ᠬᠠᠭᠠᠨ ᠭᠡᠳᠡᠭ ᠦᠭᠡ ᠠᠴᠠ ᠰᠡᠳᠦᠪᠯᠡᠨ ᠦᠭᠦᠯᠡᠬᠦ ᠨᠢ
ᠨᠡᠶᠢᠲᠡᠯᠡᠭᠰᠡᠨ ᠴᠠᠭ᠄
2021/3/19
ᠬᠠᠭᠠᠨ ᠭᠡᠳᠡᠭ ᠦᠭᠡ ᠶᠢ ᠣᠳᠣ ᠦᠶ᠎ᠡ ᠶᠢᠨ ᠮᠣᠩᠭᠤᠯ ᠬᠡᠯᠡᠨ ᠤ ᠪᠣᠰᠤᠭ᠎ᠠ ᠮᠣᠩᠭᠤᠯ ᠪᠢᠴᠢᠭ ᠢᠶᠠᠷ ᠪᠣᠯ ᠬᠠᠭᠠᠨ ︵hagan︶ ᠭᠡᠵᠦ ᠠᠪᠢᠶᠠᠴᠢᠯᠠᠨ ᠪᠢᠴᠢᠨ᠎ᠡ᠃ ᠭᠡᠳᠡᠯ᠎ᠡ ᠺᠢᠷᠢᠯ ᠮᠣᠩᠭᠤᠯ ᠪᠢᠴᠢᠭ ᠢᠶᠠᠷ ᠪᠣᠯ хаːн ᠪᠣᠶᠣ хан ᠭᠡᠳᠡᠭ ᠠᠵᠠᠢ᠂ ᠭᠡᠶ᠎ᠡ хан ᠨᠢ ᠦᠨᠡᠨᠳᠡᠭᠡᠨ ᠬᠠᠭᠠᠨ ᠤ ᠣᠷᠣ ᠵᠠᠯᠭᠠᠮᠵᠢᠯᠠᠬᠤ ᠬᠢᠷᠢ ᠭᠡᠮ ᠪᠦᠬᠦᠢ ᠬᠦᠪᠡᠭᠦᠳ ᠢ ᠵᠢᠭᠠᠳᠠᠭ ︽ᠬᠠᠨ ᠬᠦᠪᠡᠭᠦᠳ︾ ᠪᠣᠶᠣ ︽ᠦᠴᠦᠬᠡᠨ ᠬᠠᠳ︾᠂ ︽ᠪᠠᠭ᠎ᠠ ᠬᠠᠳ︾ ᠭᠡᠳᠡᠭ ᠣᠳᠬ᠎ᠠ ᠲᠠᠢ ᠦᠭᠡ ᠪᠠᠶᠢᠵᠣ᠂ хаːн ᠨᠢ ᠰᠠᠶ᠋ᠢ ᠵᠢᠩᠬᠢᠨᠢ ᠬᠠᠭᠠᠨ ᠰᠠᠭᠤᠷᠢᠨ ᠳᠤ ᠰᠠᠭᠤᠵᠣ ᠪᠠᠶᠢᠭ᠎ᠠ ᠨᠡᠶᠢᠳᠡ ᠶᠢᠨ ᠬᠠᠭᠠᠳ ᠪᠣᠶᠣ ᠶᠡᠭᠡ ᠬᠠᠭᠠᠳ ᠢ ᠵᠢᠭᠠᠳᠠᠭ ᠲᠣᠰᠬᠠᠢ ᠨᠡᠷ᠎ᠡ ᠦᠭᠡ ᠶᠣᠮ᠃ ᠡᠷᠳᠡᠨ ᠤ ᠬᠢᠳᠠᠳ ᠲᠡᠣᠬᠡᠨ ᠨᠣᠮ ᠳᠤ ᠬᠠᠭᠠᠨ ᠭᠡᠳᠡᠭ ᠦᠭᠡ ᠶᠢ ᠣᠯᠠᠩᠬᠢ ᠨᠢ ᠪᠦᠷ 可汗 ᠭᠡᠵᠦ ᠲᠡᠮᠳᠡᠭᠯᠡᠨ ᠪᠢᠴᠢᠳᠡᠭ᠃ ᠲᠡᠭᠡᠪᠡᠯ ᠡᠨᠡᠬᠦ 可汗 ᠭᠡᠳᠡᠭ ᠦᠭᠡ ᠬᠠᠮᠢᠭ᠎ᠠ ᠠᠴᠠ ᠢᠷᠡᠭᠰᠡᠨ ᠪᠣᠢ ᠭᠡᠪᠡᠯ᠂ ᠵᠣᠬᠢᠶᠠᠭᠴᠢ ᠮᠢᠨᠦ ᠦᠵᠡᠬᠦ ᠪᠠᠷ ᠬᠠᠭᠠᠨ ︵可汗︶ ᠭᠡᠳᠡᠭ ᠨᠡᠷ᠎ᠡ ᠦᠭᠡ ᠶᠢᠨ ᠬᠠᠮᠤᠭ ᠡᠷᠳᠡᠨ ᠤ ᠢᠷᠡᠯ ᠪᠣᠯ ᠾᠦᠩᠨᠦ ᠬᠠᠭᠠᠳ  ᠤᠨ ᠬᠦᠨᠳᠦᠳᠭᠡᠯᠳᠦ ᠴᠣᠯᠠ ᠲᠠᠢ ᠨᠢᠬᠳᠠ ᠬᠤᠯᠪᠣᠭᠳᠠᠨ᠎ᠠ᠃ ᠪᠣᠳᠠᠳᠠᠢ ᠪᠠᠷ ᠬᠡᠯᠡᠪᠡᠯ᠂ ᠨᠡᠶᠢᠳᠡ ᠶᠢᠨ ᠣᠨ ᠲᠣᠭᠠᠯᠠᠯ ᠤᠨ ᠡᠮᠦᠨ᠎ᠡ 58 ᠣᠨ — ᠡᠮᠦᠨ᠎ᠡ 31 ᠣᠨ ᠢᠶᠠᠷ ᠬᠠᠭᠠᠨ ᠰᠠᠭᠤᠷᠢᠨ ᠳᠤ ᠰᠠᠭᠤᠵᠣ ᠪᠠᠶᠢᠭᠰᠠᠨ ᠾᠦᠩᠨᠦ ᠶᠢᠨ ᠴᠠᠨ ᠢᠥᠢ ᠶᠢᠨ ᠬᠦᠨᠳᠦᠳᠭᠡᠯᠳᠦ ᠴᠣᠯᠠ ᠨᠢ 呼韩邪 ᠭᠡᠳᠡᠭ᠂ ᠲᠡᠭᠦᠨ ᠤ ᠣᠳᠣ ᠦᠶ᠎ᠡ  ᠶᠢᠨ ᠠᠪᠢᠶ᠎ᠠ ᠨᠢ hū hán yé ᠪᠣᠯᠵᠠᠢ᠃ ᠦᠨᠡᠨᠳᠡᠭᠡᠨ ᠲᠡᠭᠦᠨ ᠤ ᠣᠣᠯ ᠠᠪᠢᠶ᠎ᠠ ᠨᠢ ᠬᠠᠭᠠᠨᠰ᠎ᠡ ︵hagansee︶ ᠭᠡᠵᠦ ᠣᠩᠰᠢᠳᠠᠭ ᠾᠦᠩᠨᠦ — ᠮᠣᠩᠭᠤᠯ ᠦᠭᠡ ᠪᠠᠶᠢᠵᠠᠢ᠃ ᠮᠦᠨᠴᠦ ᠬᠠᠮᠤᠭ ᠡᠷᠳᠡᠨ ᠤ ᠲᠡᠣᠬᠡᠨ ᠳᠤ ᠲᠡᠮᠳᠡᠭᠯᠡᠭᠳᠡᠭᠰᠡᠨ ︽ᠬᠠᠭᠠᠨ︾ ᠭᠡᠳᠡᠭ ᠢᠵᠠᠭᠤᠷ ᠲᠠᠢ ᠮᠣᠩᠭᠤᠯ ᠦᠭᠡ ᠮᠦᠨ᠃ ᠲᠡᠣᠬᠡ ᠰᠣᠳᠣᠯᠣᠯ ᠤᠨ ᠡᠳᠡᠭᠡᠳ ᠬᠢᠨ ᠤ ᠦᠵᠡᠬᠦ ᠪᠠᠷ 可汗 ᠭᠡᠳᠡᠭ ᠦᠭᠡ ᠶᠢᠨ ᠬᠠᠮᠤᠭ ᠡᠷᠳᠡ ᠢᠯᠡᠷᠡᠭᠰᠡᠨ ᠴᠠᠭ ᠬᠤᠭᠤᠴᠠᠭ᠎ᠠ ᠪᠠ ᠭᠠᠵᠠᠷ ᠣᠷᠣᠨ ᠪᠣᠯ ᠲᠣᠪᠠ ᠰᠢᠶᠠᠨᠪᠸᠢ ᠶᠢᠨ ᠪᠠᠶᠢᠭᠤᠯᠣᠭᠰᠠᠨ ᠣᠮᠠᠷᠠᠳᠣ ᠸᠧᠢ ᠣᠯᠣᠰ ᠤᠨ ᠡᠷᠳᠡ ᠦᠶ᠎ᠡ ᠶᠢᠨ ᠲᠡᠣᠬᠡ᠂ ᠲᠠᠷᠣᠢ ᠨᠡᠶᠢᠳᠡ ᠶᠢᠨ ᠣᠨ ᠲᠣᠭᠠᠯᠠᠯ ᠤᠨ 261 ᠣᠨ ᠣᠷᠴᠢᠮ ᠢᠶᠠᠷ ᠲᠡᠳᠡ ᠦᠪᠡᠷ  ᠤᠨ ᠡᠵᠡᠳ ᠬᠠᠭᠠᠳ ᠢᠶᠠᠨ 可汗 ᠭᠡᠵᠦ ᠨᠡᠷᠡᠶᠢᠳᠦᠨ᠂ ᠬᠢᠳᠠᠳ ᠲᠡᠣᠬᠡᠨ ᠳᠤ ᠲᠡᠮᠳᠡᠭᠯᠡᠭᠳᠡᠨ ᠦᠯᠡᠳᠡᠪᠡ ᠭᠡᠵᠦ ᠦᠵᠡᠳᠡᠭ ᠠᠵᠠᠢ᠃ ᠲᠡᠭᠡᠭᠡᠳ ᠲᠣᠬᠠᠢ ᠶᠢᠨ ᠦᠶ᠎ᠡ ᠳᠤ ᠡᠨᠡᠬᠦ ᠨᠡᠷ᠎ᠡ ᠦᠭᠡ ᠶᠢ 可寒 ᠭᠡᠳᠡᠭ ᠬᠢᠳᠠᠳ ᠦᠰᠦᠭ ᠢᠶᠠᠷ ᠢᠯᠡᠳᠭᠡᠨ ᠲᠡᠮᠳᠡᠭᠯᠡᠭᠰᠡᠨ ᠪᠠᠶᠢᠨ᠎ᠠ ᠭᠡᠵᠡᠢ᠃ ᠡᠭᠦᠨ ᠠᠴᠠ ᠵᠢᠭᠠᠬᠠᠨ ᠬᠤᠵᠢᠮ᠂ ᠲᠣᠪᠠ ᠰᠢᠶᠠᠨᠪᠸᠢ  ᠲᠠᠢ ᠬᠠᠮᠳᠣ ᠪᠠᠷ ᠲᠡᠣᠬᠡᠨ ᠳᠤ ᠢᠯᠡᠷᠡᠵᠦ ᠪᠠᠶᠢᠭᠰᠠᠨ ᠢᠬᠢᠷᠢᠰ ᠣᠪᠣᠭ ᠲᠠᠢ ᠷᠸᠥᠷᠠᠨ ᠬᠦᠮᠦᠰ ︵ᠪᠠᠰᠠ ᠠᠸᠠᠷ ᠪᠣᠶᠣ ᠠᠪᠠᠷ ᠬᠦᠮᠦᠰ ᠭᠡᠳᠡᠭ︶ ᠣᠯᠣᠰ ᠪᠠᠶᠢᠭᠤᠯᠣᠨ᠂ ᠦᠪᠡᠷ ᠤᠨ ᠡᠵᠡᠳ ᠬᠠᠭᠠᠳ ᠢᠶᠠᠨ ᠨᠡᠶᠢᠳᠡᠮ ᠪᠦᠷ 可汗 ᠭᠡᠵᠦ ᠨᠡᠷᠡᠶᠢᠳᠦᠳᠡᠭ ᠪᠣᠯᠵᠠᠢ᠃ ᠲᠡᠣᠬᠡ ᠣᠷᠣᠭᠰᠢᠯᠠᠭᠰᠠᠭᠠᠷ ᠠᠷᠪᠠᠨ ᠭᠤᠷᠪᠠᠳᠣᠭᠠᠷ ᠵᠠᠭᠤᠨ ᠳᠤ ᠬᠦᠷᠦᠭᠡᠳ ︽ᠮᠣᠩᠭᠤᠯ ᠤᠨ ᠨᠢᠭᠤᠴᠠ ᠲᠣᠪᠴᠢᠶᠠᠨ︾ ᠳᠤ ᠬᠠᠭᠠᠨ ︵可汗︶ ᠭᠡᠳᠡᠭ ᠦᠭᠡ ᠶᠢ 合罕 ᠭᠡᠳᠡᠭ ᠬᠤᠶᠠᠷ ᠬᠢᠳᠠᠳ ᠦᠰᠦᠭ ᠢᠶᠠᠷ ᠪᠢᠴᠢᠨ ᠲᠡᠮᠳᠡᠭᠯᠡᠭᠰᠡᠨ ᠮᠦᠷᠳᠡᠭᠡᠨ ᠲᠡᠭᠦᠨ ᠢᠶᠠᠨ ᠲᠦᠭᠦᠮᠴᠢᠯᠡᠨ 罕 ᠪᠣᠶᠣ 汗 ᠭᠡᠳᠡᠭ ᠪᠣᠯᠵᠠᠢ᠃ ᠡᠶᠢᠮᠦ ᠠᠴᠠ ᠬᠠᠭᠠᠨ ᠭᠡᠳᠡᠭ ᠦᠭᠡ ᠪᠣᠯ ᠬᠠᠮᠤᠭ ᠠᠩᠬ᠎ᠠ ᠮᠣᠩᠭᠤᠯ ᠣᠭᠰᠠᠭᠠᠳᠠᠨ ᠤ ᠬᠦᠮᠦᠰ᠂ ᠵᠢᠱᠢᠶᠡᠯᠡᠪᠡᠯ ᠾᠦᠩᠨᠦ ᠬᠦᠮᠦᠰ ᠦᠪᠡᠷ ᠤᠨ ᠣᠯᠣᠰ ᠤᠨ ᠡᠵᠡᠳ ᠢᠶᠠᠨ ᠬᠦᠨᠳᠦᠳᠭᠡᠨ ᠲᠠᠭᠤᠳᠠᠳᠠᠭ ᠴᠣᠯᠠ ᠨᠡᠷ᠎ᠡ ᠪᠠᠶᠢᠵᠠᠢ᠃ ᠡᠭᠦᠨ ᠠᠴᠠ ᠡᠬᠢᠯᠡᠭᠡᠳ ᠪᠣᠰᠣᠳ ᠮᠣᠩᠭᠤᠯ ᠲᠣᠭᠤᠷᠭᠠᠳᠠᠨ᠂ ᠵᠢᠱᠢᠶᠡᠯᠡᠪᠡᠯ ᠰᠢᠶᠠᠨᠪᠸᠢ᠂ ᠷᠸᠥᠷᠠᠨ᠂ ᠬᠢᠳᠠᠨ ᠣᠨᠴᠠᠭᠠᠶᠢᠯᠠᠨ ᠮᠣᠩᠭᠤᠯ ᠮᠡᠳᠦ ᠬᠦᠮᠦᠰ ᠡᠨᠡᠬᠦ ᠴᠣᠯᠠ ᠨᠡᠷ᠎ᠡ ᠶᠢ ᠲᠦᠭᠡᠮᠡᠯ ᠬᠡᠷᠡᠭᠯᠡᠪᠡ᠃ 可汗 ᠭᠡᠳᠡᠭ ᠴᠣᠯᠠ ᠶᠢᠨ ᠣᠳᠬ᠎ᠠ ᠨᠢ ᠬᠡᠯᠡᠯᠭᠡᠨ ᠦᠭᠡᠢ ᠣᠯᠣᠰ ᠤᠨ ᠡᠵᠡᠨ᠂ ᠣᠯᠣᠰ ᠤᠨ ᠸᠠᠩ᠂ ᠰᠣᠯᠲ᠋ᠠᠨ᠂ ᠬᠤᠸᠠᠩᠳᠢ ᠭᠡᠳᠡᠭ ᠦᠭᠡ ᠲᠠᠢ ᠢᠵᠢᠯ ᠣᠳᠬ᠎ᠠ ᠲᠠᠢ ᠡᠷᠬᠢᠮ ᠴᠣᠯᠠ ᠦᠭᠡ ᠮᠦᠨ᠃ ᠲᠡᠭᠡᠪᠡᠯ 呼韩邪᠂ 可汗᠂ 可寒 ᠪᠣᠯᠣᠨ 合罕 ᠵᠡᠷᠭᠡ ᠶᠢ ᠶᠠᠭᠠᠬᠢᠵᠣ ᠠᠪᠢᠶᠠᠯᠠᠨ ᠣᠩᠰᠢᠳᠠᠭ ᠪᠣᠢ ᠭᠡᠪᠡᠯ᠂ ᠭᠤᠣᠯᠳᠠᠭᠤ ᠪᠦᠷ ᠲᠡᠭᠡᠷ᠎ᠡ ᠲᠣᠷᠠᠳᠣᠭᠰᠠᠨ ᠮᠣᠩᠭᠤᠯ ᠣᠭᠰᠠᠭᠠᠳᠠᠨ ᠤ ᠡᠯ᠎ᠡ ᠨᠣᠳᠤᠭ ᠤᠨ ᠬᠡᠯᠡ ᠪᠣᠯᠣᠨ ᠡᠳᠡᠭᠡᠷ ᠬᠡᠯᠡ ᠶᠢ ᠠᠪᠢᠶᠠᠴᠢᠯᠠᠨ ᠲᠡᠮᠳᠡᠭᠯᠡᠭᠰᠡᠨ ᠡᠷᠳᠡᠨ ᠤ ᠬᠢᠳᠠᠳ ᠦᠰᠦᠭ ᠤᠨ ᠠᠪᠢᠶ᠎ᠠ ᠠᠶᠠᠯᠭᠤ ᠪᠠ ᠲᠡᠭᠦᠨ ᠤ ᠬᠤᠪᠢᠷᠠᠯᠳᠠ ᠬᠦᠭᠵᠢᠯᠳᠡ ᠲᠠᠢ ᠰᠢᠭᠤᠳ ᠬᠤᠯᠪᠣᠭᠳᠠᠯ ᠲᠠᠢ ᠶᠣᠮ᠃ ᠡᠭᠦᠨ ᠢ ᠵᠣᠬᠢᠶᠠᠭᠴᠢ ᠠᠴᠠ ᠨᠢᠭᠡ ᠨᠢᠭᠡ ᠬᠢᠳᠠᠳ ᠦᠰᠦᠭ ᠢᠶᠠᠷ ᠨᠢ ᠰᠠᠯᠭᠠᠨ᠂ ᠲᠡᠭᠦᠨ ᠤ ᠡᠷᠳᠡᠨ ᠤ ᠠᠪᠢᠶ᠎ᠠ ᠠᠶᠠᠯᠭᠤ ᠶᠢ ᠲᠦᠭᠦᠮᠴᠢᠯᠡᠨ ᠦᠭᠦᠯᠡᠶ᠎ᠡ᠃ ᠰᠣᠨᠢᠷᠬᠠᠯ ᠲᠠᠢ ᠨᠦᠬᠦᠳ ᠦᠪᠡᠷ ᠢᠶᠠᠨ ᠭᠦᠨᠵᠡᠭᠡᠶᠢᠷᠡᠨ ᠯᠠᠪᠯᠠᠭᠠᠷᠠᠢ᠃ 1呼韩邪 ︵ha gan see︶᠄ 呼 ᠦᠰᠦᠭ ᠪᠣᠯ ᠲᠡᠭᠡᠳᠦ ᠡᠷᠳᠡᠨ ᠤ ᠦᠶ᠎ᠡ ᠳᠤ ᠣᠯᠠᠨ ᠣᠩᠰᠢᠯᠭ᠎ᠠ ᠲᠠᠢ ᠬᠢᠳᠠᠳ ᠦᠰᠦᠭ ᠪᠠᠶᠢᠵᠠᠢ᠃ ᠭᠡᠪᠡᠴᠦ ᠭᠤᠣᠯᠳᠠᠭᠤ ha ᠪᠣᠯᠣᠨ hu ᠪᠠᠷ ᠣᠩᠰᠢᠳᠠᠭ ᠨᠢ ᠣᠯᠠᠨ ᠪᠠᠶᠢᠵᠠᠢ᠃ 呼 ᠦᠰᠦᠭ ᠤᠨ ᠲᠡᠭᠡᠳᠦ ᠡᠷᠳᠡᠨ ᠤ ᠠᠪᠢᠶ᠎ᠠ ᠨᠢ qʰaː ᠪᠣᠶᠣ hag ᠪᠠᠶᠢᠵᠣ᠂ ᠣᠶᠢᠷᠠᠯᠴᠠᠭ᠎ᠠ ᠪᠠᠷ ha ᠭᠡᠵᠦ ᠣᠩᠰᠢᠨ᠎ᠠ᠂ ᠪᠠᠰᠠ ho᠂ hu ᠵᠡᠷᠭᠡ ᠪᠠᠷ ᠪᠦᠷ ᠣᠩᠰᠢᠵᠣ ᠪᠣᠯᠣᠨ᠎ᠠ᠃ ᠵᠢᠱᠢᠶᠡᠯᠡᠪᠡᠯ ha ᠪᠠᠷ ᠣᠩᠰᠢᠬᠤ ᠲᠣᠬᠢᠶᠠᠯᠳᠣᠯ ᠭᠡᠪᠡᠯ᠂ ᠡᠷᠳᠡ ᠦᠶ᠎ᠡ ᠳᠤ ᠬᠠᠺᠠᠰ ᠭᠡᠳᠡᠭ ᠦᠨᠳᠦᠰᠦᠳᠡᠨ ᠤ ᠨᠡᠷ᠎ᠡ ᠶᠢ 呼揭 ᠭᠡᠵᠦ ᠬᠢᠳᠠᠳ ᠦᠰᠦᠭ ᠢᠶᠠᠷ ᠲᠡᠮᠳᠡᠭᠯᠡᠨ᠂ hakiet ᠭᠡᠵᠦ ᠣᠩᠰᠢᠵᠣ ᠪᠠᠶᠢᠵᠠᠢ᠃ ᠠᠳᠡ ᠮᠠᠨᠣᠰ ᠤᠨ ᠮᠡᠳᠡᠬᠦ ᠴᠢᠬᠤᠯᠠ ᠲᠠᠢ ᠨᠢ ᠡᠷᠳᠡᠨ ᠤ ᠬᠢᠳᠠᠳ ᠦᠰᠦᠭ ᠲᠤ ‍ᠷ ᠪᠣᠯᠣᠨ ‍ᠰ ᠶᠢ ᠭᠠᠷᠭᠠᠪᠠᠯ ᠪᠣᠰᠣᠳ ᠬᠡᠶᠢᠭᠦᠯᠦᠭᠴᠢ ᠪᠦᠷ ᠬᠢᠳᠠᠳ ᠦᠰᠦᠭ ᠤᠨ ᠠᠪᠢᠶᠠᠨ ᠤ ᠰᠡᠬᠦᠯ ᠪᠣᠯᠵᠣ ᠪᠣᠯᠳᠠᠭ ᠪᠠᠶᠢᠵᠠᠢ᠃ ᠠᠪᠢᠶᠠᠨ ᠤ ᠰᠡᠭᠦᠯ ᠭᠡᠳᠡᠭ ᠨᠢ ᠪᠦᠷ ᠮᠠᠨ ᠤ ᠮᠣᠩᠭᠤᠯ ᠬᠡᠯᠡᠨ ᠤ ᠲᠡᠪᠢᠰᠭᠡᠷ ᠦᠰᠦᠭ ᠲᠠᠢ ᠠᠳᠠᠯᠢᠪᠳᠣᠷ ᠶᠠᠭᠤᠮ᠎ᠠ ᠪᠠᠶᠢᠵᠠᠢ᠃ ᠭᠡᠪᠡᠴᠦ ‍ᠷ ᠪᠣᠯᠣᠨ ‍ᠰ ᠪᠣᠯ ᠬᠢᠳᠠᠳ ᠬᠡᠯᠡᠨ ᠤ ᠠᠪᠢᠶᠠᠨ ᠰᠡᠭᠦᠯ ᠪᠣᠯᠵᠣ ᠪᠣᠯᠬᠤ ᠦᠭᠡᠢ ᠪᠣᠯᠬᠤᠷ᠂ ᠬᠠᠷᠢ ᠦᠭᠡᠨ ᠤ ‍ᠷ ᠪᠣᠯᠣᠨ ‍ᠰ ᠲᠡᠪᠰᠭᠡᠷ ᠢᠶᠠᠷ ᠲᠡᠭᠦᠰᠦᠭᠰᠡᠨ ᠦᠭᠡ ᠶᠢ ᠠᠪᠢᠶᠠᠴᠢᠯᠠᠨ ᠲᠡᠮᠳᠡᠭᠯᠡᠬᠦ ᠳᠤ ᠨᠢᠭᠡ ᠪᠣᠯ ᠪᠣᠰᠣᠳ ᠢᠶᠠᠷ ᠣᠷᠣᠯᠠᠭᠤᠯᠬᠤ᠂ ᠡᠰᠡᠬᠦᠯ᠎ᠡ ᠬᠠᠰᠣᠵᠣ ᠬᠠᠶᠠᠬᠤ᠂ ᠪᠠᠰᠠ ᠡᠰᠡᠬᠦᠯ᠎ᠡ ᠲᠡᠭᠦᠨ ᠳᠤ ᠡᠭᠡᠰᠢᠭ ᠨᠡᠮᠡᠵᠦ ᠦᠭᠬᠦ ᠵᠡᠷᠭᠡ ᠣᠯᠠᠨ ᠵᠦᠢᠯ ᠤᠨ ᠠᠷᠭ᠎ᠠ ᠪᠠᠷ ᠰᠢᠢᠳᠪᠦᠷᠢᠯᠡᠳᠡᠭ ᠪᠠᠶᠢᠵᠠᠢ᠃ ᠠᠳᠡ ᠲᠠᠷᠣᠢ ᠬᠠᠺᠠᠰ ᠭᠡᠳᠡᠭ ᠦᠭᠡ ᠶᠢᠨ ᠺᠠᠰ ᠢ 揭 kiet ᠢᠶᠠᠷ ᠣᠷᠣᠯᠠᠭᠤᠯᠣᠭᠰᠠᠨ ᠬᠡᠷᠡᠭ ᠶᠣᠮ᠃ ᠢᠩᠬᠢᠭᠡᠳ ᠬᠠᠺᠠᠰ ᠢ ᠬᠠᠺᠶᠧᠲ ᠭᠡᠵᠦ ᠠᠪᠢᠶᠠᠴᠢᠯᠠᠨ ᠲᠡᠮᠳᠡᠭᠯᠡᠪᠡ᠃ ᠪᠠᠰᠠ hu ᠪᠠᠷ ᠣᠩᠰᠢᠬᠤ ᠲᠣᠬᠢᠶᠠᠯᠳᠣᠯ ᠭᠡᠪᠡᠯ᠂ 呼延 ᠭᠡᠳᠡᠭ ᠾᠦᠩᠨᠦ — ᠮᠣᠩᠭᠤᠯ ᠣᠭᠰᠠᠭᠠᠳᠠᠨ ᠤ ᠣᠪᠣᠭ ᠤᠨ ᠨᠡᠷ᠎ᠡ ᠳᠤ hu ᠪᠠᠷ ᠣᠩᠰᠢᠨ᠂ ᠲᠠᠷᠣᠢ ᠬᠦᠬᠦᠢ ᠪᠣᠶᠣ ᠬᠦᠬᠡᠶᠢᠳ ᠭᠡᠳᠡᠭ ᠦᠭᠡ ᠶᠢ 呼延 ︵hu yan︶ ᠢᠶᠠᠷ ᠢᠯᠡᠳᠭᠡᠵᠦ ᠪᠠᠶᠢᠪᠠ᠃ 韩 ᠦᠰᠦᠭ ᠤᠨ ᠲᠡᠭᠡᠳᠦ ᠡᠷᠳᠡᠨ ᠤ ᠠᠪᠢᠶ᠎ᠠ ᠨᠢ ᠦᠨᠡᠬᠡᠷ gan ᠪᠠᠶᠢᠭᠰᠠᠨ ᠶᠣᠮ᠃ 邪 ᠦᠰᠦᠭ ᠪᠣᠯ ᠣᠯᠠᠨ ᠣᠩᠰᠢᠯᠭ᠎ᠠ ᠲᠠᠢ ᠦᠰᠦᠭ ᠶᠣᠮ᠃ ᠠᠳᠡ ᠪᠣᠯ ᠣᠶᠢᠷᠠᠯᠴᠠᠭ᠎ᠠ ᠪᠠᠷ ᠢᠶᠧ ︵ᠶᠧ︶ ᠭᠡᠵᠦ ᠣᠩᠰᠢᠨ᠎ᠠ᠃ ᠲᠠᠷᠣᠢ ᠬᠠᠭᠠᠨᠰ᠎ᠡ ᠶᠢᠨ ‍ᠰ᠎ᠡ sie︶ ᠪᠣᠯᠣᠨ᠎ᠠ᠃ ᠬᠡᠳᠦᠶᠢᠪᠡᠷ ᠲᠤᠬᠠᠢ ᠶᠢᠨ ᠦᠶ᠎ᠡ ᠳᠤ 呼韩邪 ᠭᠡᠵᠦ ᠪᠢᠴᠢᠭᠡᠳ ᠬᠠᠭᠠᠨᠰ᠎ᠡ ︵ha gans ie︶ ᠭᠡᠵᠦ ᠣᠩᠰᠢᠪᠠᠯ ᠵᠦᠪ ᠪᠠᠶᠢᠵᠠᠢ᠂ ᠭᠡᠪᠡᠴᠦ ᠲᠤᠬᠠᠢ  ᠶᠢᠨ ᠦᠶ᠎ᠡ ᠳᠤ ᠬᠢᠳᠠᠳ ᠬᠡᠯᠡᠨ ᠤ ᠠᠪᠢᠶ᠎ᠠ ᠠᠶᠠᠯᠭᠤ ᠳᠤ ‍ᠰ ᠲᠡᠪᠢᠰᠭᠡᠷ ᠦᠰᠦᠭ ᠪᠠᠶᠢᠬᠤ ᠦᠭᠡᠢ ᠪᠣᠯᠬᠤᠷ᠂ ᠬᠠᠷᠢ ᠬᠡᠯᠡᠨ ᠤ ᠦᠭᠡ ᠶᠢ ᠲᠡᠮᠳᠡᠭᠯᠡᠭᠦ ᠲᠡᠭᠡᠨ᠂ ᠬᠢᠳᠠᠳ ᠬᠡᠯᠡᠨ ᠤ ᠲᠠᠳᠬᠠᠯ ᠢᠶᠠᠷ ᠢᠶᠠᠨ ‍ᠰ ᠶᠢ ᠲᠣᠪᠴᠢᠯᠠᠨ ᠬᠠᠰᠣᠭᠠᠳ᠂ ᠲᠡᠭᠦᠨ ᠤ ᠬᠤᠶᠢᠨᠠᠬᠢ ᠣᠷᠳᠣᠳᠬᠠᠯ ᠠᠶᠠᠯᠭᠤ ie ᠶᠢ ᠲᠣᠪᠣᠶᠢᠯᠭᠠᠵᠣ ᠣᠩᠰᠢᠭᠰᠠᠨ ᠪᠣᠯᠬᠤᠷ ᠬᠠᠭᠠᠨᠰ᠎ᠡ ha gan ye ᠪᠣᠯᠣᠭᠰᠠᠨ ᠬᠡᠷᠡᠭ ᠶᠣᠮ᠃ ᠲᠡᠭᠡᠭᠡᠳ ᠣᠳᠣ ᠦᠶ᠎ᠡ ᠪᠣᠯᠬᠤ ᠳᠤ ᠲᠡᠭᠦᠨ ᠢᠶᠠᠨ hū hán yé ︵呼韩邪︶ ᠭᠡᠵᠦ ᠣᠩᠰᠢᠳᠠᠭ ᠪᠣᠯᠵᠠᠢ᠃ 2可汗:可 ᠦᠰᠦᠭ ᠬᠡᠳᠦᠶᠢᠪᠡᠷ ᠣᠳᠣ ᠦᠶ᠎ᠡ ᠳᠤ kě ᠪᠣᠶᠣ kè ᠭᠡᠵᠦ ᠣᠩᠰᠢᠬᠤ ᠪᠣᠯᠣᠭᠰᠠᠨ ᠪᠣᠯᠪᠠᠴᠣ᠂ ᠲᠡᠭᠦᠨ ᠤ ᠲᠡᠭᠡᠳᠦ ᠡᠷᠳᠡᠨ ᠤ ᠠᠪᠢᠶ᠎ᠠ ᠨᠢ ᠦᠨᠡᠬᠡᠷ kʰaːlʔ᠂ kʰɑ᠂ kʰa ᠪᠠᠶᠢᠵᠣ ᠣᠶᠢᠷᠠᠯᠴᠠᠭ᠎ᠠ ᠪᠠᠷ ᠪᠦᠷ ka ᠭᠡᠵᠦ ᠣᠩᠰᠢᠨ᠎ᠠ᠃ 汗 ᠦᠰᠦᠭ ᠤᠨ ᠲᠡᠭᠡᠳᠦ ᠡᠷᠳᠡᠨ ᠤ ᠠᠪᠢᠶ᠎ᠠ ᠮᠦᠨᠴᠦ kaːn᠂ ɡaːn᠂ ɡaːns ᠪᠣᠶᠣ ɡʰɑn ᠪᠠᠶᠢᠵᠣ ᠣᠶᠢᠷᠠᠯᠴᠠᠭ᠎ᠠ ᠪᠠᠷ ᠮᠦᠨ ɡan ᠭᠡᠵᠦ ᠣᠩᠰᠢᠳᠠᠭ ᠠᠵᠠᠢ᠃ ᠡᠶᠢᠮᠦ ᠠᠴᠠ 可汗 ᠭᠡᠪᠡᠯ ᠲᠠᠷᠣᠢ ᠺᠠᠭᠠᠨ ᠭᠡᠳᠡᠭ ᠦᠭᠡ ᠠᠵᠠᠢ᠃ ᠲᠡᠭᠡᠭᠡᠳ ᠶᠠᠭᠠᠬᠢᠭᠠᠳ ᠠᠳᠡ ᠬᠠᠭᠠᠨ ᠭᠡᠳᠡᠭ ᠦᠭᠡ ᠶᠢ ᠺᠠᠭᠠᠨ ᠭᠡᠵᠦ ᠣᠩᠰᠢᠳᠠᠭ ᠪᠣᠯᠣᠭᠰᠠᠨ ᠪᠣᠢ ᠭᠡᠪᠡᠯ᠂ ᠭᠤᠣᠯᠳᠠᠭᠤ ᠮᠣᠩᠭᠤᠯ ᠬᠡᠯᠡᠨ ᠤ ᠡᠯ᠎ᠡ ᠨᠣᠳᠤᠭ ᠤᠨ ᠬᠡᠯᠡᠨ ᠤ ︽ᠴᠢᠯᠦᠭᠡᠳᠦ ᠠᠪᠢᠶᠠᠯᠠᠪᠣᠷᠢ︾ ᠲᠠᠢ ᠰᠢᠭᠤᠳ ᠬᠤᠯᠪᠣᠭᠳᠠᠯ ᠲᠠᠢ ᠶᠣᠮ᠃ ᠮᠣᠩᠭᠤᠯ ᠬᠡᠯᠡᠨ ᠤ ᠡᠯ᠎ᠡ ᠨᠣᠳᠤᠭ ᠤᠨ ᠬᠡᠯᠡᠨ ᠳᠤ ᠵᠠᠷᠢᠮ ᠨᠢᠭᠡᠨ ᠦᠶ᠎ᠡ ᠶᠢ ᠮᠠᠰᠢ ᠴᠢᠯᠦᠭᠡ ᠲᠠᠢ ᠠᠪᠢᠶᠠᠯᠠᠬᠤ ᠦᠵᠡᠭᠳᠡᠯ ᠨᠡᠶᠢᠳᠡᠮ ᠣᠷᠣᠰᠢᠵᠣ ᠪᠠᠶᠢᠳᠠᠭ᠃ ᠵᠢᠱᠢᠶᠡᠯᠡᠪᠡᠯ ᠵᠠᠷᠢᠮ ᠭᠠᠵᠠᠷ ᠲᠤ ᠠ ᠶᠢ ᠬᠠ ᠪᠠᠷ ᠠᠪᠢᠶᠠᠯᠠᠬᠤ ᠦᠵᠡᠭᠳᠡᠯ ᠴᠦ ᠲᠣᠩ ᠲᠦᠭᠡᠮᠡᠯ ᠪᠠᠶᠢᠳᠠᠭ᠃ ᠵᠢᠱᠢᠶᠡᠯᠡᠪᠡᠯ ᠵᠠᠷᠢᠮ ᠨᠢ ᠣᠯᠠᠭᠠᠨ ᠭᠡᠪᠡᠯ᠂ ᠵᠠᠷᠢᠮ ᠨᠢ ᠬᠤᠯᠠᠭᠠᠨ ᠭᠡᠵᠦ᠂ ᠡᠯᠢᠭᠡ ᠭᠡᠪᠡᠯ ᠬᠡᠯᠢᠭᠡ ᠭᠡᠬᠦ᠂ ᠨᠡᠩ ᠴᠢᠨᠠᠭᠰᠢᠯᠠᠪᠠᠯ ᠵᠠᠷᠢᠮ ᠭᠠᠵᠠᠷ ᠲᠤ ᠬᠡᠨ ᠭᠡᠬᠦ ᠳᠤ ᠵᠠᠷᠢᠮ ᠨᠢ ᠺᠡᠨ ᠬᠡᠬᠦ᠂ ᠵᠠᠷᠢᠮ ᠨᠣᠳᠤᠭ ᠲᠤ ᠬᠠᠰᠢᠷ ᠭᠡᠬᠦ ᠳᠤ ᠵᠠᠷᠢᠮ ᠨᠣᠳᠤᠭ ᠨᠢ ᠭᠠᠰᠢᠷ ᠭᠡᠬᠦ ᠵᠡᠷᠭᠡ ᠶᠢᠨ ᠠᠯᠢ ᠶᠢ ᠨᠢ ᠦᠭᠦᠯᠡᠭᠡᠳ ᠪᠠᠷᠠᠬᠤ ᠪᠣᠢ᠃ ᠡᠭᠦᠨ ᠠᠴᠠ ᠦᠵᠡᠪᠡᠯ ᠠᠯᠢ ᠨᠢᠭᠡᠨ ᠨᠣᠳᠤᠭ ᠤᠨ ᠠᠶᠠᠯᠭᠤ ᠪᠠᠷ ᠬᠡᠯᠡᠭᠰᠡᠨ ᠮᠣᠩᠭᠤᠯ ᠦᠭᠡ ᠶᠢ ᠬᠢᠳᠠᠳ ᠲᠡᠣᠬᠡᠨ ᠳᠤ ᠲᠡᠮᠳᠡᠭᠯᠡᠬᠦ ᠦᠶ᠎ᠡ ᠲᠡᠭᠡᠨ ᠲᠡᠭᠦᠨ ᠤ ᠨᠣᠳᠤᠭ ᠤᠨ ᠠᠪᠢᠶ᠎ᠠ ᠶᠢ ᠦᠨᠳᠦᠰᠦᠯᠡᠨ ᠣᠶᠢᠷᠠᠯᠴᠠᠭ᠎ᠠ ᠠᠪᠢᠶ᠎ᠠ ᠲᠠᠢ ᠬᠢᠳᠠᠳ ᠦᠰᠦᠭ ᠢᠶᠠᠷ ᠠᠪᠢᠶᠠᠴᠢᠯᠠᠨ ᠲᠡᠮᠳᠡᠭᠯᠡᠭᠰᠡᠨ ᠬᠡᠷᠡᠭ ᠶᠣᠮ᠃ 3可寒᠄ ᠠᠳᠡ ᠵᠦᠪᠬᠡᠨ 寒 ᠦᠰᠦᠭ ᠢ ᠲᠦᠭᠦᠮ ᠶᠠᠷᠢᠶ᠎ᠠ᠃ ᠡᠷᠳᠡ ᠲᠡᠭᠡᠳᠦ ᠦᠶ᠎ᠡ ᠳᠤ 寒 ᠦᠰᠦᠭ  ᠤᠨ ᠠᠪᠢᠶ᠎ᠠ ᠠᠶᠠᠯᠭᠤ ᠮᠦᠨ 汗 ᠦᠰᠦᠭ ᠲᠠᠢ ᠪᠦᠷᠢᠮᠦᠰᠦᠨ ᠠᠳᠠᠯᠢ ᠪᠠᠶᠢᠵᠠᠢ᠃ ᠡᠶᠢᠮᠦ ᠠᠴᠠ 可寒 ᠭᠡᠪᠡᠯ ᠮᠦᠨ ᠺᠠᠭᠠᠨ ᠭᠡᠳᠡᠭ ᠦᠭᠡ ᠪᠣᠯᠣᠨ᠎ᠠ᠃ ᠠᠳᠡ ᠠᠩᠬᠠᠷᠬᠤ ᠨᠢ ᠾᠦᠩᠨᠦ ᠬᠦᠮᠦᠰ ᠪᠣᠯ ᠬᠠᠭᠠᠨ ᠭᠡᠵᠦ ᠠᠪᠢᠶᠠᠯᠠᠵᠣ ᠪᠠᠶᠢᠬᠤ ᠳᠤ ᠰᠢᠶᠠᠨᠪᠸᠢ ᠬᠦᠮᠦᠰ ᠪᠣᠯᠣᠨ ᠲᠡᠭᠦᠨ ᠤ ᠣᠶᠢᠷ᠎ᠠ ᠲᠦᠷᠦᠯ ᠪᠣᠯᠬᠤ ᠷᠸᠥᠷᠠᠨ ᠬᠦᠮᠦᠰ ᠪᠣᠯ ᠪᠦᠷ ᠺᠠᠭᠠᠨ ᠭᠡᠵᠦ ᠠᠪᠢᠶᠠᠯᠠᠳᠠᠭ ᠠᠵᠠᠢ᠃ ᠡᠭᠦᠨ ᠲᠠᠢ ᠠᠳᠠᠯᠢ ᠪᠠᠷ ᠲᠦᠷᠺᠴᠣᠳ ᠴᠦ ᠺᠠᠭᠠᠨ ᠭᠡᠵᠦ ᠠᠪᠢᠶᠠᠯᠠᠨ᠎ᠠ᠃ ᠭᠡᠶ᠎ᠡ ᠡᠨᠡ ᠪᠣᠯ ᠪᠦᠷ ᠾᠦᠩᠨᠦᠴᠦᠳ ᠠᠴᠠ ᠬᠤᠯᠠ ᠬᠤᠵᠢᠮ ᠦᠶ᠎ᠡ ᠶᠢᠨ ᠬᠡᠷᠡᠭ ᠪᠣᠯᠣᠨ᠎ᠠ᠃ 4合罕᠄ 合 ᠦᠰᠦᠭ ᠠᠷᠪᠠᠨ ᠭᠤᠷᠪᠠᠳᠣᠭᠠᠷ ᠵᠠᠭᠤᠨ ᠤ ᠦᠶ᠎ᠡ ᠳᠤ ᠮᠣᠩᠭᠤᠯᠴᠣᠳ ᠤᠨ ᠲᠣᠮᠳᠠ ᠨᠢᠭᠡᠨᠳᠡ ᠬᠠ ᠭᠡᠵᠦ ᠣᠩᠰᠢᠭᠳᠠᠵᠣ ᠪᠠᠶᠢᠵᠠᠢ᠃ ᠵᠢᠱᠢᠶᠡᠯᠡᠪᠡᠯ ᠬᠠᠪᠣᠯ ᠬᠠᠭᠠᠨ ᠤ ᠬᠠᠪᠣᠯ ᠤᠨ ᠬᠠ ᠪᠣᠯᠣᠨ ᠵᠠᠮᠤᠬ᠎ᠠ  ᠶᠢᠨ ᠬᠠ ᠶᠢ ᠪᠦᠷ 合 ᠪᠠᠷ ᠲᠡᠮᠳᠡᠭᠯᠡᠳᠡᠭ ᠪᠠᠶᠢᠪᠠ᠃ ᠡᠭᠦᠨ ᠢ ᠣᠯᠠᠨ ᠶᠠᠷᠢᠬᠤ ᠦᠭᠡᠢ᠃ 罕 ᠦᠰᠦᠭ ᠭᠡᠪᠡᠯ ᠲᠡᠭᠦᠨ ᠤ ᠲᠡᠭᠡᠲᠦ ᠡᠷᠳᠡᠨ ᠤ ᠠᠪᠢᠶ᠎ᠠ ᠨᠢ ᠲᠠᠷᠣᠢ qʰaːnʔ᠂ xɑːn ᠪᠠᠶᠢᠵᠠᠢ᠃ ᠡᠶᠢᠮᠦ ᠠᠴᠠ ᠲᠣᠬᠠᠢ ᠶᠢᠨ ᠦᠶ᠎ᠡ ᠳᠤ ᠬᠠᠭᠠᠨ ᠭᠡᠳᠡᠭ ᠦᠭᠡ ᠶᠢ ᠬᠠᠭ᠋ᠠᠨ ᠭᠡᠵᠦ ᠠᠪᠢᠶᠠᠯᠠᠳᠠᠭ ᠪᠠᠶᠢᠵᠣ᠂ ᠬᠠᠭᠠᠨ ᠤ ᠡᠬᠢᠨ ᠤ ᠠᠪᠢᠶ᠎ᠠ ᠨᠢ ᠶᠡᠭᠡ ᠲᠦᠯᠦᠪ ᠾᠦᠩᠨᠦ ᠬᠦᠮᠦᠰ ᠤᠨ ᠠᠪᠢᠶᠠᠯᠠᠪᠣᠷᠢ ᠲᠠᠢ ᠣᠶᠢᠷᠠᠳᠴᠣ ᠪᠠᠶᠢᠵᠠᠢ᠃ ᠭᠡᠶ᠎ᠡ ᠬᠠᠭᠠᠨ ᠤ ‍ᠭᠠᠨ ᠢ ᠮᠦᠨ ‍ᠬᠠᠨ ᠢᠶᠠᠷ ᠠᠪᠢᠶᠠᠯᠠᠳᠠᠭ ᠪᠣᠯᠬᠤᠷ ᠬᠠᠭᠠᠨ ᠭᠡᠳᠡᠭ ᠦᠭᠡ ᠶᠢ ᠶᠠᠷᠢᠶᠠᠨ ᠤ ᠬᠡᠯᠡᠨ ᠳᠤ ᠲᠦᠭᠦᠮᠴᠢᠯᠡᠨ хаːн ︵haan᠂ ᠬᠠᠭ᠋ᠠᠨ ᠤ ᠲᠣᠪᠴᠢᠯᠠᠯ︶ ᠪᠣᠯᠭᠠᠭᠰᠠᠨ ᠪᠠᠶᠢᠨ᠎ᠠ᠃ ᠡᠭᠦᠨ ᠠᠴᠠ ᠣᠯᠠᠮᠯᠠᠨ ︽ᠮᠣᠩᠭᠤᠯ ᠤᠨ ᠨᠢᠭᠤᠴᠠ ᠲᠣᠪᠴᠢᠶ᠎ᠠ︾ ᠶᠢ ᠬᠢᠳᠠᠳᠴᠢᠯᠠᠬᠤ ᠳᠤ ᠠᠩᠬ᠎ᠠ ᠡᠬᠢᠯᠡᠭᠡᠳ 成吉思合罕 ᠭᠡᠵᠦ ᠪᠢᠴᠢᠵᠦ ᠪᠠᠶᠢᠭᠰᠠᠨ ᠠᠴᠠ ᠪᠠᠨ ᠲᠣᠪᠴᠢᠯᠠᠭᠠᠳ ᠰᠠᠶ᠋ᠢ 成吉思罕 ᠭᠡᠬᠦ ᠪᠣᠶᠣ 成吉思汗 ᠭᠡᠵᠦ ᠪᠢᠴᠢᠬᠦ ᠦᠵᠡᠭᠳᠡᠯ ᠢᠯᠡᠷᠡᠭᠰᠡᠨ ᠠᠵᠠᠢ᠃ ᠡᠶᠢᠮᠦ ᠠᠴᠠ ᠡᠭᠦᠨ ᠠᠴᠠ ᠬᠤᠵᠢᠮ ᠤᠨ ᠬᠢᠳᠠᠳ ᠲᠡᠣᠬᠡᠨ ᠳᠤ ᠮᠣᠩᠭᠤᠯ ᠬᠠᠭᠠᠳ ᠢ ᠣᠯᠠᠮ ᠲᠣᠪᠴᠢᠯᠠᠵᠣ ᠰᠢᠭᠤᠳ ᠶᠠᠮᠠᠷ ᠶᠠᠮᠠᠷ 汗 ᠪᠣᠶᠣ 罕 ᠭᠡᠳᠡᠭ ᠪᠣᠯᠣᠭᠰᠠᠨ ᠪᠠᠶᠢᠨ᠎ᠠ᠃ ᠶᠠᠷᠢᠯᠴᠠᠭ᠎ᠠ᠄ ᠲᠣᠪᠴᠢᠯᠠᠯ ᠨᠢᠭᠡ ᠬᠠᠭᠠᠨ ᠭᠡᠳᠡᠭ ᠦᠭᠡ ᠪᠣᠯ ᠾᠦᠩᠨᠦ ᠠᠴᠠ ᠣᠯᠪᠠᠭ᠎ᠠ ᠲᠠᠢ ᠢᠵᠠᠭᠤᠷ ᠮᠣᠩᠭᠤᠯ ᠦᠭᠡ ᠪᠣᠯᠣᠨ᠎ᠠ᠃ ᠬᠤᠶᠠᠷ ᠮᠣᠩᠭᠤᠯ ᠬᠡᠯᠡᠨ ᠳᠤ ᠬᠠᠭᠠᠨ ᠭᠡᠳᠡᠭ ᠦᠭᠡ ᠶᠢ ᠬᠠᠭᠠᠨ᠂ ᠺᠠᠭᠠᠨ᠂ ᠬᠠᠭ᠋ᠠᠨ ᠵᠡᠷᠭᠡ ᠪᠠᠷ ᠠᠪᠢᠶᠠᠯᠠᠳᠠᠭ ᠪᠠᠶᠢᠵᠠᠢ᠃ ᠲᠡᠭᠦᠨ ᠤ ᠨᠡᠩ ᠬᠦᠨᠳᠦᠳᠭᠡᠯᠳᠦ ᠦᠭᠡ ᠨᠢ ᠡᠷᠳᠡ ᠦᠶ᠎ᠡ ᠳᠡᠭᠡᠨ ᠬᠠᠭᠠᠰ ᠪᠣᠶᠣ ᠬᠠᠭᠠᠨᠰ᠎ᠡ ᠪᠠᠶᠢᠵᠣ᠂ ᠬᠤᠵᠢᠮ ᠦᠶ᠎ᠡ ᠳᠤ ᠬᠠᠭᠠᠳ ᠪᠣᠯᠵᠠᠢ᠃ ᠭᠤᠷᠪᠠ ᠬᠠᠭᠠᠨ ᠭᠡᠳᠡᠭ ᠦᠭᠡ ᠪᠠᠷ ᠦᠪᠡᠷ ᠤᠨ ᠠᠶᠢᠮᠠᠭ ᠪᠣᠶᠣ ᠣᠯᠣᠰ ᠤᠨ ᠲᠡᠷᠢᠭᠦᠨ ᠢᠶᠠᠨ ᠴᠣᠯᠠᠳᠠᠵᠣ ᠪᠠᠶᠢᠭᠰᠠᠨ ᠣᠪᠣᠭ ᠣᠭᠰᠠᠭᠠᠳᠠᠨ ᠭᠡᠪᠡᠯ ᠾᠦᠩᠨᠦ᠂ ᠰᠢᠶᠠᠨᠪᠸᠢ᠂ ᠷᠸᠥᠷᠠᠨ ︵ᠠᠸᠠᠷ ᠪᠣᠶᠣ ᠠᠪᠠᠷ︶᠂ ᠬᠢᠳᠠᠨ ᠵᠢᠴᠢ ᠮᠣᠩᠭᠤᠯ ᠢᠶᠠᠷ ᠭᠤᠣᠯᠳᠠᠭᠰᠠᠨ ᠮᠣᠩᠭᠤᠯ ᠲᠦᠷᠦᠯ ᠬᠡᠯᠡᠳᠡᠨ ᠦᠨᠳᠦᠰᠦᠳᠡᠨ ᠳᠤ ᠨᠦᠭᠦᠳ ᠪᠠᠶᠢᠵᠠᠢ᠃ ᠡᠭᠦᠨ  ᠠᠴᠠ ᠭᠠᠳᠠᠨ᠎ᠠ ᠪᠠᠰᠠ ᠵᠠᠷᠢᠮ ᠲᠦᠷᠺ ᠦᠨᠳᠦᠰᠦᠳᠡᠨ ᠴᠦ ᠡᠨᠡᠬᠦ ᠨᠡᠷ᠎ᠡ ᠴᠣᠯᠠ ᠶᠢ ᠦᠷᠭᠡᠨ ᠢᠶᠠᠷ ᠬᠡᠷᠡᠭᠯᠡᠵᠦ ᠪᠠᠶᠢᠪᠠ ᠲᠦᠷᠪᠡ ᠬᠠᠭᠠᠨ ᠭᠡᠳᠡᠭ ᠨᠡᠷ᠎ᠡ ᠦᠭᠡᠨ ᠠᠴᠠ ᠰᠠᠯᠪᠣᠷᠢᠯᠠᠨ ᠭᠠᠷᠣᠭᠰᠠᠨ ᠮᠣᠩᠭᠤᠯ ᠣᠪᠣᠭ ᠴᠦ ᠪᠠᠶᠢᠳᠠᠭ᠂ ᠲᠠᠷᠣᠢ ᠬᠠᠭᠠᠳ ᠣᠪᠣᠭᠳᠠᠨ᠂ ᠬᠠᠭ᠋ᠠᠳ ᠣᠪᠣᠭᠳᠠᠨ ᠭᠡᠬᠦ ᠪᠣᠶᠣ ᠬᠠᠭ᠋ᠠᠳᠠᠢ᠂ ᠬᠠᠭᠠᠳᠠᠢ ᠣᠪᠣᠭ ᠭᠡᠬᠦ ᠮᠡᠳᠦ ᠣᠪᠣᠭ  ᠨᠤᠭᠤᠳ ᠪᠣᠯ ᠭᠤᠣᠯᠳᠠᠭᠤ ᠮᠡᠷᠭᠢᠳ ︵ᠮᠡᠷᠭᠡᠳ︶ ᠠᠶᠢᠮᠠᠭ ᠤᠨ ᠬᠦᠮᠦᠨ ᠤ ᠣᠪᠣᠭ ᠪᠣᠯᠣᠨ᠎ᠠ᠃ ᠲᠠᠪᠤ ᠬᠠᠭᠠᠨ ᠭᠡᠳᠡᠭ ᠦᠭᠡᠨ ᠤ ᠨᠡᠩ ᠬᠦᠨᠳᠦᠳᠭᠡᠯᠳᠦ ᠬᠡᠯᠪᠡᠷᠢ ᠨᠢ ᠡᠷᠳᠡ ᠦᠶ᠎ᠡ ᠳᠡᠭᠡᠨ ᠬᠠᠭᠠᠨᠰ᠎ᠡ ᠪᠠᠶᠢᠵᠣ᠂ ᠬᠤᠵᠢᠮ ᠦᠶ᠎ᠡ ᠳᠤ ᠬᠠᠭᠠᠳ ᠪᠣᠯᠵᠠᠢ᠃ ᠨᠡᠩ ᠰᠡᠬᠦᠯᠴᠢ ᠶᠢᠨ ᠦᠶ᠎ᠡ ᠪᠠᠷ ᠲᠣᠪᠴᠢᠯᠠᠭᠳᠠᠨ хаːн᠂ хан᠂ хаːд᠂ хад᠂ ᠵᠡᠷᠭᠡ ᠪᠣᠯᠵᠣ ᠣᠳᠬ᠎ᠠ ᠰᠠᠯᠪᠣᠷᠢᠯᠠᠵᠠᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号