢᠮᠠᠭ ᠤᠨ ᠠᠬᠠᠯᠠᠭᠴᠢ ᠲᠣᠪᠠ ᠯᠢ ᠸᠧᠢ ︵力微︶ ᠠᠩᠬ᠎ᠠ ᠡᠬᠢᠯᠡᠨ ᠬᠦᠪᠡᠭᠦᠨ沙漠汗 ᠢᠶᠠᠨ | ᠢᠷᠡᠭᠦᠯᠵᠦ᠂ ᠠᠯᠪᠠ ᠪᠠᠷᠢᠭᠰᠠᠨ᠎ᠠ᠂ ᠲᠡᠭᠦᠨ ᠢ ᠦᠯᠡᠳᠡᠭᠡᠨ ᠲᠡᠨᠵᠢ ᠪᠣᠯᠭᠠᠪᠠᠢ᠃ ᠯᠢ ᠸᠧᠢ ᠶᠢᠨ ᠲᠡᠭᠡᠳᠦᠰ ᠪᠣᠯᠪᠠᠰᠣ | ᠦᠶ᠎ᠡ ᠣᠯᠠᠷᠢᠨ ᠣᠮᠠᠷᠠᠳᠣ ᠬᠡᠭᠡᠷ᠎ᠡ ᠨᠣᠳᠣᠭᠯᠠᠨ ᠰᠠᠭᠤᠵᠣ᠂ ᠡᠮᠦᠨᠡᠳᠦ ᠰᠢᠶᠠ ᠨᠡᠷ ︵ᠬᠢᠳᠠᠳᠴᠣᠳ︶ ᠯᠤᠭ᠎ᠠ | ᠨᠢᠭᠡᠴᠦ ᠶᠠᠪᠣᠯᠴᠠᠳᠠᠭ ᠦᠭᠡᠢ ᠪᠠᠶᠢᠯᠤᠭ᠎ᠠ᠃ ᠲᠡᠳᠡ ᠺᠠᠭᠠᠨ ︵可汗毛︶ ᠮᠠᠣ ᠶᠢᠨ ᠦᠶ᠎ᠡ ᠠᠴᠠ ᠡᠬᠢᠯᠡᠨ | ᠬᠦᠴᠦᠷᠭᠡᠭᠵᠢᠵᠦ᠂ ᠭᠤᠴᠢᠨ ᠵᠢᠷᠭᠤᠭᠠᠨ ᠣᠯᠣᠰ ᠢ ᠨᠢᠭᠡᠳᠭᠡᠨ᠂ ᠶᠢᠷᠡ ᠶᠢᠰᠦᠨ ᠶᠡᠭᠡ ᠣᠪᠣᠭᠳᠠᠨ ᠲᠠᠢ ᠪᠣᠯᠵᠣᠬᠤᠢ | ᠃ ᠬᠤᠵᠢᠮ ᠲᠠᠪᠣᠨ ᠦᠶ᠎ᠡ ᠦᠩᠭᠡᠷᠡᠭᠡᠳ可汗推寅 ᠤ ᠦᠶ᠎ᠡ ᠳᠤ ᠢᠷᠡᠭᠡᠳ᠂ ᠡᠮᠦᠨᠡᠰᠢ ᠶᠡᠭᠡ ᠨᠠᠭᠤᠷ | ᠲᠤ ᠨᠡᠭᠦᠳᠡᠯᠯᠡᠵᠦᠬᠦᠢ᠃ ᠪᠠᠰᠠ ᠲᠣᠯᠣᠭᠠᠨ ᠦᠶ᠎ᠡ ᠦᠩᠭᠡᠷᠡᠨ᠂可汗邻 ᠤ ᠦᠶ᠎ᠡ ᠳᠤ ᠢᠷᠡᠭᠡᠳ᠂ ᠲᠡᠭᠦᠨ | ᠤ ᠠᠬ᠎ᠠ ᠲᠡᠭᠦᠥ ᠲᠣᠯᠣᠭᠠᠯᠠ ᠵᠢᠴᠢ ᠲᠦᠷᠦᠯ ᠤᠨ乙旃氏 ︵ᠢᠵᠡᠭᠡᠳ︖︶᠂车惃氏 ︵ᠴᠠᠬᠤᠨ | ︶ ᠣᠪᠣᠭᠳᠠᠨ ᠨᠠᠷ ᠠᠶᠢᠮᠠᠭ ᠣᠯᠠᠨ ᠢᠶᠠᠨ ᠬᠤᠪᠢᠶᠠᠯᠴᠠᠨ᠂ ᠬᠠᠭᠠᠨ ᠲᠦᠷᠦᠯ ᠤᠨ ᠠᠷᠪᠠᠨ ᠶᠡᠭᠡ ᠣᠭᠰᠠᠭᠠᠳᠠᠨ ᠬᠡᠮᠡᠨ | ᠠᠯᠳᠠᠷᠰᠢᠵᠣᠬᠤᠢ︾ ᠭᠡᠵᠡᠢ᠃ ᠵᠢᠩ ᠶᠣᠸᠠᠨ ᠤ ᠬᠤᠶᠠᠳᠣᠭᠠᠷ ᠣᠨ ᠪᠣᠯ ᠭᠤᠷᠪᠠᠨ ᠣᠯᠣᠰ ᠤᠨ ᠦᠶ᠎ᠡ ᠶᠢᠨ ᠼᠣᠣ | ᠣᠪᠣᠭᠳᠣ ᠶᠢᠨ ᠪᠠᠶᠢᠭᠤᠯᠣᠭᠰᠠᠨ ᠸᠧᠢ ᠣᠯᠣᠰ ᠤᠨ ᠶᠣᠸᠠᠨ ᠳ᠋ᠢ ᠬᠠᠭᠠᠨ ᠼᠣᠣ ᠬᠤᠸᠠᠨ ᠤ ᠣᠨ ᠤ ᠴᠣᠯᠠ ᠮᠦᠨ᠂ | ᠲᠣᠰ ᠵᠢᠯ ᠪᠣᠯ ᠨᠡᠶᠢᠳᠡ ᠶᠢᠨ ᠣᠨ ᠲᠣᠭᠠᠯᠠᠯ ᠤᠨ 261 ᠣᠨ ᠪᠣᠯᠣᠨ᠎ᠠ᠃ ᠲᠣᠰ ᠣᠨ ᠳᠤ ᠰᠢᠶᠠᠨᠪᠸᠢ ᠲᠣᠪᠠ | ᠶᠢᠨ 沙漠汗 ᠠᠩᠬ᠎ᠠ ᠣᠳᠠᠭ᠎ᠠ ᠼᠣᠣ ᠣᠪᠣᠭᠳᠣ ᠶᠢᠨ ᠸᠧᠢ ᠣᠯᠣᠰ ᠲᠤ ᠡᠯᠴᠢᠯᠡᠨ ᠬᠦᠷᠦᠭᠰᠡᠨ ᠪᠠᠶᠢᠵᠠᠢ᠃ | ᠲᠡᠭᠡᠷᠡᠬᠢ ᠲᠡᠮᠳᠡᠭᠯᠡᠯ ᠠᠴᠠ ᠬᠠᠷᠠᠬᠤᠯ᠎ᠠ ᠲᠣᠪᠠᠴᠣᠳ ᠦᠶ᠎ᠡ ᠣᠯᠠᠷᠢᠨ可汗 ᠴᠣᠯᠠ ᠶᠢ ᠬᠡᠷᠡᠭᠯᠡᠵᠦ ᠪᠠᠶᠢᠭᠰᠠᠨ | ᠮᠡᠳᠦ ᠪᠠᠶᠢᠨ᠎ᠠ᠃ ᠲᠡᠭᠡᠭᠡᠳ ︽ᠸᠧᠢ ᠣᠯᠣᠰ ᠤᠨ ᠪᠢᠴᠢᠭ︾ ᠢ ᠦᠨᠳᠦᠰᠦᠯᠡᠪᠡᠯ可汗毛 ᠠᠴᠠ沙漠汗 | ᠤ ᠪᠡᠶ᠎ᠡ ᠳᠤ ᠢᠷᠡᠳᠡᠯ᠎ᠡ᠂ ᠨᠢᠭᠡᠨᠳᠡ ᠠᠷᠪᠠᠨ ᠭᠤᠷᠪᠠᠨ ᠦᠶ᠎ᠡ ᠦᠩᠭᠡᠷᠡᠵᠡᠢ᠃ ᠡᠭᠦᠨ ᠢᠶᠠᠷ ᠲᠦᠯᠬᠢᠵᠦ ᠪᠣᠳᠣᠪᠠᠯ᠂ | ᠲᠡᠳᠡ ᠨᠡᠶᠢᠳᠡ ᠶᠢᠨ ᠣᠨ ᠲᠣᠭᠠᠯᠠᠯ ᠤᠨ 261 ᠣᠨ ᠪᠣᠯᠬᠤ ᠦᠶ᠎ᠡ ᠳᠤ ᠺᠠᠭᠠᠨ ᠴᠣᠯᠠ ᠶᠢ ᠬᠡᠷᠡᠭᠯᠡᠭᠳ ᠨᠠᠭᠠᠳᠣ | ᠵᠠᠬ᠎ᠠ ᠨᠢ ᠨᠢᠭᠡᠨᠳᠡ ᠬᠤᠶᠠᠷ ᠵᠠᠭᠤ ᠲᠠᠪᠢ ᠭᠠᠷᠣᠢ ᠵᠢᠯ ᠪᠣᠯᠵᠣ ᠪᠠᠶᠢᠭ᠎ᠠ ᠲᠦᠯᠦᠪᠳᠡᠢ ᠠᠵᠠᠢ᠃ ᠲᠡᠭᠡᠷᠡᠬᠢ ᠲᠡᠮᠳᠡᠭᠯᠡᠯ | ᠬᠡᠷᠪᠡ ᠦᠨᠡᠬᠡᠷ ᠣᠨᠣᠪᠴᠢ ᠲᠠᠢ ᠪᠣᠯ ᠡᠨᠡᠬᠦ ᠺᠠᠭᠠᠨ ᠨᠡᠷ᠎ᠡ ᠦᠭᠡ ᠾᠦᠩᠨᠦᠴᠦᠳ ᠤᠨ呼韩邪 ᠨᠡᠷ᠎ᠡ ᠴᠣᠯᠠ | ᠠᠴᠠ ᠰᠢᠭᠤᠳ ᠣᠯᠠᠮᠵᠢᠯᠠᠨ ᠢᠷᠡᠭᠰᠡᠨ ᠪᠣᠯᠣᠯᠴᠠᠭ᠎ᠠ ᠶᠡᠭᠡ ᠪᠠᠶᠢᠭ᠎ᠠ ᠶᠣᠮ᠃ ᠲᠣᠪᠠᠴᠣᠳ ᠤᠨ ᠬᠤᠶᠢᠨ᠎ᠠ ᠠᠴᠠ | ᠮᠠᠨᠳᠣᠨ ᠭᠠᠷᠣᠭᠰᠠᠨ ᠷᠸᠣᠷᠠᠨ ᠬᠦᠮᠦᠰ kagan ᠴᠣᠯᠠ ᠶᠢ ᠮᠠᠰᠢ ᠦᠷᠭᠡᠨ ᠢᠶᠠᠷ ᠬᠡᠷᠡᠭᠯᠡᠵᠡᠢ᠃ ᠬᠡᠯᠡᠯᠭᠡᠨ ᠦᠭᠡᠢ | ᠰᠢᠶᠠᠨᠪᠸᠢᠴᠣᠳ ᠤᠨ ᠬᠤᠶᠢᠨ᠎ᠠ ᠮᠣᠩᠭᠤᠯᠴᠣᠳ ᠠᠴᠠ ᠡᠮᠦᠨ᠎ᠡ ᠮᠠᠨᠳᠣᠨ ᠭᠠᠷᠣᠭᠰᠠᠨ ᠵᠠᠷᠢᠮ ᠲᠦᠷᠺ ᠣᠭᠰᠠᠭᠠᠳᠠᠨ᠂ | ᠵᠢᠱᠢᠶᠡᠯᠡᠪᠡᠯ ᠣᠶᠢᠭᠤᠷ ᠮᠡᠳᠦ ᠬᠦᠮᠦᠰ ᠴᠦ ᠡᠨᠡᠬᠦ kagan ᠴᠣᠯᠠ ᠶᠢ ᠢᠳᠡᠪᠬᠢᠳᠡᠢ ᠬᠡᠷᠡᠭᠯᠡᠵᠦ ᠪᠠᠶᠢᠪᠠ᠃ | ᠮᠣᠩᠭᠤᠯᠴᠣᠳ ᠤᠨ ᠵᠠᠭᠤᠨ ᠳᠤ ᠢᠷᠡᠭᠡᠳ hahan ᠭᠡᠵᠦ ᠴᠣᠯᠠᠳᠠᠨ ᠨᠡᠩ ᠲᠦᠭᠡᠮᠡᠯ ᠬᠡᠷᠡᠭᠯᠡᠭᠰᠡᠨ ᠮᠦᠷᠳᠡᠭᠡᠨ᠂ | ᠡᠨᠡᠬᠦ ᠨᠡᠷ᠎ᠡ ᠦᠭᠡ ᠮᠣᠩᠭᠤᠯ ᠦᠨᠳᠦᠰᠦᠳᠡᠨ ᠢ ᠲᠠᠮᠵᠢᠨ᠂ ᠪᠠᠷᠠᠭᠤᠨ ᠠᠽᠢ᠂ ᠲᠣᠮᠳᠠᠳᠣ ᠠᠽᠢ᠂ ᠡᠮᠦᠨᠡᠳᠦ ᠠᠽᠢ | ᠶᠢᠨ ᠣᠯᠠᠨ ᠦᠨᠳᠦᠰᠦᠳᠡᠨ ᠣᠭᠰᠠᠭᠠᠳᠠᠨ ᠬᠦᠷᠳᠡᠯ᠎ᠡ ᠦᠷᠭᠡᠨ ᠢᠶᠠᠷ ᠲᠠᠷᠬᠠᠵᠠᠢ᠃ ᠶᠠᠪᠣᠭᠠᠨ ᠲᠠᠭᠠᠨ hahan ᠨᠢ | ᠠᠮᠠᠨ ᠶᠠᠷᠢᠶᠠᠨ ᠳᠤ haan ᠪᠣᠯᠵᠣ ᠲᠣᠭᠳᠠᠪᠣᠷᠢᠵᠢᠭᠰᠠᠨ ᠪᠠᠶᠢᠨ᠎ᠠ᠃ ᠭᠡᠪᠡᠴᠦ ᠭᠠᠶᠢᠬᠠᠮᠰᠢᠭ ᠲᠠᠢ ᠨᠢ ᠪᠣᠰᠤᠭ᠎ᠠ | ᠮᠣᠩᠭᠤᠯ ᠪᠢᠴᠢᠭ ᠲᠤ ᠮᠦᠨ ᠣᠣᠯ ᠤᠨ ᠾᠦᠩᠨᠦ ᠬᠡᠯᠡᠨ ᠤ ᠬᠠᠭᠠᠨ ︵hagan︶ ᠬᠡᠯᠪᠡᠷᠢ ᠪᠠᠷ ᠲᠡᠮᠳᠡᠭᠯᠡᠭᠳᠡᠨ | ᠡᠳᠦᠬᠡ ᠦᠶ᠎ᠡ ᠳᠤ ᠢᠷᠡᠵᠡᠢ᠃ ᠬᠠᠭᠠᠨ ᠭᠡᠳᠡᠭ ᠦᠭᠡᠨ ᠤ ᠡᠳᠡᠭᠡᠷ ᠬᠤᠪᠢᠷᠠᠯ ᠬᠦᠭᠵᠢᠯᠳᠡ ᠶᠢᠨ ᠶᠠᠪᠣᠴᠠ ᠠᠴᠠ | ᠬᠠᠷᠠᠪᠠᠯ᠂ ᠢᠵᠢᠯ ᠰᠣᠶᠣᠯ ᠤᠨ ᠲᠣᠲᠣᠭᠠᠳᠣ ᠮᠦᠨ ᠴᠢᠨᠠᠷ ᠤᠨ ᠰᠢᠭᠤᠳ ᠣᠯᠠᠮᠵᠢᠯᠠᠯ ᠤᠨ ᠨᠢᠭᠡᠨ ᠭᠡᠷᠡᠴᠢ ᠭᠡᠵᠦ | ᠦᠵᠡᠬᠦ ᠳᠤ ᠪᠣᠷᠣᠭᠤ ᠦᠭᠡᠢ ᠮᠡᠳᠦ ᠪᠠᠶᠢᠨ᠎ᠠ᠃ | ᠵᠢᠷᠭᠤᠭ᠎ᠠ ᠾᠦᠩᠨᠦ ᠶᠢᠨ ᠴᠠᠨ ᠢᠥᠢ ᠨᠡᠷ ᠪᠣᠯᠣᠨ ᠺᠠᠭᠠᠨ᠂ ᠬᠠᠭ᠋ᠠᠨ ᠨᠡᠷ ᠤᠨ ᠬᠦᠨᠳᠦᠳᠭᠡᠯᠳᠦ ᠴᠣᠯᠠ ᠶᠢ | ᠲᠦᠭᠦᠮ ᠢᠶᠠᠷ ᠡᠷᠭᠢᠴᠡᠭᠦᠯᠦᠨ ᠰᠢᠨᠵᠢᠬᠦ ᠨᠢ᠄ ᠾᠦᠩᠨᠦ ᠶᠢᠨ ᠴᠠᠨ ᠢᠥᠢ ᠨᠡᠷ ᠪᠣᠯᠣᠨ ᠺᠠᠭᠠᠨ᠂ ᠬᠠᠭᠠᠨ ᠨᠡᠷ ᠤᠨ | ᠬᠦᠨᠳᠦᠳᠭᠡᠯᠳᠦ ᠴᠣᠯᠠ ᠨᠢ ᠬᠢᠳᠠᠳ ᠬᠠᠭᠠᠳ ᠤᠨ谥号 ᠭᠡᠳᠡᠭ ᠡᠷᠭᠦᠮᠵᠢᠯᠡᠯᠳᠦ ᠴᠣᠯᠠ ᠲᠠᠢ ᠠᠳᠠᠯᠢᠪᠳᠣᠷ | ᠪᠣᠯᠪᠠᠴᠣ᠂ ᠪᠠᠰᠠ ᠦᠨᠳᠦᠰᠦᠨ ᠵᠦᠷᠢᠶ᠎ᠡ ᠲᠠᠢ ᠪᠠᠶᠢᠭ᠎ᠠ ᠠᠵᠠᠢ᠃ ᠭᠤᠣᠯ ᠪᠣᠯᠬᠤ ᠵᠦᠷᠢᠶ᠎ᠡ ᠭᠡᠪᠡᠯ ᠬᠢᠳᠠᠳ ᠬᠠᠭᠠᠳ | ᠤᠨ ᠡᠷᠭᠦᠮᠵᠢᠯᠡᠯᠳᠦ ᠴᠣᠯᠠ ᠪᠣᠯ ᠬᠠᠭᠠᠨ ᠡᠵᠡᠨ ᠢᠶᠠᠨ ᠦᠬᠦᠭᠰᠡᠨ ᠤ ᠬᠤᠶᠢᠨ᠎ᠠ᠂ ᠨᠡᠬᠡᠮᠵᠢᠯᠡᠨ ᠡᠷᠭᠦᠮᠵᠢᠯᠡᠭᠰᠡᠨ | ᠮᠠᠭᠳᠠᠵᠣ ᠰᠢᠭᠦᠮᠵᠢᠯᠡᠭᠰᠡᠨ ᠣᠳᠬ᠎ᠠ ᠪᠦᠬᠦᠢ ᠴᠣᠯᠠ ᠪᠣᠯᠣᠨ᠎ᠠ᠃ ᠭᠡᠳᠡᠯ᠎ᠡ ᠾᠦᠩᠨᠦ ᠶᠢᠨ ᠴᠠᠨ ᠢᠥᠢ ᠨᠡᠷ ᠪᠣᠯᠣᠨ | ᠺᠠᠭᠠᠨ᠂ ᠬᠠᠭᠠᠨ ᠨᠡᠷ ᠤᠨ ᠬᠦᠨᠳᠦᠳᠭᠡᠯᠳᠦ ᠴᠣᠯᠠ ᠨᠢ ᠪᠦᠷ ᠡᠵᠡᠳ ᠬᠠᠭᠠᠳ ᠢᠶᠠᠨ ᠠᠮᠢᠳᠣ ᠰᠡᠷᠡᠭᠦᠨ ᠪᠠᠶᠢᠭ᠎ᠠ | ᠦᠶᠡᠰ ᠲᠤ ᠣᠯᠭᠤᠭᠰᠠᠨ᠂ ᠲᠡᠭᠦᠨ ᠤ ᠲᠡᠣᠬᠡᠳᠦ ᠭᠠᠪᠢᠶ᠎ᠠ ᠵᠢᠳᠭᠦᠯ ᠲᠠᠢ ᠨᠡᠶᠢᠴᠡᠭᠰᠡᠨ ᠮᠠᠭᠳᠠᠭᠠᠯ ᠣᠳᠬ᠎ᠠ ᠪᠦᠬᠦᠢ | ᠴᠣᠯᠠ ᠪᠣᠯᠣᠨ᠎ᠠ᠃ ᠵᠢᠱᠢᠶᠡᠯᠡᠪᠡᠯ ᠾᠦᠩᠨᠦ ᠶᠢᠨ冒顿 ᠴᠠᠨ ᠢᠥᠢ ᠭᠡᠪᠡᠯ ᠮᠣᠩᠭᠤᠯ ᠬᠡᠯᠡ ᠪᠠᠷ ᠪᠣᠭᠳᠠ | ︵bogdo︶ ᠴᠠᠨ ᠢᠥᠢ ᠭᠡᠳᠡᠭ ᠦᠭᠡ ᠪᠠᠶᠢᠵᠣ᠂伊稚斜 ᠴᠠᠨ ᠢᠥᠶᠢᠢ ᠭᠡᠪᠡᠯ ᠡᠵᠡᠰᠡ ᠴᠠᠨ ᠢᠥᠢ ︵ | ijisie︶ ᠭᠡᠳᠡᠭ ᠮᠣᠩᠭᠤᠯ ᠦᠭᠡ ᠪᠠᠶᠢᠵᠣ᠂狐鹿姑 ᠴᠠᠨ ᠢᠥᠢ ᠭᠡᠪᠡᠯ ᠮᠣᠩᠭᠤᠯ ᠬᠡᠯᠡᠨ ᠤ ᠦᠯᠡᠭᠦᠥ | ︵ulegu︶ ᠭᠡᠳᠡᠭ ᠦᠭᠡᠨ ᠤ ᠡᠷᠳᠡᠨ ᠤ ᠬᠤᠯᠣᠭᠤ ᠪᠣᠶᠣ ᠬᠦᠯᠦᠭᠦ ᠬᠡᠯᠪᠡᠷᠢ ᠪᠠᠶᠢᠵᠠᠢ᠃ ᠷᠸᠣᠷᠠᠨ ᠬᠠᠭᠠᠳ ᠤᠨ | ᠬᠦᠨᠳᠦᠳᠭᠡᠯᠳᠦ ᠴᠣᠯᠠ ᠠᠴᠠ丘豆伐可汗 ᠭᠡᠪᠡᠯ ︽ᠲᠡᠭᠷᠢ ᠠᠴᠠ ᠵᠠᠶᠠᠭᠠᠳᠣ ᠺᠠᠭᠠᠨ ᠭᠡᠳᠡᠭ ᠦᠭᠡ | ᠪᠠᠶᠢᠵᠣ᠂伏古敦可汗 ᠭᠡᠪᠡᠯ ᠲᠡᠭᠦᠨ ᠤ ᠡᠷᠳᠡᠨ ᠤ ᠠᠪᠢᠶ᠎ᠠ ᠨᠢ hugurdun ᠭᠡᠵᠦ᠂ ᠮᠣᠩᠭᠤᠯ | ᠬᠡᠯᠡᠨ ᠤ ᠡᠭᠦᠷᠢᠳᠡ ᠶᠢᠨ ︵uurdun︶ ᠭᠡᠳᠡᠭ ᠦᠭᠡᠨ ᠤ ᠡᠷᠳᠡᠨ ᠤ ᠬᠡᠯᠪᠡᠷᠢ ᠪᠣᠯᠣᠨ᠎ᠠ᠃ ᠮᠣᠩᠭᠤᠯ ᠬᠠᠭᠠᠳ | ᠤᠨ ᠬᠦᠨᠳᠦᠳᠭᠡᠯᠳᠦ ᠴᠣᠯᠠ ᠭᠡᠪᠡᠯ᠂ ᠪᠠᠳᠣ ᠬᠠᠭᠠᠨ ᠤ ᠰᠠᠶᠢᠨ ᠬᠠᠭᠠᠨ ︵sain haan︶᠂ ᠬᠤᠪᠢᠯᠠᠢ ᠬᠠᠭᠠᠨ | ᠤ ᠰᠡᠴᠡᠨ ᠬᠠᠭᠠᠨ ︵sechen haan︶᠂ ᠳ᠋ᠦᠸ᠎ᠠ ᠬᠠᠭᠠᠨ ᠤ ᠴᠡᠴᠡᠨ ᠬᠠᠭᠠᠨ ︵chechen haan︶ | ᠵᠡᠷᠭᠡ ᠠᠯᠢ ᠶᠢ ᠨᠢ ᠦᠭᠦᠯᠡᠭᠡᠳ ᠪᠠᠷᠠᠬᠤ ᠪᠣᠢ᠃ ᠲᠡᠭᠡᠷ᠎ᠡ ᠲᠣᠷᠠᠳᠣᠭᠰᠠᠨ ᠡᠳᠡᠭᠡᠷ ᠵᠢᠱᠢᠶᠡᠨ ᠳᠤ ᠨᠢᠭᠡ ᠬᠠᠮᠤᠭ | ᠲᠣᠪᠣᠶᠢᠮ᠎ᠠ ᠢᠵᠢᠯ ᠲᠠᠯ᠎ᠠ ᠭᠡᠪᠡᠯ᠂ ᠬᠠᠭᠠᠨ ᠡᠵᠡᠨ ᠤ ᠪᠠᠨ ᠲᠡᠣᠬᠡᠳᠦ ᠭᠠᠪᠢᠶ᠎ᠠ ᠵᠢᠳᠬᠦᠯ ᠲᠠᠢ ᠨᠡᠶᠢᠴᠡᠭᠰᠡᠨ | ᠬᠦᠨᠳᠦᠳᠭᠡᠯᠳᠦ ᠴᠣᠯᠠ ᠶᠢᠨ ᠬᠤᠶᠢᠨ᠎ᠠ ᠬᠠᠭᠠᠨ ᠭᠡᠳᠡᠭ ᠶᠡᠷᠦᠩᠬᠡᠢ ᠨᠡᠷᠡᠶᠢᠳᠦᠯ ᠢ ᠲᠠᠭᠠᠯᠳᠣᠭᠤᠯᠬᠤ ᠠᠵᠠᠢ᠃ | ᠲᠡᠭᠡᠭᠡᠳ ᠡᠨᠡᠬᠦ ᠬᠦᠨᠳᠦᠳᠭᠡᠯᠳᠦ ᠴᠣᠯᠠ ᠨᠢ ᠪᠦᠷ ᠮᠠᠰᠢ ᠣᠶᠢᠯᠭᠠᠮᠵᠢ ᠲᠠᠢ᠂ ᠣᠨᠣᠪᠴᠢᠳᠠᠢ᠂ ᠨᠢᠭᠡᠯᠡ ᠦᠭᠡᠰ ᠢᠶᠠᠷ | ᠪᠦᠷᠢᠯᠳᠦᠭᠰᠡᠨ ᠠᠪᠰᠠᠷᠬᠠᠨ ᠴᠣᠯᠠ ᠦᠭᠡ ᠪᠠᠶᠢᠭ᠎ᠠ ᠶᠣᠮ᠃ ᠨᠦᠭᠦᠭᠡ ᠲᠠᠯ᠎ᠠ ᠠᠴᠠ ᠦᠵᠡᠪᠡᠯ ᠡᠳᠡᠭᠡᠷ ᠬᠠᠭᠠᠳ | ᠡᠵᠡᠳ ᠬᠡᠳᠦᠶᠢᠪᠡᠷ ᠪᠣᠰᠣᠳ ᠦᠨᠳᠦᠰᠦᠳᠡᠨ ᠤ ᠰᠣᠶᠣᠯ ᠳᠤ ᠮᠠᠰᠢ ᠭᠦᠨᠵᠡᠭᠡᠢ ᠨᠦᠯᠦᠭᠡᠯᠡᠭᠳᠡᠭᠰᠡᠨ ᠪᠣᠯᠪᠠᠴᠣ᠂ | ᠦᠪᠡᠷ ᠤᠨ ᠡᠬᠡ ᠬᠡᠯᠡ ᠪᠠᠷ ᠢᠶᠠᠨ ᠬᠦᠨᠳᠦᠳᠭᠡᠯᠳᠦ ᠴᠣᠯᠠ ᠠᠪᠬᠤ ᠶᠢ ᠡᠷᠬᠢᠮ ᠳᠤ ᠦᠵᠡᠳᠡᠭ ᠪᠠᠶᠢᠵᠠᠢ᠃ | ᠣᠨᠴᠠᠭᠠᠢ ᠨᠢᠭᠡᠨ ᠪᠠᠶᠢᠳᠠᠯ ᠭᠡᠪᠡᠯ᠂ ᠰᠢᠶᠠᠨᠪᠸᠢ ᠲᠣᠪᠠ ᠬᠠᠭᠠᠳ ᠤᠨ ᠡᠬᠡ ᠬᠡᠯᠡᠨ ᠤ ᠴᠣᠯᠠ ᠮᠢᠨᠳᠠᠭ ᠨᠢ | ᠡᠳᠦᠬᠡ ᠦᠶ᠎ᠡ ᠳᠤ ᠢᠷᠡᠳᠡᠯ᠎ᠡ ᠣᠯᠠᠮᠵᠢᠯᠠᠭᠳᠠᠵᠣ ᠴᠢᠳᠠᠭᠰᠠᠨ ᠦᠭᠡᠢ᠂ ᠭᠡᠶ᠎ᠡ ᠵᠠᠷᠢᠮ ᠨᠣᠶᠠᠨ ᠵᠡᠷᠭᠡ ᠭᠡᠷᠭᠢᠮ ᠤᠨ | ᠨᠡᠷᠡᠰ ᠨᠢ ᠬᠠᠷᠢᠨ ᠬᠢᠳᠠᠳ ᠦᠰᠦᠭ ᠢᠶᠠᠷ ᠠᠪᠢᠶᠠᠴᠢᠯᠠᠨ ᠲᠡᠮᠳᠡᠭᠯᠡᠵᠦ ᠦᠯᠡᠳᠡᠪᠡ᠃ ᠵᠢᠱᠢᠶᠡᠯᠡᠪᠡᠯ᠂比德真 | ︵bidegjin᠂ ᠪᠢᠴᠢᠭ ᠤᠨ ᠲᠦᠰᠢᠮᠡᠯ︶ ᠣᠳᠣ ᠦᠶ᠎ᠡ ᠶᠢᠨ ᠮᠣᠩᠭᠤᠯ ᠬᠡᠯᠡᠨ ᠳᠤ ᠪᠢᠴᠢᠭᠡᠴᠢᠨ ︵ | bicheqin︶ ᠭᠡᠵᠦ ᠠᠯᠪᠠᠨ ᠪᠢᠴᠢᠭ ᠤᠨ ᠠᠵᠢᠯᠳᠠᠨ᠂朴大真 ︵buugtaijin︶ ᠪᠦᠬᠡᠭᠳᠡᠶᠢᠴᠢᠨ᠂ | ᠲᠠᠷᠣᠢ ᠬᠠᠭᠠᠨ ᠤ ᠪᠦᠬᠡᠭ ᠲᠠᠢ ᠲᠡᠷᠭᠡ ᠶᠢ ᠬᠠᠮᠢᠶᠠᠷᠬᠤ ᠠᠵᠢᠯᠳᠠᠨ᠂ 胡洛真 ︵horjin︶ ᠲᠠᠷᠣᠢ | ᠬᠤᠷᠴᠢᠨ᠂乞万真 ︵helmorjin︶ ᠲᠠᠷᠣᠢ ᠬᠡᠯᠮᠣᠷᠴᠢᠨ᠂ ᠣᠷᠴᠢᠭᠤᠯᠣᠭᠴᠢ᠂可薄真 ︵ | kabagjin︶ ᠲᠠᠷᠣᠢ ᠣᠳᠣᠬᠢ ᠮᠣᠩᠭᠤᠯ ᠬᠡᠯᠡᠨ ᠤ ᠬᠠᠪᠠᠭᠴᠢᠨ ︵ᠡᠭᠦᠳᠡᠴᠢᠨ ᠪᠣᠶᠣ ᠡᠭᠦᠳᠡ ᠰᠠᠬᠢᠭᠴᠢ︶᠂拂 | 竹真 ︵fhutujin︶ ᠲᠠᠷᠣᠢ ᠬᠦᠳᠦᠴᠢᠨ ︵ᠲᠡᠷᠭᠡ ᠭᠡᠯᠢᠭᠴᠢ᠂ 驾车人︶᠂契害真 ︵ | hirhagjin︶ ᠲᠠᠷᠣᠢ ᠲᠣᠯᠣᠭᠠᠢ ᠬᠢᠷᠬᠠᠭᠴᠢᠨ ︵ᠬᠢᠷᠭᠠᠭᠴᠢ᠂ ᠲᠠᠷᠣᠢ ᠣᠳᠣ ᠦᠶ᠎ᠡ ᠶᠢᠨ ᠬᠡᠯᠡᠨ ᠳᠤ ᠶᠠᠷᠭᠠᠴᠢᠨ | ᠂刽子手︶᠂折溃真 ︵zhargojin︶ ᠲᠠᠷᠣᠢ ᠵᠠᠷᠭᠤᠴᠢᠨ ︵断事官︶᠂为贵人 | 作食人为᠂附真 ︵boorjin ᠲᠠᠷᠣᠢ ᠪᠠᠭᠤᠷᠴᠢᠨ ᠪᠣᠶᠣ ᠲᠣᠭᠤᠭᠠᠴᠢᠨ︶ ᠣᠨᠴᠠ ᠵᠠᠷᠢᠮ ᠨᠢ | ᠪᠠᠰᠠ ᠬᠢᠳᠠᠳ ᠮᠣᠩᠭᠤᠯ ᠬᠤᠯᠢᠯᠳᠣᠭᠰᠠᠨ ᠨᠡᠷ᠎ᠡ ᠦᠭᠡ ᠪᠠᠶᠢᠵᠠᠢ᠃ ᠵᠢᠱᠢᠶᠡᠯᠡᠪᠡᠯ᠂阿真厨 ᠭᠡᠳᠡᠭ ᠦᠭᠡ | ᠠᠴᠠ ᠦᠵᠡᠪᠡᠯ阿真︵ejin︶ ᠨᠢ ᠮᠣᠩᠭᠤᠯ ᠬᠡᠯᠡᠨ ᠤ ᠡᠵᠡᠨ ᠭᠡᠳᠡᠭ ᠦᠭᠡ ᠪᠠᠶᠢᠵᠣ᠂ 厨 ᠨᠢ | ᠲᠣᠭᠤᠭᠠᠴᠢ ᠪᠣᠶᠣ ᠲᠣᠭᠤᠭᠠᠨ ᠭᠡᠷ ᠢ ᠵᠢᠭᠠᠵᠣ ᠪᠠᠶᠢᠨ᠎ᠠ᠃ ᠠᠳᠡ ᠬᠡᠯᠡᠯᠭᠡᠨ ᠦᠭᠡᠢ ᠬᠠᠭᠠᠨ ᠡᠵᠡᠨ ᠤ ᠬᠤᠭᠤᠯᠠᠨ | ᠦᠷᠭᠦᠭᠡ ᠶᠢ ᠵᠢᠭᠠᠳᠠᠭ ᠲᠣᠰᠬᠠᠢ ᠨᠡᠷ᠎ᠡ ᠦᠭᠡ ᠠᠵᠠᠢ᠃ ᠲᠡᠭᠡᠷᠡᠬᠢ ᠵᠢᠱᠢᠶ᠎ᠡ ᠳᠤ ᠲᠣᠷᠠᠳᠣᠭᠰᠠᠨ ᠣᠯᠠᠩᠬᠢ ᠦᠭᠡ | ᠨᠢ ᠣᠳᠣ ᠦᠶ᠎ᠡ ᠶᠢᠨ ᠮᠣᠩᠭᠤᠯ ᠬᠡᠯᠡᠨ ᠳᠤ ᠴᠦ ᠬᠡᠷᠡᠭᠯᠡᠭᠰᠡᠭᠡᠷ ᠪᠠᠶᠢᠭ᠎ᠠ ᠦᠭᠡ ᠮᠦᠷᠳᠡᠭᠡᠨ᠂ ᠡᠷᠳᠡ ᠡᠳᠦᠬᠡ ᠶᠢᠨ | ᠠᠪᠢᠶ᠎ᠠ ᠠᠶᠠᠯᠭᠤ ᠨᠢ ᠲᠡᠮᠡᠢ ᠶᠡᠭᠡ ᠬᠤᠪᠢᠷᠠᠯᠳᠠ ᠦᠭᠡᠢ᠂ ᠮᠠᠰᠢ ᠲᠣᠭᠳᠠᠪᠣᠷᠢ ᠲᠠᠢ ᠬᠡᠪ ᠢᠶᠠᠷ ᠪᠠᠶᠢᠭ᠎ᠠ ᠨᠢ ᠲᠣᠩ | ᠭᠠᠶᠢᠬᠠᠮᠰᠢᠭ ᠲᠠᠢ ᠬᠡᠷᠡᠭ ᠶᠣᠮ᠃ ᠵᠣᠬᠢᠶᠠᠭᠴᠢ ᠮᠢᠨᠦ ᠮᠡᠳᠡᠳᠡᠭ ᠴᠦᠬᠡᠨ ᠬᠤᠶᠠᠷ ᠬᠡᠯᠡᠨ ᠳᠤ ᠡᠶᠢᠮᠦ ᠲᠣᠭᠳᠠᠪᠣᠷᠢ | ᠲᠠᠢ ᠬᠡᠯᠡ ᠭᠡᠵᠦ ᠦᠭᠡᠷ᠎ᠡ ᠪᠠᠶᠢᠭ᠎ᠠ ᠦᠭᠡᠢ᠃ ᠬᠡᠳᠦᠶᠢᠪᠡᠷ ᠵᠠᠷᠢᠮ ᠦᠭᠡᠰ ᠨᠢ ᠵᠢᠭᠠᠬᠠᠨ ᠠᠪᠢᠶᠠᠨ ᠤ ᠬᠤᠪᠢᠷᠠᠯᠳᠠ | ᠲᠠᠢ ᠪᠣᠯᠪᠠᠴᠣ᠃ ᠵᠦᠪᠬᠡᠨ ᠾᠦᠩᠨᠦ ᠰᠢᠶᠠᠨᠪᠸᠢ ᠬᠢᠳᠠᠨ ᠮᠣᠩᠭᠤᠯ ᠵᠡᠷᠭᠡ ᠬᠡᠯᠡᠨ ᠳᠠᠬᠢ ᠣᠯᠠᠨ ᠣᠯᠠᠨ ᠨᠣᠳᠤᠭ | ᠤᠨ ᠠᠪᠢᠶ᠎ᠠ ᠶᠢᠨ ᠵᠦᠷᠢᠶ᠎ᠡ ᠲᠡᠳᠦᠢ ᠭᠡᠵᠦ ᠦᠵᠡᠬᠦ ᠳᠤ ᠪᠣᠷᠣᠭᠤ ᠦᠭᠡᠢ ᠮᠡᠳᠦ ᠪᠠᠶᠢᠨ᠎ᠠ᠃ | ᠲᠦᠭᠦᠮ ᠲᠠᠶᠢᠯᠪᠣᠷᠢ᠄ | ①社崘 ᠲᠣᠰ ᠦᠰᠦᠭ ᠢ shè lún ᠭᠡᠵᠦ ᠣᠩᠰᠢᠬᠤ ᠦᠭᠡᠢ᠂ ᠬᠠᠷᠢᠨ tǔ lún ︵ | ᠲᠣᠯᠣᠨ︶ ᠭᠡᠵᠦ ᠣᠩᠰᠢᠳᠠᠭ ᠶᠣᠮ᠃社 ᠶᠢᠨ ᠡᠷᠳᠡᠨ ᠤ ᠠᠪᠢᠶ᠎ᠠ ᠠᠶᠠᠯᠭᠤ ᠳᠤ ᠲᠡᠭᠦᠨ ᠢ ᠪᠠᠰᠠ他魯切 | ᠭᠡᠵᠦ ᠬᠡᠷᠴᠢᠨ ᠭᠠᠯᠢᠭᠴᠢᠯᠠᠨ土 ᠠᠪᠢᠶ᠎ᠠ ᠪᠠᠷ ᠣᠩᠰᠢᠨ᠎ᠠ ᠭᠡᠵᠦ ᠪᠣᠢ᠃ ᠡᠶᠢᠮᠦ ᠠᠴᠠ社崘 ᠭᠡᠪᠡᠯ ᠲᠣᠯᠣᠨ | ᠭᠡᠳᠡᠭ ᠦᠭᠡ ᠶᠢ ᠬᠢᠳᠠᠳ ᠬᠡᠯᠡ ᠪᠠᠷ ᠠᠪᠢᠶᠠᠴᠢᠯᠠᠨ ᠣᠷᠴᠢᠭᠤᠯᠬᠤ ᠳᠤ ᠭᠠᠯᠢᠭᠴᠢᠯᠠᠭᠰᠠᠨ ᠦᠰᠦᠭ ᠪᠣᠯᠵᠣ | ᠲᠠᠭᠠᠷᠠᠨ᠎ᠠ᠃ ᠲᠡᠭᠡᠪᠡᠯ ᠮᠣᠩᠭᠤᠯ ᠬᠡᠯᠡᠨ ᠳᠤ ᠲᠣᠯᠣᠨ ᠤ ᠣᠳᠣ ᠦᠶ᠎ᠡ ᠶᠢᠨ ᠠᠪᠢᠶ᠎ᠠ ᠨᠢ ᠲᠣᠯᠣᠩ ᠭᠡᠵᠦ᠂ | ᠦᠷᠬᠦᠯᠵᠢ ᠦᠳᠡᠰᠢ ᠶᠢᠨ ᠲᠣᠯᠣᠩ ᠭᠡᠵᠦ ᠬᠤᠯᠪᠣᠨ ᠶᠠᠷᠢᠳᠠᠭ᠃ ᠲᠣᠯᠣᠨ ᠪᠣᠯ ᠡᠷᠳᠡ ᠦᠶ᠎ᠡ ᠳᠤ ᠣᠷᠣᠢ ᠪᠦᠷᠦᠢ | ᠶᠢᠨ ᠦᠶ᠎ᠡ ᠪᠠᠷ ᠲᠦᠷᠦᠭᠰᠡᠨ ᠬᠦᠮᠦᠨ ᠳᠤ ᠦᠭᠬᠦ ᠨᠡᠷ᠎ᠡ ᠦᠭᠡ ᠪᠠᠷ ᠬᠡᠷᠡᠭᠯᠡᠳᠡᠭ ᠪᠠᠶᠢᠵᠠᠢ᠃ ᠠᠳᠡ ᠦᠭᠦᠯᠡᠭᠳᠡᠨ | ᠪᠠᠶᠢᠭ᠎ᠠ ᠲᠣᠯᠣᠨ ᠭᠡᠳᠡᠭ ᠬᠦᠮᠦᠨ ᠪᠣᠯ ᠷᠸᠣᠷᠠᠨ ᠤ ᠲᠡᠣᠬᠡᠨ ᠳᠤ ᠬᠠᠮᠤᠭ ᠠᠩᠬ᠎ᠠ ᠺᠠᠭᠠᠨ ᠴᠣᠯᠠ ᠶᠢ ᠵᠡᠭᠦᠭᠰᠡᠨ | ᠡᠵᠡᠨ ᠬᠠᠭᠠᠨ ᠶᠣᠮ᠃ ᠲᠡᠭᠦᠨ ᠤ ᠬᠠᠭᠠᠨ ᠤ ᠬᠦᠨᠳᠦᠳᠭᠡᠯᠳᠦ ᠴᠣᠯᠠ ᠨᠢ丘豆伐可汗 ᠭᠡᠵᠦ ᠲᠣᠪᠠ | ᠰᠢᠶᠠᠨᠪᠸᠢ ᠶᠢᠨ ᠪᠠᠶᠢᠭᠤᠯᠣᠭᠰᠠᠨ ᠸᠧᠢ ᠣᠯᠣᠰ ᠤᠨ ᠲᠡᠣᠬᠡᠨ ᠳᠤ ᠲᠡᠮᠳᠡᠭᠯᠡᠭᠳᠡᠨ ᠦᠯᠡᠳᠡᠵᠡᠢ᠃丘豆伐 ᠶᠢᠨ | ᠣᠶᠢᠷᠠᠯᠴᠠᠭ᠎ᠠ ᠠᠪᠢᠶ᠎ᠠ ᠨᠢ kiu doː bha ᠪᠣᠶᠣ hiu doː bha ᠭᠡᠵᠦ ᠣᠳᠣ ᠦᠶ᠎ᠡ ᠶᠢᠨ ᠬᠤᠲᠤᠭ | ᠭᠡᠳᠡᠭ ᠦᠭᠡ ᠮᠦᠨ᠃ ᠲᠣᠬᠠᠢ ᠶᠢᠨ ᠦᠶ᠎ᠡ ᠳᠤ ᠪᠠᠷᠤᠭ ᠬᠤᠲᠤᠬ᠎ᠠ ᠪᠣᠶᠣ ᠬᠤᠲᠣᠬᠤ ᠪᠠᠷ ᠠᠪᠢᠶᠠᠯᠠᠵᠣ ᠪᠠᠶᠢᠵᠠᠢ᠃ | ᠬᠤᠲᠤᠭ ᠭᠡᠪᠡᠯ ᠲᠡᠭᠷᠢ ᠶᠢᠨ ᠬᠤᠲᠣᠭᠳᠣ᠂ ᠲᠡᠭᠷᠢ ᠠᠴᠠ ᠵᠠᠶᠠᠭᠠᠳᠣ᠂ ᠲᠡᠭᠷᠢ ᠠᠴᠠ ᠡᠰᠢᠳᠦ ᠭᠡᠳᠡᠭ ᠣᠳᠬ᠎ᠠ | ᠪᠦᠬᠦᠢ ᠮᠣᠩᠭᠤᠯ ᠦᠭᠡ ᠪᠣᠯᠣᠨ᠎ᠠ᠃ ᠬᠢᠳᠠᠳ ᠬᠡᠯᠡᠨ ᠳᠤ ᠳᠣᠪᠴᠢᠯᠠᠨ ᠣᠷᠴᠢᠭᠤᠯᠪᠠᠯ天命 ᠭᠡᠳᠡᠭ ᠦᠭᠡ | ᠪᠣᠯᠬᠤ ᠠᠵᠠᠢ᠃ | ② ᠮᠣᠩᠭᠤᠯ ᠬᠡᠯᠡᠨ ᠳᠠᠬᠢ ᠠᠪᠢᠶ᠎ᠠ ᠰᠡᠯᠭᠦᠴᠡᠬᠦ ᠦᠵᠡᠭᠳᠡᠯ ᠤᠨ ᠲᠣᠬᠠᠢ ᠲᠦᠭᠦᠮ ᠶᠠᠷᠢᠪᠠᠯ᠂ ᠲᠡᠯᠡᠬᠡᠢ ᠶᠢᠨ | ᠣᠯᠠᠨ ᠬᠡᠯᠡᠨ ᠳᠤ ᠠᠪᠢᠶ᠎ᠠ ᠰᠡᠯᠭᠦᠴᠡᠬᠦ ᠦᠵᠡᠭᠳᠡᠯ ᠲᠣᠩ ᠲᠦᠭᠡᠮᠡᠯ ᠪᠠᠶᠢᠳᠠᠭ ᠶᠣᠮ᠂ ᠡᠷᠳᠡᠮᠳᠡᠳ ᠤᠨ | ᠲᠠᠶᠢᠯᠪᠣᠷᠢᠯᠠᠬᠤ ᠪᠠᠷ ᠶᠠᠮᠠᠷ ᠬᠡᠳᠦᠨ ᠠᠪᠢᠶᠠᠨ ᠤ ᠠᠪᠢᠶ᠎ᠠ ᠭᠠᠷᠭᠠᠬᠤ ᠣᠷᠣᠨ ᠨᠢ ᠣᠶᠢᠷᠠᠯᠴᠠᠭ᠎ᠠ ᠪᠣᠶᠣ ᠠᠪᠢᠶ᠎ᠠ | ᠭᠠᠷᠭᠠᠬᠤ ᠠᠷᠭ᠎ᠠ ᠮᠠᠶ᠋ᠢᠭ ᠨᠢ ᠠᠳᠠᠯᠢᠪᠳᠣᠷ ᠠᠴᠠ ᠪᠣᠯᠵᠣ ᠠᠮᠠᠷᠬᠠᠨ ᠠᠪᠢᠶ᠎ᠠ ᠰᠡᠯᠭᠦᠴᠡᠨᠡ ᠭᠡᠵᠡᠢ᠃ ᠭᠡᠪᠡᠴᠦ ᠪᠠᠰᠠ | ᠣᠨᠴᠠᠭᠠᠢ ᠵᠠᠷᠢᠮ ᠪᠠᠶᠢᠳᠠᠯ ᠠᠴᠠ ᠪᠣᠯᠵᠣ ᠠᠪᠢᠶ᠎ᠠ ᠰᠡᠯᠬᠦᠴᠡᠬᠦ ᠶᠢ ᠦᠭᠡᠶᠢᠰᠭᠡᠬᠦ ᠦᠭᠡᠢ ᠭᠡᠵᠡᠢ᠃ ᠵᠣᠬᠢᠶᠠᠭᠴᠢ ᠶᠢᠨ | ᠣᠶᠢᠯᠭᠠᠬᠤ ᠴᠦᠬᠡᠨ ᠬᠡᠳᠦᠨ ᠬᠡᠯᠡᠨ ᠳᠤ ᠪᠦᠷ ᠡᠶᠢᠮᠦᠷᠬᠦ ᠪᠠᠶᠢᠳᠠᠯ ᠣᠷᠣᠰᠢᠵᠣ ᠪᠠᠶᠢᠭ᠎ᠠ ᠶᠣᠮ᠃ ᠭᠡᠪᠡᠴᠦ ᠠᠯᠢᠨ | ᠨᠢ ᠴᠦ ᠮᠣᠩᠭᠤᠯ ᠬᠡᠯᠡ ᠮᠡᠳᠦ ᠡᠶᠢᠮᠦ ᠦᠷᠭᠡᠨ ᠬᠡᠪᠴᠢᠶᠡᠨ ᠳᠤ ᠴᠢᠯᠦᠭᠡ ᠲᠠᠢ ᠪᠠᠷ ᠠᠪᠢᠶ᠎ᠠ ᠰᠡᠯᠭᠦᠴᠡᠬᠦ ᠦᠵᠡᠭᠳᠡᠯ | ᠬᠠᠷᠬᠠᠨ ᠬᠠᠷᠠᠭᠳᠠᠬᠤ ᠦᠭᠡᠢ᠃ ᠵᠢᠱᠢᠶᠡᠯᠡᠪᠡᠯ ᠮᠣᠩᠭᠤᠯ ᠬᠡᠯᠡᠨ ᠳᠤ᠂ a᠂ h᠂ g᠂ k ᠵᠡᠷᠭᠡ ᠶᠢᠨ ᠠᠪᠢᠶ᠎ᠠ | ᠰᠡᠯᠭᠦᠴᠡᠬᠦ ᠪᠠᠶᠢᠳᠠᠯ ᠡᠷᠳᠡ ᠡᠳᠦᠬᠡ ᠶᠢᠨ ᠮᠣᠩᠭᠤᠯ ᠬᠡᠯᠡᠨ᠎ᠡ ᠪᠦᠷ ᠦᠷᠬᠦᠯᠵᠢ ᠲᠣᠬᠢᠶᠠᠯᠳᠣᠨ᠎ᠠ᠃ ᠨᠡᠩ n᠂ ng | ᠢ ᠬᠡᠯᠡᠬᠦ ᠬᠡᠷᠡᠭ ᠦᠭᠡᠢ᠂ ᠪᠣᠰᠣᠳ ᠭᠡᠶᠢᠭᠦᠯᠦᠭᠴᠢ ᠴᠦ ᠮᠠᠰᠢ ᠲᠦᠭᠡᠮᠡᠯ ᠲᠣᠬᠢᠶᠠᠯᠳᠣᠳᠠᠭ ᠶᠣᠮ᠃ ᠴᠦᠬᠡᠨ ᠬᠡᠳᠦᠨ | ᠵᠢᠱᠢᠶ᠎ᠡ ᠶᠠᠷᠢᠪᠠᠯ᠂ ᠣᠰᠣ ︵oso︶ ᠶᠢ ᠪᠠᠷᠭᠤ ᠳᠤ oho ᠭᠡᠬᠦ᠂ ᠬᠠᠰᠢᠷ ︵hasir︶ ᠢ ᠬᠤᠷᠴᠢᠨ ᠤ ᠵᠠᠷᠢᠮ | ᠨᠣᠳᠤᠭ ᠲᠤ ᠭᠠᠰᠢᠷ ︵gasir︶ ᠭᠡᠬᠦ᠂ ᠰᠠᠶᠢᠨ ︵sain︶ ᠢ ᠪᠣᠷᠢᠶᠠᠳ ᠲᠤ hain ᠭᠡᠬᠦ ᠵᠡᠷᠭᠡ ᠪᠣᠢ᠃ | ᠠᠳᠡ ᠵᠦᠪᠬᠡᠨ ᠲᠣᠷᠠᠳᠣᠭᠰᠠᠨ ᠠᠰᠠᠭᠤᠳᠠᠯ ᠢᠶᠠᠨ ᠲᠠᠶᠢᠯᠪᠣᠷᠢᠯᠠᠬᠤ ᠶᠢᠨ ᠲᠦᠯᠦᠭᠡ ᠴᠦᠬᠡᠨ ᠬᠡᠳᠦᠨ ᠵᠢᠱᠢᠶ᠎ᠡ | ᠲᠠᠲᠠᠭᠰᠠᠨ ᠲᠡᠳᠦᠢ᠂ ᠰᠣᠨᠢᠷᠬᠠᠯ ᠲᠠᠢ ᠬᠦᠮᠦᠰ ᠦᠪᠡᠷ ᠢᠶᠠᠨ ᠬᠦᠨᠵᠡᠭᠡᠶᠢᠷᠡᠨ ᠠᠩᠬᠠᠷᠣᠮᠣ᠃ | ③ ᠲᠦᠷᠺ ᠬᠡᠯᠡᠨ ᠤ Qaghan ᠪᠣᠯᠣᠨ ᠦᠷᠳᠦ᠋ ᠬᠡᠯᠡᠨ ᠤ خان ᠤ ᠠᠪᠢᠶᠠᠯᠠᠭ᠎ᠠ ᠶᠢᠨ ᠲᠣᠬᠠᠢ | ᠭᠡᠪᠡᠯ᠂ ᠵᠣᠬᠢᠶᠠᠭᠴᠢ ᠶᠢᠨ ᠨᠦᠬᠦᠴᠡᠯ ᠮᠡᠳᠡᠯᠭᠡ ᠶᠢᠨ ᠬᠢᠵᠠᠭᠠᠷ ᠠᠴᠠ ᠪᠣᠯᠵᠣ᠂ Qaghan ᠪᠣᠶᠣ خان | ᠭᠡᠳᠡᠭ ᠦᠭᠡᠨ ᠶᠢ ᠲᠦᠷᠺ ᠦᠷᠳᠦ᠋ ᠨᠡᠷ ᠰᠢᠶᠠᠨᠪᠸᠢ᠂ ᠷᠸᠣᠷᠠᠨ ᠬᠦᠮᠦᠨ ᠠᠴᠠ ᠨᠡᠩ ᠡᠷᠳᠡ ᠦᠶ᠎ᠡ ᠡᠵᠡᠨ ᠬᠠᠭᠠᠨ | ᠤ ᠴᠣᠯᠠ ᠪᠠᠷ ᠲᠣᠰᠬᠠᠶᠢᠯᠠᠨ ᠬᠡᠷᠡᠭᠯᠡᠭᠰᠡᠨ ᠲᠡᠣᠬᠡᠨ ᠲᠡᠮᠳᠡᠭᠯᠡᠯ ᠢ ᠡᠷᠢᠵᠦ ᠣᠯᠣᠭᠰᠠᠨ ᠦᠭᠡᠢ᠃ ᠦᠷᠳᠦ᠋ ᠬᠡᠯᠡᠨ ᠤ | خان ᠤ ᠠᠪᠢᠶᠠᠨ ᠤ ᠲᠣᠬᠠᠢ ᠵᠣᠬᠢᠶᠠᠭᠴᠢ ᠠᠴᠠ ︽ᠸᠢᠺᠢ ᠣᠷᠴᠢᠭᠤᠯᠭ᠎ᠠ︾ ᠪᠣᠯᠣᠨ ︽ᠪᠠᠢ ᠳᠤ | ᠣᠷᠴᠢᠭᠤᠯᠭ᠎ᠠ︾ ᠳᠤ ᠨᠠᠷᠢᠪᠴᠢᠯᠠᠨ ᠬᠠᠷᠢᠴᠠᠭᠤᠯᠣᠨ ᠰᠣᠨᠣᠰᠴᠣ ᠦᠵᠡᠬᠦ ᠳᠤ ᠮᠦᠨ ᠮᠣᠩᠭᠤᠯ ᠬᠡᠯᠡᠨ ᠤ haan | ᠲᠠᠢ ᠮᠠᠰᠢ ᠠᠳᠠᠯᠢᠰᠢᠭ ᠠᠪᠢᠶᠠᠯᠠᠵᠣ ᠪᠠᠶᠢᠭ᠎ᠠ ᠶᠢ ᠣᠯᠵᠣ ᠠᠩᠬᠠᠷᠴᠠᠢ᠃ ᠲᠡᠳᠡ ᠪᠦᠷ ᠠᠳᠠᠯᠢ ᠪᠠᠷ ᠬᠠ ᠶᠢ | ᠣᠷᠳᠣᠳᠬᠠᠯ ᠲᠠᠢ ᠣᠩᠰᠢᠵᠣ ᠪᠠᠶᠢᠨ᠎ᠠ᠃ ᠳ᠋ᠠᠩ ᠭᠠᠭᠴᠠ ᠡᠨᠡ ᠲᠠᠯ᠎ᠠ ᠠᠴᠠ ᠦᠵᠡᠪᠡᠯ haan ᠪᠣᠯᠣᠨ خان | ᠤ ᠢᠷᠡᠯᠳᠡ ᠢᠵᠢᠯ ᠭᠡᠳᠡᠭ ᠢ ᠬᠠᠷᠠᠭᠤᠯᠵᠣ ᠪᠠᠶᠢᠨ᠎ᠠ᠃ ᠭᠡᠪᠡᠴᠦ ᠣᠳᠣ ᠦᠶ᠎ᠡ ᠶᠢᠨ ᠫᠠᠺᠢᠰᠲ᠋ᠠᠨ ᠤ ᠦᠷᠳᠦ᠋ ᠬᠡᠯᠡᠨ | ᠳᠤ ᠲᠣᠰ ᠦᠭᠡ ᠶᠢ ᠬᠡᠷᠡᠭᠯᠡᠵᠦ ᠪᠠᠶᠢᠭ᠎ᠠ ᠪᠠᠶᠢᠳᠠᠯ ᠠᠴᠠ ᠦᠵᠡᠪᠡᠯ᠂ خان ᠢ ᠦᠷᠬᠦᠯᠵᠢ ᠬᠦᠮᠦᠨ ᠤ ᠣᠪᠣᠭ | ᠨᠡᠷ᠎ᠡ ᠳᠤ ᠬᠡᠷᠡᠭᠯᠡᠬᠦ ᠨᠢ ᠣᠯᠠᠨ ᠰᠢᠭ᠋᠂ ᠭᠡᠶ᠎ᠡ ᠲᠣᠮᠳᠠᠳᠣ ᠠᠽᠢ ᠶᠢᠨ ᠮᠣᠩᠭᠤᠯᠴᠣᠳ ᠤᠨ ᠬᠤᠶᠢᠴᠢᠰ ᠴᠦ ᠭᠡᠰᠡᠨ | ᠠᠳᠠᠯᠢ ᠪᠠᠷ ᠬᠠᠨ ᠭᠡᠳᠡᠭ ᠦᠭᠡ ᠶᠢ ᠣᠪᠣᠭ ᠨᠡᠷ᠎ᠡ ᠪᠣᠶᠣ ᠴᠣᠯᠠ ᠮᠢᠨᠳᠠᠭ ᠳᠤ ᠬᠡᠷᠡᠭᠯᠡᠬᠦ ᠨᠢ ᠣᠯᠠᠨ ᠪᠠᠶᠢᠳᠠᠭ᠂ | ᠵᠢᠱᠢᠶᠡᠯᠡᠪᠡᠯ ᠮᠢᠷᠽᠠ · ᠬᠠᠨ᠂ ᠬᠠᠨ · ᠮᠢᠷᠽᠠ · ᠪᠠᠷᠣᠯᠠᠰ᠂ ᠲᠡᠮᠦᠷ · ᠬᠠᠨ · ᠬᠤᠲ᠋ᠣᠯᠤᠭ᠂ ᠰᠣᠯᠲ᠋ᠠᠨ · ᠬᠠᠨ · | ᠮᠠᠬᠠᠮᠣᠳ᠋ ᠵᠡᠷᠭᠡ ᠲᠡᠣᠬᠡᠳᠦ ᠬᠦᠮᠦᠨ ᠤ ᠣᠪᠣᠭ ᠨᠡᠷ᠎ᠡ ᠳᠤ ᠪᠠᠶᠢᠳᠠᠭ ᠶᠣᠮ᠃ ᠪᠠᠰᠠ ᠲᠣᠮᠳᠠᠳᠣ ᠠᠽᠢ ᠳᠤ ᠪᠠᠶᠢᠭ᠎ᠠ | ᠴᠢᠩᠬᠢᠰ ᠬᠠᠭᠠᠨ ᠤ ᠬᠤᠶᠢᠴᠢᠰ ᠴᠦ ᠬᠠᠨ ᠦᠰᠦᠭ ᠢᠶᠠᠷ ᠣᠪᠣᠭ ᠨᠡᠷ᠎ᠡ ᠪᠠᠨ ᠲᠣᠲᠣᠳᠬᠠᠬᠤ ᠦᠵᠡᠭᠳᠡᠯ ᠴᠦ | ᠴᠦᠬᠡᠨ ᠦᠭᠡᠢ᠃ | ᠭᠡᠶ᠎ᠡ haan ᠪᠣᠯᠣᠨ han ᠢ ᠨᠡᠩ ᠲᠣᠲᠣᠷᠬᠠᠶᠢᠯᠠᠨ ᠶᠠᠷᠢᠶ᠎ᠠ ᠭᠡᠪᠡᠯ ᠨᠡᠯᠢᠶᠡᠳ ᠪᠣᠳᠣᠯᠢᠶᠠᠨ ᠲᠠᠢ ᠬᠡᠷᠡᠭ | ᠪᠣᠯᠣᠨ᠎ᠠ᠂ ᠵᠣᠬᠢᠶᠠᠭᠴᠢ ᠦᠪᠡᠷ ᠤᠨ ᠦᠵᠡᠯᠳᠡ ᠪᠠᠨ ᠲᠦᠭᠦᠮᠴᠢᠯᠡᠨ ᠶᠠᠷᠢᠪᠠᠯ᠂ haan ᠨᠢ ᠮᠣᠩᠭᠤᠯ ᠬᠡᠯᠡᠨ ᠤ | ᠬᠠᠭᠠᠨ ᠪᠣᠶᠣ ᠺᠠᠭᠠᠨ ᠭᠡᠳᠡᠭ ᠦᠭᠡᠨ ᠤ ᠣᠶᠢᠷ᠎ᠠ ᠣᠷᠴᠢᠨ ᠦᠶ᠎ᠡ ᠶᠢᠨ ᠠᠪᠢᠶ᠎ᠠ ᠪᠠᠶᠢᠵᠣ᠂ han ᠨᠢ ᠮᠢᠨᠦ | ᠡᠮᠦᠨ᠎ᠡ ᠨᠡᠶᠢᠳᠡᠯᠡᠵᠦ ᠦᠩᠭᠡᠷᠡᠭᠰᠡᠨ ᠵᠣᠬᠢᠶᠠᠯ ᠳᠤ ᠲᠣᠷᠠᠳᠣᠭᠰᠠᠨ ᠢᠶᠠᠷ᠂ ᠬᠢᠳᠠᠳ ᠬᠡᠯᠡᠨ ᠤ ᠣᠯᠣᠰ ᠤᠨ ᠸᠠᠩ ᠤᠨ | ᠸᠠᠩ ︵王︶ ᠦᠰᠦᠭ ᠲᠠᠢ ᠬᠠᠷᠢᠨ ᠰᠢᠭᠤᠳ ᠬᠤᠯᠪᠣᠭ᠎ᠠ ᠲᠠᠢ ᠪᠠᠶᠢᠵᠣ ᠮᠡᠳᠡᠨ᠎ᠡ᠃ ᠬᠢᠳᠠᠳ ᠬᠡᠯᠡᠨ ᠤ ᠸᠠᠩ | ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ ᠠᠴᠠ ᠦᠵᠡᠪᠡᠯ ᠦᠷᠦᠨᠡᠳᠦ ᠶᠢᠨ ᠬᠡᠯᠡᠨ ᠳᠠᠬᠢ ︽ᠣᠯᠣᠰ ᠤᠨ | ᠸᠠᠩ︾ ᠭᠡᠳᠡᠭ ᠦᠭᠡ ᠶᠢᠨ Kings ︵ᠺᠢᠩ︶ ᠠᠪᠢᠶ᠎ᠠ ᠠᠴᠠ ᠣᠯᠪᠠᠭ᠎ᠠ ᠲᠠᠢ ᠰᠠᠨᠠᠭᠳᠠᠳᠠᠭ᠃ ᠮᠢᠨᠦ | ᠦᠨᠳᠦᠰᠦᠯᠡᠯ ᠪᠣᠯ ᠬᠢᠳᠠᠳ ᠸᠠᠩ ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ ᠪᠠ ᠣᠳᠣ ᠦᠶ᠎ᠡ ᠶᠢᠨ | ᠨᠣᠳᠤᠭ ᠤᠨ ᠠᠪᠢᠶ᠎ᠠ ᠶᠢ ᠭᠦᠨᠵᠡᠭᠡᠶᠢᠷᠡᠨ ᠰᠣᠳᠣᠯᠪᠠᠯ ᠺᠢᠩ ᠠᠪᠢᠶ᠎ᠠ ᠲᠠᠢ ᠬᠤᠯᠪᠣᠭ᠎ᠠ ᠲᠠᠢ ᠦᠭᠡ ᠪᠣᠯᠬᠤ ᠨᠢ | ᠮᠡᠳᠡᠭᠳᠡᠵᠦ ᠪᠠᠶᠢᠨ᠎ᠠ᠂ ᠲᠠᠷᠣᠢ ᠲᠡᠭᠡᠳᠦ ᠡᠷᠳᠡᠨ ᠤ ᠦᠶ᠎ᠡ ᠳᠤ ᠸᠠᠩ ᠦᠰᠦᠭ ᠢ ɢʷaŋ᠂ ɣiuaŋ᠂ | ɡi̯waŋ ᠵᠡᠷᠭᠡ ᠪᠠᠷ ᠠᠪᠢᠶᠠᠯᠠᠨ᠎ᠠ ᠭᠡᠵᠦ ᠪᠣᠢ᠃ ᠡᠶᠢᠮᠦ ᠠᠴᠠ ᠺᠢᠩ ᠠᠴᠠ ɢʷaŋ ︵ᠭᠠᠩ︶ ᠪᠣᠶᠣ | Giuang ︵ᠭᠢᠣᠸᠠᠩ︶ ᠵᠡᠷᠭᠡ ᠶᠢ ᠲᠠᠮᠵᠢᠨ᠂ ᠲᠠᠩ ᠣᠯᠣᠰ ᠤᠨ ᠦᠶ᠎ᠡ ᠶᠢᠨ ᠠᠪᠢᠶ᠎ᠠ ᠠᠶᠠᠯᠭᠤ ᠨᠢ | *hiuɑng᠂ hiuɑ̀ng ᠪᠣᠯᠵᠣ᠂ ᠶᠣᠸᠠᠨ ᠤ ᠰᠡᠭᠦᠯᠴᠢ᠂ ᠮᠢᠩ ᠤᠨ ᠡᠬᠢᠨ ᠢᠶᠠᠷ ᠰᠠᠶ᠋ᠢ ᠣᠩ ᠪᠣᠯᠣᠨ | ᠬᠡᠪᠰᠢᠭᠡᠳ᠂ ᠣᠳᠣ ᠦᠶ᠎ᠡ ᠳᠤ ᠰᠠᠶ᠋ᠢ ᠸᠠᠩ ᠭᠡᠵᠦ ᠨᠢᠭᠡᠳᠭᠡᠨ ᠲᠦᠷᠢᠮᠵᠢᠭᠦᠯᠵᠡᠢ ᠭᠡᠵᠦ ᠦᠵᠡᠬᠦ ᠪᠣᠯᠣᠮᠵᠢ ᠭᠠᠷᠣᠨ᠎ᠠ | ᠃ ᠪᠠᠰᠠ ᠬᠢᠳᠠᠳ ᠤᠨ ᠡᠯ᠎ᠡ ᠨᠣᠳᠤᠭ ᠤᠨ ᠠᠪᠢᠶ᠎ᠠ ᠳᠤ ᠣᠳᠣ ᠴᠦ ᠬᠡᠳ ᠾᠢᠸᠠᠩ᠂ ᠾᠢᠥᠸᠠᠩ᠂ ᠭᠢᠥᠸᠠᠩ | ︵Giowang︶ ᠬᠡᠪ ᠢᠶᠠᠷ ᠠᠪᠢᠶᠠᠯᠠᠭᠰᠠᠭᠠᠷ ᠪᠠᠶᠢᠭ᠎ᠠ ᠶᠣᠮ᠂ ᠣᠨᠴᠠ ᠵᠠᠷᠢᠮ ᠨᠢ ᠵᠢᠱᠢᠶᠡᠯᠡᠪᠡᠯ ᠶᠣᠸᠠᠢ ᠬᠡᠯᠡᠨ ᠤ | ᠭᠸᠥ ᠯᠸᠥ ᠨᠣᠳᠤᠭ ᠤᠨ ᠠᠪᠢᠶᠠᠨ ᠳᠤ kuɔŋ ᠭᠡᠵᠦ ᠠᠪᠢᠶᠠᠯᠠᠨ᠎ᠠ ᠭᠡᠵᠦ ᠪᠣᠢ᠂ ᠲᠠᠷᠣᠢ ᠲᠡᠭᠦᠨ ᠤ ᠡᠬᠢᠨ ᠤ | ᠠᠪᠢᠶ᠎ᠠ ᠨᠢ ᠮᠦᠨ k ᠪᠠᠶᠢᠭᠰᠠᠭᠠᠷ ᠠᠵᠠᠢ᠂ ᠡᠨᠡ ᠪᠣᠯ ᠵᠦᠪᠬᠡᠨ ᠨᠢᠭᠡ ᠶᠡᠷᠦ ᠶᠢᠨ ᠲᠣᠬᠢᠶᠠᠯᠳᠣᠯ ᠪᠢᠰᠢ ᠪᠣᠯᠣᠯᠳᠠᠢ᠃ | ᠪᠠᠰᠠ ᠬᠢᠳᠠᠳ ᠤᠨ ᠬᠠᠮᠤᠭ ᠡᠷᠳᠡᠨ ᠤ ᠲᠣᠯᠢ ᠪᠢᠴᠢᠭ ᠲᠤ ᠲᠣᠭᠠᠴᠠᠭᠳᠠᠬᠤ ᠭᠤᠸᠠᠩ ᠶᠦᠨ ᠮᠡᠳᠦ ᠲᠣᠯᠢ ᠪᠢᠴᠢᠭ | ᠨᠦᠭᠦᠳ ᠲᠤ ᠲᠣᠰ ᠦᠰᠦᠭ ᠤᠨ ᠠᠪᠢᠶ᠎ᠠ ᠶᠢ 雨方切 ᠪᠣᠶᠣ于放切 ᠬᠡᠵᠦ ᠬᠡᠷᠴᠢᠨ | ᠭᠠᠯᠢᠭᠴᠢᠯᠠᠨ᠎ᠠ ᠭᠡᠵᠦ ᠪᠣᠢ᠃ ᠲᠡᠭᠡᠳᠦ ᠡᠷᠳᠡ ᠦᠶ᠎ᠡ ᠠᠴᠠ ᠲᠣᠮᠳᠠᠳᠣ ᠵᠠᠭᠤᠨ ᠪᠣᠯᠳᠠᠯ᠎ᠠ 雨 ᠪᠣᠶᠣ于 ᠦᠰᠦᠭ | ᠤᠨ ᠡᠬᠢᠨ ᠤ ᠠᠪᠢᠶᠠᠯᠠᠪᠣᠷᠢ ᠨᠢ ᠦᠨᠡᠬᠡᠷ ᠪᠦᠷ ᠣᠶᠢᠷᠠᠯᠴᠠᠭ᠎ᠠ ᠪᠠᠷ h ᠪᠠᠶᠢᠵᠠᠢ᠃ ᠡᠭᠦᠨ ᠢ ᠦᠨᠳᠦᠰᠦᠯᠡᠪᠡᠯ | ᠲᠣᠮᠳᠠᠳᠣ ᠵᠠᠭᠤᠨ ᠪᠣᠯᠳᠠᠯ᠎ᠠ王 ᠦᠰᠦᠭ ᠢ ᠣᠶᠢᠷᠠᠯᠴᠠᠭ᠎ᠠ ᠪᠠᠷ ᠪᠦᠷ *hiuɑng ᠪᠣᠶᠣ hiuɑ̀ng | ᠭᠡᠵᠦ ᠠᠪᠢᠶᠠᠯᠠᠵᠣ ᠪᠠᠶᠢᠪᠠ ᠭᠡᠳᠡᠭ ᠲᠠᠩ ᠣᠯᠣᠰ ᠤᠨ ᠦᠶ᠎ᠡ ᠶᠢᠨ ᠠᠪᠢᠶ᠎ᠠ ᠠᠶᠠᠯᠭᠤ ᠨᠢ ᠦᠨᠡᠨ ᠬᠡᠷᠡᠭ ᠶᠣᠮ᠃ | ᠲᠡᠭᠡᠳᠦ ᠡᠷᠳᠡᠨ ᠤ ᠦᠶ᠎ᠡ ᠳᠤ ᠺᠢᠩ ︵Kings︶ ᠭᠡᠳᠡᠭ ᠦᠭᠡ ᠮᠣᠩᠭᠤᠯ ᠬᠡᠯᠡᠨ ᠳᠤ ᠣᠷᠣᠬᠤ ᠳᠠᠭᠠᠨ᠂ ᠬᠠᠩ | ᠪᠣᠶᠣ ᠬᠠᠨ ᠪᠣᠯᠣᠭᠰᠠᠨ ᠪᠣᠯᠪᠠᠣ ᠭᠡᠵᠦ ᠪᠣᠳᠣᠨᠠᠮ᠃ ᠶᠠᠭ ᠡᠶᠢᠮᠦ ᠠᠴᠠ ᠬᠢᠳᠠᠳ ᠬᠦᠮᠦᠰ ᠴᠦ ᠲᠡᠭᠦᠨ ᠢ | ɢʷaŋ᠂ ɣiuaŋ᠂ ɡi̯waŋ ᠭᠡᠵᠦ ᠠᠪᠢᠶᠠᠯᠠᠵᠣ ᠪᠠᠶᠢᠭᠰᠠᠨ ᠪᠣᠯᠬᠤᠷ᠂ ᠡᠳᠡ ᠬᠤᠶᠠᠭᠤᠯᠠ | ᠶᠡᠬᠡᠯ᠎ᠡ ᠣᠶᠢᠷᠬᠠᠨ ᠠᠪᠢᠶ᠎ᠠ ᠲᠠᠢ ᠲᠣᠯᠠ᠂ ᠬᠢᠳᠠᠳ ᠲᠡᠣᠬᠡᠨ ᠳᠤ ᠾᠦᠩᠨᠦ ᠶᠢᠨ ᠬᠠᠨ ᠪᠣᠶᠣ ᠬᠠᠩ ᠭᠡᠳᠡᠭ ᠬᠠᠭᠠᠨ | ᠤ ᠬᠦᠪᠡᠭᠦᠳ ᠢ ᠰᠢᠭᠤᠳ ᠬᠢᠳᠠᠳ ᠬᠡᠯᠡᠨ ᠳᠤ ᠬᠡᠷᠡᠭᠯᠡᠬᠦ ɢʷaŋ᠂ ɣiuaŋ᠂ ɡi̯waŋ ᠵᠡᠷᠭᠡ | ᠠᠪᠢᠶ᠎ᠠ ᠪᠠᠷ ᠠᠪᠢᠶᠠᠯᠠᠭᠰᠠᠨ ᠬᠡᠷᠡᠭ ᠭᠡᠵᠦ ᠦᠵᠡᠵᠦ ᠪᠠᠶᠢᠨ᠎ᠠ᠃ ᠲᠡᠶᠢᠮᠦ ᠪᠢᠰᠢ ᠪᠣᠯ ᠬᠠᠭᠠᠨ ᠢ ᠨᠢ ᠴᠠᠨ ᠢᠥᠥᠢ | ᠭᠡᠵᠦ ᠠᠪᠢᠶᠠᠴᠢᠯᠠᠨ ᠣᠷᠴᠢᠭᠤᠯᠣᠭᠠᠳ᠂ ᠬᠠᠨ ᠬᠦᠪᠡᠭᠦᠳ ᠢ ᠨᠢ ᠸᠠᠩ ᠭᠡᠵᠦ ᠬᠢᠳᠠᠳ ᠬᠡᠯᠡ ᠪᠠᠷ ᠨᠡᠷᠡᠶᠢᠳᠦᠬᠦ | ᠪᠣᠯᠣᠯᠴᠠᠭ᠎ᠠ ᠪᠠᠶᠢᠵᠣ ᠪᠣᠯᠣᠨ᠎ᠠ ᠦᠦ︖ᠰᠣᠨᠢᠷᠬᠠᠯ ᠲᠠᠢ ᠨᠦᠬᠦᠳ ᠦᠷᠬᠦᠯᠵᠢᠯᠡᠨ ᠬᠦᠨᠵᠡᠭᠡᠶᠢᠷᠡᠨ ᠣᠷᠣᠯᠳᠣᠵᠣ | ᠪᠣᠯᠣᠨ᠎ᠠ᠃ | ④ ᠣᠯᠠᠨ ᠵᠦᠢᠯ ᠤᠨ ᠠᠪᠢᠶᠠᠨ ᠭᠠᠯᠢᠭ ᠤᠨ ᠪᠣᠳᠣᠯᠢᠶᠠᠨ ᠲᠠᠢ ᠪᠠᠶᠢᠳᠠᠯ ᠤᠨ ᠲᠣᠬᠠᠢ ᠲᠦᠭᠦᠮ ᠶᠠᠷᠢᠬᠤ ᠨᠢ᠄ | ᠣᠳᠣ ᠲᠡᠯᠡᠬᠡᠢ ᠲᠠᠬᠢᠨ ᠢᠶᠠᠷ ᠢᠶᠠᠨ ᠪᠦᠷ ᠭᠤᠣᠯᠳᠠᠭᠤ ︽ᠲᠡᠯᠡᠬᠡᠢ ᠨᠡᠶᠢᠳᠡ ᠶᠢᠨ ᠠᠪᠢᠶᠠᠨ ᠭᠠᠯᠢᠭ︾ ᠢ ᠬᠡᠷᠡᠭᠯᠡᠵᠦ | ᠪᠠᠶᠢᠭ᠎ᠠ ᠪᠣᠯᠪᠠᠴᠣ᠂ ᠣᠳᠣ ᠦᠶ᠎ᠡ ᠳᠤ ᠬᠡᠷᠡᠭᠯᠡᠵᠦ ᠪᠠᠶᠢᠭ᠎ᠠ ᠶᠠᠮᠠᠷᠪᠠ ᠨᠢᠭᠡᠨ ᠵᠦᠢᠯ ᠤᠨ ᠠᠪᠢᠶᠠᠨ ᠭᠠᠯᠢᠭ ᠨᠢ ᠪᠦᠷ | ᠪᠦᠷᠢᠨ ᠲᠡᠭᠦᠯᠳᠡᠷ ᠶᠠᠭᠤᠮ᠎ᠠ ᠪᠣᠯᠵᠣ ᠴᠢᠳᠠᠭᠠᠳᠣᠢ ᠶᠣᠮ᠃ ᠵᠦᠪᠬᠡᠨ ᠮᠠᠨ ᠤ ᠣᠯᠠᠨ ᠬᠡᠷᠡᠭᠯᠡᠳᠡᠭ ᠲᠡᠯᠡᠬᠡᠢ ᠨᠡᠶᠢᠳᠡ | ᠶᠢᠨ ᠠᠪᠢᠶᠠᠨ ᠭᠠᠯᠢᠭ ᠤᠨ ᠶᠦᠨᠢᠺᠣᠳ᠋ ᠠᠴᠠ ᠦᠵᠡᠪᠡᠯ᠂ ᠡᠨᠡᠬᠦ ᠠᠪᠢᠶᠠᠨ ᠭᠠᠯᠢᠭ ᠨᠡᠶᠢᠳᠡ ᠨᠢᠭᠡ ᠵᠠᠭᠤ ᠲᠠᠯᠠᠨ | ᠨᠠᠢᠮᠠᠨ ᠺᠣᠳ᠋ᠯᠠᠭᠰᠠᠨ ᠦᠰᠦᠭ ᠲᠠᠢ ᠪᠠᠶᠢᠳᠠᠯ᠎ᠠ᠂ ᠪᠠᠰᠠ ᠦᠷᠭᠡᠳᠭᠡᠯ ᠬᠡᠰᠡᠭ ᠭᠡᠵᠦ᠂ ᠬᠡᠳᠦᠶᠢᠪᠡᠷ ᠡᠮᠦᠨᠡᠬᠢ ᠲᠠᠢ ᠪᠠᠨ | ᠲᠠᠪᠬᠤᠷᠳᠠᠵᠣ ᠪᠠᠶᠢᠭ᠎ᠠ ᠬᠡᠰᠡᠭ ᠪᠠᠶᠢᠳᠠᠭ ᠪᠣᠯᠪᠠᠴᠣ᠂ ᠪᠠᠰᠠ ᠶᠡᠷᠢᠨ ᠨᠠᠢᠮᠠᠨ ᠺᠣᠳ᠋ᠯᠠᠭᠰᠠᠨ ᠦᠰᠦᠭ ᠲᠠᠢ ᠪᠠᠶᠢᠭ᠎ᠠ | ᠶᠣᠮ᠃ ᠡᠭᠦᠨ ᠢ ᠲᠣᠲᠣᠷ᠎ᠠ ᠠᠴᠠ ᠲᠡᠯᠡᠬᠡᠢ ᠶᠢᠨ ᠣᠯᠠᠩᠬᠢ ᠬᠡᠯᠡ ᠨᠦᠭᠦᠳ ᠦᠪᠡᠷ ᠤᠨ ᠬᠡᠯᠡᠨ ᠳᠡᠭᠡᠨ ᠭᠦᠢᠴᠡᠳ | ᠲᠣᠬᠢᠷᠠᠭᠰᠠᠨ ᠴᠦᠬᠡᠨ ᠬᠡᠰᠡᠭ ᠢ ᠰᠣᠩᠭᠤᠨ ᠬᠡᠷᠡᠭᠯᠡᠳᠡᠭ ᠠᠵᠠᠢ᠃ ᠵᠢᠱᠢᠶᠡᠯᠡᠪᠡᠯ᠄ ᠬᠢᠳᠠᠳ ᠬᠡᠯᠡ ᠪᠣᠯ ᠵᠦᠪᠬᠡᠨ | ᠲᠡᠭᠦᠨ ᠤ ᠲᠣᠲᠣᠷ᠎ᠠ ᠠᠴᠠ ᠭᠤᠴᠢ ᠭᠠᠷᠣᠶᠢᠬᠠᠨ ᠢ ᠰᠣᠩᠭᠤᠨ ᠠᠪᠴᠣ ᠣᠯᠠᠷᠢᠭᠤᠯᠣᠨ ᠭᠡᠷᠡᠭᠯᠡᠵᠦ᠂ ᠬᠢᠳᠠᠳ ᠬᠡᠯᠡᠨ | ᠤ ᠯᠠᠲ᠋ᠢᠨ ᠭᠠᠯᠢᠭ ᠤᠨ ᠠᠪᠢᠶ᠎ᠠ ᠶᠢ ᠲᠣᠲᠣᠷᠬᠠᠶᠢᠯᠠᠵᠣ ᠪᠠᠶᠢᠭ᠎ᠠ ᠶᠣᠮ᠃ ᠲᠡᠯᠡᠬᠡᠢ ᠨᠡᠶᠢᠳᠡ ᠶᠢᠨ ᠠᠪᠢᠶᠠᠨ ᠭᠠᠯᠢᠭ | ᠬᠡᠳᠦᠶᠢᠪᠡᠷ ᠡᠶᠢᠮᠦ ᠣᠯᠠᠨ ᠪᠠᠶᠢᠪᠠᠴᠣ᠂ ᠮᠦᠨ ᠲᠡᠯᠡᠬᠡᠢ ᠶᠢᠨ ᠣᠯᠠᠨ ᠬᠡᠯᠡ ᠠᠶᠠᠯᠭᠤ ᠶᠢ ᠭᠦᠢᠴᠡᠳ ᠲᠡᠮᠳᠡᠭᠯᠡᠵᠦ | ᠬᠦᠷᠬᠦ ᠦᠭᠡᠢ ᠪᠣᠯᠬᠤᠷ᠂ ᠬᠦᠮᠦᠰ ᠨᠡᠩ ᠪᠣᠳᠣᠯᠢᠶᠠᠨ ᠲᠠᠢ ᠠᠪᠢᠶᠠᠨ ᠭᠠᠯᠢᠭ ᠡᠭᠦᠳᠦᠨ ᠬᠡᠷᠡᠭᠯᠡᠵᠦ ᠪᠠᠶᠢᠨ᠎ᠠ᠃ | ᠵᠢᠱᠢᠶᠡᠯᠡᠪᠡᠯ ᠲᠠᠩ ᠢᠶᠠᠷ ᠭᠠᠯᠢᠭᠴᠢᠯᠠᠬᠤ ᠭᠡᠳᠡᠯ᠎ᠡ᠂ ᠲᠠᠪᠬᠤᠷᠯᠠᠨ ᠭᠠᠯᠢᠭᠴᠢᠯᠠᠬᠤ ᠭᠡᠵᠦ᠂ ᠪᠠᠰᠠ ᠴᠢᠮᠡᠨ | ᠭᠠᠯᠢᠭᠴᠢᠯᠠᠬᠤ ᠭᠡᠵᠦ ᠶᠠᠩᠵᠣ ᠶᠢᠨ ᠣᠯᠠᠨ ᠵᠦᠢᠯ ᠪᠠᠶᠢᠳᠠᠭ ᠶᠣᠮ᠃ ᠪᠠᠰᠠ ᠵᠠᠷᠢᠮ ᠨᠢ ᠲᠣᠰ ᠠᠪᠢᠶᠠᠨ ᠤ ᠪᠠᠨ | ᠠᠪᠢᠶ᠎ᠠ ᠭᠠᠷᠭᠠᠵᠣ ᠪᠠᠶᠢᠭ᠎ᠠ ᠣᠷᠣᠨ ᠪᠠᠶᠢᠷᠢ ᠶᠢ ᠦᠨᠳᠦᠰᠦᠯᠡᠨ᠂ ᠬᠠᠷᠠᠭᠠᠯᠵᠠᠭᠰᠠᠨ ᠭᠠᠯᠢᠭ ᠢᠶᠠᠨ ᠶᠡᠭᠡ ᠪᠢᠴᠢᠯᠭᠡ | ᠪᠠᠷ ᠪᠢᠴᠢᠬᠦ᠂ ᠪᠠᠭ᠎ᠠ ᠪᠢᠴᠢᠯᠭᠡ ᠪᠠᠷ ᠪᠢᠴᠢᠬᠦ᠂ ᠡᠮᠦᠨᠡᠰᠢ ᠬᠠᠷᠠᠭᠤᠯᠣᠨ ᠪᠢᠴᠢᠬᠦ᠂ ᠠᠷᠣᠨᠰᠢ ᠬᠠᠷᠠᠭᠤᠯᠣᠨ ᠪᠢᠴᠢᠬᠦ᠂ | ᠲᠡᠭᠡᠭᠰᠢ ᠬᠠᠷᠠᠭᠤᠯᠣᠨ ᠪᠢᠴᠢᠬᠦ᠂ ᠲᠣᠷᠣᠭᠰᠢ ᠬᠠᠷᠠᠭᠤᠯᠣᠨ ᠪᠢᠴᠢᠬᠦ ᠵᠡᠷᠭᠡ ᠵᠦᠢᠯ ᠵᠢᠰᠦᠮ ᠤᠨ ᠠᠷᠭ᠎ᠠ ᠪᠦᠷ | ᠪᠠᠶᠢᠳᠠᠭ᠃ ᠪᠠᠰᠠ ᠲᠡᠭᠡᠷ᠎ᠡ ᠨᠢ ᠲᠡᠮᠳᠡᠭ ᠨᠡᠮᠡᠬᠦ᠂ ᠲᠣᠣᠷ᠎ᠠ ᠨᠢ ᠲᠡᠮᠳᠡᠭ ᠨᠡᠮᠡᠬᠦ᠂ ᠵᠡᠷᠭᠡ ᠠᠷᠭ᠎ᠠ ᠠᠪᠴᠢᠯ ᠢ ᠪᠦᠷ | ᠬᠡᠷᠡᠭᠯᠡᠳᠡᠭ ᠠᠵᠠᠢ᠃ ᠢᠩᠭᠢᠭᠡᠳ ᠪᠠᠰᠠ ᠬᠦᠷᠦᠯᠴᠡᠬᠦ ᠦᠭᠡᠢ ᠦᠶ᠎ᠡ ᠳᠤ ᠵᠠᠷᠢᠮ ᠨᠢᠭᠡ ᠦᠰᠦᠭ ᠤᠨ ᠰᠢᠰᠲ᠋ᠧᠮ᠂ | ᠵᠢᠱᠢᠶᠡᠯᠡᠪᠡᠯ ᠡᠷᠳᠡᠨ ᠤ ᠷᠣᠮ ᠦᠰᠦᠭ ᠪᠣᠶᠣ ᠭᠷᠧᠭ ᠦᠰᠦᠭ ᠵᠡᠷᠭᠡ ᠶᠢ ᠰᠢᠭᠤᠳ ᠣᠷᠣᠭᠤᠯᠣᠨ ᠬᠡᠷᠡᠭᠯᠡᠬᠦ | ᠦᠵᠡᠭᠳᠡᠯ ᠪᠦᠷ ᠪᠠᠶᠢᠭ᠎ᠠ ᠠᠵᠠᠢ᠃ ᠡᠶᠢᠮᠦ ᠠᠴᠠ ᠲᠣᠰᠬᠠᠶᠢᠯᠠᠨ ᠡᠭᠦᠨ ᠤ ᠲᠣᠬᠠᠢ ᠣᠷᠣᠯᠳᠣᠯᠭ᠎ᠠ ᠦᠭᠡᠢ ᠪᠢᠳᠡᠨᠡᠷ᠂ | ᠲᠡᠭᠦᠨ ᠤ ᠠᠪᠢᠶ᠎ᠠ ᠠᠶᠠᠯᠭᠤ ᠶᠢ ᠲᠣᠭᠤᠷᠠᠳᠠᠯᠠ ᠶᠠᠷᠢᠵᠣ ᠲᠠᠶᠢᠯᠪᠣᠷᠢᠯᠠᠵᠣ ᠪᠠᠶᠢᠳᠣᠭᠠᠢ᠂ ᠵᠦᠪ ᠰᠠᠶᠢᠬᠠᠨ ᠬᠡᠷᠡᠭᠯᠡᠵᠦ | ᠴᠦ ᠴᠢᠳᠠᠬᠤ ᠦᠭᠡᠢ ᠨᠢ ᠮᠡᠳᠡᠭᠡᠵᠢ ᠶᠢᠨ ᠬᠡᠷᠡᠭ ᠶᠣᠮ᠃ ᠶᠠᠭ ᠡᠶᠢᠮᠦ ᠰᠢᠯᠳᠠᠭᠠᠨ ᠠᠴᠠ ᠪᠣᠯᠵᠣ᠂ ᠵᠣᠬᠢᠶᠠᠭᠴᠢ | ᠠᠴᠠ ᠦᠪᠡᠷ ᠤᠨ ᠵᠣᠬᠢᠶᠠᠯ ᠲᠣᠲᠣᠷᠠᠬᠢ ᠾᠦᠩᠨᠦ ᠦᠭᠡ ᠬᠡᠯᠡ ᠲᠠᠢ ᠬᠤᠯᠪᠣᠭᠳᠠᠯ ᠲᠠᠢ ᠨᠡᠷᠡᠰ ᠦᠭᠡ ᠶᠢᠨ | ᠣᠯᠠᠩᠬᠢ ᠨᠢ ᠪᠦᠷ ᠡᠷᠳᠡᠨ ᠤ ᠬᠢᠳᠠᠳ ᠦᠰᠦᠭ ᠠᠴᠠ ᠢᠷᠡᠯᠳᠡ ᠲᠠᠢ ᠪᠣᠯᠬᠤᠷ᠂ ᠡᠳᠡᠭᠡᠷ ᠬᠢᠳᠠᠳ ᠦᠰᠦᠭ ᠤᠨ | ᠡᠷᠳᠡᠨ ᠤ ᠠᠪᠢᠶ᠎ᠠ ᠠᠶᠠᠯᠭᠤ ᠶᠢ ᠲᠡᠮᠳᠡᠭᠯᠡᠭᠰᠡᠨ ᠣᠣᠯ ᠭᠠᠯᠢᠭ ︵ᠡᠨᠡᠬᠦ ᠭᠠᠯᠢᠭ ᠲᠣᠲᠣᠷ᠎ᠠ ᠨᠢ ᠴᠦ ᠬᠡᠳᠦᠨ ᠵᠦᠢᠯ | ᠤᠨ ᠠᠳᠠᠯᠢ ᠪᠣᠰᠣ ᠭᠠᠯᠢᠭ ᠬᠠᠷᠠᠭᠳᠠᠵᠣ ᠪᠠᠶᠢᠭ᠎ᠠ ᠲᠦᠯᠦᠪᠳᠡᠢ︶ ᠢ ᠨᠢᠭᠡᠴᠦ ᠦᠭᠡᠷᠡᠴᠢᠯᠡᠯ ᠦᠭᠡᠢ ᠬᠡᠷᠡᠭᠯᠡᠭᠰᠡᠨ | ᠠᠴᠠ ᠭᠠᠳᠠᠨ᠎ᠠ᠂ ᠦᠪᠡᠷ ᠤᠨ ᠬᠠᠮᠤᠭ ᠲᠦᠭᠦᠮ ᠭᠡᠵᠦ ᠰᠠᠨᠠᠭᠳᠠᠭᠰᠠᠨ ᠣᠳᠣ ᠦᠶ᠎ᠡ ᠶᠢᠨ ᠬᠢᠳᠠᠳ ᠦᠰᠦᠭ ᠤᠨ | ᠯᠠᠲ᠋ᠢᠨ ᠭᠠᠯᠢᠭ ᠢ ᠵᠢᠭᠡᠯᠡᠨ ᠵᠠᠷᠢᠮ ᠦᠭᠡ ᠶᠢ ᠭᠠᠯᠢᠭᠴᠢᠯᠠᠨ ᠢᠯᠡᠳᠭᠡᠬᠦ ᠪᠠᠷ ᠣᠷᠣᠯᠳᠣᠵᠠᠢ᠃ ᠬᠡᠳᠦᠶᠢᠪᠡᠷ ᠺᠢᠷᠢᠯ | ᠭᠠᠯᠢᠭ ᠢ ᠣᠷᠣᠭᠤᠯᠣᠨ ᠬᠡᠷᠡᠭᠯᠡᠶ᠎ᠡ ᠭᠡᠵᠦ ᠰᠠᠨᠠᠭᠰᠠᠨ ᠪᠣᠯᠪᠠᠴᠣ᠂ ᠺᠢᠷᠢᠯ ᠦᠰᠦᠭ ᠲᠤ ᠪᠣᠯᠪᠠᠰᠣᠷᠠᠩᠭᠤᠢ ᠪᠢᠰᠢ | ᠲᠣᠯᠠ ᠬᠡᠷᠡᠭᠯᠡᠵᠦ ᠴᠢᠳᠠᠭᠰᠠᠨ ᠦᠭᠡᠢ ᠲᠠᠯᠪᠢᠪᠠ᠃ ᠡᠶᠢᠮᠦ ᠠᠴᠠ ᠦᠵᠡᠬᠦ ᠮᠡᠷᠭᠡᠳ ᠵᠠᠯᠠᠷᠠᠭᠤᠯᠣᠨ ᠦᠵᠡᠮᠦ ᠭᠡᠵᠦ | ᠬᠦᠰᠡᠶ᠎ᠡ᠃ | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |