ᠷᠸᠣᠷᠠᠨ ᠣᠯᠣᠰ ᠤᠨ ᠨᠣᠳᠤᠭ ᠲᠡᠪᠢᠰᠭᠡᠷ
ᠨᠡᠶᠢᠲᠡᠯᠡᠭᠰᠡᠨ ᠴᠠᠭ᠄
2021/3/19
ᠷᠸᠣᠷᠠᠨ ᠣᠯᠣᠰ ᠬᠦᠭᠵᠢᠯ ᠤᠨ ᠬᠠᠮᠤᠭ ᠣᠷᠭᠢᠯ ᠦᠶ᠎ᠡ ᠳᠡᠭᠡᠨ ᠲᠡᠭᠦᠨ ᠤ ᠨᠣᠳᠤᠭ ᠲᠡᠪᠢᠰᠭᠡᠷ ᠨᠢ ᠣᠮᠠᠷᠠᠰᠢ ᠪᠠᠶᠢᠭᠠᠯ ᠲᠠᠯᠠᠢ ᠶᠢ ᠬᠠᠮᠣᠷᠴᠣ᠂ ᠡᠮᠦᠨᠡᠰᠢ ᠭᠤᠪᠢ ᠡᠯᠡᠰᠦ ᠪᠣᠯᠣᠨ ᠴᠠᠭᠠᠨ ᠬᠡᠷᠡᠮ ︵ᠣᠮᠠᠷᠠᠳᠣ ᠸᠧᠢ ᠣᠯᠣᠰ ᠴᠦ ᠴᠠᠭᠠᠨ ᠬᠡᠷᠡᠮ ᠪᠠᠷᠢᠵᠣ ᠷᠸᠣᠷᠠᠨ ᠨᠡᠷ ᠢ ᠰᠡᠷᠭᠡᠶᠢᠯᠡᠵᠦ ᠪᠠᠶᠢᠵᠠᠢ︶ ᠢᠶᠠᠷ ᠣᠮᠠᠷᠠᠳᠣ ᠸᠧᠢ ᠣᠯᠣᠰ ᠲᠠᠢ ᠬᠢᠯᠢᠯᠡᠵᠦ᠂ ᠵᠡᠭᠦᠨᠰᠢ ᠰᠣᠯᠣᠩᠭᠤᠰ ᠲᠠᠢ ᠵᠠᠬ᠎ᠠ ᠨᠡᠶᠢᠯᠡᠨ᠂ ᠪᠠᠷᠠᠭᠤᠨᠰᠢ ᠣᠳᠣ ᠶᠢᠨ ᠰᠢᠨᠵᠢᠶᠠᠩ ᠤᠨ ᠶᠠᠨ ᠴᠢ ᠬᠦᠷᠴᠦ᠂ ᠪᠠᠷᠠᠭᠤᠨ ᠬᠤᠶᠢᠰᠢ ᠠᠯᠳᠠᠢ ᠲᠠᠪᠠᠨ᠂ ᠴᠢᠨᠠᠭᠰᠢ ᠨᠡᠩ ᠠᠯᠣᠰ ᠲᠤ ᠪᠠᠶᠢᠭ᠎ᠠ ᠪᠠᠯᠬᠠᠱ ᠨᠠᠭᠤᠷ ᠬᠦᠷᠴᠦ ᠪᠠᠶᠢᠪᠠ ᠭᠡᠵᠦ ᠸᠢᠺᠢᠫᠧᠳᠢᠶ᠎ᠠ ᠰᠦᠯᠵᠢᠶᠡᠨ ᠳᠤ ᠲᠠᠨᠢᠯᠴᠠᠭᠤᠯᠵᠣ ᠪᠠᠶᠢᠳᠠᠭ᠃ ᠲᠣᠬᠠᠢ ᠶᠢᠨ ᠦᠶ᠎ᠡ ᠳᠤ ᠣᠳᠣᠬᠢ ᠰᠢᠨᠵᠢᠶᠠᠩ ᠢ ᠪᠠᠭᠳᠠᠭᠠᠭᠰᠠᠨ ᠲᠣᠮᠳᠠᠳᠣ ᠠᠽᠢ᠂ ᠡᠮᠦᠨᠡᠳᠦ ᠠᠽᠢ ᠬᠦᠷᠳᠡᠯᠡᠬᠢ ᠦᠷᠭᠡᠨ ᠠᠭᠤᠳᠠᠮ ᠨᠣᠳᠤᠭ ᠲᠡᠪᠢᠰᠭᠡᠷ ᠪᠦᠷ ᠶᠧ ᠳ᠋ᠠ ︵嚈噠︶ ᠬᠦᠮᠦᠰ ᠤᠨ ᠨᠣᠶᠠᠷᠬᠠᠯ ᠳᠤ ᠪᠠᠶᠢᠵᠣ᠂ ᠶᠧ ᠳ᠋ᠠ᠂ ᠷᠸᠣᠷᠠᠨ ᠬᠤᠭᠤᠷᠣᠨᠳᠣ ᠪᠠᠨ ᠮᠠᠰᠢ ᠰᠠᠶᠢᠨ ᠡᠪ ᠨᠠᠶᠢᠷᠠᠮᠳᠠᠯ ᠲᠠᠢ ᠪᠦᠭᠡᠳ ᠦᠷᠬᠦᠯᠵᠢ ᠣᠷᠤᠭ ᠰᠠᠳᠣᠨ ᠤ ᠬᠠᠷᠢᠴᠠᠭ᠎ᠠ ᠪᠠᠶᠢᠭᠤᠯᠵᠣ᠂ ᠣᠯᠣᠰ ᠲᠦᠷᠦ ᠢᠶᠠᠨ ᠨᠢᠬᠳᠠ ᠬᠤᠯᠪᠣᠭ᠎ᠠ ᠲᠠᠢ ᠪᠠᠶᠢᠵᠠᠢ᠃ ᠠᠳᠡ ᠦᠬᠦᠯᠡᠵᠦ ᠪᠠᠶᠢᠭ᠎ᠠ ᠶᠧ ᠳ᠋ᠠ ᠶᠢ ᠪᠠᠰᠠ ᠶᠠᠨ ᠳ᠋ᠠ ᠭᠡᠳᠡᠭ᠂ ᠬᠢᠳᠠᠳ ᠦᠰᠦᠭ ᠤᠨ ᠠᠭᠤᠯᠭ᠎ᠠ ᠨᠢ ᠮᠦᠨ ᠲᠣᠷᠣᠮᠵᠢᠯᠠᠬᠤ᠂ ᠬᠠᠷᠢᠶᠠᠵᠣ ᠵᠦᠭᠡᠬᠦ ᠰᠣᠶᠣᠯ ᠠᠴᠠ ᠡᠭᠦᠰᠦᠭᠰᠡᠨ ᠨᠡᠷ᠎ᠡ ᠦᠭᠡ ᠶᠣᠮ᠂ 嚈 ᠦᠰᠦᠭ ᠬᠡᠳᠦᠶᠢᠪᠡᠷ ᠣᠳᠣ ᠪᠣᠯ ᠵᠦᠪᠬᠡᠨ ︽ᠶᠧ︾ ᠭᠡᠵᠦ ᠭᠠᠭᠴᠠᠬᠠᠨ ᠣᠩᠰᠢᠯᠭ᠎ᠠ ᠲᠠᠢ ᠭᠡᠳᠡᠭ ᠪᠣᠯᠪᠠᠴᠣ᠂ ᠡᠷᠳᠡ ᠦᠶ᠎ᠡ ᠶᠢᠨ ᠣᠩᠰᠢᠯᠭ᠎ᠠ ᠨᠢ ᠦᠨᠡᠬᠡᠷ yàn ᠪᠠᠶᠢᠵᠣ᠂ 嚈气 ᠭᠡᠳᠡᠭ ᠦᠭᠡᠨ ᠳᠤ ᠬᠡᠷᠡᠭᠯᠡᠳᠡᠭ ᠪᠠᠶᠢᠵᠠᠢ᠃ 嚈气 ᠨᠢ ᠲᠠᠷᠣᠢ ᠣᠳᠣᠬᠢ 咽气 ᠭᠡᠰᠡᠨ ᠦᠭᠡ ᠪᠣᠯᠣᠨ᠎ᠠ᠂ ᠣᠳᠬ᠎ᠠ ᠨᠢ ᠠᠳᠠᠯᠢᠬᠠᠨ ᠢᠶᠠᠷ ᠠᠮᠢᠰᠬᠤᠯ ᠬᠤᠷᠢᠶᠠᠬᠤ ︵ᠦᠬᠦᠬᠦ︶ ᠶᠢ ᠵᠢᠭᠠᠳᠠᠭ ᠦᠭᠡ ᠠᠵᠠᠢ᠃ ᠶᠧ ᠳ᠋ᠠ ᠨᠡᠷ ᠢ ᠵᠠᠷᠢᠮ ᠨᠣᠮ  ᠳᠤ ᠾᠢᠶᠧ ᠳ᠋ᠠ ᠭᠡᠬᠦ ᠪᠣᠶᠣ ᠰᠢᠶᠧ ᠳ᠋ᠠ ᠭᠡᠬᠦ ᠳᠤ ᠵᠠᠷᠢᠮ ᠨᠢ ᠺᠢᠶᠧ ᠳ᠋ᠠ ᠭᠡᠵᠦ ᠪᠠᠰᠠ ᠵᠠᠷᠢᠮ ᠨᠢ ᠰᠢᠭᠤᠳ ᠺᠠᠢ ︵開︶ ᠳ᠋ᠠ ᠭᠡᠵᠦ ᠪᠢᠴᠢᠳᠡᠭ ᠴᠦ ᠪᠠᠶᠢᠨ᠎ᠠ᠃ ᠲᠣᠬᠠᠢ ᠶᠢᠨ ᠦᠶ᠎ᠡ ᠶᠢᠨ ᠫᠧᠷᠰ ᠠᠷᠠᠪ ᠵᠡᠷᠭᠡ ᠦᠷᠦᠨ᠎ᠡ ᠵᠦᠭ ᠤᠨ ᠣᠯᠣᠰ ᠣᠷᠣᠨ ᠢᠶᠠᠷ ᠪᠣᠯ ᠲᠡᠳᠡᠨᠡᠷ ᠢ Hephthalite ᠭᠡᠳᠡᠭ ᠠᠵᠠᠢ᠃ ᠭᠡᠳᠡᠯ᠎ᠡ ᠡᠷᠳᠡᠨ ᠤ ᠡᠨᠡᠳᠬᠡᠭ ᠲᠤ ᠪᠣᠯ ᠶᠧ ᠳ᠋ᠠ ᠶᠢ ᠴᠠᠭᠠᠨ ᠾᠦᠩᠨᠦ ᠭᠡᠬᠦ ᠪᠣᠶᠣ ᠰᠢᠭᠤᠳ ᠾᠦᠩᠨᠦ ᠭᠡᠳᠡᠭ ᠪᠠᠶᠢᠨ᠎ᠠ᠃ ᠶᠠᠮᠠᠷ ᠪᠠᠶᠢᠭᠰᠠᠨ ᠴᠦ ᠲᠡᠳᠡ ᠪᠣᠯ ᠬᠤᠵᠢᠮ ᠤᠨ ᠬᠢᠳᠠᠨ ᠦᠨᠳᠦᠰᠦᠳᠡᠨ ᠲᠠᠢ ᠨᠢᠭᠡᠨ ᠣᠭᠰᠠᠭ᠎ᠠ ᠲᠦᠷᠦᠯ ᠤᠨ ᠬᠦᠮᠦᠰ ᠪᠠᠶᠢᠵᠠᠢ᠃ ᠲᠡᠣᠬᠡᠨ ᠳᠤ ᠲᠡᠳᠡᠨᠡᠷ ᠤᠨ ᠡᠭᠦᠰᠦᠯ ᠢ ᠪᠦᠷ ᠬᠠᠮᠤᠭ ᠠᠩᠬ᠎ᠠ ᠭᠤᠪᠢ ᠶᠢᠨ ᠠᠷᠣ ᠠᠴᠠ ᠮᠠᠨᠳᠣᠨ᠂ ᠪᠠᠷᠠᠭᠤᠨᠰᠢ ᠠᠯᠳᠠᠢ ᠲᠠᠪᠠᠨ ᠡᠮᠦᠨᠡᠰᠢ ᠪᠠᠭᠤᠵᠣ᠂ ᠲᠣᠮᠳᠠᠳᠣ ᠠᠽᠢ ᠡᠮᠦᠨᠡᠳᠦ ᠠᠽᠢ ᠬᠦᠷᠳᠡᠯ᠎ᠡ ᠦᠷᠭᠡᠵᠢᠨ᠂ ᠪᠠᠷᠠᠭᠤᠨᠰᠢ ᠫᠧᠷᠰ ᠠᠷᠠᠪ ᠲᠠᠢ ᠲᠡᠮᠡᠴᠡᠯᠳᠦᠨ᠂ ᠡᠮᠦᠨᠡᠰᠢ ᠣᠳᠣᠬᠢ ᠠᠹᠭᠠᠨᠢᠰᠲ᠋ᠠᠨ᠂ ᠫᠠᠺᠢᠰᠲ᠋ᠠᠨ ᠢ ᠡᠵᠡᠯᠡᠨ ᠡᠨᠡᠳᠬᠡᠭ ᠤᠨ ᠳ᠋ᠧᠯᠢ ᠳᠤ ᠲᠦᠷᠢᠨ ᠣᠷᠣᠵᠣ ᠪᠠᠶᠢᠭᠰᠠᠨ ᠨᠢᠭᠡᠨ ᠦᠶ᠎ᠡ ᠶᠢᠨ ᠬᠦᠴᠦᠷᠬᠡᠭ ᠣᠯᠣᠰ ᠭᠡᠵᠦ ᠨᠢᠭᠡᠳᠦᠯ ᠲᠠᠢ ᠦᠵᠡᠳᠡᠭ ᠶᠣᠮ᠃ ᠡᠨᠡᠳᠬᠡᠭ  ᠤᠨ ᠨᠡᠪᠳᠡᠷᠬᠡᠢ ᠲᠡᠣᠬᠡᠨ ᠳᠤ ᠲᠡᠳᠡᠨᠡᠷ ᠤᠨ ᠲᠡᠣᠬᠡ ᠪᠠ ᠲᠣᠮᠤᠭ ᠤᠨ ᠲᠣᠬᠠᠢ ᠲᠣᠰᠬᠠᠶᠢᠯᠠᠨ ᠨᠢᠭᠡᠨ ᠪᠦᠯᠦᠭ ᠰᠣᠨᠢᠷᠬᠠᠯ ᠲᠠᠢ ᠲᠠᠨᠢᠯᠴᠠᠭᠤᠯᠭ᠎ᠠ ᠪᠠᠶᠢᠳᠠᠭ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号