ᠯᠠᠩ ᠵᠢᠥᠢ ᠰᠢᠥᠢ ᠠᠭᠤᠯᠠ
ᠨᠡᠶᠢᠲᠡᠯᠡᠭᠰᠡᠨ ᠴᠠᠭ᠄
2021/3/19
ᠣᠣᠬᠠᠨ · ᠬᠠᠭᠳᠠ ᠵᠣᠬᠢᠶᠠᠪᠠ 狼居胥山 ᠠᠭᠤᠯᠠ᠄ ᠯᠠᠩ ᠵᠢᠥᠢ ᠰᠢᠥᠢ ᠠᠭᠤᠯᠠ ᠪᠠᠰᠠ ᠯᠠᠩ ᠱᠠᠨ ᠠᠭᠤᠯᠠ ᠭᠡᠳᠡᠭ᠂ ᠡᠨᠡᠬᠦ ᠠᠭᠤᠯᠠᠨ ᠤ ᠪᠠᠶᠢᠷᠢᠰᠢᠯ ᠤᠨ ᠲᠣᠬᠠᠢ ᠡᠷᠳᠡ ᠡᠳᠦᠬᠡ ᠶᠢᠨ ᠣᠯᠠᠨ ᠡᠷᠳᠡᠮᠳᠡᠨ ᠤ ᠬᠡᠯᠡᠯᠭᠡ ᠮᠠᠰᠢ ᠠᠳᠠᠯᠢ ᠦᠭᠡᠢ ᠪᠠᠶᠢᠭᠰᠠᠭᠠᠷ ᠢᠷᠡᠵᠡᠢ᠃ ᠡᠷᠳᠡ ᠦᠶ᠎ᠡ  ᠪᠠᠷ ᠬᠢᠳᠠᠳ ᠡᠷᠳᠡᠮᠳᠡᠳ ᠤᠨ ᠣᠯᠠᠩᠬᠢ ᠨᠢ ︽ᠰᠣᠳᠣᠷ ᠲᠡᠮᠳᠡᠭᠯᠡᠯ︾ ᠳᠠᠬᠢ ᠪᠢᠶᠥᠥ ᠴᠢ ᠵᠠᠩᠵᠣᠨ ︵ᠾᠦᠸᠧ ᠴᠢᠥᠢ ᠪᠢᠩ︶ ᠤ ᠨᠠᠮᠳᠠᠷ ᠤᠨ ᠠᠭᠤᠯᠭ᠎ᠠ ᠶᠢ ᠦᠨᠳᠦᠰᠦᠯᠡᠵᠦ᠂ ᠯᠠᠩ ᠵᠢᠥᠢ ᠰᠢᠥᠢ ᠠᠭᠤᠯᠠ ᠪᠣᠯ ᠮᠣᠩᠭᠤᠯ ᠣᠯᠣᠰ  ᠤᠨ ᠬᠡᠨᠳᠡᠢ ᠠᠭᠤᠯᠠ ᠮᠦᠨ ᠭᠡᠵᠦ ᠬᠡᠯᠡᠳᠡᠭ ᠬᠦᠮᠦᠰ ᠣᠯᠠᠩᠬᠢ ᠶᠢ ᠡᠵᠡᠯᠡᠳᠡᠭ ᠪᠠᠶᠢᠵᠠᠢ᠃ ᠭᠡᠪᠡᠴᠦ ᠡᠨᠡᠬᠦ ᠨᠠᠮᠳᠠᠷ  ᠲᠠᠬᠢ ᠲᠡᠮᠳᠡᠭᠯᠡᠯ ᠪᠣᠯ ᠮᠠᠰᠢ ᠲᠦᠭᠦᠮᠴᠢᠯᠡᠭᠰᠡᠨ ᠲᠡᠮᠳᠡᠭᠯᠡᠯ ᠪᠣᠯᠬᠤᠷ ᠣᠨᠣᠪᠴᠢ ᠦᠭᠡᠢ ᠶᠣᠮ᠂ ᠰᠢᠯᠳᠠᠭᠠᠨ ᠨᠢ ᠡᠨᠡᠬᠦ ᠨᠠᠮᠳᠠᠷ ᠲᠤ ᠾᠦᠸᠧ ᠴᠢᠥᠢ ᠪᠢᠩ ᠤᠨ ᠲᠠᠶᠢᠨ ᠬᠢᠭᠰᠡᠨ ᠶᠠᠪᠣᠴᠠ ᠶᠢᠨ ᠭᠠᠵᠠᠷ ᠤᠨ ᠨᠡᠷ᠎ᠡ ᠶᠢ ᠲᠡᠰ ᠲᠡᠷᠠᠭᠠᠯᠠᠨ ᠲᠡᠮᠳᠡᠭᠯᠡᠭᠰᠡᠨ ᠣᠴᠢᠷ ᠨᠢᠭᠡᠴᠦ ᠪᠠᠶᠢᠬᠤ ᠦᠭᠡᠢ᠂ ᠬᠠᠷᠢᠨ ᠡᠨᠡᠬᠦ ᠲᠠᠶᠢᠨ ᠲᠠᠭᠤᠰᠣᠭᠰᠠᠨ ᠤ ᠲᠠᠷᠠᠭ᠎ᠠ᠂ ᠬᠠᠨ ᠡᠣ ᠳ᠋ᠢ ᠬᠠᠭᠠᠨ ᠤ ᠲᠡᠭᠦᠨ ᠢ ᠮᠠᠭᠳᠠᠨ ᠰᠠᠶᠢᠰᠢᠶᠠᠭᠰᠠᠨ ᠦᠭᠡᠨ ᠳᠤ ᠬᠠᠷᠢᠨ᠄ ︽ᠪᠢᠶᠥᠥ ᠴᠢ ᠵᠠᠩᠵᠣᠨ ᠬᠢᠵᠠᠭᠠᠷ ᠠᠴᠠ ᠴᠢᠨᠠᠭᠰᠢ ᠬᠤᠶᠠᠷ ᠮᠢᠩᠭᠠᠨ ᠢᠯᠡᠭᠦᠥ ᠭᠠᠵᠠᠷ ᠭᠠᠷᠳᠠᠯ᠎ᠠ ᠲᠠᠶᠢᠯᠠᠯᠳᠣᠵᠣ ᠁ ᠯᠠᠩ ᠵᠢᠥᠢ ᠰᠢᠥᠢ ᠠᠭᠤᠯᠠ ᠶᠢ ᠲᠠᠬᠢᠵᠣ᠂ ᠭᠦ᠋ ᠶᠠᠨ ᠢ ᠲᠠᠪᠢᠭᠯᠠᠨ᠂ ᠬᠠᠩᠬᠠᠢ ᠳᠤ ᠪᠠᠷᠠᠭᠠᠯᠠᠪᠠ︾ ᠭᠡᠳᠡᠭ ᠲᠣᠪᠴᠢᠯᠠᠭᠰᠠᠨ ᠦᠭᠡ ᠪᠠᠶᠢᠳᠠᠭ᠃ ᠬᠦᠮᠦᠰ ᠡᠨᠡᠬᠦ ᠦᠭᠡ ᠶᠢᠨ ᠵᠠᠷᠢᠮ ᠠᠭᠤᠯᠭ᠎ᠠ ᠶᠢ ᠲᠠᠰᠣᠳᠠᠨ ᠠᠪᠴᠢᠷᠠᠭᠠᠳ ᠭᠤᠣᠯ ᠦᠨᠳᠦᠰᠦᠯᠡᠯ ᠪᠣᠯᠭᠠᠨ ᠡᠰᠢᠯᠡᠭᠰᠡᠨ ᠠᠴᠠ ᠪᠣᠯᠣᠭᠰᠠᠨ ᠠᠳᠡᠭᠦᠷᠡᠯ ᠣᠯᠠᠨ ᠭᠠᠷᠴᠠᠢ᠃ ᠭᠡᠪᠡᠴᠦ ᠪᠠᠰᠠ ᠴᠦᠬᠡᠨ ᠵᠠᠷᠢᠮ ᠬᠦᠮᠦᠰ ᠪᠣᠯ ᠲᠠᠯᠠᠨ ᠬᠠᠷ᠎ᠠ ᠠᠭᠤᠯᠠᠨ ᠤ ᠪᠠᠷᠠᠭᠤᠨ ᠰᠡᠵᠢᠭᠦᠷ ᠤᠨ ᠯᠠᠩ ᠱᠠᠨ ᠠᠭᠤᠯᠠᠨ ᠤ ᠬᠠᠭᠤᠴᠢᠨ ᠨᠡᠷ᠎ᠡ ᠪᠣᠯᠣᠨ᠎ᠠ ᠭᠡᠬᠦ ᠬᠦᠮᠦᠨ ᠴᠦ ᠪᠠᠶᠢᠳᠠᠭ ᠶᠣᠮ᠃ ᠬᠠᠷᠢᠨ ᠡᠨᠡ ᠬᠡᠯᠡᠯᠭᠡ ᠪᠣᠯ ᠨᠡᠯᠢᠶᠡᠳ ᠣᠨᠣᠪᠴᠢᠳᠠᠢ ᠬᠡᠯᠡᠯᠭᠡ ᠪᠣᠯᠣᠨ᠎ᠠ᠃ ᠪᠠᠰᠠ ︽ᠯᠢᠨ ᠾᠧ ᠰᠢᠶᠠᠨ ᠤ ᠣᠶᠢᠯᠠᠯᠭ᠎ᠠ︾ ᠳᠤ᠂ ᠰᠢᠶᠠᠨ ᠤ ᠬᠤᠳᠠ ᠶᠢᠨ ᠪᠠᠷᠠᠭᠤᠨ ᠬᠤᠶᠢᠨ᠎ᠠ ᠪᠠᠶᠢᠭ᠎ᠠ ᠯᠠᠩ ᠱᠠᠨ ᠠᠭᠤᠯᠠ ᠪᠣᠯ ᠲᠠᠷᠣᠢ ᠡᠷᠳᠡᠨ ᠤ ᠲᠡᠣᠬᠡᠨ ᠳᠤ ᠭᠠᠷᠳᠠᠭ ᠯᠠᠩ ᠵᠢᠥᠢ ᠰᠢᠥᠢ ᠠᠭᠤᠯᠠ ᠪᠣᠯᠣᠨ᠎ᠠ ᠭᠡᠬᠦ ᠮᠡᠳᠦ ᠣᠯᠠᠨ ᠲᠡᠮᠳᠡᠭᠯᠡᠯ ᠪᠠᠶᠢᠭ᠎ᠠ ᠶᠣᠮ᠃ ᠭᠡᠪᠡᠴᠦ ᠵᠣᠬᠢᠶᠠᠭᠴᠢ ᠶᠢᠨ ᠬᠠᠷᠭᠤᠯᠣᠨ ᠦᠵᠡᠭᠰᠡᠨ ᠢᠶᠠᠷ ᠠᠯᠢᠨ ᠴᠦ ᠲᠣᠣᠷ᠎ᠠ ᠦᠭᠦᠯᠡᠬᠦ ︽ᠴᠢᠩ  ᠤᠨ ᠲᠡᠣᠬᠡᠨ ᠨᠣᠣᠷᠠᠭ︾ ᠲᠤ ᠲᠡᠮᠳᠡᠭᠯᠡᠭᠰᠡᠨ᠂ ᠡᠩᠬᠡ ᠠᠮᠣᠭᠤᠯᠠᠩ ᠬᠠᠭᠠᠨ ᠤ ᠭᠤᠴᠢᠨ ᠵᠢᠷᠭᠤᠳᠣᠭᠠᠷ ᠣᠨ ᠳᠤ ᠬᠠᠭᠠᠨ ᠪᠡᠶᠡᠪᠡᠷ ᠭᠤᠷᠪᠠᠳᠣᠭᠠᠷ ᠣᠳᠠᠭ᠎ᠠ ᠣᠶᠢᠷᠠᠳ ᠤᠨ ᠭᠠᠯᠳᠠᠨ ᠪᠣᠱᠣᠭᠳᠣ ᠬᠠᠭᠠᠨ ᠢ ᠲᠠᠶᠢᠯᠠᠷ᠎ᠠ ᠭᠠᠷᠣᠭᠰᠠᠨ ᠬᠡᠷᠡᠭ ᠤᠨ ︽ᠮᠠᠭᠠᠳ ᠲᠡᠮᠳᠡᠭᠯᠡᠯ︾ ᠤᠨ ᠬᠢᠷᠢ ᠲᠣᠲᠣᠷᠬᠠᠢ ᠦᠭᠡᠢ ᠶᠣᠮ᠃ ᠰᠢᠯᠳᠠᠭᠠᠨ ᠨᠢ᠂ ᠲᠣᠰ ᠲᠡᠮᠳᠡᠭᠯᠡᠯ  ᠳᠤ ᠡᠩᠬᠡ ᠠᠮᠣᠭᠤᠯᠠᠩ ᠬᠠᠭᠠᠨ ᠠᠯᠢ ᠡᠳᠦᠷ ᠲᠠᠶᠢᠨ ᠳᠤ ᠮᠣᠷᠳᠠᠬᠤ ᠪᠠᠷ ᠪᠡᠭᠡᠵᠢᠩ ᠠᠴᠠ ᠭᠠᠷᠣᠭᠰᠠᠨ᠂ ᠠᠯᠢ ᠡᠳᠦᠷ ᠶᠠᠮᠠᠷ ᠭᠠᠵᠠᠷ ᠬᠦᠷᠦᠭᠰᠡᠨ᠂ ᠶᠠᠮᠠᠷ ᠨᠡᠷ᠎ᠡ ᠲᠠᠢ ᠭᠠᠵᠠᠷ ᠪᠠᠭᠤᠳᠠᠯᠯᠠᠵᠣ ᠬᠤᠨᠣᠭᠯᠠᠭᠰᠠᠨ᠂ ᠶᠠᠮᠠᠷ ᠭᠠᠵᠠᠷ ᠶᠠᠮᠠᠷ ᠬᠡᠷᠡᠭ ᠣᠴᠢᠷ ᠢ ᠰᠢᠢᠳᠭᠡᠭᠰᠡᠨ ᠭᠡᠬᠦ ᠮᠡᠳᠦ ᠡᠳᠦᠷ ᠲᠠᠷᠠᠭᠠᠯᠠᠨ ᠲᠡᠮᠳᠡᠭᠯᠡᠭᠰᠡᠨ ᠲᠣᠲᠣᠷᠬᠠᠢ ᠲᠡᠮᠳᠡᠭᠯᠡᠯ ᠪᠠᠶᠢᠭ᠎ᠠ ᠶᠣᠮ᠃ ᠠᠶᠠᠯᠠᠭᠰᠠᠨ ᠵᠠᠮ ᠤᠨ ᠣᠷᠳᠣ ᠶᠢᠨ ᠵᠠᠢ ᠶᠢ ᠡᠩᠬᠡ ᠠᠮᠣᠭᠤᠯᠠᠩ ᠬᠠᠭᠠᠨ ᠤ ᠪᠡᠭᠡᠵᠢᠩ ᠤᠨ ᠲᠡᠭᠦᠷᠭᠡ ᠠᠴᠠ ᠴᠡᠷᠢᠭ ᠲᠠᠭᠠᠭᠤᠯᠣᠨ ᠮᠣᠷᠳᠠᠨ ᠭᠠᠷᠣᠭᠰᠠᠨ ᠡᠳᠦᠷ ᠲᠡᠭᠡᠨ ᠴᠠᠩ ᠫᠢᠩ ᠬᠦᠷᠴᠦ ᠪᠠᠶᠢᠬᠤ ᠪᠠᠷ ᠦᠵᠡᠪᠡᠯ᠂ ᠴᠡᠷᠢᠭ ᠮᠣᠷᠳᠠᠨ ᠭᠠᠷᠣᠭᠰᠠᠨ ᠠᠩᠬᠠᠨ ᠤ ᠡᠳᠦᠷ ᠲᠤ ᠲᠡᠭᠦᠨ ᠤ ᠶᠡᠭᠡ ᠴᠡᠷᠢᠭ ᠪᠠᠷᠤᠭ ᠭᠤᠴᠢᠭᠠᠳ ᠺᠢᠯᠣᠮᠧᠲᠷ ᠠᠶᠠᠯᠠᠵᠣ ᠪᠠᠶᠢᠭᠰᠠᠨ  ᠨᠢ ᠲᠣᠲᠣᠷᠬᠠᠢ ᠪᠠᠶᠢᠨ᠎ᠠ᠃ ᠶᠡᠷᠦ ᠶᠢᠨ ᠪᠠᠶᠢᠳᠠᠯ ᠳᠤ ᠪᠣᠯ ᠬᠦᠰᠭᠡ ᠲᠡᠷᠭᠡ ᠲᠠᠢ ᠶᠡᠭᠡ ᠴᠡᠷᠢᠭ ᠤᠨ ᠵᠠᠮ ᠠᠶᠠᠯᠠᠬᠤ ᠬᠤᠷᠳᠣᠴᠠ ᠨᠢ ᠶᠡᠷᠦ ᠨᠢ ᠡᠳᠦᠷ ᠲᠤ ᠲᠠᠪᠢ ᠭᠠᠷᠣᠢ ᠭᠠᠵᠠᠷ ᠪᠠᠶᠢᠪᠠᠯ ᠵᠣᠬᠢᠰᠳᠠᠢ ᠶᠣᠮ᠃ ᠲᠡᠭᠡᠷᠡᠬᠢ ᠡᠳᠡᠭᠡᠷ ᠠᠭᠤᠯᠭ᠎ᠠ ᠶᠢ ᠦᠨᠳᠦᠰᠦᠯᠡᠵᠦ ᠵᠣᠬᠢᠶᠠᠭᠴᠢ ᠠᠴᠠ ︽ᠴᠢᠩ ᠤᠨ ᠲᠡᠣᠬᠡ ᠶᠢᠨ ᠨᠣᠣᠷᠠᠭ︾ ᠲᠣᠣᠷᠠᠬᠢ ᠡᠨᠡᠬᠦ ᠲᠡᠮᠳᠡᠭᠯᠡᠯ ᠢ ᠦᠨᠡᠨ ᠪᠣᠳᠠᠳᠣ ᠬᠡᠷᠡᠭ ᠲᠠᠢ ᠨᠡᠶᠢᠴᠡᠵᠦ ᠪᠠᠶᠢᠨ᠎ᠠ ᠭᠡᠵᠦ ᠢᠳᠡᠭᠡᠳᠡᠭ ᠪᠣᠯᠬᠤᠷ᠂ ᠣᠷᠢᠳᠠᠪᠠᠷ ᠡᠩᠬᠡ ᠠᠮᠣᠭᠤᠯᠠᠩ ᠬᠠᠭᠠᠨ ᠤ ᠲᠣᠰ ᠣᠳᠠᠭᠠᠨ ᠤ ᠪᠡᠶᠡᠪᠡᠷ ᠲᠠᠶᠢᠯᠠᠷ᠎ᠠ ᠭᠠᠷᠣᠭᠰᠠᠨ ᠲᠡᠮᠳᠡᠭᠯᠡᠯ ᠤᠨ ᠬᠤᠯᠪᠣᠭᠳᠠᠯ ᠪᠦᠬᠦᠢ ᠬᠡᠰᠡᠭ ᠢ ᠣᠷᠴᠢᠭᠤᠯᠣᠨ ᠭᠠᠷᠭᠠᠵᠣ᠂ ᠣᠯᠠᠨ ᠲᠠᠢ ᠬᠤᠪᠢᠶᠠᠯᠴᠠᠶ᠎ᠠ᠃ ᠲᠠᠷᠠᠭ᠎ᠠ ᠨᠢ ᠯᠠᠩ ᠵᠢᠥᠢ ᠰᠢᠥᠢ ᠭᠡᠳᠡᠭ ᠦᠭᠡᠨ ᠤ ᠠᠪᠢᠶ᠎ᠠ ᠠᠶᠠᠯᠭᠤ ᠶᠢ ᠲᠣᠷᠰᠢᠨ ᠰᠡᠷᠭᠦᠭᠡᠶ᠎ᠡ᠃ ︵ᠡᠩᠬᠡ ᠠᠮᠣᠭᠤᠯᠠᠩ ᠤᠨ ᠭᠤᠴᠢᠨ ᠵᠢᠷᠭᠤᠳᠣᠭᠠᠷ ᠣᠨ ᠤ︶ ᠬᠤᠶᠠᠷ ᠰᠠᠷ᠎ᠠ ᠶᠢᠨ ᠣᠯᠠᠭᠴᠢᠨ ᠭᠠᠭ᠋ᠠᠢ ᠡᠳᠦᠷ᠂ ᠲᠡᠭᠡᠳᠦ ᠡᠵᠡᠨ ᠪᠡᠶᠡᠪᠡᠷ ᠭᠠᠯᠳᠠᠨ ᠪᠣᠱᠣᠭᠳᠣ ᠶᠢ ᠲᠠᠶᠢᠯᠠᠷ᠎ᠠ ᠭᠠᠷᠴᠣᠬᠤᠢ ︵ᠡᠨᠡ ᠪᠣᠯ ᠡᠩᠬᠡ ᠠᠮᠣᠭᠤᠯᠠᠩ ᠬᠠᠭᠠᠨ  ᠤ ᠭᠤᠷᠪᠠᠳᠣᠭᠠᠷ ᠣᠳᠠᠭ᠎ᠠ ᠭᠠᠯᠳᠠᠨ ᠪᠣᠱᠣᠭᠳᠣ ᠶᠢ ᠲᠠᠶᠢᠯᠠᠷ᠎ᠠ ᠭᠠᠷᠣᠭᠰᠠᠨ ᠲᠡᠣᠬᠡᠳᠦ ᠬᠡᠷᠡᠭ ᠶᠣᠮ︶᠃ ᠲᠣᠰ ᠡᠳᠦᠷ ᠲᠡᠭᠡᠨ ᠴᠠᠩ ᠫᠢᠩ ᠳᠤ ᠬᠦᠷᠴᠦᠬᠦᠢ᠃ ᠠᠪᠢᠳᠠ ᠮᠡᠳᠡᠭᠦᠯᠦᠭᠰᠡᠨ ᠠᠨᠣ᠂ ᠬᠠᠮᠢᠯ ᠤᠨ ᠬᠢᠨ ᠦᠭᠡᠯᠡᠳ ᠤᠨ ᠲᠣᠭᠴᠢ ᠬᠠᠱᠬ᠎ᠠ ᠶᠢ ᠠᠮᠢᠳᠣ ᠪᠠᠷ ᠪᠠᠷᠢᠪᠴᠢᠯᠠᠪᠠᠢ ᠬᠡᠮᠡᠮᠦ᠂ ︵ᠲᠣᠭᠴᠢ ᠬᠠᠱᠬ᠎ᠠ ᠪᠣᠯ︶ ᠮᠠᠨ ᠤ ᠡᠯᠴᠢᠨ ᠮᠠᠳᠢ ᠶᠢ ᠬᠤᠣᠷᠯᠠᠭᠰᠠᠨ ᠭᠤᠣᠯ ᠬᠡᠷᠡᠭᠳᠡᠨ ᠮᠦᠨ ᠬᠡᠮᠡᠵᠦᠬᠦᠢ᠃ ᠬᠠᠭᠠᠨ ᠵᠠᠷᠯᠢᠭ ᠢᠶᠠᠷ ᠲᠡᠭᠦᠨ ᠢ ᠴᠠᠪᠴᠢᠨ ᠠᠯᠠᠭᠤᠯᠵᠣ᠂ ᠭᠦᠪᠡᠭᠦᠳ ᠦᠬᠢᠳ ᠢ ᠨᠢ ᠮᠠᠳᠢ ᠶᠢᠨ ᠭᠡᠷ ᠪᠦᠯᠢ ᠳᠤ ᠪᠣᠭᠤᠯ ᠪᠣᠯᠭᠠᠨ ᠦᠭᠭᠦᠪᠡᠢ᠃ ᠰᠢᠷ᠎ᠠ ᠨᠣᠬᠠᠢ ︵戊戌︶ ᠡᠳᠦᠷ᠂ ᠲᠡᠭᠡᠳᠦ ᠡᠵᠡᠨ ᠳ᠋ᠠ ᠲᠦᠩ ᠳᠤ ᠪᠠᠭᠤᠳᠠᠯᠯᠠᠪᠠᠢ ︵ᠪᠡᠭᠡᠵᠢᠩ ᠠᠴᠠ ᠮᠣᠷᠳᠠᠨ ᠭᠠᠷᠣᠭᠠᠳ ᠠᠷᠪᠠᠨ ᠨᠢᠭᠡᠳᠦᠭᠡᠷ ᠡᠳᠦᠷ ᠳ᠋ᠠ ᠲᠦᠩ ᠬᠦᠷᠪᠡ᠃ ᠳ᠋ᠠ ᠲᠦᠩ ᠪᠡᠭᠡᠵᠢᠩ ᠤᠨ ᠠᠰ ᠵᠠᠢ ᠠᠷᠠᠢ ᠭᠤᠷᠪᠠᠨ ᠵᠠᠭᠤᠨ ᠺᠢᠯᠣᠮᠧᠲᠷ ᠬᠦᠷᠬᠦ ᠦᠭᠡᠢ ᠵᠠᠮ ᠢ ᠠᠷᠪᠠᠭᠠᠳ ᠡᠳᠦᠷ ᠠᠶᠠᠯᠠᠵᠠᠢ︶᠃ ᠣᠯᠠᠭᠴᠢᠨ ᠬᠤᠨᠢᠨ ︵丁未︶ ᠡᠳᠦᠷ᠂ ᠯᠢ ᠵᠢᠶᠠ ᠭᠸᠥ ᠳᠤ ᠬᠦᠷᠪᠡᠢ᠃ ᠰᠢᠷ᠎ᠠ ᠪᠡᠴᠢᠨ ︵戊申︶ ᠡᠳᠦᠷ᠂ ᠬᠠᠭᠠᠨ ᠵᠣᠣ ᠪᠢᠴᠢᠭ ᠲᠠᠷᠬᠠᠭᠠᠨ᠂ ᠬᠠᠭᠠᠨ ᠤ ᠴᠡᠷᠢᠭ ᠤᠨ ᠦᠩᠭᠡᠷᠡᠭᠰᠡᠨ ᠵᠠᠮ ᠲᠠᠭᠠᠣ ᠲᠠᠬᠢ ᠺᠧ ᠯᠠᠨ᠂ ᠪᠣᠣ ᠳ᠋ᠧ᠂ ᠾᠧ ᠴᠢᠥᠢ ᠵᠡᠷᠭᠡ ᠶᠢᠨ ᠵᠸᠥ ᠰᠢᠶᠠᠨ ᠤ ᠲᠣᠰ ᠣᠨ ᠤ ᠭᠠᠶᠢᠯᠢ ᠶᠢ ᠬᠡᠯᠳᠦᠷᠢᠭᠦᠯᠪᠡᠢ᠃ ᠲᠣᠰ ᠡᠳᠦᠷ ᠲᠡᠭᠡᠨ ᠨᠢᠶᠠᠨ ᠶᠠᠨ ᠽᠦᠨ ᠲᠣᠰᠬᠤᠨ ᠳᠤ ᠬᠦᠷᠦᠭᠰᠡᠨ᠎ᠡ᠂ ᠠᠭᠤᠯᠠᠨ ᠠᠴᠠ ᠣᠨᠳᠣᠷᠠᠭᠰᠠᠨ ᠣᠷᠭᠢᠯ ᠪᠣᠯᠠᠭ ᠤᠨ ᠣᠰᠣᠨ ᠢᠶᠠᠷ ᠬᠦᠮᠦᠨ ᠮᠣᠷᠢᠳ ᠬᠠᠨᠣᠳᠠᠯ᠎ᠠ ᠣᠮᠳᠠᠯᠠᠪᠠᠢ᠃ ᠴᠠᠭᠠᠨ ᠨᠣᠬᠠᠢ ᠡᠳᠦᠷ ︵庚戌︶ ᠨᠣᠶᠠᠳ ᠳᠣᠮᠢᠯᠠᠨ ᠬᠠᠳᠣᠨ ᠭᠤᠣᠯ ᠤᠨ ᠰᠠᠬᠢᠭᠤᠯᠰᠣ ᠶᠢ ᠲᠠᠬᠢᠭᠤᠯᠪᠠᠢ᠃ ᠭᠤᠷᠪᠠᠨ ᠰᠠᠷ᠎ᠠ ᠶᠢᠨ ᠣᠯᠠᠭᠠᠨ ᠯᠣᠣ ︵丙辰︶ ᠡᠳᠦᠷ᠂ ᠲᠡᠭᠡᠳᠦ ᠡᠵᠡᠨ ᠴᠢᠥᠢ ᠶᠧ ᠾᠧ ᠭᠤᠣᠯ ᠳᠤ ᠬᠦᠷᠴᠦᠬᠦᠢ᠃ ᠦᠭᠡᠯᠡᠳ ᠬᠦᠮᠦᠨ ᠲᠣᠷᠵᠢ᠂ ᠳ᠋ᠠᠷᠠᠱ ︵達拉什︶ ᠵᠡᠷᠭᠡ ᠶᠢᠨ ᠬᠦᠮᠦᠨ ᠣᠷᠢᠳ ᠬᠤᠵᠢᠳ ᠪᠠᠭᠤᠵᠣ ᠦᠭᠭᠦᠷ᠎ᠡ ᠢᠷᠡᠪᠡᠢ᠃ ᠬᠠᠮᠢᠯ ᠤᠨ ᠣᠶᠢᠭᠤᠷ ᠸᠠᠩ ᠳᠤ ᠠᠯᠳᠠ ᠮᠦᠩᠭᠦ᠂ ᠲᠡᠪᠡᠯ ᠬᠤᠪᠴᠠᠰᠣ ᠱᠠᠩᠨᠠᠪᠠᠢ᠃ ᠣᠯᠠᠭᠴᠢᠨ ᠮᠣᠭᠠᠢ ︵丁巳︶ ᠡᠳᠦᠷ᠂ ᠵᠣᠣ ᠯᠢᠶᠠᠩ ᠳ᠋ᠦᠩ ᠨᠠᠰᠣ ᠨᠦᠭᠴᠢᠪᠡᠢ᠃ ᠲᠡᠭᠡᠳᠦ ᠡᠵᠡᠨ ᠰᠣᠨᠣᠰᠣᠭᠠᠳ᠂ ᠣᠳᠠᠳᠠᠯ᠎ᠠ ᠭᠠᠰᠢᠭᠤᠳᠠᠨ᠂ ᠰᠢᠳᠠᠷ ᠳᠦᠰᠢᠮᠡᠳ ᠲᠤ ᠦᠬᠦᠯᠡᠭᠰᠡᠨ ᠠᠨᠣ᠄ ︽ᠵᠣᠣ ᠯᠢᠶᠠᠩ ᠳ᠋ᠦᠩ ᠠᠷᠣᠣᠬᠠᠨ ᠡᠷᠡᠰ ᠪᠦᠯᠦᠭᠡ︾ ᠬᠡᠮᠡᠵᠦᠬᠦᠢ᠃ ᠴᠠᠭᠠᠭᠴᠢᠨ ᠲᠠᠬᠢᠶ᠎ᠠ ︵辛酉︶ ᠡᠳᠦᠷ᠂ ᠢᠥᠢ ᠯᠢᠨ ᠳᠤ ᠬᠦᠷᠪᠡᠢ ︵ᠳ᠋ᠠ ᠲᠦᠩ ᠠᠴᠠ ᠮᠣᠷᠳᠠᠨ ᠭᠠᠷᠣᠭᠠᠳ ᠬᠤᠷᠢᠨ ᠲᠦᠷᠪᠡᠳᠦᠭᠡᠷ ᠡᠳᠦᠷ ᠢᠥᠢ ᠯᠢᠨ ᠬᠦᠷᠪᠡ᠃ ᠳ᠋ᠠ ᠲᠦᠩ ᠪᠣᠯᠣᠨ ᠢᠥᠢ ᠯᠢᠨ ᠤ ᠠᠰ ᠵᠠᠢ ᠭᠤᠷᠪᠠᠨ ᠵᠠᠭᠤ ᠲᠠᠯᠠ ᠨᠠᠶᠠᠨ ᠺᠢᠯᠣᠮᠧᠲᠷ ᠪᠠᠶᠢᠨ᠎ᠠ︶᠃ ᠰᠢᠷ᠎ᠠ ᠯᠣᠣ ᠡᠳᠦᠷ ︵戊辰︶ ᠠᠨ ᠪᠢᠶᠠᠨ ᠴᠧᠩ ᠳᠤ ᠬᠦᠷᠪᠡᠢ᠃ ᠨᠢᠩᠰᠢᠶᠠ ᠶᠢᠨ ᠽᠦᠩᠪᠢᠩ ᠸᠠᠩ ᠬᠤᠸᠠ ᠰᠢᠩ ᠲᠡᠭᠡᠳᠦ ᠡᠵᠡᠨ ᠢ ᠬᠤᠸᠠ ᠮᠠ ᡂᠢ ᠳᠤ ᠠᠪᠠᠯᠠᠶ᠎ᠠ ᠬᠡᠮᠡᠨ ᠣᠷᠢᠪᠠᠢ᠃ ᠲᠡᠭᠡᠳᠦ ᠡᠵᠡᠨ ᠦᠭᠦᠯᠡᠷᠦᠨ᠄ ︽ᠴᠡᠷᠢᠭ ᠮᠣᠷᠢ ᠪᠠᠨ ᠰᠠᠶᠢᠳᠣᠷ ᠠᠮᠠᠷᠠᠭᠤᠯᠴᠢᠬᠠᠭᠠᠳ᠂ ᠭᠠᠯᠳᠠᠨ ᠢ ᠠᠪᠠᠯᠠᠬᠤ ᠶᠢ ᠬᠡᠷᠬᠢᠨ ᠬᠦᠷᠦᠮᠣᠢ︾ ᠭᠡᠮᠡᠪᠡᠢ᠃ ᠴᠠᠭᠠᠭᠴᠢᠨ ᠬᠤᠨᠢᠨ ᠡᠳᠦᠷ ︵辛未︶ ᠬᠤᠸᠠ ᠮᠠ ᡂᠢ ᠳᠤ ᠬᠦᠷᠪᠡᠢ᠃ ᠣᠯᠠᠭᠠᠨ ᠬᠤᠯᠣᠭᠠᠨ᠎ᠠ ᠡᠳᠦᠷ ︵丙子︶ ᠲᠡᠭᠡᠳᠦ ᠡᠵᠡᠨ ᠾᠧᠩ ᠴᠧᠩ ︵ᠵᠣᠬᠢᠶᠠᠭᠴᠢ ᠶᠢᠨ ᠬᠠᠷᠭᠤᠯᠣᠭᠰᠠᠨ ᠢᠶᠠᠷ ᠾᠧᠩ ᠴᠧᠩ ᠬᠡᠮᠡᠭᠴᠢ ᠭᠠᠵᠠᠷ ᠣᠳᠣᠬᠢ ᠨᠢᠩᠰᠢᠶᠠ ᠶᠢᠨ ᠯᠢᠩ ᠡᠣ ᠬᠤᠳᠠ ᠶᠢᠨ ᠯᠢᠨ ᠾᠧ ᠵᠧᠨ ᠳᠤ ᠪᠣᠢ︶ ᠢᠶᠠᠷ ᠭᠤᠣᠯ ᠭᠠᠳᠣᠯᠪᠠᠢ᠃ ᠬᠠᠭᠠᠨ ᠡᠵᠡᠨ ᠠᠬᠠᠮᠠᠳ ᠬᠦᠪᠡᠭᠦᠨ ᠶᠢᠨ ᠲᠢ ᠪᠠᠨ ᠲᠣᠮᠢᠯᠠᠨ ᠵᠣᠣ ᠯᠢᠶᠠᠩ ᠳ᠋ᠦᠩ ᠪᠣᠯᠣᠨ ᠦᠩᠭᠡᠷᠡᠭᠰᠡᠨ ᠲᠢ ᠳ᠋ᠦ᠋ ᠳᠦᠰᠢᠮᠡᠯ ᠴᠧᠨ ᠹᠦ᠋ ᠶᠢ ᠲᠠᠪᠢᠭᠯᠠᠷ᠎ᠠ ᠢᠯᠡᠭᠡᠪᠡᠢ᠃ ᠣᠯᠠᠭᠴᠢᠨ ᠦᠬᠡᠷ ᠡᠳᠦᠷ ︵丁丑︶ ᠲᠡᠭᠡᠳᠦ ᠡᠵᠡᠨ ᠨᠢᠩᠰᠢᠶᠠ ᠳᠤ ᠪᠠᠭᠤᠪᠠᠢ᠃ ᠵᠠᠭᠤᠨ ᠮᠣᠳᠣ᠂ ᠣᠩᠬᠢ ᠶᠢᠨ ︵ᠭᠤᠣᠯ ᠤᠨ︶ ᠲᠠᠶᠢᠨ ᠳᠤ ᠦᠷᠡᠭᠳᠡᠭᠰᠡᠨ ᠴᠡᠷᠢᠭ ᠲᠠᠶᠢᠴᠢᠳ ᠢᠶᠠᠨ ᠪᠠᠶᠢᠴᠠᠭᠠᠨ ᠲᠣᠬᠤᠨᠢᠭᠤᠯᠪᠠ᠃ ᠰᠢᠷᠠᠭᠴᠢᠨ ᠲᠠᠣᠯᠠᠢ ᠡᠳᠦᠷ ︵己卯︶᠂ ᠾᠧ ᠯᠠᠨ ᠱᠠᠨ ᠠᠭᠤᠯᠠ ᠶᠢ ᠲᠠᠬᠢᠪᠠᠢ᠃ ᠴᠠᠭᠠᠨ ᠯᠣᠣ ᠡᠳᠦᠷ ︵庚辰︶ ᠲᠡᠭᠡᠳᠦ ᠡᠵᠡᠨ ᠴᠡᠷᠢᠭ ᠰᠢᠯᠭᠠᠵᠣ᠂ ᠵᠠᠷᠯᠢᠭ ᠪᠠᠭᠤᠯᠭᠠᠨ ᠰᠢᠳᠠᠷ ᠬᠠᠮᠠᠭᠠᠯᠠᠭᠴᠢᠳ ᠢᠶᠠᠷ ᠢᠶᠠᠨ ᠡᠵᠡᠨ ᠤ ᠵᠣᠭᠤᠭ ᠢᠶᠠᠨ ᠴᠡᠷᠢᠭ ᠲᠠᠶᠢᠴᠢᠳ ᠲᠠᠭᠠᠨ ᠲᠦᠭᠡᠭᠡᠨ ᠬᠦᠷᠳᠡᠭᠡᠪᠡᠢ᠃ ᠭᠤᠷᠪᠠᠨ ᠰᠠᠷ᠎ᠠ ᠶᠢᠨ ᠰᠢᠨ᠎ᠡ ᠶᠢᠨ ᠨᠢᠭᠡᠨ᠂ ᠴᠠᠭᠠᠭᠴᠢᠨ ᠮᠣᠭᠠᠢ ᠡᠳᠦᠷ ︵辛巳︶᠂ ᠨᠠᠷᠠᠨ ᠭᠬᠢᠷᠳᠦᠵᠦᠬᠦᠢ᠃ ᠴᠠᠭᠠᠨ ᠪᠠᠷᠰ ᠡᠳᠦᠷ ︵庚寅︶᠂ ᠺᠠᠩ ᠴᠢᠨ ᠸᠠᠩ ᠵᠢᠶᠧ ᠱᠣ᠋ ᠨᠠᠰᠣᠨ ᠨᠦᠭᠴᠢᠵᠦᠬᠦᠢ᠃ ᠨᠢᠩᠰᠢᠶᠠ ᠶᠢᠨ ᠢᠷᠭᠡᠳ ᠲᠡᠭᠡᠳᠦ ᠡᠵᠡᠨ ᠤ ᠪᠣᠴᠠᠬᠤ ᠴᠢᠮᠡᠭᠡ ᠶᠢ ᠣᠯᠵᠣ᠂ ᠢᠯᠡᠭᠦᠥ ᠬᠡᠳᠦᠨ ᠡᠳᠦᠷ ᠦᠯᠡᠳᠡᠭᠡᠬᠦ ᠪᠠᠷ ᠭᠤᠶᠣᠴᠢᠯᠠᠭᠰᠠᠨ᠎ᠠ᠂ ᠲᠡᠭᠡᠳᠦ ᠡᠵᠡᠨ ᠦᠬᠦᠯᠡᠷᠦᠨ᠄ ︽ᠬᠢᠵᠠᠭᠠᠷ ᠤᠨ ᠭᠠᠵᠠᠷ ᠲᠠᠴᠢᠷ ᠨᠢᠮᠭᠡᠨ᠂ ᠨᠢᠭᠡᠨ ᠡᠳᠦᠷ ᠢᠯᠡᠭᠦᠥ ᠰᠠᠭᠤᠪᠠᠰᠣ᠂ ᠨᠢᠭᠡᠨ ᠡᠳᠦᠷ ᠢᠷᠭᠡᠳ ᠤᠨ ᠲᠠᠷᠣᠭᠠᠰᠣ ᠪᠣᠯᠣᠮᠣᠢ᠃ ᠲᠠ ᠨᠡᠷ ᠤᠨ ᠦᠨᠡᠨ ᠰᠡᠳᠭᠢᠯ ᠢ ᠮᠡᠳᠡᠯᠦᠭᠡ︾ ᠬᠡᠮᠡᠵᠦᠬᠦᠢ᠃    ᠵᠣᠨ ᠤ ᠲᠦᠷᠪᠡᠨ ᠰᠠᠷ᠎ᠠ ᠶᠢᠨ ᠴᠠᠭᠠᠭᠴᠢᠨ ᠭᠠᠭ᠋ᠠᠢ ᠡᠳᠦᠷ ︵辛亥︶᠂ ᠲᠡᠭᠡᠳᠦ ᠡᠵᠡᠨ ᠯᠠᠩ ᠵᠢᠥᠢ ᠰᠢᠥᠢ ᠠᠭᠤᠯᠠᠨ᠎ᠠ ᠬᠦᠷᠴᠦᠬᠦᠢ ︵ᠰᠢᠷᠠᠭᠴᠢᠨ ᠲᠠᠣᠯᠠᠢ ᠡᠳᠦᠷ ᠾᠧ ᠯᠠᠨ ᠱᠠᠨ ᠠᠭᠤᠯᠠ ᠶᠢ ᠲᠠᠬᠢᠭᠰᠠᠨ ᠪᠠ ᠲᠠᠷᠠᠭ᠎ᠠ ᠶᠢᠨ ᠬᠡᠳᠦᠨ ᠡᠳᠦᠷ ᠲᠤ ᠪᠣᠰᠣᠳ ᠬᠡᠷᠡᠭ ᠣᠴᠢᠷ ᠢ ᠰᠢᠢᠳᠭᠡᠭᠰᠡᠨ ᠢᠶᠠᠷ ᠪᠠᠷᠤᠭ ᠲᠠᠪᠤ ᠭᠤᠷᠪᠠᠨ ᠬᠤᠨᠤᠭ ᠤᠨ ᠲᠠᠷᠠᠭ᠎ᠠ ᠰᠠᠶ᠋ᠢ ᠮᠣᠷᠳᠠᠨ ᠭᠠᠷᠣᠭᠠᠳ᠂ ᠴᠠᠭᠠᠭᠴᠢᠨ ᠭᠠᠭ᠋ᠠᠢ ᠡᠳᠦᠷ ᠯᠠᠩ ᠵᠢᠦᠢ ᠰᠢᠥᠢ ᠠᠭᠤᠯᠠᠨ ᠳᠤ ᠬᠦᠷᠦᠭᠰᠡᠨ ᠢᠶᠠᠷ ᠪᠣᠳᠣᠪᠠᠯ ᠡᠨᠡᠬᠦ ᠭᠤᠷᠪᠠᠨ ᠵᠠᠭᠤ ᠢᠯᠡᠭᠦᠥ ᠺᠢᠯᠣᠮᠧᠲᠷ ᠤᠨ ᠵᠠᠢ ᠶᠢ ᠠᠷᠪᠠᠨ ᠨᠠᠢᠮᠠ ᠠᠴᠠ ᠬᠤᠷᠢ ᠰᠢᠬᠠᠮ ᠡᠳᠦᠷ ᠬᠡᠷᠡᠭᠯᠡᠭᠰᠡᠨ ᠪᠠᠶᠢᠨ᠎ᠠ᠃ ᠬᠡᠯᠡᠯᠭᠡᠨ ᠦᠭᠡᠢ ᠴᠡᠷᠢᠭ ᠪᠣᠴᠠᠵᠣ ᠪᠠᠶᠢᠭ᠎ᠠ ᠶᠣᠮ ᠴᠢᠨᠢ ᠲᠡᠶᠢᠮᠦ ᠶᠠᠭᠠᠷᠠᠥ ᠵᠠᠮᠨᠠᠬᠤ ᠦᠭᠡᠢ ᠪᠢᠵᠡ︶᠃ ᠬᠦᠭᠡ ᠪᠠᠷᠰ ᠡᠳᠦᠷ ︵甲寅︶ ᠡᠵᠡᠨ ᠤ ᠵᠢᠬᠰᠠᠭᠠᠯ ᠨᠡᠶᠢᠰᠯᠡᠯ ᠢᠶᠠᠨ ᠵᠣᠷᠢᠵᠣᠬᠤᠢ ᠁ ᠲᠠᠪᠣᠨ ᠰᠠᠷ᠎ᠠ ᠶᠢᠨ ᠬᠦᠬᠡᠭᠴᠢᠨ ᠬᠤᠨᠢᠨ ᠡᠳᠦᠷ ︵乙未︶ ᠲᠡᠭᠡᠳᠦ ᠡᠵᠡᠨ ᠨᠡᠶᠢᠰᠯᠡᠯ ᠬᠤᠳᠠᠨ᠎ᠠ ᠬᠦᠷᠪᠡᠢ᠃ ᠲᠡᠭᠡᠷᠡᠬᠢ ᠠᠭᠤᠯᠭ᠎ᠠ ᠠᠴᠠ ᠦᠵᠡᠬᠦᠯ᠎ᠡ᠂ ᠯᠠᠩ ᠵᠢᠥᠢ ᠰᠢᠥᠢ ᠠᠭᠤᠯᠠ ᠪᠣᠯ ᠲᠠᠷᠣᠢ ᠯᠠᠩ ᠱᠠᠨ ᠠᠭᠤᠯᠠ ᠮᠦᠨ ᠭᠡᠰᠡᠨ ᠦᠭᠡ ᠴᠦ ᠮᠠᠰᠢ ᠲᠣᠳᠣ ᠦᠨᠳᠦᠰᠦᠯᠡᠯ ᠲᠠᠢ ᠪᠣᠯᠵᠣ ᠪᠠᠶᠢᠨ᠎ᠠ᠃ ᠭᠡᠶ᠎ᠡ ᠠᠳᠡ ᠵᠣᠬᠢᠶᠠᠭᠴᠢ ᠠᠴᠠ ᠣᠷᠢᠳᠠᠪᠠᠷ ᠲᠣᠰ ᠠᠭᠤᠯᠠᠨ ᠤ ᠪᠠᠶᠢᠷᠢᠰᠢᠯ ᠢ ᠨᠣᠳᠠᠯᠠᠵᠣ᠂ ᠲᠠᠷᠠᠭ᠎ᠠ ᠨᠢ ᠲᠡᠭᠦᠨ ᠤ ᠯᠠᠩ ᠵᠢᠥᠢ ᠰᠢᠥᠢ ᠠᠭᠤᠯᠠ ︵狼居胥︶ ᠭᠡᠳᠡᠭ ᠨᠡᠷ᠎ᠡ ᠦᠭᠡ ᠶᠢᠨ ᠡᠷᠳᠡᠨ ᠤ ᠠᠪᠢᠶ᠎ᠠ ᠠᠶᠠᠯᠭᠤ ᠶᠢ ᠲᠣᠷᠰᠢᠨ ᠲᠠᠶᠢᠯᠪᠣᠷᠢᠯᠠᠶ᠎ᠠ᠃ ᠡᠩᠬᠡ ᠠᠮᠣᠭᠤᠯᠠᠩ ᠬᠠᠭᠠᠨ ᠪᠡᠭᠡᠵᠢᠩ ᠠᠴᠠ ᠮᠣᠷᠳᠠᠨ ᠭᠠᠷᠴᠣ ᠢᠷᠡᠭᠡᠳ ᠳ᠋ᠠ ᠲᠦᠩ ᠬᠦᠷᠦᠭᠰᠡᠨ ᠵᠠᠮ ᠶᠠᠪᠣᠴᠠ᠂ ᠳ᠋ᠠ ᠲᠦᠩ ᠠᠴᠠ ᠢᠥᠢ ᠯᠢᠨ ᠬᠦᠷᠦᠭᠰᠡᠨ ᠵᠠᠮ ᠶᠠᠪᠣᠴᠠ ᠪᠠ ᠵᠠᠮᠨᠠᠭᠰᠠᠨ ᠡᠳᠦᠷ ᠬᠤᠨᠤᠭ ᠪᠣᠯᠣᠨ᠂ ᠢᠥᠢ ᠯᠢᠨ  ᠠᠴᠠ ᠨᠢᠩᠰᠢᠶᠠ ᠶᠢᠨ ᠾᠧᠩ ᠴᠧᠩ ᠬᠦᠷᠦᠭᠰᠡᠨ ᠡᠳᠦᠷ ᠬᠤᠨᠤᠭ᠂ ᠵᠢᠴᠢ ᠨᠢᠩᠰᠢᠶᠠ ᠶᠢᠨ ᠾᠧ ᠯᠠᠨ ᠱᠠᠨ ᠠᠭᠤᠯᠠᠨ ᠠᠴᠠ ᠣᠳᠣᠬᠢ ᠪᠠᠶᠠᠨᠨᠠᠭᠤᠷ ᠠᠶᠢᠮᠠᠭ ᠤᠨ ᠳ᠋ᠧᠩᠺᠸᠥ ᠰᠢᠶᠠᠨ ᠤ ᠪᠠᠷᠠᠭᠤᠨ ᠬᠤᠶᠢᠨ᠎ᠠ ᠪᠠᠶᠢᠭ᠎ᠠ ᠱᠠᠵᠢᠨ ᠲᠣᠬᠤᠢ ᠰᠣᠮᠣ ᠶᠢᠨ ᠪᠠᠶᠠᠨ ᠠᠭᠤᠯᠠ ᠭᠠᠴᠠᠭᠠᠨ ᠤ ᠠᠷᠣ ᠲᠠᠬᠢ ᠯᠠᠩ ᠱᠠᠨ ᠠᠭᠤᠯᠠ ᠬᠦᠷᠳᠡᠯᠡᠬᠢ ᠵᠠᠮ ᠶᠠᠪᠣᠴᠠ ᠪᠠ ᠬᠡᠷᠡᠭᠰᠡᠭᠰᠡᠨ ᠡᠳᠦᠷ ᠬᠤᠨᠤᠭ ᠢ ᠬᠠᠷᠢᠴᠠᠭᠤᠯᠣᠨ ᠦᠵᠡᠪᠡᠯ ᠪᠣᠳᠠᠳᠠᠢ ᠲᠠᠢ ᠶᠡᠬᠡᠯ᠎ᠡ ᠨᠡᠶᠢᠴᠡᠵᠦ ᠪᠠᠶᠢᠨ᠎ᠠ᠃ ᠨᠡᠩ ᠢᠯᠠᠩᠭᠤᠶ᠎ᠠ ᠠᠳᠡ ᠠᠴᠠ ᠲᠠᠬᠢᠨ ᠨᠡᠶᠢᠰᠯᠡᠯ ᠪᠡᠭᠡᠵᠢᠩ ᠲᠡᠭᠡᠨ ᠪᠣᠴᠠᠭᠰᠠᠨ ᠡᠳᠦᠷ ᠬᠤᠨᠤᠭ ᠴᠦ ᠪᠦᠷ ᠡᠳᠡᠭᠡᠷ ᠢ ᠭᠡᠷᠡᠴᠢᠯᠡᠵᠦ ᠪᠣᠯᠣᠨ᠎ᠠ᠃ ᠵᠣᠬᠢᠶᠠᠭᠴᠢ ᠠᠴᠠ ᠣᠳᠣᠬᠢ ᠳ᠋ᠧᠩᠺᠸᠥ ᠰᠢᠶᠠᠨ ᠤ ᠪᠠᠷᠠᠭᠤᠨ ᠬᠤᠶᠢᠨ᠎ᠠ ᠪᠠᠶᠢᠭ᠎ᠠ ᠱᠠᠵᠢᠨ ᠲᠣᠬᠤᠢ ᠰᠣᠮᠣ ᠶᠢᠨ ᠪᠠᠶᠠᠨ ᠠᠭᠤᠯᠠ ᠭᠠᠴᠠᠭᠠᠨ ᠤ ᠠᠷᠣ ᠲᠠᠬᠢ ᠯᠠᠩ ᠱᠠᠨ ᠠᠭᠤᠯᠠᠨ ᠤ ᠪᠠᠷᠠᠭᠤᠨ ᠡᠮᠦᠨ᠎ᠡ ᠦᠵᠦᠭᠦᠷ ᠲᠤ ᠪᠠᠶᠢᠭ᠎ᠠ ︽ᠬᠠᠷᠠᠩᠭᠤᠢ ᠬᠠᠪᠴᠢᠯ︾ ᠤᠨ ᠡᠮᠦᠨ᠎ᠡ ᠰᠦᠪᠡ ᠪᠣᠯ ᠲᠠᠷᠣᠢ ᠲᠡᠣᠬᠡᠨ ᠳᠤ ᠲᠡᠮᠳᠡᠭᠯᠡᠭᠳᠡᠭᠰᠡᠨ ᠯᠠᠩ ᠵᠢᠥᠢ ᠰᠢᠥᠢ ᠠᠭᠤᠯᠠ ᠪᠣᠯᠣᠨ᠎ᠠ ᠭᠡᠵᠦ ᠲᠣᠷᠰᠢᠨ ᠨᠣᠳᠠᠯᠠᠵᠠᠢ᠃ ᠡᠨᠡ ᠭᠠᠵᠠᠷ ᠤᠨ ᠨᠡᠷ᠎ᠡ ᠨᠢ ᠲᠠᠷᠣᠢ ︽ᠬᠠᠷᠠᠩᠭᠤᠢ ᠬᠠᠪᠴᠢᠯ︾ ᠤᠨ ᠡᠮᠦᠨ᠎ᠡ ᠰᠦᠪᠡ ᠭᠡᠳᠡᠭ ᠭᠡᠨ᠎ᠡ᠃ ᠬᠢᠳᠠᠳ ᠮᠠᠲ᠋ᠧᠷᠢᠶᠠᠯ ᠠᠴᠠ ᠬᠠᠶᠢᠭᠰᠠᠨ  ᠳᠤ ᠵᠦᠪᠬᠡᠨ 哈浪贵乃 ᠭᠡᠳᠡᠭ ᠲᠣᠳᠠᠭᠤ ᠲᠣᠷᠭᠤᠨ ᠨᠡᠷᠡᠰ ᠦᠭᠡ ᠣᠯᠳᠠᠵᠠᠢ᠃ 狼居胥 ᠶᠢᠨ ᠡᠷᠳᠡᠨ ᠤ ᠠᠪᠢᠶ᠎ᠠ ᠠᠶᠠᠯᠭᠤ᠄ 狼 ᠦᠰᠦᠭ ᠢ ᠸᠢᠺᠢ ᠲᠣᠯᠢ ᠳᠤ ᠲᠠᠶᠢᠯᠪᠣᠷᠢᠯᠠᠭᠰᠠᠨ ᠨᠢ᠄ 大字源 ᠲᠣᠯᠢ ᠶᠢᠨ 1124 ᠳ᠋ᠣᠭᠠᠷ ᠨᠢᠭᠤᠷ ᠤᠨ ᠭᠤᠷᠪᠠᠳᠣᠭᠠᠷ ᠦᠰᠦᠭ᠂ 汉语大字典 ᠲᠣᠯᠢ ᠶᠢᠨ ᠬᠤᠶᠠᠳᠣᠭᠠᠷ ᠪᠣᠳᠢ ᠶᠢᠨ 1350 ᠳ᠋ᠣᠭᠠᠷ ᠨᠢᠭᠤᠷ ᠤᠨ ᠲᠣᠯᠣᠳᠣᠭᠠᠷ ᠦᠰᠦᠭ᠂ 康熙字典 ᠲᠣᠯᠢ ᠶᠢᠨ 712 ᠳ᠋ᠣᠭᠠᠷ ᠨᠢᠭᠤᠷ ᠤᠨ ᠬᠤᠶᠠᠳᠣᠭᠠᠷ ᠦᠰᠦᠭ᠂ 宋本广韵 ᠲᠣᠯᠢ ᠶᠢᠨ 179 ᠳ᠋ᠣᠭᠠᠷ ᠨᠢᠭᠤᠷ ᠤᠨ 33 ᠳ᠋ᠣᠭᠠᠷ ᠦᠰᠦᠭ᠂ 辞海 ᠲᠣᠯᠢ ᠶᠢᠨ 876 ᠳ᠋ᠣᠭᠠᠷ ᠨᠢᠭᠤᠷ ᠤᠨ ᠨᠢᠭᠡᠳᠦᠭᠡᠷ ᠮᠦᠷ ᠤᠨ ᠲᠠᠪᠣᠳᠣᠭᠠᠷ ᠦᠰᠦᠭ ᠪᠣᠯᠣᠨ᠎ᠠ ᠭᠡᠵᠡᠢ᠃ ᠲᠡᠭᠡᠭᠡᠳ 狼 ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ ᠶᠢ ᠨᠢ ︽/*rˁaŋ᠂ {*[r]ˁaŋ}/︾ ᠭᠡᠵᠦ᠂ ᠲᠣᠮᠳᠠᠳᠣ ᠡᠷᠳᠡᠨ ᠤ ᠠᠪᠢᠶ᠎ᠠ ᠠᠶᠠᠯᠭᠤ ᠶᠢ ︽lang︾ ᠭᠡᠵᠡᠢ᠃ ᠭᠡᠳᠡᠯ᠎ᠡ ᠬᠠᠨ ᠳ᠋ᠢᠶᠠᠨ ᠰᠦᠯᠵᠢᠶᠡᠨ ᠲᠣᠯᠢ ᠳᠤ 狼 ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ ᠶᠢ ᠰᠢᠭᠤᠳ ︽raːŋ︾ ᠭᠡᠪᠡ᠃ ᠬᠡᠷᠪᠡ ᠲᠠᠬᠢᠨ ᠲᠡᠭᠡᠭᠰᠢ ᠬᠦᠭᠡᠭᠡᠨ ᠪᠣᠳᠣᠪᠠᠯ r ᠶᠢᠨ ᠡᠮᠦᠨ᠎ᠡ ᠪᠣᠶᠣ ᠬᠤᠶᠢᠨ᠎ᠠ ᠪᠠᠰᠠ ᠶᠠᠮᠠᠷ ᠨᠢᠭᠡ ᠭᠡᠶᠢᠭᠦᠯᠦᠭᠴᠢ ᠪᠠᠶᠢᠭᠰᠠᠨ ᠴᠦ ᠪᠣᠯᠵᠣᠰᠢ ᠦᠭᠡᠢ ᠶᠣᠮ᠃ ᠣᠴᠢᠷ ᠨᠢ ᠬᠢᠳᠠᠳ ᠦᠭᠡ ᠬᠡᠯᠡ ᠪᠣᠯ ᠲᠦᠪᠡᠳ ᠦᠭᠡ ᠬᠡᠯᠡ ᠲᠠᠢ ᠨᠢᠭᠡᠨ ᠠᠳᠠᠯᠢ ᠪᠠᠷ ᠣᠯᠠᠩᠬᠢ ᠦᠭᠡᠰ ᠨᠢ ᠬᠤᠣᠰ ᠭᠡᠶᠢᠭᠦᠯᠦᠭᠴᠢ ᠪᠣᠶᠣ ᠣᠯᠠᠨ ᠭᠡᠶᠢᠭᠦᠯᠦᠭᠴᠢ ᠪᠠᠷ ᠡᠬᠢᠯᠡᠳᠡᠭ ᠣᠨᠴᠠᠯᠢᠭ ᠲᠠᠢ ᠪᠠᠶᠢᠵᠠᠢ᠃ ᠸᠢᠺᠢ ᠰᠦᠯᠵᠢᠶᠡᠨ ᠲᠣᠯᠢ ᠶᠢᠨ ᠲᠣᠰ ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ ᠶᠢ ᠠᠪᠢᠶᠠᠯᠠᠭᠰᠠᠨ ᠪᠠᠶᠢᠳᠠᠯ ᠠᠴᠠ ᠦᠵᠡᠬᠦᠯ᠎ᠡ *rˁaŋ ᠪᠣᠶᠣ *[r]ˁaŋ ᠭᠡᠵᠡᠢ᠃ ᠠᠩᠬᠠᠷᠬᠤ  ᠨᠢ r ᠶᠢᠨ ᠠᠷᠣ ᠳᠤ ᠪᠠᠰᠠ ᠨᠢᠭᠡᠨ ᠲᠦᠪᠦᠩᠬᠢ ᠶᠢᠨ ᠱᠦᠷᠭᠦᠭᠡᠬᠦ ᠠᠪᠢᠶ᠎ᠠ ︽ˁ︾ ᠲᠠᠭᠠᠯᠳᠣᠵᠣ ᠪᠠᠶᠢᠨ᠎ᠠ᠃ ᠵᠣᠬᠢᠶᠠᠭᠴᠢ ᠶᠢᠨ ᠦᠵᠡᠬᠦ ᠪᠠᠷ *rˁaŋ ᠦᠰᠦᠭ ᠲᠤ H ᠲᠠᠢ ᠲᠣᠩ ᠣᠶᠢᠷᠠᠯᠴᠠᠭ᠎ᠠ ᠲᠦᠪᠦᠩᠬᠢ ᠶᠢᠨ ᠱᠦᠷᠭᠦᠭᠡᠬᠦ ᠠᠪᠢᠶ᠎ᠠ ᠲᠠᠭᠠᠯᠳᠣᠵᠣ ᠪᠠᠶᠢᠭ᠎ᠠ ᠪᠣᠯᠬᠤᠷ᠂ ᠬᠠᠷᠠᠩᠭᠤᠢ ᠶᠢᠨ ᠬᠠᠮᠤᠭ ᠡᠮᠦᠨᠡᠬᠢ Ha ᠶᠢ ᠬᠠᠰᠣᠭᠠᠳ rˁ ᠪᠠᠷ ᠡᠬᠢᠯᠡᠨ ᠬᠠᠷᠠᠩᠭᠤᠢ ᠶᠢᠨ ︽ᠬᠠᠷᠠᠩ᠊︾ ᠢ ︽ᠷᠾᠠᠩ︾ ᠭᠡᠵᠦ ᠠᠪᠢᠶᠠᠯᠠᠭᠰᠠᠨ ᠬᠡᠷᠡᠭ ᠪᠣᠯᠣᠨ᠎ᠠ᠃ ᠢᠩᠬᠢᠬᠦ ᠨᠢ ᠶᠠᠮᠠᠷ ᠰᠠᠶᠢᠨ ᠲᠠᠢ ᠲᠠᠯ᠎ᠠ ᠪᠠᠶᠢᠭ᠎ᠠ ᠪᠣᠢ ᠭᠡᠪᠡᠯ᠂ ᠲᠡᠷᠡᠭᠦ ᠡᠷᠳᠡᠨ ᠤ ᠴᠠᠭ ᠦᠶ᠎ᠡ ᠳᠤ ᠬᠢᠳᠠᠳ ᠬᠡᠯᠡᠨ  ᠳᠤ ᠠᠶᠠᠯᠭᠤ ᠶᠢᠨ ᠰᠡᠭᠦᠯ ︵韵尾︶ ᠪᠠᠶᠢᠬᠤ ᠦᠭᠡᠢ ᠳ᠋ᠠᠩ ᠭᠠᠭᠴᠠ ︽ᠬᠠ︾ ᠶᠢ ᠢᠯᠡᠳᠭᠡᠬᠦ ᠦᠰᠦᠭ ᠦᠭᠡᠢ ᠮᠦᠷᠳᠡᠭᠡᠨ ᠶᠠᠮᠠᠷᠪᠠ ᠦᠰᠦᠭ ᠤᠨ ᠬᠤᠶᠢᠨ᠎ᠠ ︽r︾ ︽s︾ ᠬᠤᠶᠠᠷ ᠭᠡᠶᠢᠭᠦᠯᠦᠭᠴᠢ ᠠᠪᠢᠶᠠᠨ ᠰᠡᠬᠦᠯ ᠪᠣᠯᠣᠨ ᠣᠷᠣᠵᠣ ᠪᠣᠯᠳᠠᠭ ᠦᠭᠡᠢ ᠴᠢᠩᠭ᠎ᠠ ᠵᠢᠷᠣᠮ ᠲᠠᠢ ᠪᠣᠯᠬᠤᠷ᠂ ᠢᠩᠬᠢᠵᠦ ᠠᠪᠢᠶᠠᠴᠢᠯᠠᠨ ᠣᠷᠴᠢᠭᠤᠯᠪᠠᠯ ᠡᠳᠡᠭᠡᠷ ᠲᠣᠳᠠᠭᠳᠠᠯ ᠢ ᠪᠦᠷ ᠨᠦᠬᠦᠪᠦᠷᠢᠯᠡᠵᠦ ᠴᠢᠳᠠᠬᠤ ᠪᠠᠷ ᠪᠠᠷᠠᠬᠤ ᠦᠭᠡᠢ᠂ ᠪᠠᠰᠠ ᠲᠣᠪᠴᠢᠯᠠᠨ ᠣᠷᠴᠢᠭᠤᠯᠬᠤ ᠱᠠᠭᠠᠷᠳᠠᠯᠭ᠎ᠠ ᠲᠠᠭᠠᠨ ᠬᠦᠷᠴᠦ ᠴᠢᠳᠠᠨ᠎ᠠ᠃ ᠡᠶᠢᠮᠦ ᠠᠴᠠ ᠬᠢᠳᠠᠳ ᠬᠡᠯᠡᠨ ᠤ 狼 ︵*rˁaŋ᠂ ᠷᠾᠠᠩ︶  ᠢᠶᠠᠷ ᠬᠠᠷᠠᠩᠭᠤᠢ ᠶᠢᠨ ︽ᠬᠠᠷᠠᠩ᠊︾ ᠢ ᠲᠣᠪᠴᠢᠯᠠᠨ ᠠᠪᠢᠶᠠᠴᠢᠯᠠᠨ ᠣᠷᠴᠢᠭᠤᠯᠣᠭᠰᠠᠨ ᠬᠡᠷᠡᠭ ᠪᠣᠯᠵᠠᠢ᠃ 居 ᠦᠰᠦᠭ᠄ ᠲᠣᠰ ᠦᠰᠦᠭ ᠢ 居延海 ᠭᠡᠳᠡᠭ ᠦᠭᠡᠰ ᠤᠨ ᠵᠣᠷᠪᠣᠰ ᠲᠤ ᠨᠢᠭᠡᠨᠳᠡ ᠲᠠᠶᠢᠯᠪᠣᠷᠢᠯᠠᠵᠣ ᠦᠩᠭᠡᠷᠡᠵᠡᠢ᠂ ᠲᠠᠷᠣᠢ ᠡᠷᠳᠡ ᠦᠶ᠎ᠡ ᠳᠤ Gyu ᠪᠣᠶᠣ Gyo ᠭᠡᠳᠡᠭ ᠣᠩᠰᠢᠯᠭ᠎ᠠ ᠲᠠᠢ ᠪᠠᠶᠢᠵᠠᠢ᠃ ᠠᠳᠡ ᠬᠠᠷᠠᠩᠭᠤᠢ ᠶᠢᠨ ︽‍ᠭᠤᠢ 5︾ ᠶᠢ 居 ᠦᠰᠦᠭ ᠤᠨ ᠲᠣᠬᠠᠢ ᠶᠢᠨ ᠦᠶ᠎ᠡ ᠶᠢᠨ ᠠᠪᠢᠶ᠎ᠠ ᠠᠶᠠᠯᠭᠤ ᠪᠣᠯᠬᠤ Gyo ᠪᠠᠷ ᠣᠶᠢᠷᠠᠳᠣᠭᠤᠯᠣᠨ ᠠᠪᠢᠶᠠᠴᠢᠯᠠᠨ ᠣᠷᠴᠢᠭᠤᠯᠵᠠᠢ᠃ 胥 ᠦᠰᠦᠭ᠄ ᠣᠳᠣ ᠪᠣᠯ xū ︵ᠰᠢᠥᠢ︶ ᠭᠡᠵᠦ ᠠᠪᠢᠶᠠᠯᠠᠨ᠎ᠠ᠃ ᠲᠣᠮᠳᠠᠳᠣ ᠭᠠᠳᠠᠭᠠᠳᠣ ᠶᠢᠨ ᠬᠢᠳᠠᠳᠴᠢ ᠡᠷᠳᠡᠮᠳᠡᠳ ᠤᠨ ᠰᠡᠷᠭᠦᠭᠡᠭᠰᠡᠨ ᠡᠷᠳᠡᠨ ᠤ ᠠᠪᠢᠶ᠎ᠠ ᠨᠢ si̯wo᠂ sĭo᠂ siɔ᠂ sɨʌ ᠵᠡᠷᠭᠡ ᠪᠠᠶᠢᠵᠣ ᠂ ᠣᠶᠢᠷᠠᠯᠴᠠᠭ᠎ᠠ ᠪᠠᠷ ᠰᠢᠥ᠂ ᠰᠢᠶᠦ᠋᠂ ᠰᠢᠶᠣ᠋᠂ ᠰᠢᠶᠠ ᠵᠡᠷᠭᠡ ᠪᠠᠶᠢᠵᠠᠢ᠂ ᠭᠡᠪᠡᠴᠦ ᠡᠷᠬᠡᠪᠰᠢ ᠠᠩᠬᠠᠷᠬᠤ ᠴᠢᠬᠤᠯᠠ  ᠲᠠᠢ ᠣᠴᠢᠷ ᠪᠣᠯ ︽ᠺᠠᠩ ᠰᠢ ᠲᠣᠯᠢ︾ ᠪᠢᠴᠢᠭ ᠡᠷᠳᠡᠨ ᠤ ︽ᠵᠢᠢ ᠶᠦᠨ ᠲᠣᠯᠢ︾ ᠵᠡᠷᠭᠡ ᠶᠢᠨ ᠠᠭᠤᠯᠭ᠎ᠠ ᠶᠢ ᠦᠨᠳᠦᠰᠦᠯᠡᠨ ᠲᠣᠰ ᠦᠰᠦᠭ ᠢ ᠪᠠᠰᠠ 蘇故切 ᠭᠡᠵᠦ ᠬᠡᠷᠴᠢᠨ ᠭᠠᠯᠢᠭᠴᠯᠠᠵᠣ᠂ 素 ︵同蘇︶ ︽ᠰᠣ᠋︾ ᠬᠡᠮᠡᠨ ᠣᠩᠰᠢᠮᠣᠢ ᠭᠡᠵᠦ ᠲᠠᠶᠢᠯᠪᠣᠷᠢᠯᠠᠵᠠᠢ᠃ ᠡᠭᠦᠨ ᠠᠴᠠ ᠦᠵᠡᠪᠡᠯ᠂ ᠡᠨᠡᠬᠦ 胥 ᠦᠰᠦᠭ ᠢ ᠪᠠᠰᠠ ᠰᠣ᠋ ᠭᠡᠵᠦ ᠣᠩᠰᠢᠵᠣ ᠪᠣᠯᠣᠨ᠎ᠠ᠃ ᠣᠳᠣ ᠯᠠᠩ ᠵᠢᠥᠢ ᠰᠢᠥᠢ ᠭᠡᠳᠡᠭ ᠭᠤᠷᠪᠠᠨ ᠬᠢᠳᠠᠳ ᠦᠰᠦᠭ ᠤᠨ ᠡᠷᠳᠡᠨ ᠤ ᠠᠪᠢᠶ᠎ᠠ  ᠶᠢ ᠲᠣᠷᠰᠢᠨ ᠰᠡᠷᠭᠦᠭᠡᠪᠡᠯ ︽ᠷᠾᠠᠩ ᠭᠤᠶᠣ᠋ ᠰᠣ᠋︾ ᠪᠣᠯᠵᠣ᠂ ︽ᠬᠠᠷᠠᠩᠭᠤᠢ ᠰᠦᠪᠡ︾ ᠭᠡᠳᠡᠭ ᠨᠡᠷ᠎ᠡ ᠶᠢ ᠲᠣᠪᠴᠢᠯᠠᠨ ᠣᠷᠴᠢᠭᠤᠯᠵᠠᠢ ᠭᠡᠵᠦ ᠦᠵᠡᠵᠦ ᠪᠣᠯᠣᠨ᠎ᠠ᠃ ᠰᠦᠪᠡ ᠭᠡᠳᠡᠭ ᠦᠭᠡ ᠶᠢᠨ ᠶᠠᠷᠢᠶᠠᠨ ᠤ ᠬᠡᠯᠪᠡᠷᠢ ᠨᠢ ᠡᠷᠳᠡ ᠡᠳᠦᠬᠡ ᠭᠡᠰᠡᠨ ᠦᠭᠡᠢ ᠬᠡᠯᠡᠯᠭᠡᠨ ᠦᠭᠡᠢ ᠪᠦᠷ ︽ᠰᠦᠪ︾ ᠶᠣᠮ᠃ ᠬᠠᠷᠢ ᠬᠡᠯᠡᠨ ᠤ ᠡᠶᠢᠮᠦᠷᠬᠦ ︽ᠰᠦᠪ︾  ᠤᠨ ‍ᠪ ᠲᠡᠪᠢᠰᠭᠡᠷ ᠢ ᠡᠷᠳᠡᠨ ᠤ ᠬᠢᠳᠠᠳ ᠲᠡᠣᠬᠡᠴᠢᠳ ᠬᠢᠳᠠᠳ ᠦᠰᠦᠭ ᠤᠨ ᠠᠶᠠᠯᠭᠤ ᠶᠢᠨ ᠰᠡᠭᠦᠯ ᠢᠶᠠᠷ ᠦᠵᠡᠵᠦ ᠲᠣᠪᠴᠢᠯᠠᠨ ᠣᠷᠬᠢᠭᠠᠳ 蘇 ︵ᠰᠣ᠋︶ ᠪᠠᠷ ᠢᠯᠡᠳᠭᠡᠭᠰᠡᠨ ᠬᠡᠷᠡᠭ ᠪᠣᠯᠣᠨ᠎ᠠ᠃ ᠯᠠᠩ ᠱᠠᠨ ᠠᠭᠤᠯᠠᠨ ᠤ ᠨᠡᠷ᠎ᠡ ᠶᠢ ᠬᠠᠷᠠᠩᠭᠤᠢ ᠬᠠᠪᠴᠢᠯ ᠪᠠᠷ ᠨᠡᠷᠡᠯᠡᠵᠦ ᠪᠠᠶᠢᠭᠰᠠᠨ ᠬᠡᠷᠡᠭ ᠪᠣᠯ ᠲᠡᠣᠬᠡᠨ ᠳᠤ ᠦᠨᠡᠨᠳᠡᠢ ᠬᠡᠷᠡᠭ ᠪᠠᠶᠢᠵᠠᠢ᠂ ᠵᠢᠱᠢᠶᠡᠯᠡᠪᠡᠯ᠄ ᠬᠠᠨ ᠣᠯᠣᠰ ᠤᠨ ᠦᠶ᠎ᠡ ᠶᠢᠨ ᠲᠡᠣᠬᠡᠨ ᠳᠤ ᠣᠯᠠᠨᠳᠠ ᠭᠠᠷᠳᠠᠭ ᠵᠢᠢ ᠯᠦ᠋ ᠰᠠᠢ ︵鸡鹿塞︶ ᠴᠠᠶᠢᠵᠠ ᠮᠦᠨ ᠴᠦ ᠡᠷᠳᠡᠨ ᠤ ᠬᠠᠪᠴᠢᠯ ᠪᠣᠭᠤᠮᠳᠠ ᠶᠢᠨ ᠨᠢᠭᠡᠨ ᠶᠣᠮ᠃ ᠲᠡᠭᠦᠨ  ᠤ ᠪᠠᠶᠢᠷᠢ ᠶᠢ ᠣᠳᠣᠬᠢ ᠬᠦᠮᠦᠰ ᠤᠨ ᠰᠣᠳᠣᠯᠣᠨ ᠳᠣᠳᠣᠯᠣᠭᠰᠠᠨ ᠢᠶᠠᠷ ᠦᠪᠦᠷ ᠮᠣᠩᠭᠤᠯ ᠤᠨ ᠳ᠋ᠧᠩᠺᠸᠥ ᠰᠢᠶᠠᠨ ᠤ ᠪᠠᠷᠠᠭᠤᠨ ᠬᠤᠶᠢᠨ᠎ᠠ ᠪᠠᠶᠢᠭ᠎ᠠ ᠱᠠᠵᠢᠨ ᠲᠣᠬᠤᠢ ᠰᠣᠮᠣ ᠶᠢᠨ ᠪᠠᠶᠠᠨ ᠠᠭᠤᠯᠠ ᠭᠠᠴᠠᠭᠠᠨ ᠤ ᠠᠷᠣ ᠲᠠᠬᠢ ᠯᠠᠩ ᠱᠠᠨ ᠠᠭᠤᠯᠠ ᠶᠢᠨ ᠪᠠᠷᠠᠭᠤᠨ ᠡᠮᠦᠨ᠎ᠡ ᠦᠵᠦᠭᠦᠷ ᠲᠤ ᠪᠠᠶᠢᠭ᠎ᠠ ︽ᠬᠠᠷᠠᠩᠭᠤᠢ ᠬᠠᠪᠴᠢᠯ︾ ᠤᠨ ᠡᠮᠦᠨ᠎ᠡ ᠰᠦᠪᠡ ᠶᠢ ᠵᠢᠢ ᠯᠣ᠋ ᠰᠠᠢ ᠭᠡᠳᠡᠭ ᠶᠣᠮ ᠭᠡᠨ᠎ᠡ᠃ ᠮᠢᠨᠦ ᠦᠵᠡᠬᠦ ᠪᠠᠷ ᠬᠢᠳᠠᠳ ᠬᠡᠯᠡ ᠪᠠᠷ 哈浪贵乃 ᠭᠡᠳᠡᠭ ᠦᠭᠡ ᠪᠣᠯ ᠲᠠᠷᠣᠢ ᠯᠠᠩ ᠵᠢᠥᠢ ᠰᠢᠥᠢ ᠱᠠᠨ ᠭᠡᠳᠡᠭ ᠠᠭᠤᠯᠠᠨ ᠤ ᠨᠡᠷ᠎ᠡ ᠭᠡᠬᠦ ᠪᠣᠶᠣ ︽ᠬᠠᠷᠠᠩᠭᠤᠢ ᠬᠠᠪᠴᠢᠯ︾ ᠤᠨ ᠰᠦᠪᠡ ᠭᠡᠳᠡᠭ ᠮᠣᠩᠭᠤᠯ ᠦᠭᠡᠨ ᠤ ᠲᠣᠪᠴᠢᠯᠠᠨ ᠬᠢᠳᠠᠳᠴᠢᠯᠠᠭᠰᠠᠨ ᠠᠪᠢᠶᠠᠯᠠᠯᠭ᠎ᠠ ᠪᠣᠯᠣᠨ᠎ᠠ᠃ ᠯᠠᠩ ᠱᠠᠨ ᠭᠡᠳᠡᠭ ᠬᠢᠳᠠᠳ ᠨᠡᠷ᠎ᠡ ᠦᠭᠡ ᠴᠦ ᠡᠨᠡᠬᠦ ᠯᠠᠩ ᠵᠢᠥᠢ ᠰᠢᠥᠢ ᠭᠡᠳᠡᠭ ᠾᠦᠩᠨᠦ — ᠮᠣᠩᠭᠤᠯ ᠦᠭᠡ ᠶᠢ ᠣᠯᠠᠮ ᠨᠢᠭᠡ ᠠᠯᠬᠤᠮ ᠲᠣᠪᠴᠢᠯᠠᠭᠠᠳ ᠯᠠᠩ ᠱᠠᠨ ᠪᠣᠯᠣᠭᠰᠠᠨ ᠬᠡᠷᠡᠭ ᠶᠣᠮ᠃ ᠲᠡᠭᠡᠷᠡᠬᠢ ᠡᠳᠡᠭᠡᠷ ᠠᠭᠤᠯᠭ᠎ᠠ ᠶᠢ ᠬᠤᠷᠢᠶᠠᠩᠭᠤᠶᠢᠯᠠᠨ ᠦᠵᠡᠪᠡᠯ᠂ 狼居胥 ᠭᠡᠪᠡᠯ᠂ *rˁaŋ᠂ Gyo ᠂ si̯wo ︵ᠷᠾᠠᠩ ᠭᠤᠶᠣ᠋ ᠰᠣ᠋︶ ᠭᠡᠵᠦ ︽ᠬᠠᠷᠠᠩᠭᠤᠢ ᠰᠦᠪᠡ︾ ᠭᠡᠳᠡᠭ ᠦᠭᠡᠨ ᠤ ᠠᠪᠢᠶ᠎ᠠ ᠶᠢ ᠡᠷᠳᠡᠨ ᠤ ᠬᠢᠳᠠᠳ ᠦᠭᠡᠨ ᠤ ᠠᠪᠢᠶ᠎ᠠ ᠠᠶᠠᠯᠭᠤ ᠪᠠᠷ ᠲᠣᠪᠴᠢᠯᠠᠨ ᠣᠷᠴᠢᠭᠤᠯᠣᠭᠰᠠᠨ ᠬᠢᠳᠠᠳ ᠨᠡᠷ᠎ᠡ ᠦᠭᠡ ᠪᠣᠯᠣᠨ᠎ᠠ᠃ ᠠᠳᠡ ᠨᠦᠬᠦᠨ ᠬᠡᠯᠡᠬᠦ ᠠᠴᠠ ᠮᠣᠩᠭᠤᠯᠴᠣᠳ ᠪᠣᠯ ᠠᠯᠢ ᠣᠵᠣᠭᠤᠷ ᠠᠴᠠ ᠰᠦ ᠲᠠᠷᠠᠭ ᠤᠨ ᠰᠦ ᠶᠢ ᠲᠣᠯᠣᠳᠣᠭᠠᠷ ᠡᠭᠡᠰᠢᠭ ᠢᠶᠠᠷ ᠣᠩᠰᠢᠨ ᠨᠡᠷᠡᠶᠢᠳᠦᠭᠰᠡᠭᠡᠷ ᠢᠷᠡᠭᠰᠡᠨ ᠨᠢ ᠰᠡᠵᠢᠭᠯᠡᠰᠢ ᠦᠭᠡᠢ ᠦᠨᠡᠨ ᠬᠡᠷᠡᠭ ᠶᠣᠮ᠂ ᠲᠡᠭᠡᠪᠡᠯ ᠲᠡᠷᠡᠬᠦ ᠡᠷᠳᠡᠨ ᠤ ᠦᠶ᠎ᠡ ᠳᠤ ᠰᠦ ᠶᠢᠨ ᠰᠦ᠊ ᠪᠣᠯᠣᠨ ᠰᠦᠪ ︵ᠰᠦᠪᠡ︶ ᠶᠢᠨ ᠡᠬᠢᠨ ᠤ ᠰᠦ᠊ ᠶᠢ ᠴᠦ ᠮᠦᠨ ᠠᠳᠠᠯᠢᠬᠠᠨ  ᠢᠶᠠᠷ ᠲᠣᠯᠣᠳᠣᠭᠠᠷ ᠡᠭᠡᠰᠢᠭ ᠢᠶᠠᠷ ᠣᠩᠰᠢᠵᠣ ᠪᠠᠶᠢᠵᠠᠢ᠃ ᠡᠭᠦᠨ ᠢ ᠨᠢᠭᠡᠨ ᠵᠢᠱᠢᠶ᠎ᠡ ᠪᠠᠷ ᠦᠵᠡᠬᠦᠯᠪᠡᠯ᠂ ᠭᠤᠷᠪᠠᠨ ᠣᠯᠣᠰ ᠤᠨ ᠦᠶ᠎ᠡ ︵ᠭᠤᠷᠪᠠᠳᠣᠭᠠᠷ ᠵᠠᠭᠤᠨ ᠤ ᠡᠮᠦᠨ᠎ᠡ ᠬᠠᠭᠠᠰ ᠢᠶᠠᠷ︶ ᠳᠤ ᠰᠢᠶᠠᠨᠪᠸᠢᠴᠦᠳ ᠠᠴᠠ ᠼᠣᠣ ᠼᠣᠣ  ᠳᠤ ᠨᠢᠭᠡᠨ ᠵᠢᠵᠢᠭ ᠬᠠᠶᠢᠷᠴᠠᠭ ᠲᠤ ᠠᠬᠤᠭᠤᠯᠣᠭᠰᠠᠨ ᠲᠠᠷᠠᠭ ᠬᠦᠷᠭᠡᠵᠦ ᠢᠷᠡᠵᠡᠢ᠃ ᠼᠣᠣ ᠼᠣᠣ ᠲᠡᠭᠦᠨ ᠤ ᠬᠠᠶᠢᠷᠴᠠᠭ ᠲᠡᠭᠡᠷ᠎ᠡ ᠨᠢᠭᠡᠨ ᠬᠠᠶᠢᠷᠴᠠᠭ ᠰᠦ ᠭᠡᠳᠡᠭ ᠣᠳᠬ᠎ᠠ ᠲᠠᠢ ︽一合蘇︾ ︵ᠲᠣᠬᠠᠢ ᠶᠢᠨ ᠦᠶ᠎ᠡ  ᠳᠤ ᠬᠠᠶᠢᠷᠴᠠᠭ ᠤᠨ 盒 ᠭᠡᠳᠡᠭ ᠦᠭᠡᠨ ᠤ ᠬᠢᠳᠠᠳ ᠦᠰᠦᠭ ᠢ 合 ᠪᠠᠷ ᠢᠯᠡᠳᠭᠡᠵᠦ ᠪᠠᠶᠢᠪᠠ︶ ᠭᠡᠰᠡᠨ ᠭᠤᠷᠪᠠᠨ ᠬᠢᠳᠠᠳ ᠦᠰᠦᠭ ᠪᠢᠴᠢᠪᠡ᠃ ᠲᠡᠭᠡᠭᠡᠳ ᠢᠳᠡᠵᠦ ᠠᠮᠵᠢᠬᠤ ᠠᠴᠠ ᠡᠮᠦᠨ᠎ᠡ ᠪᠣᠰᠣᠳ ᠣᠴᠢᠷ ᠢᠶᠠᠷ ᠭᠠᠷᠣᠭᠠᠳ ᠢᠷᠡᠬᠦ ᠵᠠᠪ ᠲᠤ ᠲᠡᠭᠦᠨ ᠤ ᠲᠣᠣᠷᠠᠬᠢ ᠲᠦᠰᠢᠮᠡᠳ ᠨᠢ ᠰᠦ ᠶᠢᠨ ᠬᠠᠶᠢᠷᠴᠠᠭ ᠢ ᠵᠠᠳᠠᠯᠣᠨ᠂ ᠬᠦᠮᠦᠨ ᠪᠦᠷᠢ ᠨᠢᠭᠡᠨ ᠡᠮᠬᠦ ᠬᠤᠪᠢᠶᠠᠯᠴᠠᠨ ᠢᠳᠡᠪᠡ ᠭᠡᠨ᠎ᠡ᠃ ᠼᠣᠣ ᠼᠣᠣ ᠣᠷᠣᠵᠣ ᠢᠷᠡᠭᠡᠳ ᠠᠰᠠᠭᠤᠭᠰᠠᠨ ᠳᠤ ᠲᠣᠣᠷᠠᠬᠢ ᠲᠦᠰᠢᠮᠡᠳ ᠨᠢ ᠴᠧᠩᠰᠢᠶᠠᠩ ᠲᠠ ᠬᠠᠶᠢᠷᠴᠠᠭ ᠲᠡᠭᠡᠷ᠎ᠡ ︽ᠨᠢᠭᠡᠨ ᠬᠦᠮᠦᠨ ᠨᠢᠭᠡ ᠡᠮᠬᠦ ᠰᠦ︾ ᠭᠡᠵᠦ ᠪᠴᠢᠭᠰᠡᠨ ᠪᠣᠯᠬᠤᠷ ᠪᠢᠳᠡ ᠲᠠᠨ ᠤ ᠵᠠᠷᠯᠢᠭ ᠶᠣᠰᠣᠭᠠᠷ ᠨᠢᠭᠡ ᠬᠦᠮᠦᠨ ᠨᠢᠭᠡ ᠬᠠᠯᠪᠠᠭ᠎ᠠ ᠬᠤᠪᠢᠶᠠᠯᠴᠠᠨ ᠢᠳᠡᠪᠡ ᠭᠡᠵᠡᠢ᠃ 一合蘇 ᠶᠢᠨ 合 ᠭᠡᠳᠡᠭ ᠬᠢᠳᠠᠳ ᠦᠰᠦᠭ ᠪᠣᠯ 人一口 ᠭᠤᠷᠪᠠᠨ ᠬᠢᠳᠠᠳ ᠦᠰᠦᠭ ᠢᠶᠠᠷ ᠨᠡᠶᠢᠯᠡᠨ ᠪᠦᠷᠢᠯᠳᠦᠭᠰᠡᠨ ᠪᠣᠯᠬᠤᠷ᠂ ᠲᠡᠳᠡ 人一口蘇 ︵ᠬᠦᠮᠦᠨ ᠪᠦᠷ ᠨᠢᠭᠡᠨ ᠡᠮᠬᠦ ᠰᠦ︶ ᠭᠡᠵᠦ ᠲᠠᠶᠢᠯᠪᠣᠷᠢᠯᠠᠵᠣ ᠪᠠᠶᠢᠭ᠎ᠠ ᠬᠡᠷᠡᠭ ᠶᠣᠮ᠂ ᠡᠨᠡ ᠪᠣᠯ ᠬᠡᠯᠡᠯᠭᠡᠨ ᠦᠭᠡᠢ ᠨᠢᠭᠡ ᠦᠯᠢᠭᠡᠷ ᠪᠣᠯᠣᠨ᠎ᠠ᠃ ᠭᠡᠪᠡᠴᠦ ᠠᠳᠡ ᠮᠣᠩᠭᠤᠯᠴᠣᠳ ᠤᠨ ︽ᠰᠦ︾ ᠭᠡᠳᠡᠭ ᠦᠭᠡ ᠶᠢ ᠬᠢᠳᠠᠳᠴᠣᠳ ᠮᠦᠨ ︽ᠰᠦ︾ ᠭᠡᠵᠦ ᠨᠡᠷᠡᠶᠢᠳᠦᠵᠦ ᠪᠠᠶᠢᠪᠠ ᠭᠡᠳᠡᠭ ᠢ ᠭᠡᠷᠡᠴᠢᠯᠡᠵᠦ ᠪᠠᠶᠢᠨ᠎ᠠ᠃ ᠨᠠᠭᠠᠳᠣ ᠵᠠᠬ᠎ᠠ ᠨᠢ ᠼᠣᠣ ᠼᠣᠣ ᠮᠡᠳᠦ ᠶᠢᠨ ᠡᠵᠡᠨ ᠬᠠᠭᠠᠨ ᠢᠶᠠᠨ ᠬᠦᠷᠳᠡᠯ᠎ᠡ ᠦᠷᠬᠦᠯᠵᠢᠳᠡ ᠴᠡᠴᠡᠷᠡᠭᠦᠯᠦᠨ ᠲᠠᠭᠵᠢᠭᠤᠯᠵᠣ ᠪᠠᠶᠢᠭᠰᠠᠨ ᠠᠯᠳᠠᠷ ᠶᠡᠬᠡᠳᠡᠢ ᠡᠷᠬᠡᠳᠡᠨ ᠲᠦᠰᠢᠮᠡᠯ ᠪᠠᠶᠢᠳᠠᠯ᠎ᠠ ︽ᠰᠦ︾ ᠭᠡᠵᠦ ᠨᠡᠷᠡᠶᠢᠳᠦᠨ ᠬᠡᠯᠡᠵᠦ ᠪᠠᠶᠢᠪᠠ ᠭᠡᠰᠡᠨ ᠦᠭᠡ ᠪᠣᠯᠬᠤ ᠶᠣᠮ᠃ ᠮᠢᠨᠦ ᠬᠡᠯᠡᠬᠦ ᠭᠡᠵᠦ ᠪᠠᠶᠢᠭ᠎ᠠ ᠨᠢ 蘇 ᠪᠣᠶᠣ 酥 ᠶᠢᠨ ᠠᠯᠢᠨ ᠪᠣᠯᠪᠠᠴᠣ ᠡᠷᠳᠡ ᠲᠡᠭᠡᠳᠦ ᠦᠶ᠎ᠡ ᠳᠡᠭᠡᠨ ᠠᠳᠠᠯᠢ ᠠᠪᠢᠶ᠎ᠠ ᠠᠶᠠᠯᠭᠤ ᠲᠠᠢ ᠦᠰᠦᠭ ᠪᠠᠶᠢᠭᠰᠠᠨ ᠶᠣᠮ᠃ ᠡᠶᠢᠮᠦ ᠠᠴᠠ ᠡᠨᠡ ᠬᠤᠶᠠᠷ ᠦᠰᠦᠭ ᠬᠠᠷᠢᠯᠴᠠᠨ ᠨᠦᠭᠦᠭᠡ ᠦᠰᠦᠭ ᠤᠨ ᠢᠶᠠᠨ ᠠᠪᠢᠶ᠎ᠠ ᠠᠶᠠᠯᠭᠤ ᠶᠢ ᠢᠯᠠᠳᠭᠡᠳᠡᠭ ᠪᠠᠶᠢᠵᠠᠢ᠃ ᠮᠦᠨᠴᠦ ᠮᠣᠩᠭᠤᠯ ᠬᠡᠯᠡᠨ ᠤ ᠰᠦ ᠶᠢ ᠲᠠᠷᠣᠢ ᠡᠨᠡᠬᠦ ᠦᠰᠦᠭ ᠢᠶᠠᠷ ᠢᠯᠠᠳᠭᠡᠵᠦ ᠪᠠᠶᠢᠪᠠ᠃ ᠡᠶᠢᠮᠦ  ᠠᠴᠠ 胥 ᠶᠢᠨ ᠡᠷᠳᠡᠨ ᠤ ᠠᠪᠢᠶ᠎ᠠ ᠠᠶᠠᠯᠭᠤ ᠶᠢ ᠪᠠᠰᠠ 蘇 ᠪᠣᠶᠣ 酥 ᠪᠠᠷ ᠣᠩᠰᠢᠵᠣ ᠪᠣᠯᠳᠠᠭ ᠭᠡᠰᠡᠨ ᠢᠶᠠᠷ ᠦᠵᠡᠪᠡᠯ᠂ ᠡᠨᠡᠬᠦ 胥 ᠨᠢ ᠬᠡᠯᠡᠯᠭᠡᠨ ᠦᠭᠡᠢ ︽ᠰᠦ︾ ᠭᠡᠵᠦ ᠮᠣᠩᠭᠤᠯ ᠬᠡᠯᠡᠨ ᠤ ᠲᠣᠯᠣᠳᠣᠭᠠᠷ ᠡᠭᠡᠰᠢᠭ ᠢᠶᠠᠷ ᠣᠩᠰᠢᠭᠳᠠᠬᠤ ᠶᠣᠰᠣᠳᠠᠢ᠃ ᠠᠳᠡ ᠰᠦ ᠶᠢᠨ ᠰᠦ ᠪᠠ ᠰᠦᠪᠡ ᠶᠢᠨ ᠰᠦ᠊ ᠪᠦᠷ ᠠᠳᠠᠯᠢ ᠪᠠᠷ ᠲᠣᠯᠣᠳᠣᠭᠠᠷ ᠡᠭᠡᠰᠢᠭ ᠪᠣᠯᠬᠤ ᠶᠢ ᠠᠩᠬᠠᠷᠬᠤ ᠬᠡᠷᠡᠭᠳᠡᠢ᠂ ᠣᠴᠢᠷ ᠨᠢ ᠡᠨᠡ ᠪᠣᠯ ᠵᠦᠪᠬᠡᠨ ᠨᠢᠭᠡ ᠶᠡᠷᠦ ᠶᠢᠨ ᠲᠣᠬᠢᠶᠠᠯᠳᠣᠯ ᠲᠡᠳᠦᠢ ᠪᠢᠰᠢ ᠮᠠᠭᠠᠳ ᠶᠣᠮ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号