居延海 ︵ᠵᠢᠥᠢ ᠶᠠᠨ ᠬᠠᠢ︶ ᠭᠡᠳᠡᠭ ᠭᠠᠵᠠᠷ ᠣᠰᠣᠨ ᠤ ᠨᠡᠷᠡᠶᠢᠳᠦᠯ ᠦᠭᠡ ᠶᠢᠨ ᠲᠠᠶᠢᠯᠪᠣᠷᠢ
ᠨᠡᠶᠢᠲᠡᠯᠡᠭᠰᠡᠨ ᠴᠠᠭ᠄
2021/3/19
ᠣᠣᠬᠠᠨ · ᠬᠠᠭᠳᠠ ᠵᠣᠬᠢᠶᠠᠪᠠ ᠶᠡᠭᠡ ᠶᠡᠭᠡ ᠨᠠᠭᠤᠷ ᠣᠰᠣ ᠶᠢ ᠲᠠᠯᠠᠢ ᠭᠡᠵᠦ ᠨᠡᠷᠡᠯᠡᠳᠡᠭ ᠵᠠᠩᠰᠢᠯ ᠪᠣᠯ ᠮᠣᠩᠭᠤᠯᠴᠣᠳ ᠲᠤ ᠢᠵᠠᠭᠤᠷ ᠠᠴᠠ ᠪᠠᠶᠢᠭᠰᠠᠨ ᠲᠠᠳᠬᠠᠯ ᠮᠦᠨ᠃ ᠡᠶᠢᠮᠦ ᠠᠴᠠ ᠲᠡᠷᠡᠬᠦ ᠬᠤᠯᠠ ᠶᠢᠨ ᠾᠦᠩᠨᠦ ᠶᠢᠨ ᠦᠶ᠎ᠡ ᠳᠤ ᠵᠢᠥᠢ ᠶᠠᠨ ᠨᠠᠭᠤᠷ ᠢ ᠴᠦ ᠲᠠᠯᠠᠢ ᠭᠡᠵᠦ ᠨᠡᠷᠡᠯᠡᠵᠦ ᠪᠠᠶᠢᠪᠠ᠃ 居延 ᠬᠤᠶᠠᠷ ᠬᠢᠳᠠᠳ ᠦᠰᠦᠭ ᠪᠣᠯ ᠰᠠᠶ᠋ᠢ ᠡᠨᠡᠬᠦ ᠨᠠᠭᠤᠷ ᠤᠨ ᠵᠢᠩᠬᠢᠨᠢ ᠾᠦᠩᠨᠦ ᠨᠡᠷ᠎ᠡ ᠶᠢ ᠬᠢᠳᠠᠳ ᠦᠰᠦᠭ ᠢᠶᠠᠷ ᠠᠪᠢᠶᠠᠴᠢᠯᠠᠨ ᠣᠷᠴᠢᠭᠤᠯᠵᠣ ᠢᠯᠡᠳᠭᠡᠭᠰᠡᠨ ᠦᠭᠡ ᠶᠣᠮ᠃ ᠡᠨᠡᠬᠦ ᠵᠢᠥᠢ ᠶᠠᠨ ᠭᠡᠳᠡᠭ ᠨᠡᠷ᠎ᠡ ᠦᠭᠡ ᠬᠠᠮᠤᠭ ᠠᠩᠬ᠎ᠠ ᠾᠦᠸᠧ ᠴᠢᠥᠢ ᠪᠢᠩ ᠤᠨ ᠨᠠᠮᠳᠠᠷ ᠲᠤ ᠭᠠᠷᠳᠠᠭ ᠶᠣᠮ᠃ ᠾᠦᠩᠨᠦ ᠶᠢᠨ ᠱᠠᠰᠳᠢᠷ ᠲᠤ ᠾᠦᠸᠧ ᠴᠢᠥᠢ ᠪᠢᠩ ᠤᠨ ᠾᠦᠩᠨᠦ ᠶᠢᠨ ᠪᠠᠷᠠᠭᠤᠨ ᠭᠠᠷ ᠲᠤ ᠲᠠᠷᠣᠩᠭᠤᠶᠢᠯᠠᠨ ᠰᠠᠭᠤᠭᠰᠠᠨ ᠸᠠᠩ ᠨᠡᠷ ᠢ ᠲᠣᠪᠳᠣᠯᠣᠭᠰᠠᠨ ᠬᠡᠷᠡᠭ ᠲᠤ ᠴᠦ ︽ᠵᠢᠥᠢ ᠶᠠᠨ ᠢ ᠦᠩᠭᠡᠷᠡᠨ ᠴᠢ ᠯᠢᠶᠠᠨ ᠱᠠᠨ ᠠᠭᠤᠯᠠ  ᠶᠢ ᠲᠣᠪᠳᠣᠯᠤᠭ᠎ᠠ︾ ᠭᠡᠵᠦ ᠭᠠᠷᠳᠠᠭ ᠶᠣᠮ᠃ 居 ᠦᠰᠦᠭ ᠤᠨ ᠣᠳᠣ ᠦᠶ᠎ᠡ ᠶᠢᠨ ᠠᠪᠢᠶ᠎ᠠ ᠨᠢ jū ︵ᠵᠢᠥᠢ︶᠂ ᠭᠡᠶ᠎ᠡ ᠡᠷᠳᠡᠨ ᠤ ᠭᠤᠸᠠᠩ ᠶᠦᠨ ᠲᠣᠯᠢ  ᠳᠤ 九魚切 ᠭᠡᠵᠡᠢ᠂ 九 ᠦᠰᠦᠭ ᠤᠨ ᠣᠳᠣ ᠦᠶ᠎ᠡ ᠶᠢᠨ ᠠᠪᠢᠶ᠎ᠠ ᠨᠢ jiǔ ᠪᠣᠯᠪᠠᠴᠣ᠂ ᠲᠡᠭᠦᠨ ᠤ ᠡᠷᠳᠡᠨ ᠤ ᠠᠪᠢᠶ᠎ᠠ ᠨᠢ ᠦᠨᠡᠬᠡᠷ *gioǔ ᠪᠣᠶᠣ KYU ᠪᠠᠶᠢᠭᠰᠠᠨ ᠶᠣᠮ᠃ ᠡᠶᠢᠮᠦ ᠠᠴᠠ 居 ᠶᠢᠨ ᠲᠠᠩ ᠣᠯᠣᠰ ᠤᠨ ᠦᠶ᠎ᠡ ᠶᠢᠨ ᠠᠪᠢᠶ᠎ᠠ ᠨᠢ giu ᠪᠠᠶᠢᠵᠣ᠂ ᠺᠣᠷᠢᠶ᠎ᠠ ᠬᠡᠯᠡᠨ ᠳᠤ KE ᠪᠣᠶᠣ KI ᠭᠡᠳᠡᠭ᠃ ᠣᠳᠣ ᠦᠶ᠎ᠡ ᠶᠢᠨ ᠺᠧ ᠵᠢᠶᠠ ᠬᠡᠯᠡᠨ ᠤ ᠣᠯᠠᠨ ᠰᠠᠯᠪᠣᠷᠢ ᠳᠤ ᠪᠦᠷ gi1 ᠭᠡᠵᠦ ᠪᠠᠶᠢᠬᠤ ᠳᠤ᠂ ᠶᠦᠸᠡᠢ ᠬᠡᠯᠡᠨ ᠳᠤ ᠪᠣᠯ geoi1 ︵ᠣᠶᠢᠷᠠᠯᠴᠠᠭ᠎ᠠ ᠪᠠᠷ ᠭᠤᠢ 4︶ ᠭᠡᠳᠡᠭ ᠠᠵᠠᠢ᠃ ᠲᠡᠭᠡᠳᠦ ᠡᠷᠳᠡᠨ ᠤ ᠠᠪᠢᠶ᠎ᠠ ᠨᠢ kɯ᠂ kas ᠪᠠᠶᠢᠵᠣ᠂ ᠴᠢᠨ ᠠᠴᠠ ᠡᠮᠦᠨᠡᠬᠢ ᠡᠭᠡᠰᠢᠭ ᠭᠡᠶᠢᠭᠦᠯᠦᠭᠴᠢ ᠶᠢᠨ ᠰᠢᠰᠲ᠋ᠧᠮ ᠳᠤ k ᠭᠡᠶᠢᠭᠦᠯᠦᠭᠴᠢ ᠪᠠᠷ ᠡᠬᠢᠯᠡᠨ᠂ i̯o᠂ ǐa᠂ jaɡ ᠵᠡᠷᠭᠡ ᠶᠢᠨ ᠠᠶᠠᠯᠭᠤ ︵ᠡᠭᠡᠰᠢᠭ︶ ᠲᠠᠢ ᠭᠡᠵᠡᠢ᠃ ᠵᠡᠭᠦᠨ ᠬᠠᠨ ᠣᠯᠣᠰ ᠤᠨ ᠦᠶ᠎ᠡ  ᠶᠢᠨ ︽ᠱᠦᠸᠧ ᠸᠧᠨ ᠵᠢᠶᠧ ᠽᠢ ᠲᠣᠯᠢ︾ ᠳᠤ ᠦᠬᠦᠯᠡᠭᠰᠡᠨ ᠢᠶᠠᠷ 从尸古者,九魚切 ᠭᠡᠪᠡ ᠃ ᠲᠣᠮᠳᠠᠳᠣ ᠭᠠᠳᠠᠭᠠᠳᠣ ᠶᠢᠨ ᠬᠢᠳᠠᠳ ᠬᠡᠯᠡᠨ ᠤ ᠡᠷᠳᠡᠮᠳᠡᠳ ᠤᠨ ᠰᠡᠷᠭᠦᠭᠡᠭᠰᠡᠨ ᠡᠷᠳᠡᠨ ᠤ ᠠᠪᠢᠶ᠎ᠠ ᠨᠢ ki᠂ kĭə ᠪᠣᠶᠣ ki̯wo᠂ kĭo᠂ kiɔ ᠵᠡᠷᠭᠡ ᠪᠣᠢ᠃ ︽ᠮᠣᠩᠭᠤᠯ ᠦᠰᠦᠭ ᠤᠨ ᠠᠶᠠᠯᠭᠤ︾ ᠳᠤ ꡂꡦꡟ ︵gÿu︶᠂ ᠮᠢᠩ ᠣᠯᠣᠰ ᠤᠨ ᠦᠶ᠎ᠡ ᠶᠢᠨ ᠵᠧᠩ ᠶᠦᠨ ᠲᠣᠯᠢ ᠳᠤ kiu ᠭᠡᠵᠡᠢ᠃ ᠲᠡᠭᠡᠷᠡᠬᠢ ᠪᠠᠶᠢᠳᠠᠯ ᠢ ᠣᠶᠠᠯᠳᠣᠭᠤᠯᠣᠨ ᠦᠵᠡᠪᠡᠯ ᠲᠣᠰ ᠦᠰᠦᠭ ᠤᠨ ᠡᠷᠳᠡᠨ ᠤ ᠠᠪᠢᠶ᠎ᠠ ᠨᠢ Gyu7 ᠪᠣᠶᠣ Gyo 4 5 ᠪᠠᠶᠢᠪᠠᠯ ᠲᠠᠭᠠᠷᠠᠨ᠎ᠠ᠃ ᠡᠶᠢᠮᠦ ᠠᠴᠠ ᠮᠢᠨᠦ ᠦᠵᠡᠬᠦ ᠪᠠᠷ ᠬᠦᠢᠬᠡᠨ ︵ᠭᠦᠶᠦᠬᠡᠨ︶ ᠭᠡᠳᠡᠭ ᠦᠭᠡᠨ ᠤ ᠡᠬᠢᠨ ᠤ ᠬᠠᠭᠠᠰ ᠤᠨ ᠬᠢᠳᠠᠳ ᠠᠪᠢᠶᠠᠨ ᠤ ᠭᠠᠯᠢᠭᠴᠢᠯᠠᠯᠭ᠎ᠠ ᠪᠣᠯᠣᠨ᠎ᠠ᠃ 延 ᠦᠰᠦᠭ ᠤᠨ ᠲᠡᠭᠡᠳᠦ ᠡᠷᠳᠡᠨ ᠤ ᠠᠪᠢᠶ᠎ᠠ ᠨᠢ jĭɛn ᠭᠡᠵᠦ ᠲᠠᠩ ᠣᠯᠣᠰ ᠤᠨ ᠦᠶ᠎ᠡ ᠶᠢᠨ ᠠᠪᠢᠶ᠎ᠠ ᠨᠢ *iɛn ᠪᠠᠶᠢᠵᠣ᠂ ᠬᠦᠢᠬᠡᠨ ᠭᠡᠳᠡᠭ ᠦᠭᠡᠨ ᠤ ᠬᠤᠶᠢᠨ᠎ᠠ ᠬᠠᠭᠠᠰ ᠤᠨ ᠠᠪᠢᠶᠠᠴᠢᠯᠠᠯᠭ᠎ᠠ ᠪᠣᠯᠣᠨ᠎ᠠ᠃ ᠨᠢᠭᠡᠯ᠎ᠡ ᠦᠭᠡ ᠪᠠᠷ ᠬᠡᠯᠡᠪᠡᠯ 居延 ᠭᠡᠪᠡᠯ ᠬᠦᠢᠬᠡᠨ ᠭᠡᠳᠡᠭ ᠾᠦᠩᠨᠦ — ᠮᠣᠩᠭᠤᠯ ᠦᠭᠡ ᠪᠣᠯᠣᠨ᠎ᠠ᠃ ᠲᠡᠭᠡᠪᠡᠯ ᠭᠦᠢᠬᠡᠨ ᠨᠠᠭᠤᠷ ︵居延海︶ ᠪᠣᠯ ᠴᠢ ᠯᠢᠶᠠᠨ ᠱᠠᠨ ᠠᠭᠤᠯᠠᠨ ᠠᠴᠠ ᠡᠬᠢ ᠠᠪᠣᠭᠠᠳ ᠵᠡᠭᠦᠨᠰᠢ ᠣᠷᠣᠰᠣᠨ ᠢᠷᠡᠵᠦ ᠪᠠᠶᠢᠭ᠎ᠠ ᠲᠣᠲᠣᠭᠠᠳᠣ ᠣᠷᠣᠰᠬᠠᠯᠳᠣ ᠭᠤᠣᠯ — ᠬᠠᠷ᠎ᠠ ᠭᠤᠣᠯ ᠤᠨ ᠠᠳᠠᠭ ᠲᠤ ᠡᠭᠦᠰᠦᠭᠰᠡᠨ ᠨᠠᠭᠤᠷ ᠶᠣᠮ᠃ ᠲᠣᠰ ᠨᠠᠭᠤᠷ ᠣᠳᠣ ᠬᠢ ᠦᠪᠦᠷ ᠮᠣᠩᠭᠤᠯ ᠤᠨ ᠡᠵᠡᠨ᠎ᠡ ᠬᠤᠰᠢᠭᠤᠨ ᠳᠤ ᠪᠣᠢ᠃ ᠲᠡᠣᠬᠡᠨ ᠲᠡᠭᠡᠷ᠎ᠡ ᠡᠨᠡᠬᠦ ᠨᠠᠭᠤᠷ ᠬᠡᠳᠦᠶᠢᠪᠡᠷ ᠲᠠᠯᠠᠪᠠᠢ ᠪᠠᠷ ᠣᠨᠴᠠᠭᠠᠢ ᠶᠡᠭᠡ ᠪᠠᠶᠢᠭᠰᠠᠨ ᠪᠣᠯᠪᠠᠴᠣ᠂ ᠬᠠᠷᠢᠨ ᠣᠳᠣ ᠦᠶ᠎ᠡ ᠶᠢᠨ ᠰᠢᠨᠵᠢᠯᠡᠭᠡ ᠮᠡᠷᠭᠡᠵᠢᠯ ᠢᠶᠠᠷ ᠬᠠᠶᠢᠨ ᠬᠡᠮᠵᠢᠭᠰᠡᠨ ᠳ᠋ᠦᠩ ᠳᠤ ᠲᠣᠮᠳᠠᠴᠢ ᠭᠦᠨᠴᠡ ᠨᠢ ᠰᠠᠶ᠋ᠢ ᠮᠧᠲᠷ ᠬᠠᠭᠠᠰ ᠯᠠ ᠪᠠᠶᠢᠳᠠᠭ ᠶᠣᠮ ᠭᠡᠨ᠎ᠡ᠃ ᠡᠭᠦᠨ ᠠᠴᠠ ᠮᠡᠳᠡᠵᠦ ᠪᠣᠯᠬᠤ ᠨᠢ ᠠᠯᠢ ᠡᠷᠳᠡ ᠬᠤᠶᠠᠷ ᠮᠢᠩᠭᠠᠨ ᠢᠯᠡᠭᠦᠥ ᠵᠢᠯ ᠤᠨ ᠡᠮᠦᠨᠡᠬᠢ᠂ ᠾᠦᠩᠨᠦ ᠶᠢᠨ ᠦᠶ᠎ᠡ ᠳᠤ ᠬᠦᠮᠦᠰ ᠨᠢᠭᠡᠨᠳᠡ ᠲᠡᠭᠦᠨ ᠤ ᠬᠦᠨ ᠬᠦᠢᠬᠡᠨ ᠢ ᠮᠠᠰᠢ ᠲᠣᠲᠣᠷᠬᠠᠢ ᠡᠵᠡᠮᠰᠢᠨ ᠣᠶᠢᠯᠭᠠᠵᠣ ᠪᠠᠶᠢᠭᠰᠠᠨ ᠠᠵᠠᠢ᠃ ᠡᠨᠡ ᠨᠢ ᠬᠡᠯᠡᠯᠭᠡᠨ ᠦᠭᠡᠢ ᠮᠠᠯ ᠣᠨᠤᠭ᠎ᠠ ᠵᠣᠨ ᠤ ᠬᠠᠯᠠᠭᠤᠨ ᠢᠶᠠᠷ ᠨᠠᠭᠤᠷ ᠲᠣᠲᠣᠭᠰᠢ ᠣᠷᠣᠵᠣ ᠰᠡᠷᠢᠭᠦᠴᠡᠬᠦ ᠠᠴᠠ ᠪᠣᠯᠵᠣ᠂ ᠮᠠᠯᠴᠢᠨ ᠠᠷᠠᠳ ᠲᠡᠭᠦᠨ ᠤ ᠬᠦᠨ ᠬᠦᠢᠬᠡᠨ ᠢ ᠲᠣᠲᠣᠷᠬᠠᠢ ᠡᠵᠡᠮᠰᠢᠵᠣ ᠪᠠᠶᠢᠭᠰᠠᠨ ᠬᠡᠷᠡᠭ ᠶᠣᠮ᠃ ᠡᠶᠢᠮᠦ ᠠᠴᠠ ᠲᠡᠭᠦᠨ ᠳᠤ ᠬᠦᠢᠬᠡᠨ ︵ᠭᠦᠶᠦᠬᠡᠨ︶ ᠲᠠᠯᠠᠢ ᠨᠡᠷ᠎ᠡ ᠬᠠᠶᠢᠷᠠᠯᠠᠬᠤ ᠨᠢ ᠰᠣᠨᠢᠨ ᠬᠡᠷᠡᠭ ᠪᠢᠰᠢ ᠭᠡᠯᠳᠡᠢ᠃ ᠡᠭᠦᠨ ᠢ ᠬᠢᠳᠠᠳ ᠬᠡᠯᠡᠨ ᠳᠤ ᠠᠪᠢᠶᠠᠴᠢᠯᠠᠨ ᠣᠷᠴᠢᠭᠤᠯᠣᠭᠠᠳ 居延海 ᠪᠣᠯᠭᠠᠭᠰᠠᠨ ᠬᠡᠷᠡᠭ ᠠᠵᠠᠢ᠃ ᠾᠦᠩᠨᠦ ᠶᠢᠨ ᠴᠠᠭ ᠦᠶ᠎ᠡ ᠳᠤ ᠬᠠᠷ᠎ᠠ ᠭᠤᠣᠯ ᠤᠨ ᠣᠷᠣᠰᠬᠠᠯ ᠲᠠᠭᠠᠨ ᠬᠦᠢᠬᠡᠨ ᠲᠠᠯᠠᠢ ᠬᠦᠷᠳᠡᠯ᠎ᠡ ᠪᠦᠷ ᠮᠠᠰᠢ ᠰᠠᠶᠢᠨ ᠨᠣᠳᠤᠭ ᠪᠡᠯᠴᠢᠭᠡᠷ ᠪᠠᠶᠢᠵᠠᠢ᠃ ᠡᠶᠢᠮᠦ ᠠᠴᠠ ᠡᠨᠡᠭᠦᠷ ᠾᠦᠩᠨᠦ ᠶᠢᠨ ᠪᠠᠷᠠᠭᠤᠨ ᠭᠠᠷ ᠤᠨ ᠬᠤᠨ ᠶᠧ ᠸᠠᠩ᠂ ᠰᠢᠥ ᠴᠦ᠋ ︵ ᠲᠤ︶ ᠸᠠᠩ ᠲᠡᠷᠢᠭᠦᠳᠡᠢ ᠶᠡᠬᠡᠰ ᠢᠵᠠᠭᠤᠷᠳᠠᠳ ᠮᠠᠯᠵᠢᠵᠣ ᠪᠠᠶᠢᠪᠠ᠃ ᠡᠳᠡᠭᠡᠷ ᠨᠣᠳᠤᠭ ᠬᠤᠵᠢᠮ ᠬᠠᠨ ᠡᠣ ᠳ᠋ᠢ ᠬᠠᠭᠠᠨ ᠤ ᠶᠣᠸᠠᠨ ᠱᠸᠥ ᠶᠢᠨ ᠣᠨ ᠢᠶᠠᠷ ᠾᠦᠩᠨᠦ ᠶᠢᠨ ᠬᠤᠨ ᠶᠧ ᠸᠠᠩ ᠬᠠᠨ ᠣᠯᠣᠰ ᠲᠤ ᠲᠠᠭᠠᠷ᠎ᠠ ᠣᠷᠣᠭᠠᠳ᠂ ᠡᠨᠡ ᠨᠣᠳᠤᠭ ᠬᠠᠨ ᠣᠯᠣᠰ ᠲᠤ ᠬᠠᠷᠢᠶᠠᠯᠠᠭᠳᠠᠵᠠᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号