ᠬᠢᠳᠠᠳ ᠦᠰᠦᠭ ᠢᠶᠠᠷ ᠲᠡᠣᠬᠡᠨ᠎ᠡ ᠲᠡᠮᠳᠡᠭᠯᠡᠭᠳᠡᠭᠰᠡᠨ ᠾᠦᠩᠨᠦ ᠬᠦᠮᠦᠨ ᠤ ᠡᠳᠦᠷ ᠲᠣᠲᠣᠮ ᠤᠨ ᠬᠡᠷᠡᠭᠰᠡᠯ 金留犁 ᠭᠡᠳᠡᠭ ᠦᠭᠡ ᠶᠢᠨ ᠠᠪᠢᠶ᠎ᠠ ᠠᠶᠠᠯᠭᠤ ᠪᠠ ᠣᠳᠬ᠎ᠠ ᠶᠢ ᠦᠭᠦᠯᠡᠬᠦ ᠨᠢ
ᠨᠡᠶᠢᠲᠡᠯᠡᠭᠰᠡᠨ ᠴᠠᠭ᠄
2021/3/19
ᠣᠣᠬᠠᠨ · ᠬᠠᠭᠳᠠ ᠵᠣᠬᠢᠶᠠᠪᠠ ᠵᠣᠬᠢᠶᠠᠭᠴᠢ ᠠᠴᠠ ᠬᠢᠲᠠᠳ ᠬᠡᠯᠡ ᠪᠠᠷ ᠨᠢᠭᠡᠨ ︽ᠾᠦᠩᠨᠦ ᠬᠡᠯᠡ︾ ᠭᠡᠳᠡᠭ ᠣᠯᠠᠨ ᠨᠡᠶᠢᠳᠡ ᠶᠢᠨ ᠲᠠᠪᠴᠠᠩ ᠪᠠᠶᠢᠭᠤᠯᠵᠣ᠂ ᠾᠦᠩᠨᠦᠴᠦᠳ ᠮᠣᠩᠭᠤᠯ ᠬᠡᠯᠡ ᠲᠠᠢ ᠭᠡᠳᠡᠭ ᠦᠪᠡᠷ ᠤᠨ ᠰᠣᠳᠣᠯᠭᠠᠨ ᠤ ᠪᠦᠳᠦᠭᠡᠯ ᠢᠶᠠᠨ ᠣᠯᠠᠨ ᠨᠠᠶᠢᠳᠠ ᠲᠠᠢ ᠬᠤᠪᠢᠶᠠᠯᠴᠠᠬᠤ ᠶᠢ ᠵᠣᠷᠢᠯ᠎ᠠ᠃ ᠲᠣᠰ ᠣᠯᠠᠨ ᠨᠠᠶᠢᠳᠠ ᠶᠢᠨ ᠲᠠᠪᠴᠠᠩ ᠳᠤ ᠪᠦᠷ ᠦᠪᠡᠷ ᠤᠨ ᠪᠦᠳᠦᠭᠡᠯ ᠢᠶᠠᠨ ᠨᠡᠶᠢᠳᠡᠯᠡᠬᠦ ᠶᠢᠨ ᠬᠠᠮᠳᠣ᠂ ᠪᠠᠰᠠ ᠲᠡᠯᠡᠬᠡᠢ ᠶᠢᠨ ᠣᠯᠠᠨ ᠭᠠᠵᠠᠷ ᠠᠴᠠ ᠢᠯᠡᠷᠡᠭᠰᠡᠨ ᠡᠷᠳᠡᠨ ᠤ ᠣᠮᠠᠷᠠᠳᠣ ᠶᠢᠨ ᠨᠡᠭᠦᠳᠡᠯᠴᠢᠳ ᠭᠡᠳᠡᠭ ᠾᠦᠩᠨᠦ ᠬᠦᠮᠦᠰ ᠲᠠᠢ ᠬᠤᠯᠪᠣᠭ᠎ᠠ ᠲᠠᠢ ᠡᠷᠳᠡᠨ ᠤ ᠲᠡᠣᠬᠡ ᠶᠢᠨ ᠡᠳ᠋ ᠦᠯᠬᠡ ᠪᠠ ᠬᠠᠭᠤᠴᠢ ᠮᠠᠯᠳᠠᠮᠠᠯ ᠨᠤᠭᠤᠳ ᠢ ᠲᠠᠭᠠᠯᠳᠣᠭᠤᠯᠣᠨ ᠣᠬᠠᠭᠤᠯᠬᠤ ᠰᠠᠨᠠᠭ᠎ᠠ ᠲᠠᠢ ᠪᠠᠶᠢᠭ᠎ᠠ᠃ ᠭᠡᠪᠡᠴᠦ ᠬᠤᠶᠢᠨᠠᠬᠢ ᠠᠭᠤᠯᠭ᠎ᠠ ᠪᠠᠨ ᠪᠦᠷ ᠲᠣᠬᠠᠢ ᠶᠢᠨ ᠪᠣᠳᠠᠳᠣ ᠵᠢᠷᠤᠭ ᠤᠨ ᠭᠡᠯᠪᠡᠷᠢ ᠪᠠᠷ ᠨᠡᠶᠢᠳᠡᠯᠡᠵᠦ᠂ ᠦᠪᠡᠷ ᠤᠨ ᠬᠠᠷᠠᠵᠣ ᠠᠵᠢᠭᠯᠠᠭᠰᠠᠨ ᠣᠶᠢᠯᠭᠠᠯᠳᠠ ᠪᠠᠨ ᠲᠦᠭᠦᠮ ᠢᠶᠠᠷ ᠶᠠᠷᠢᠬᠤ ᠪᠣᠯᠣᠨ᠎ᠠ᠃ ᠡᠨᠡ ᠣᠳᠠᠭ᠎ᠠ ᠶᠢᠨ ᠠᠭᠤᠯᠭ᠎ᠠ ᠳᠤ 金留犁 ᠭᠡᠳᠡᠭ ᠨᠡᠷ᠎ᠡ ᠪᠠᠷ ᠬᠢᠳᠠᠳ ᠲᠡᠣᠬᠡᠨ᠎ᠡ ᠲᠡᠮᠳᠡᠭᠯᠡᠭᠳᠡᠨ ᠦᠯᠡᠳᠡᠭᠰᠡᠨ ᠾᠦᠩᠨᠦ ᠶᠢᠨ ᠡᠳᠦᠷ ᠲᠣᠲᠣᠮ ᠤᠨ ᠨᠢᠭᠡᠨ ᠬᠡᠷᠡᠭᠰᠡᠯ ᠢ ᠲᠠᠨᠢᠯᠴᠠᠭᠤᠯᠬᠤ ᠶᠢᠨ ᠬᠠᠮᠳᠣ ᠬᠢᠳᠠᠳ ᠤᠨ ᠬᠠᠨ ᠣᠯᠣᠰ ᠤᠨ ᠦᠶ᠎ᠡ ᠶᠢᠨ ᠯᠣᠣ ᠪᠣᠯᠣᠨ ᠾᠦᠩᠨᠦ ᠶᠢᠨ ᠯᠣᠣ ᠵᠢᠷᠤᠭ ᠲᠦᠷᠰᠦ ᠶᠢ ᠲᠠᠭᠠᠳᠣᠭᠤᠯᠣᠨ ᠲᠠᠨᠢᠯᠴᠠᠭᠤᠯᠣᠨ᠎ᠠ᠃ ᠾᠦᠩᠨᠦ ᠦᠭᠡ 金留犁 ᠶᠢᠨ ᠦᠭᠡᠨ ᠤ ᠠᠶᠠᠯᠭᠤ ᠪᠠ ᠣᠳᠬ᠎ᠠ ᠶᠢ ᠲᠠᠶᠢᠯᠪᠣᠷᠢᠯᠠᠬᠤ ᠨᠢ ᠾᠦᠩᠨᠦ ᠦᠭᠡ 金留犁 ᠶᠢᠨ ᠲᠡᠣᠬᠡᠨ ᠳᠤ ᠢᠯᠡᠷᠡᠭᠰᠡᠨ ᠭᠠᠵᠠᠷ ᠢ ᠣᠯᠳᠣᠢ ᠵᠣᠬᠢᠶᠠᠯ ︽径路刀 ︾ ︵ᠵᠣᠬᠢᠶᠠᠭᠴᠢ ᠡᠭᠦᠨ ᠢ ᠬᠢᠩᠭᠠᠷᠠᠭ ᠬᠢᠳᠤᠭ᠎ᠠ ᠭᠡᠵᠦ ᠲᠠᠶᠢᠯᠪᠣᠷᠢᠯᠠᠭᠰᠠᠨ ᠶᠣᠮ︶ ᠠᠴᠠ ᠯᠠᠪᠯᠠᠭᠠᠷᠠᠢ᠃ ᠲᠣᠬᠠᠢ  ᠶᠢᠨ ᠦᠶ᠎ᠡ ᠳᠤ ᠬᠠᠭᠠᠨᠰ᠎ᠡ ᠴᠠᠨ ᠢᠥᠢ ᠠᠯᠳᠠᠨ ᠠᠶᠠᠭᠠᠨ᠎ᠠ ᠠᠷᠢᠬᠢ ᠬᠤᠳᠬᠤᠬᠤ ᠦᠶ᠎ᠡ ᠳᠤ ᠬᠡᠷᠡᠭᠯᠡᠭᠰᠡᠨ ᠨᠢᠭᠡᠨ ᠬᠡᠷᠡᠭᠰᠡᠯ ᠨᠢ ᠬᠢᠩᠭᠠᠷᠠᠭ ᠬᠢᠳᠤᠭ᠎ᠠ ᠶᠣᠮ᠂ ᠨᠦᠭᠦᠭᠡ ᠨᠢᠭᠡ ᠨᠢ ᠲᠠᠷᠣᠢ ᠠᠳᠡ ᠦᠬᠦᠯᠡᠬᠦ ᠪᠠᠷ ᠪᠠᠶᠢᠭ᠎ᠠ 金留犁 ᠪᠣᠯᠣᠨ᠎ᠠ᠃ 金留犁 ᠶᠢᠨ ᠡᠷᠳᠡᠨ ᠤ ᠬᠢᠳᠠᠳ ᠬᠡᠯᠡᠨ ᠳᠠᠬᠢ ᠣᠶᠢᠷᠠᠯᠴᠠᠭ᠎ᠠ ᠠᠶᠠᠯᠭᠤ ᠨᠢ ᠺᠢᠮ ᠯᠢᠦ ᠷᠢ ︵kim liu ri︶ ᠪᠣᠯᠣᠨ᠎ᠠ᠃ ᠡᠭᠦᠨ ᠢ ᠣᠳᠣ ᠦᠶ᠎ᠡ ᠶᠢᠨ ᠮᠣᠩᠭᠤᠯ ᠬᠡᠯᠡᠨ ᠳᠤ ᠪᠣᠯ ᠬᠡᠮᠨᠡᠭᠦᠷᠢ ᠬᠡᠬᠦ ᠪᠣᠶᠣ ᠬᠡᠮᠨᠡᠭᠦᠷ ︵hemnuur︶ ᠭᠡᠳᠡᠭ ᠦᠭᠡ ᠶᠣᠮ᠃ ᠬᠡᠮᠨᠡᠭᠦᠷ ᠢ ᠠᠮᠠᠨ ᠶᠠᠷᠢᠶᠠᠨ ᠳᠤ ᠶᠡᠷᠦ ᠨᠢ ᠬᠡᠮᠯᠡᠭᠦᠷ ︵hemluur︶ ᠭᠡᠵᠦ ᠴᠦ ᠬᠡᠯᠡᠳᠡᠭ᠃ ᠲᠡᠭᠦᠨ ᠤ ᠦᠭᠡᠨ ᠤ ᠢᠵᠠᠭᠤᠷ ᠨᠢ ᠬᠡᠮ ︵hem︶ ᠪᠣᠯᠣᠨ᠎ᠠ᠃ ᠡᠯ᠎ᠡ ᠭᠠᠵᠠᠷ ᠤᠨ ᠮᠣᠩᠭᠤᠯᠴᠣᠳ ᠤᠨ ᠨᠣᠳᠤᠭ ᠤᠨ ᠬᠡᠯᠡᠨ ᠳᠤ ᠬᠡᠮ ᠢ ᠪᠠᠰᠠ ᠺᠡᠮ ︵kem︶ ᠭᠡᠮ ︵gem︶ ᠭᠡᠵᠦ ᠶᠠᠷᠢᠳᠠᠭ ᠵᠠᠩᠰᠢᠯ ᠪᠠᠶᠢᠭ᠎ᠠ ᠶᠢ ᠦᠭᠡᠶᠢᠰᠭᠡᠬᠦ ᠦᠭᠡᠢ᠃ ᠡᠭᠦᠨ ᠠᠴᠠ ᠭᠠᠳᠠᠨ᠎ᠠ ᠮᠣᠩᠭᠤᠯ ᠬᠡᠯᠡᠨ ᠳᠤ ᠯ᠊ ᠪᠣᠯᠣᠨ ᠨ᠊ ᠬᠤᠶᠠᠷ ᠭᠡᠶᠢᠭᠦᠯᠦᠭᠴᠢ ᠶᠢ ᠰᠡᠯᠭᠦᠴᠡᠨ ᠬᠡᠷᠡᠭᠯᠡᠬᠦ ᠦᠵᠡᠭᠳᠡᠯ ᠴᠦ ᠦᠷᠭᠡᠨ ᠢᠶᠠᠷ ᠲᠠᠷᠬᠠᠵᠣ ᠪᠠᠶᠢᠭ᠎ᠠ᠃ ᠡᠷᠳᠡᠮᠳᠡᠳ ᠤᠨ ᠲᠠᠶᠢᠯᠪᠣᠷᠢᠯᠠᠬᠤ ᠪᠠᠷ ᠡᠨᠡ ᠬᠤᠶᠠᠷ ᠭᠡᠶᠢᠭᠦᠯᠦᠭᠴᠢ ᠶᠢᠨ ᠠᠪᠢᠶ᠎ᠠ ᠭᠠᠷᠭᠠᠬᠤ ᠣᠷᠣᠨ ᠪᠠᠶᠢᠷᠢ ᠨᠢ ᠣᠶᠢᠷᠠᠯᠴᠠᠭ᠎ᠠ ᠮᠦᠷᠳᠡᠭᠡᠨ ᠠᠪᠢᠶ᠎ᠠ ᠭᠠᠷᠭᠠᠬᠤ ᠠᠷᠭ᠎ᠠ ᠬᠡᠯᠪᠡᠷᠢ ᠨᠢ ᠴᠦ ᠢᠵᠢᠯᠬᠡᠨ ᠪᠣᠯᠬᠤᠷ ᠶᠡᠷᠦ ᠨᠢ ᠰᠡᠯᠭᠦᠴᠡᠨ ᠬᠡᠷᠡᠭᠯᠡᠳᠡᠭ ᠭᠡᠵᠡᠢ᠃ ᠦᠨᠡᠨᠳᠡᠭᠡᠨ ᠡᠶᠢᠮᠦ ᠦᠵᠡᠭᠳᠡᠯ ᠬᠢᠳᠠᠳ ᠬᠡᠯᠡᠨ ᠳᠤ ᠴᠦ ᠨᠡᠶᠢᠳᠡᠮ ᠪᠠᠶᠢᠭ᠎ᠠ᠃ ᠾᠦᠩᠨᠦ ᠬᠦᠮᠦᠰ ᠺᠡᠮᠯᠡᠭᠦᠷ ᠭᠡᠵᠦ ᠶᠠᠷᠢᠭᠰᠠᠨ ᠦᠭᠡ ᠶᠢ ᠲᠡᠭᠦᠨ ᠤ ᠠᠪᠢᠶ᠎ᠠ ᠪᠠᠷ ᠬᠢᠳᠠᠳ ᠬᠦᠮᠦᠰ ᠠᠪᠢᠶᠠᠴᠢᠯᠠᠨ ᠣᠷᠴᠢᠭᠤᠯᠵᠣ kim liu ri ︵金留犁︶ ᠪᠣᠯᠭᠠᠭᠰᠠᠨ ᠬᠡᠷᠡᠭ ᠶᠣᠮ᠃ ᠲᠣᠷᠣᠭᠰᠢ ᠪᠢᠳᠡ 金留犁 ᠭᠤᠷᠪᠠᠨ ᠬᠢᠳᠠᠳ ᠦᠰᠦᠭ ᠤᠨ ᠡᠷᠳᠡᠨ ᠡᠳᠦᠬᠡ ᠶᠢᠨ ᠠᠪᠢᠶ᠎ᠠ ᠠᠶᠠᠯᠭᠤ ᠶᠢ ᠨᠠᠷᠢᠪᠴᠢᠯᠠᠨ ᠦᠵᠡᠶ᠎ᠡ᠃ 金᠄ ᠣᠳᠣ ᠦᠶ᠎ᠡ ᠶᠢᠨ ᠠᠪᠢᠶ᠎ᠠ ᠨᠢ jīn᠃ ᠸᠢᠺᠢ ᠲᠣᠯᠢ ᠪᠢᠴᠢᠭ ᠲᠤ ᠲᠣᠰ ᠦᠰᠦᠭ ᠤᠨ ᠡᠷᠳᠡᠨ ᠡᠳᠦᠬᠡ  ᠶᠢᠨ ᠠᠪᠢᠶ᠎ᠠ ᠠᠶᠠᠯᠭᠤ ᠶᠢ ᠶᠠᠷᠢᠭᠰᠠᠨ ᠲᠠᠶᠢᠯᠪᠣᠷᠢᠯᠠᠭᠰᠠᠨ ᠠᠭᠤᠯᠭ᠎ᠠ ᠮᠠᠰᠢ ᠪᠣᠳᠣᠯᠢᠶᠠᠨ ᠶᠡᠬᠡᠳᠡᠢ ᠪᠣᠯᠬᠤᠷ ᠠᠳᠡ ᠵᠦᠪᠬᠡᠨ ᠲᠣᠪᠴᠢᠯᠠᠨ ᠬᠦᠷᠭᠡᠶ᠎ᠡ᠃ 金 ᠪᠣᠯ ᠲᠣᠮᠳᠠᠳᠣ ᠺᠣᠷᠢᠶ᠎ᠠ ᠶᠠᠫᠣᠨ ᠭᠤᠷᠪᠠᠨ ᠣᠯᠣᠰ ᠤᠨ ᠬᠠᠮᠳᠣ ᠪᠠᠷ ᠬᠡᠷᠡᠭᠯᠡᠬᠦ ᠣᠳᠬᠠᠳᠣ ᠦᠰᠦᠭ ᠮᠦᠨ᠃ ᠬᠢᠳᠠᠳ ᠤᠨ ︽说文解字︾ ᠲᠣᠯᠢ ᠪᠢᠴᠢᠭ ᠲᠤ ᠲᠡᠭᠦᠨ ᠤ ᠠᠪᠢᠶ᠎ᠠ ᠶᠢ 今聲 ᠭᠡᠵᠡᠢ᠃ ᠲᠠᠷᠣᠢ 今 ᠢᠶᠠᠷ ᠠᠪᠢᠶᠠᠯᠠᠨ᠎ᠠ ᠭᠡᠰᠡᠨ ᠦᠭᠡ ᠶᠣᠮ᠃ ᠲᠡᠭᠡᠪᠡᠯ 今 ᠤ ᠡᠷᠳᠡᠨ ᠤ ᠠᠪᠢᠶ᠎ᠠ ᠨᠢ gim ᠪᠣᠯᠣᠨ᠎ᠠ᠃ 金 ᠦᠰᠦᠭ ᠢ ᠶᠣᠸᠠᠢ ᠬᠡᠯᠡᠨ ᠳᠤ : gam1᠂ ᠭᠠᠨ ᠬᠡᠯᠡᠨ ᠳᠤ : jin1 ᠺᠧ ᠵᠢᠶᠠ ᠬᠡᠯᠡᠨ ᠳᠤ : kîm᠂ ᠶᠢᠨ ᠬᠡᠯᠡᠨ ᠳᠤ : jing1᠂ ᠮᠢᠨᠪᠸᠢ ᠬᠡᠯᠡᠨ ᠳᠤ : géng᠂ ᠮᠢᠨᠳᠦ᠋ᠩ ᠬᠡᠯᠡᠨ ᠳᠤ : gĭng᠂ ᠮᠢᠨᠨᠠᠨ ᠬᠡᠯᠡᠨ  ᠳᠤ : kim ᠪᠣᠯᠣᠨ gim1᠂ ᠡᠣ ᠬᠡᠯᠡᠨ ᠳᠤ : jin (T1)᠂ ᠰᠢᠶᠠᠩ ᠬᠡᠯᠡᠨ ᠳᠤ : jin1 ᠭᠡᠳᠡᠭ ᠭᠡᠵᠦ ᠨᠣᠳᠤᠭ ᠤᠨ ᠠᠪᠢᠶ᠎ᠠ ᠪᠦᠬᠦᠨ ᠢ ᠵᠢᠬᠰᠠᠭᠠᠵᠠᠢ᠃ ᠲᠡᠭᠡᠳᠦ ᠡᠷᠳᠡᠨ ᠤ ᠠᠪᠢᠶ᠎ᠠ᠄ *kəm,{*k(r)[ə]m}/᠂ ᠲᠣᠮᠳᠠᠳᠣ ᠡᠷᠳᠡᠨ ᠤ ᠠᠪᠢᠶ᠎ᠠ᠄ kim ᠭᠡᠪᠡ᠃ ︽ᠬᠠᠨ ᠳ᠋ᠢᠶᠠᠨ ᠰᠦᠯᠵᠢᠶ᠎ᠡ︾ ᠳᠤ ᠲᠠᠶᠢᠯᠪᠣᠷᠢᠯᠠᠭᠰᠠᠨ ᠨᠢ᠄ ᠲᠡᠭᠡᠳᠦ ᠡᠷᠳᠡᠨ ᠤ ᠠᠪᠢᠶ᠎ᠠ ᠨᠢ krɯm᠂ ᠲᠣᠮᠳᠠᠳᠣ ᠡᠷᠳᠡᠨ ᠤ ᠠᠪᠢᠶ᠎ᠠ ᠶᠢ ᠰᠡᠷᠭᠦᠭᠡᠭᠰᠡᠨ ᠲᠣᠲᠣᠭᠠᠳᠣ ᠭᠠᠳᠠᠭᠠᠳᠣ ᠶᠢᠨ ᠡᠷᠳᠡᠮᠳᠡᠳ ᠤᠨ ᠰᠡᠷᠭᠦᠭᠡᠯᠳᠡ ᠪᠣᠯ kĭĕm,kjəm,kiem,kɯim,kjim ᠵᠡᠷᠭᠡ ᠪᠣᠢ ᠭᠡᠵᠡᠢ᠃ ᠲᠠᠩ ᠣᠯᠣᠰ ᠤᠨ ᠦᠶ᠎ᠡ ᠶᠢᠨ ᠠᠪᠢᠶ᠎ᠠ ᠨᠢ *gyim᠂ ᠶᠠᠫᠣᠨ ᠬᠡᠯᠡᠨ ᠳᠤ きん᠂ ᠺᠣᠷᠢᠶ᠎ᠠ ᠬᠡᠯᠡᠨ ᠳᠤ᠂ KIM ᠪᠣᠶᠣ KUM ᠺᠣᠷᠢᠶ᠎ᠠ ᠦᠰᠦᠭ ᠢᠶᠠᠷ 금김᠂ ᠸᠢᠶᠧᠲᠨᠠᠮ ᠬᠡᠯᠡᠨ ᠳᠤ kim ᠭᠡᠵᠡᠢ᠃ ᠪᠣᠰᠣᠳ ᠢ ᠨᠢ ᠲᠣᠪᠴᠢᠯᠠᠪᠠ᠃ 金 ᠦᠰᠦᠭ ᠤᠨ ᠡᠷᠳᠡᠨ ᠤ ᠠᠪᠢᠶᠠᠨ ᠤ ᠰᠡᠷᠭᠦᠭᠡᠯᠳᠡ᠄ ᠡᠷᠳᠡ ᠲᠡᠭᠡᠷ᠎ᠡ ᠦᠶ᠎ᠡ ᠳᠤ ᠲᠣᠰ ᠦᠰᠦᠭ ᠤᠨ ᠠᠪᠢᠶᠠᠨ ᠤ ᠡᠬᠢᠯᠡᠪᠣᠷᠢ ᠨᠢ kr ᠪᠣᠶᠣ kj ᠪᠠᠶᠢᠭᠰᠠᠨ ᠠᠴᠠ ᠪᠠᠨ ᠠᠭᠠᠵᠢᠮ ᠢᠶᠠᠷ k ᠪᠣᠶᠣ G ᠵᠦᠭ ᠰᠢᠯᠵᠢᠨ ᠢᠷᠡᠵᠡᠢ᠃ ᠠᠶᠠᠯᠭᠤ ᠨᠢ iə᠂ jə᠂ ɯi ᠵᠡᠷᠭᠡ ᠣᠯᠠᠨ ᠵᠦᠢᠯ ᠪᠠᠶᠢᠭᠰᠠᠨ ᠠᠴᠠ ᠪᠠᠨ ᠠᠭᠠᠵᠢᠮ ᠢᠶᠠᠷ i ᠳᠤ ᠬᠡᠪᠰᠢᠵᠦ ᠢᠷᠡᠵᠡᠢ ᠠᠶᠠᠯᠭᠤᠨ ᠤ ᠰᠡᠬᠦᠯ ᠨᠢ ᠬᠠᠷᠢᠨ ᠮᠠᠰᠢ ᠲᠣᠲᠣᠷᠬᠠᠢ ᠪᠦᠷ m ᠪᠠᠶᠢᠭᠰᠠᠨ ᠠᠴᠠ ᠪᠠᠨ ᠣᠯᠠᠩᠬᠢ  ᠨᠢ n ᠪᠣᠶᠣ ng ᠪᠣᠯᠣᠨ ᠬᠤᠪᠢᠷᠠᠵᠣ᠂ ᠣᠳᠣ ᠦᠶ᠎ᠡ ᠶᠢᠨ ᠬᠢᠳᠠᠳ ᠨᠣᠳᠤᠭ ᠤᠨ ᠠᠶᠠᠯᠭᠤ ᠳᠤ jin ᠪᠠ jing ᠪᠣᠯᠵᠠᠢ᠃ ᠭᠡᠪᠡᠴᠦ ᠡᠨᠡᠬᠦ ᠬᠤᠪᠢᠷᠠᠯ ᠤᠨ ᠶᠠᠪᠣᠴᠠ ᠵᠠᠷᠢᠮ ᠨᠢ ᠲᠠᠩ ᠣᠯᠣᠰ ᠤᠨ ᠦᠶ᠎ᠡ ᠳᠤ ᠨᠢᠭᠡᠨᠳᠡ ᠪᠡᠶᠡᠯᠡᠭᠳᠡᠭᠰᠡᠨ ᠪᠣᠯᠣᠯᠳᠠᠢ᠃ ᠡᠶᠢᠮᠦ ᠠᠴᠠ ᠶᠠᠫᠣᠨ ᠬᠡᠯᠡᠨ ᠳᠤ ᠡᠨᠡᠬᠦ ᠦᠰᠦᠭ きん ᠭᠡᠵᠦ ᠣᠩᠰᠢᠳᠠᠭ ᠪᠣᠯᠵᠠᠢ᠃ ᠭᠡᠪᠡᠴᠦ ᠸᠢᠶᠧᠲᠨᠠᠮ ᠬᠡᠯᠡ ᠪᠣᠯ ᠲᠡᠭᠦᠨ ᠤ ᠬᠠᠮᠤᠭ ᠡᠷᠳᠡᠨ ᠤ ᠠᠪᠢᠶ᠎ᠠ ᠶᠢ ᠨᠡᠯᠢᠶᠡᠳ ᠪᠦᠳᠦᠨ ᠢᠶᠠᠷ ᠬᠠᠳᠠᠭᠠᠯᠠᠵᠣ găm,ghim ᠪᠣᠶᠣ kim ᠢᠶᠠᠷ ᠣᠩᠰᠢᠭᠰᠠᠭᠠᠷ ᠪᠠᠶᠢᠨ᠎ᠠ᠃ ᠲᠣᠰ ᠦᠰᠦᠭ ᠢ ᠾᠦᠩᠨᠦ ᠶᠢᠨ ᠴᠠᠭ ᠦᠶ᠎ᠡ  ᠳᠤ ᠪᠣᠳᠠᠳᠠᠢ ᠬᠡᠯᠡᠪᠡᠯ ᠬᠠᠭᠠᠨᠰ᠎ᠡ ᠴᠠᠨ ᠢᠥᠢ ᠶᠢᠨ ᠦᠶ᠎ᠡ ᠨᠢᠭᠡᠨᠳᠡ ᠺᠢᠮ ᠭᠡᠵᠦ ᠣᠩᠰᠢᠬᠤ ᠪᠣᠯᠣᠭᠰᠠᠨ ᠪᠠᠶᠢᠨ᠎ᠠ ᠭᠡᠵᠦ ᠦᠵᠡᠬᠦ ᠨᠢ ᠪᠣᠷᠣᠭᠤ ᠦᠭᠡᠢ᠃ 留᠄ ᠸᠢᠺᠢ ᠲᠣᠯᠢ ᠪᠢᠴᠢᠭ ᠲᠤ ᠲᠣᠰ ᠦᠰᠦᠭ ᠤᠨ ᠣᠳᠣ ᠦᠶ᠎ᠡ ᠶᠢᠨ ᠠᠪᠢᠶ᠎ᠠ ᠶᠢ liú᠂ liù᠂ liǔ ᠭᠡᠵᠦ ᠭᠤᠷᠪᠠᠨ ᠡᠷᠭᠦᠯᠳᠡ ᠲᠠᠢ ᠦᠰᠦᠭ ᠭᠡᠵᠦ ᠲᠡᠮᠳᠡᠭᠯᠡᠵᠡᠢ᠃ ᠲᠡᠭᠦᠨ ᠤ ᠲᠣᠮᠳᠠᠳᠣ ᠡᠷᠳᠡᠨ ᠤ ᠠᠪᠢᠶ᠎ᠠ᠄ ljuw ᠭᠡᠵᠦ᠂ ᠲᠡᠭᠡᠳᠦ ᠡᠷᠳᠡᠨ ᠤ ᠠᠪᠢᠶ᠎ᠠ ᠶᠢ /*C.ru/ ᠭᠡᠵᠡᠢ᠃ ᠭᠡᠳᠡᠯ᠎ᠡ ᠬᠠᠨ ᠳ᠋ᠢᠶᠠᠨ ᠰᠦᠯᠵᠢᠶ᠎ᠡ ᠲᠡᠭᠦᠨ ᠤ ᠲᠡᠭᠡᠳᠦ ᠡᠷᠳᠡᠨ ᠤ ᠠᠪᠢᠶ᠎ᠠ ᠶᠢ m·ru ᠭᠡᠪᠡ᠃ ᠶᠠᠫᠣᠨ ᠬᠡᠯᠡᠨ ᠳᠤ りゅう(ryū),る(ru) ᠭᠡᠵᠦ᠂ ᠺᠣᠷᠢᠶ᠎ᠠ ᠬᠡᠯᠨ ᠳᠤ 류 (lyu)유 (yu) ᠭᠡᠵᠦ᠂ ᠸᠢᠶᠧᠲᠨᠠᠮ ᠬᠡᠯᠨ ᠳᠤ lưu ᠭᠡᠪᠡ᠃ ︽说文解字︾ ᠲᠣᠯᠢ ᠪᠢᠴᠢᠭ ᠲᠤ 从田丣聲 ᠭᠡᠵᠦ ᠲᠠᠶᠢᠯᠪᠣᠷᠢᠯᠠᠵᠠᠢ᠃ ᠴᠢᠨ ᠠᠴᠠ ᠡᠮᠦᠨᠡᠬᠢ ᠠᠪᠢᠶ᠎ᠠ ᠠᠶᠠᠯᠭᠤ ᠶᠢᠨ ᠰᠢᠰᠲ᠋ᠧᠮ᠄ ᠠᠪᠢᠶ᠎ᠠ ᠨᠢ L᠂ ᠠᠶᠠᠯᠭᠤ ᠨᠢ iu᠂ joɡ᠂ iəw ᠪᠠ jəgw ᠭᠡᠵᠡᠢ᠃ 留 ᠶᠢᠨ ᠲᠣᠬᠠᠢ ᠶᠢᠨ ᠦᠶ᠎ᠡ ᠶᠢᠨ ᠠᠪᠢᠶ᠎ᠠ᠄ m·ru᠂ Liu᠂ Lyu᠂ ᠶᠠᠫᠣᠨ ᠬᠡᠯᠡᠨ ᠳᠤ りゅう ︵ryu︶ ᠭᠡᠳᠡᠭ ᠨᠢ ᠶᠠᠫᠣᠨ ᠬᠡᠯᠡᠨ ᠳᠤ L ᠭᠡᠶᠢᠭᠦᠯᠦᠭᠴᠢ ᠪᠠᠶᠢᠬᠤ ᠦᠭᠡᠢ ᠲᠠᠢ ᠬᠤᠯᠪᠣᠭᠳᠠᠯ ᠲᠠᠢ᠂ ᠡᠶᠢᠮᠦ ᠠᠴᠠ りゅう ︵ryu︶ ᠨᠢ ᠲᠠᠷᠣᠢ Lyu ᠪᠣᠯᠣᠨ᠎ᠠ᠃ 犁᠄ ᠸᠢᠺᠢ ᠰᠦᠯᠵᠢᠶᠡᠨ ᠳᠤ ᠲᠣᠰ ᠦᠰᠦᠭ ᠤᠨ ᠣᠳᠣ ᠦᠶ᠎ᠡ ᠶᠢᠨ ᠠᠪᠢᠶ᠎ᠠ ᠨᠢ lí ᠭᠡᠵᠦ᠂ ᠲᠣᠮᠳᠠᠳᠣ ᠡᠷᠳᠡᠨ ᠤ ᠠᠪᠢᠶ᠎ᠠ ᠶᠢ lij ᠭᠡᠵᠦ᠂ ᠲᠡᠭᠡᠳᠦ ᠡᠷᠳᠡᠨ ᠤ ᠠᠪᠢᠶ᠎ᠠ ᠶᠢ /*rij {*[r][i]j}/ ᠭᠡᠵᠡᠢ᠃ ᠶᠠᠫᠣᠨ ᠬᠡᠯᠡᠨ ᠤ 音讀 ᠪᠠᠷ り (ri) ᠪᠣᠶᠣ れい (rei) ᠭᠡᠵᠦ᠂ ᠺᠣᠷᠢᠶ᠎ᠠ ᠬᠡᠯᠡᠨ ᠳᠤ 리 (li) ᠭᠡᠵᠡᠢ᠃ ᠬᠠᠨ ᠳ᠋ᠢᠶᠠᠨ ᠰᠦᠯᠵᠢᠶᠡᠨ ᠳᠤ ︽說文解字︾ ᠲᠣᠯᠢ ᠪᠢᠴᠢᠭ ᠲᠤ 从牛黎聲。郎奚切 ᠭᠡᠵᠡᠢ᠃ ᠬᠠᠷᠢᠨ ᠲᠡᠭᠡᠳᠦ ᠡᠷᠳᠡᠨ ᠤ ᠠᠪᠢᠶ᠎ᠠ ᠶᠢ riːl ᠪᠠ ril ᠭᠡᠵᠦ ᠬᠤᠶᠠᠷ ᠵᠦᠢᠯ ᠢᠶᠠᠷ ᠲᠡᠮᠳᠡᠭᠯᠡᠵᠡᠢ᠃ ᠴᠢᠨ ᠠᠴᠠ ᠡᠮᠦᠨᠡᠬᠢ ᠠᠪᠢᠶ᠎ᠠ ᠠᠶᠠᠯᠭᠤ ᠶᠢᠨ ᠰᠢᠰᠲ᠋ᠧᠮ᠄ ᠠᠪᠢᠶ᠎ᠠ ᠶᠢ ᠨᠢ L᠂ ᠠᠶᠠᠯᠭᠤ ᠶᠢ ᠨᠢ i̯ər᠂ jed ᠵᠡᠷᠭᠡ ᠭᠡᠵᠡᠢ᠃ 犁 ᠶᠢᠨ ᠠᠪᠢᠶᠠᠨ ᠤ ᠰᠡᠷᠭᠦᠭᠡᠯᠳᠡ᠄ *rij,ril, LI,liər ᠵᠡᠷᠭᠡ ᠠᠴᠠ ᠣᠶᠢᠷᠠᠯᠴᠠᠭ᠎ᠠ ᠨᠢᠭᠡ ᠨᠢ ᠪᠣᠯᠣᠨ᠎ᠠ᠃ 金留犁 ᠭᠤᠷᠪᠠᠨ ᠦᠰᠦᠭ ᠤᠨ ᠡᠷᠳᠡᠨ ᠤ ᠠᠪᠢᠶᠠᠨ ᠤ ᠰᠡᠷᠭᠦᠭᠡᠯᠳᠡ᠄ kim lyu ︵luu︶ ril ︵li ︶ ᠮᠦᠨ᠃ ᠲᠣᠬᠠᠢ ᠶᠢᠨ ᠦᠶ᠎ᠡ ᠳᠤ ᠬᠡᠮ ᠢᠶᠠᠨ ︽ᠬᠡᠮᠯᠡᠭᠦᠷᠢ︾ ᠭᠡᠵᠦ ᠶᠠᠷᠢᠵᠣ ᠪᠠᠶᠢᠭᠰᠠᠨ ᠪᠣᠯᠣᠯᠴᠠᠭ᠎ᠠ ᠲᠠᠢ ᠪᠣᠯᠬᠤᠷ ᠬᠢᠳᠠᠳ ᠬᠦᠮᠦᠰ ᠲᠡᠭᠦᠨ ᠤ ᠠᠪᠢᠶ᠎ᠠ ᠶᠢ ᠣᠶᠢᠷᠠᠳᠣᠭᠤᠯᠣᠨ ᠪᠠᠭᠤᠯᠭᠠᠵᠣ 金留犁 ᠭᠡᠰᠡᠨ ᠪᠠᠶᠢᠨ᠎ᠠ᠃ ᠬᠡᠮ ᠪᠣᠶᠣ ᠬᠡᠮᠨᠡᠭᠦᠷ ᠢ ᠮᠣᠩᠭᠤᠯ ᠬᠦᠮᠦᠨ ᠳᠤ ᠣᠯᠠᠨ ᠲᠠᠶᠢᠯᠪᠣᠷᠢ ᠬᠢᠬᠦ ᠴᠢᠬᠤᠯᠠ ᠠᠯᠠᠭ᠎ᠠ᠃ ᠲᠠᠭᠠᠯᠳᠠ ᠵᠢᠷᠤᠭ᠄ ᠨᠢᠭᠡ ᠪᠣᠯᠣᠨ ᠬᠤᠶᠠᠷ ᠪᠦᠷ ᠾᠧᠪᠸᠢ ᠮᠣᠵᠢ ᠶᠢᠨ ᠰᠢᠥᠢ ᠱᠦᠢ ᠰᠢᠶᠠᠨ ᠠᠴᠠ ᠢᠯᠡᠷᠡᠭᠰᠡᠨ ᠬᠠᠨ ᠣᠯᠣᠰ ᠤᠨ ᠪᠣᠯᠠᠰᠢ ᠲᠠᠬᠢ ︽ᠵᠢᠷᠤᠭ ᠰᠡᠶᠢᠯᠪᠣᠷᠢᠯᠠᠭᠰᠠᠨ ᠴᠢᠯᠠᠭᠤᠨ ᠬᠠᠪᠳᠠᠰᠣᠨ︾ ᠤ ᠯᠣᠣ ᠶᠢᠨ ᠵᠢᠷᠤᠭ ᠪᠣᠯᠣᠨ᠎ᠠ᠃ ᠡᠨᠡ ᠯᠣᠣ ᠶᠢᠨ ᠵᠢᠷᠤᠭ ᠪᠣᠯ ᠮᠦᠨᠴᠦ ᠵᠣᠬᠢᠶᠠᠭᠴᠢ ᠶᠢᠨ ᠣᠯᠵᠣ ᠦᠵᠡᠭᠰᠡᠨ ᠬᠢᠳᠠᠳ ᠯᠣᠣ ᠶᠢᠨ ᠵᠢᠷᠤᠭ ᠲᠣᠲᠣᠷᠠᠬᠢ ᠬᠠᠮᠤᠭ ᠡᠷᠳᠡᠨ ᠤ ᠵᠢᠷᠤᠭ ᠶᠣᠮ᠃ ᠡᠨᠡᠬᠦ ᠯᠣᠣ ᠶᠢᠨ ᠵᠢᠷᠤᠭ ᠢ ᠵᠣᠬᠢᠶᠠᠭᠴᠢ ᠠᠴᠠ ᠨᠢᠭᠡᠨᠳᠡ ᠲᠠᠨᠢᠯᠴᠠᠭᠤᠯᠵᠣ ᠦᠩᠭᠡᠷᠡᠭᠰᠡᠨ ᠪᠣᠯᠬᠤᠷ ᠲᠠᠬᠢᠵᠣ ᠶᠠᠷᠢᠬᠤ ᠦᠭᠡᠢ ᠣᠷᠬᠢᠶ᠎ᠠ᠃ ᠲᠠᠭᠠᠯᠳᠠ ᠵᠢᠷᠤᠭ ᠭᠤᠷᠪᠠ ᠪᠣᠯ ᠮᠣᠩᠭᠤᠯ ᠣᠯᠣᠰ ᠠᠴᠠ ᠣᠯᠳᠠᠭᠰᠠᠨ᠂ ᠬᠤᠶᠠᠷ ᠮᠢᠩᠭ᠎ᠠ ᠬᠤᠶᠠᠷ ᠭᠤᠷᠪᠠᠨ ᠵᠠᠭᠤᠨ ᠣᠨ ᠤ ᠡᠮᠦᠨᠡᠬᠢ ᠾᠦᠩᠨᠦ ᠢᠵᠠᠭᠤᠷᠳᠠᠨ ᠤ ᠪᠣᠯᠠᠰᠢ ᠠᠴᠠ ᠢᠯᠡᠷᠡᠭᠰᠡᠨ ᠠᠯᠳᠠ ᠰᠢᠷᠠᠭᠰᠠᠨ ᠴᠣᠯᠣ ᠮᠦᠩᠭᠦᠨ ᠴᠢᠣᠬᠤᠮᠠᠯ ᠯᠣᠣ ᠶᠢᠨ ᠵᠢᠷᠤᠭ ᠪᠣᠯᠣᠨ᠎ᠠ᠃ ᠲᠣᠰ ᠯᠣᠣ ᠶᠢ ᠵᠣᠬᠢᠶᠠᠭᠴᠢ ︽ᠾᠦᠩᠨᠦ ᠯᠣᠣ︾ ᠭᠡᠵᠦ ᠨᠡᠷᠡᠶᠢᠳᠦᠪᠡ᠂ ᠲᠣᠰ ᠯᠣᠣ ᠶᠢᠨ ᠶᠡᠭᠡ ᠪᠠᠭ᠎ᠠ ᠨᠢ ᠪᠠᠷᠤᠭ 5*10 ᠠᠷᠪᠠ ᠭᠠᠷᠣᠢ cm ᠲᠡᠳᠦᠢ ᠠᠵᠠᠢ᠃ ᠭᠠᠷ  ᠲᠠᠭᠠᠨ ᠠᠳᠬᠤᠨ ᠨᠠᠭᠠᠳᠣᠬᠤ ᠡᠳ᠋ ᠪᠣᠯᠣᠯᠳᠠᠢ᠃ ᠵᠢᠷᠤᠭ ᠨᠢᠭᠡ
ᠵᠢᠷᠤᠭ ᠬᠤᠶᠠᠷ
ᠵᠢᠷᠤᠭ ᠭᠤᠷᠪᠠ
︽ᠾᠦᠩᠨᠦ ᠬᠡᠯᠡ︾ ᠣᠯᠠᠨ ᠨᠠᠶᠢᠳᠡ ᠶᠢᠨ ᠲᠠᠪᠴᠠᠩ ᠳᠤ ᠣᠷᠣᠬᠤ ᠰᠠᠨᠠᠭ᠎ᠠ ᠲᠠᠢ ᠬᠦᠮᠦᠰ ᠲᠣᠰ ᠮᠡᠷᠭᠡᠨ ᠴᠣᠬᠤᠷ ᠢ ᠰᠢᠷᠪᠢᠭᠡᠷᠡᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号