服匿 ᠭᠡᠳᠡᠭ ᠦᠭᠡ ᠶᠢ ᠢᠷᠡᠯ ᠭᠠᠷᠣᠯ ᠪᠠ ᠦᠯᠢᠭᠡᠷ ᠲᠠᠢ ᠨᠢ ᠬᠠᠮᠳᠣ ᠶᠠᠷᠢᠶ᠎ᠠ
ᠨᠡᠶᠢᠲᠡᠯᠡᠭᠰᠡᠨ ᠴᠠᠭ᠄
2021/3/19
ᠣᠣᠬᠠᠨ · ᠬᠠᠭᠳᠠ ᠵᠣᠬᠢᠶᠠᠪᠠ 服匿 ᠪᠣᠯ ᠾᠦᠩᠨᠦ ᠦᠭᠡ ᠶᠣᠮ᠃ ᠲᠣᠰ ᠦᠭᠡ ᠬᠠᠮᠤᠭ ᠠᠩᠬ᠎ᠠ ︽ᠬᠠᠨ ᠣᠯᠣᠰ ᠤᠨ ᠪᠢᠴᠢᠭ · ᠯᠢ ᠭᠤᠸᠠᠩ᠂ ᠰᠣ᠋ ᠵᠢᠶᠠᠨ ᠤ ᠨᠠᠮᠳᠠᠷ︾ ᠲᠤ ᠲᠠᠭᠠᠯᠳᠣᠭᠤᠯᠣᠨ ᠲᠡᠮᠳᠡᠭᠯᠡᠭᠰᠡᠨ ᠰᠣ᠋ ᠵᠢᠶᠠᠨ ᠤ ᠬᠦᠪᠡᠭᠦᠨ ᠰᠣ᠋ ᠡᠣ ᠶᠢᠨ ᠨᠠᠮᠳᠠᠷ ᠲᠤ ᠭᠠᠷᠳᠠᠭ ᠶᠣᠮ᠃ ᠣᠣᠯ ᠦᠭᠡ ᠨᠢ ᠰᠣ᠋ ᠡᠣ ᠾᠦᠩᠨᠦ ᠳᠤ ᠡᠯᠴᠢᠯᠡᠨ ᠣᠴᠢᠭᠰᠠᠨ ᠤ ᠲᠠᠷᠠᠭ᠎ᠠ᠂ ᠲᠡᠭᠦᠨ ᠤ ᠲᠡᠳ᠋ ᠡᠯᠴᠢᠨ ᠵᠠᠩ ᠱᠧᠩ ᠪᠣᠯᠣᠨ ᠡᠯᠴᠢᠨ ᠤ ᠲᠣᠰᠠᠯᠠᠭᠴᠢ ᠢᠥᠢ ᠴᠠᠩ ᠨᠡᠷ ᠾᠦᠩᠨᠦ ᠶᠢᠨ ᠴᠠᠨ ᠢᠥᠢ ᠪᠣᠯᠣᠨ ᠦᠵᠢ ᠬᠠᠳᠣᠨ ᠨᠢ ᠦᠪᠡᠷ ᠤᠨ ᠠᠷᠠᠳ ᠢᠷᠭᠡᠳ ᠲᠠᠢ ᠪᠠᠨ ᠶᠠᠮᠠᠷᠴᠣ ᠡᠷᠡᠭᠡ ᠴᠡᠭᠡᠷ ᠦᠭᠡᠢ ᠬᠠᠷᠢᠯᠴᠠᠨ ᠶᠠᠪᠣᠯᠴᠠᠳᠠᠭ ᠪᠠ ᠴᠠᠨ ᠢᠥᠢ ᠶᠢᠨ ᠣᠷᠳᠣᠨ ᠨᠢ ᠴᠦ ᠲᠡᠮᠡᠢ ᠪᠡᠯᠡᠳᠭᠡᠯ ᠰᠡᠷᠡᠮᠵᠢ ᠬᠤᠷᠢᠭ᠎ᠠ ᠴᠠᠭᠳᠠᠭᠤᠯ ᠦᠭᠡᠢ ᠪᠠᠶᠢᠳᠠᠯ ᠢ ᠬᠠᠷᠠᠭᠠᠳ ᠮᠠᠭᠤ ᠰᠠᠨᠠᠭ᠎ᠠ ᠲᠦᠷᠦᠵᠦ᠂ ᠬᠡᠷᠪᠡ ᠦᠪᠡᠷ ᠤᠨ ᠵᠠᠭᠤ ᠭᠠᠷᠣᠢ ᠬᠦᠴᠦᠨ ᠤ ᠬᠦᠮᠦᠨ ᠢᠶᠠᠨ ᠡᠳ᠋ ᠠᠰᠢᠭ ᠡᠷᠬᠡ ᠵᠡᠷᠭᠡ ᠪᠠᠷ ᠦᠳᠦᠭᠡᠪᠡᠯ᠂ ᠠᠳᠠᠭ ᠨᠢ ᠵᠢᠷᠠ ᠲᠠᠯᠠᠨ ᠠᠮᠢ ᠴᠦᠯᠡᠬᠦ ᠡᠷᠡᠰ ᠣᠯᠳᠠᠨ᠎ᠠ᠃ ᠡᠳᠡᠭᠡᠷ ᠬᠦᠮᠦᠨ ᠢᠶᠠᠨ ᠨᠢᠭᠤᠴᠠ ᠪᠠᠷ ᠵᠣᠬᠢᠶᠠᠨ ᠪᠠᠶᠢᠭᠤᠯᠵᠣ ᠰᠦᠨᠢ ᠲᠦᠯᠢ ᠪᠠᠷ ᠭᠠᠷ ᠬᠦᠳᠡᠯᠦᠨ ᠾᠦᠩᠨᠦ ᠶᠢᠨ ᠴᠠᠨ ᠢᠥᠢ ᠶᠢᠨ ᠣᠷᠳᠣᠨ ᠢ ᠭᠡᠨᠡᠳᠳᠡᠭᠦᠯᠦᠨ ᠲᠠᠭᠠᠷᠢᠪᠠᠯ᠂ ᠠᠪ ᠠᠮᠠᠷᠬᠠᠨ ᠰᠠᠨᠠᠭᠠᠨ ᠳᠠᠭᠠᠨ ᠬᠦᠷᠴᠦ ᠪᠣᠯᠣᠨ᠎ᠠ ᠭᠡᠵᠦ ᠵᠦᠪᠯᠡᠭᠡᠳ᠂ ᠰᠣ᠋ ᠡᠣ ᠵᠦᠪᠰᠢᠶᠡᠷᠡᠬᠦ ᠦᠭᠡᠢ ᠶᠢ ᠮᠡᠳᠡᠬᠦ ᠪᠣᠯᠬᠤᠷ᠂ ᠰᠣ᠋ ᠡᠣ ᠠᠴᠠ ᠲᠠᠯᠳᠠᠭᠤᠷ᠂ ᠦᠪᠡᠷ ᠤᠨ ᠲᠣᠣᠷᠠᠬᠢ ᠬᠦᠴᠦᠨ ᠤ ᠬᠦᠮᠦᠨ ᠢᠶᠠᠷ ᠬᠦᠯᠦᠰᠦᠯᠡᠵᠦ ᠠᠪᠴᠢᠷᠠᠭᠰᠠᠨ ᠵᠠᠭᠤ ᠭᠠᠷᠣᠢ ᠬᠦᠮᠦᠨ ᠢᠶᠠᠨ ᠨᠢᠭᠤᠴᠠ ᠪᠠᠷ ᠵᠣᠬᠢᠶᠠᠨ ᠪᠠᠶᠢᠭᠤᠯᠵᠣ᠂ ᠴᠠᠨ ᠢᠥᠢ ᠶᠢᠨ ᠣᠷᠳᠣᠨ ᠢ ᠭᠡᠨᠡᠳᠳᠡᠭᠦᠯᠦᠨ ᠲᠠᠭᠠᠷᠢᠵᠣ᠂ ᠴᠠᠨ ᠢᠥᠢ ᠪᠣᠶᠣ ᠲᠡᠭᠦᠨ ᠤ ᠦᠵᠢ ᠬᠠᠳᠣᠨ ᠢ ᠣᠣᠯᠭᠠᠭᠤᠯᠣᠨ ᠪᠠᠷᠢᠪᠴᠢᠯᠠᠬᠤ ᠪᠠᠷ ᠬᠤᠣᠪᠢᠯᠳᠣᠵᠠᠢ᠃ ᠭᠡᠳᠡᠯ᠎ᠡ ᠡᠳᠡᠭᠡᠷ ᠬᠦᠮᠦᠰ ᠲᠣᠲᠣᠷ᠎ᠠ ᠨᠢ ᠠᠮᠢ ᠪᠠᠨ ᠠᠯᠳᠠᠬᠤ ᠠᠴᠠ ᠠᠶᠣᠬᠤ ᠬᠦᠮᠦᠨ ᠪᠠᠶᠢᠭᠰᠠᠨ ᠪᠣᠯᠬᠤᠷ ᠣᠷᠪᠠᠵᠣ ᠬᠡᠷᠡᠭ ᠵᠠᠳᠠᠷᠠᠭᠰᠠᠨ ᠠᠴᠠ ᠪᠣᠯᠵᠣ᠂ ᠡᠨᠡ ᠡᠯᠴᠢ ᠲᠡᠳ᠋ ᠡᠯᠴᠢ ᠡᠯᠴᠢᠨ ᠤ ᠲᠣᠰᠠᠯᠠᠭᠴᠢ ᠪᠢᠴᠢᠭᠡᠴᠢ ᠵᠠᠷᠣᠴᠠ ᠵᠢᠴᠢ ᠲᠡᠷᠭᠡ ᠣᠨᠤᠭ᠎ᠠ ᠶᠢ ᠲᠣᠲᠣᠮᠳᠠᠬᠤ ᠬᠦᠴᠦᠨ ᠤ ᠬᠦᠮᠦᠨ᠂ ᠨᠡᠶᠢᠳᠡ ᠵᠠᠭᠤ ᠭᠠᠷᠣᠢ ᠬᠦᠮᠦᠨ ᠪᠦᠬᠦᠨ ᠢᠶᠠᠷ ᠢᠶᠠᠨ ᠪᠠᠷᠢᠪᠴᠢᠯᠠᠭᠳᠠᠵᠠᠢ᠃ ᠲᠡᠭᠡᠭᠡᠳ ᠰᠢᠭᠦᠭᠳᠡᠬᠦ ᠦᠶ᠎ᠡ ᠳᠤ ᠬᠡᠷᠡᠭ ᠤᠨ ᠭᠤᠣᠯ ᠲᠦᠷᠦᠭᠦᠥ ᠶᠢᠨ ᠨᠢᠭᠡᠨ ᠪᠣᠯᠬᠤ ᠡᠯᠴᠢ ᠶᠢᠨ ᠲᠣᠰᠠᠯᠠᠭᠴᠢ ᠢᠥᠢ ᠴᠠᠩ ᠪᠠᠰᠠ ᠲᠣᠰ ᠬᠡᠷᠡᠭ ᠢ ᠮᠡᠳᠡᠬᠦ ᠬᠡᠮᠡᠨ ᠣᠪᠯᠠᠵᠣ ᠲᠠᠰᠣ ᠮᠡᠯᠵᠢᠨ ᠭᠠᠷᠬᠤ ᠰᠠᠨᠠᠭ᠎ᠠ ᠲᠠᠢ ᠵᠢᠳᠭᠦᠵᠦ ᠪᠠᠶᠢᠭᠠᠳ᠂ ᠲᠡᠷᠡ ᠲᠣᠣᠷ᠎ᠠ ᠨᠢ ᠴᠠᠪᠴᠢᠭᠳᠠᠨ ᠠᠯᠠᠭᠳᠠᠭᠰᠠᠨ ᠢ ᠦᠵᠡᠭᠰᠡᠨ᠂ ᠨᠦᠭᠦᠭᠡ ᠨᠢᠭᠡ ᠬᠡᠷᠡᠭ ᠤᠨ ᠭᠤᠣᠯ ᠲᠦᠷᠦᠭᠦᠥ ᠪᠣᠯᠬᠤ ᠲᠡᠳ᠋ ᠡᠯᠴᠢ ᠵᠠᠩ ᠱᠧᠩ ᠲᠡᠷᠡ ᠲᠣᠣᠷ᠎ᠠ ᠪᠠᠨ ᠰᠦᠭᠦᠳᠦᠨ ᠮᠦᠷᠭᠦᠵᠦ ᠪᠠᠭᠤᠵᠣ ᠦᠭᠬᠦ ᠪᠠᠷ ᠭᠤᠶᠣᠴᠢᠯᠠᠵᠠᠢ᠃ ᠡᠨᠡ ᠦᠶ᠎ᠡ ᠰᠣ᠋ ᠡᠣ ᠬᠡᠳᠦᠶᠢᠪᠡᠷ ᠦᠨᠡᠬᠡᠷ ᠡᠨᠡᠬᠦ ᠬᠤᠣᠪᠢᠯᠳᠣᠭᠠᠨ ᠳᠤ ᠣᠷᠣᠯᠴᠠᠭᠰᠠᠨ ᠦᠭᠡᠢ ᠮᠦᠷᠳᠡᠭᠡᠨ ᠣᠷᠢᠳᠠᠰᠠ ᠮᠡᠳᠡᠬᠦ ᠦᠭᠡᠢ ᠪᠣᠯᠪᠠᠴᠣ᠂ ᠲᠡᠷᠡ ᠦᠪᠡᠷ ᠢᠶᠠᠨ ᠵᠢᠩᠬᠢᠨᠢ ᠡᠯᠴᠢ ᠪᠣᠯᠬᠤᠷ ᠪᠦᠬᠦ ᠬᠠᠷᠢᠭᠤᠴᠠᠯᠭ᠎ᠠ ᠶᠢ ᠡᠭᠦᠷᠭᠡᠯᠡᠬᠦ ᠨᠢ ᠵᠦᠢ ᠶᠣᠰᠣᠨ ᠤ ᠬᠡᠷᠡᠭ ᠬᠡᠮᠡᠨ ᠪᠣᠳᠣᠵᠣ᠂ ᠦᠪᠡᠷ ᠢᠶᠠᠨ ᠴᠦ ᠠᠯᠠᠭᠳᠠᠬᠤ ᠶᠠᠯ᠎ᠠ ᠳᠤ ᠣᠨᠠᠬᠤ ᠨᠢ ᠰᠡᠵᠢᠭᠯᠡᠰᠢ ᠦᠭᠡᠢ ᠬᠡᠷᠡᠭ ᠭᠡᠵᠦ ᠦᠵᠡᠭᠡᠳ᠂ ᠲᠠᠶᠢᠰᠣᠨ ᠳᠠᠭᠠᠨ ᠠᠯᠠᠭᠳᠠᠬᠤ ᠠᠴᠠ ᠦᠪᠡᠷ ᠢᠶᠠᠨ ᠦᠬᠦᠭᠰᠡᠨ ᠲᠡᠭᠡᠷ᠎ᠡ ᠬᠡᠮᠡᠨ ᠬᠦᠵᠦᠭᠦᠥ ᠪᠠᠨ ᠣᠭᠳᠣᠯᠵᠣ ᠦᠬᠦᠳᠭᠢᠨ ᠣᠨᠠᠵᠠᠢ᠃ ᠴᠠᠨ ᠢᠥᠢ ᠮᠡᠳᠡᠭᠡᠳ ᠰᠣ᠋ ᠡᠣ ᠰᠠᠶᠢᠨ ᠬᠦᠮᠦᠨ ᠪᠠᠶᠢᠨᠠᠮ ᠬᠡᠮᠡᠨ ᠦᠪᠡᠷ ᠤᠨ ᠡᠮᠴᠢ ᠪᠠᠨ ᠢᠯᠡᠭᠡᠵᠦ᠂ ᠲᠡᠭᠦᠨ ᠢ ᠠᠮᠢ ᠣᠷᠣᠭᠤᠯᠣᠨ ᠠᠪᠣᠷᠠᠨ ᠠᠪᠴᠠᠢ᠃ ᠲᠣᠬᠠᠢ ᠶᠢᠨ ᠦᠶ᠎ᠡ ᠳᠤ ᠾᠦᠩᠨᠦᠴᠦᠳ ᠲᠤ ᠶᠡᠬᠡᠪᠡᠷ ᠴᠢᠰᠦ ᠠᠯᠳᠠᠨ ᠱᠥᠺ ᠳᠤ ᠣᠷᠣᠭᠰᠠᠨ ᠬᠦᠮᠦᠨ ᠢ ᠠᠪᠣᠷᠠᠨ ᠠᠪᠬᠤ ᠡᠷᠳᠡᠮ ᠮᠡᠳᠡᠯᠭᠡ ᠪᠠᠶᠢᠭᠰᠠᠨ ᠪᠣᠯᠬᠤᠷ᠂ ︽ᠬᠤᠩᠬᠤᠷ ᠭᠠᠵᠠᠷ ᠭᠠᠯ ᠲᠦᠯᠡᠨ ᠬᠠᠯᠠᠰᠬᠠᠵᠣ᠂ ᠲᠡᠭᠡᠷ᠎ᠡ ᠨᠢ ᠰᠣ᠋ ᠡᠣ ᠶᠢ ᠡᠭᠡᠭᠡᠵᠦ ᠬᠦᠨᠵᠢᠯᠡ ᠬᠤᠪᠴᠠᠰᠣ ᠪᠠᠷ ᠬᠤᠴᠢᠵᠣ ᠲᠣᠯᠠᠭᠠᠴᠠᠭᠤᠯᠵᠣ ᠪᠠᠶᠢᠭᠠᠳ ᠪᠦᠬᠦ ᠪᠡᠶ᠎ᠡ ᠶᠢ ᠨᠢ ᠪᠦᠯᠢᠶᠡᠰᠭᠡᠨ ᠠᠮᠢ ᠣᠷᠣᠭᠤᠯᠵᠣ ᠠᠪᠣᠷᠠᠵᠣ ᠠᠪᠴᠠᠢ︾᠃ ᠡᠨᠡ ᠪᠣᠯ ᠱᠣᠺ ᠲᠤ ᠣᠷᠣᠭᠰᠠᠨ ᠬᠦᠮᠦᠨ ᠤ ᠪᠡᠶ᠎ᠡ ᠶᠢ ᠪᠦᠯᠢᠶᠡᠰᠭᠡᠨ᠂ ᠪᠡᠶ᠎ᠡ ᠶᠢᠨ ᠲᠣᠯᠠᠭᠠᠨ ᠢ ᠨᠢ ᠪᠠᠳᠣᠯᠠᠵᠣ ᠪᠠᠶᠢᠭᠠᠳ᠂ ᠲᠡᠭᠦᠨ ᠤ ᠵᠢᠵᠢᠭ ᠴᠢᠰᠣᠨ ᠡᠷᠭᠢᠯᠳᠡ ᠳᠤ ᠨᠡᠶᠢᠳᠡᠮ ᠴᠢᠨᠠᠷᠳᠠᠢ ᠴᠢᠰᠣ ᠡᠭᠡᠳᠡᠷᠡᠬᠦ ᠬᠤᠪᠢᠷᠠᠯᠳᠠ ᠶᠢ ᠬᠤᠷᠢᠭᠯᠠᠵᠣ᠂ ᠴᠢᠰᠣᠨ ᠡᠷᠬᠢᠯᠳᠡ ᠶᠢᠨ ᠠᠵᠢᠯᠯᠠᠭ᠎ᠠ ᠶᠢ ᠪᠠᠳᠣᠯᠠᠨ᠂ ᠰᠢᠷᠠᠭᠳᠠᠨ ᠢ ᠦᠬᠦᠯ ᠠᠴᠠ ᠠᠪᠣᠷᠠᠬᠤ ᠬᠠᠮᠤᠭ ᠵᠦᠪ ᠵᠠᠰᠠᠯ ᠪᠠᠶᠢᠵᠠᠢ᠃ ᠬᠤᠵᠢᠮ ᠤᠨ ᠮᠣᠩᠭᠤᠯᠴᠣᠳ  ᠲᠤ ᠡᠶᠢᠮᠦ ᠶᠡᠬᠡᠪᠡᠷ ᠴᠢᠰᠣ ᠠᠯᠳᠠᠨ ᠱᠣᠺ ᠲᠤ ᠣᠷᠣᠬᠤ ᠭᠡᠵᠦ ᠪᠠᠶᠢᠭ᠎ᠠ ᠰᠢᠷᠠᠭᠳᠠᠨ ᠢ ᠲᠡᠷᠡ ᠲᠣᠣᠷ᠎ᠠ ᠪᠠᠨ ᠦᠬᠡᠷ ᠨᠢᠳᠣᠯᠠᠵᠣ᠂ ᠠᠷᠠᠰᠣ ᠶᠢ ᠨᠢ ᠦᠪᠴᠢᠬᠦ ᠦᠭᠡᠷ ᠪᠠᠷ ᠣᠷᠢᠳᠠᠪᠠᠷ ᠭᠡᠳᠡᠰᠦ ᠲᠣᠲᠣᠷ ᠢ ᠭᠠᠷᠭᠠᠨ ᠠᠪᠴᠣ᠂ ᠰᠢᠷᠠᠭᠳᠠᠨ ᠢᠶᠠᠨ ᠦᠬᠡᠷ ᠤᠨ ᠬᠡᠪᠡᠯᠢ ᠳᠤ ᠨᠢᠴᠣᠭᠦᠨ ᠢᠶᠠᠷ ᠣᠷᠣᠭᠤᠯᠵᠣ᠂ ᠦᠬᠡᠷ ᠤᠨ ᠬᠠᠯᠠᠭᠤᠨ ᠢᠯᠴᠢ ᠪᠠᠷ ᠰᠢᠷᠠᠭᠳᠠᠨ ᠢᠶᠠᠨ ᠠᠪᠣᠷᠠᠬᠤ ᠲᠠᠢ ᠨᠢᠭᠡᠨ ᠠᠳᠠᠯᠢ ᠶᠣᠰᠣᠨ ᠠᠵᠠᠢ᠃ ᠡᠨᠡ ᠠᠷᠭ᠎ᠠ ᠣᠳᠣ ᠦᠶ᠎ᠡ ᠶᠢᠨ ᠠᠨᠠᠭᠠᠬᠤ ᠣᠬᠠᠭᠠᠨ ᠤ ᠶᠣᠰᠣ ᠵᠦᠢ ᠲᠠᠢ ᠴᠦ ᠲᠣᠩ ᠨᠡᠶᠢᠴᠡᠬᠦ ᠬᠡᠷᠡᠭ ᠶᠣᠮ᠃ ᠲᠡᠭᠡᠭᠡᠳ ᠰᠣ᠋ ᠡᠣ ᠶᠢ ᠵᠠᠰᠠᠨ ᠡᠳᠡᠭᠡᠭᠰᠡᠨ ᠤ ᠰᠡᠬᠦᠯᠡᠷ ᠲᠡᠭᠦᠨ ᠢ ᠾᠦᠩᠨᠦ ᠳᠤ ᠪᠠᠭᠤᠵᠣ ᠦᠭᠭᠦᠳᠦᠭᠡᠢ ᠭᠡᠵᠦ ᠱᠠᠭᠠᠷᠳᠠᠭᠰᠠᠨ ᠴᠦ ᠰᠣ᠋ ᠡᠣ ᠪᠠᠭᠤᠵᠣ ᠦᠭᠬᠦ ᠦᠭᠡᠢ ᠪᠣᠯᠬᠤᠷ᠂ ᠴᠠᠨ ᠢᠥᠢ ᠲᠡᠭᠦᠨ ᠢ ᠵᠢᠷᠣᠮ ᠲᠠᠢ ᠬᠦᠮᠦᠨ ᠪᠠᠶᠢᠨᠠᠮ ᠬᠡᠮᠡᠨ ᠦᠬᠦᠬᠦ ᠶᠠᠯ᠎ᠠ ᠠᠴᠠ ᠨᠢ ᠬᠡᠯᠳᠦᠷᠢᠭᠦᠯᠦᠨ᠂ ᠪᠠᠶᠢᠭᠠᠯ ᠲᠠᠯᠠᠢ ᠣᠷᠴᠢᠮ ᠢᠶᠠᠷ ᠬᠦᠷᠭᠡᠵᠦ ᠬᠤᠷᠢᠬᠤ ᠪᠠᠷ ᠰᠢᠢᠳᠭᠡᠨ ᠶᠠᠪᠣᠭᠤᠯᠵᠠᠢ᠃ ᠦᠨᠡᠨᠳᠡᠭᠡᠨ ᠬᠤᠷᠢᠬᠤ ᠪᠢᠰᠢ ᠾᠦᠩᠨᠦ ᠮᠣᠩᠭᠤᠯ ᠳᠤ ᠶᠠᠯᠠᠳᠠᠨ ᠬᠤᠷᠢᠬᠤ ᠱᠣᠷᠣᠩ ᠭᠡᠵᠦ ᠪᠠᠶᠢᠭ᠎ᠠ ᠦᠭᠡᠢ ᠪᠠᠶᠢᠵᠠᠢ᠃ ᠡᠶᠢᠮᠦ  ᠠᠴᠠ ᠬᠤᠷᠢᠬᠤ ᠴᠢᠬᠤᠯᠠ ᠲᠠᠢ ᠬᠦᠮᠦᠨ ᠢᠶᠠᠨ ᠬᠢᠳᠠᠳ ᠣᠷᠣᠨ ᠠᠴᠠ ᠨᠡᠩ ᠠᠯᠣᠰ ᠭᠠᠵᠠᠷ ᠠᠪᠠᠴᠢᠨ ᠲᠠᠯᠪᠢᠪᠠᠯ᠂ ᠲᠡᠭᠦᠨ ᠳᠤ ᠮᠣᠷᠢ ᠣᠨᠤᠭ᠎ᠠ ᠲᠠᠢ ᠪᠣᠯᠪᠠᠴᠣ᠂ ᠵᠠᠮ ᠮᠡᠳᠡᠬᠦ ᠦᠭᠡᠢ ᠪᠣᠯᠬᠤᠷ ᠲᠣᠳᠠᠭᠠᠨ ᠶᠠᠪᠣᠵᠣ ᠴᠢᠳᠠᠬᠤ ᠦᠭᠡᠢ ᠶᠣᠮ᠃ ᠢᠩᠬᠢᠭᠡᠳ ︽ᠬᠡᠳᠦᠨ ᠵᠢᠯ ᠤᠨ ᠲᠠᠷᠠᠭ᠎ᠠ ᠴᠠᠨ ᠢᠥᠢ ᠶᠢᠨ ᠲᠡᠭᠦᠥ ᠣᠣᠭᠠᠨ ᠸᠠᠩ ︵於靬王︶ ᠲᠠᠯᠠᠢ ᠲᠡᠭᠡᠷ᠎ᠡ ᠠᠩᠨᠠᠷ᠎ᠠ ᠢᠷᠡᠭᠡᠳ ᠁ ᠰᠣ᠋ ᠡᠣ ᠳᠤ ᠲᠡᠪᠡᠯ ᠬᠤᠪᠴᠠᠰᠣ᠂ ᠬᠤᠭᠤᠯᠠ ᠢᠳᠡᠭᠡᠨ ᠬᠦᠷᠭᠡᠪᠡ᠃ ᠭᠤᠷᠪᠠᠨ ᠵᠢᠯ ᠢᠯᠡᠭᠦᠥ ᠪᠣᠯᠣᠭᠠᠳ ᠡᠨᠡᠬᠦ ᠸᠠᠩ ᠡᠪᠡᠳᠴᠢᠯᠡᠨ ᠦᠬᠦᠬᠦ ᠠᠴᠠ ᠪᠠᠨ ᠡᠮᠦᠨ᠎ᠡ ᠪᠠᠰᠠ ᠰᠣ᠋ ᠡᠣ ᠳᠤ ᠠᠳᠣᠭᠤ ᠮᠠᠯ᠂ ᠬᠦᠨᠦᠭ ︵服匿︶ ᠰᠠᠪᠠ ᠪᠣᠯᠣᠨ ᠮᠣᠩᠭᠤᠯ ᠭᠡᠷ ︵ᠢᠰᠡᠭᠡᠢ ᠮᠠᠶᠢᠬᠠᠨ︶ ᠬᠦᠷᠭᠡᠵᠦᠬᠦᠢ︾ ᠭᠡᠵᠡᠢ᠃ ᠡᠨᠡᠬᠦ 服匿 ᠭᠡᠳᠡᠭ ᠦᠭᠡ ᠢᠩᠬᠢᠵᠦ ᠲᠡᠣᠬᠡᠨ ᠪᠢᠴᠢᠭ ᠲᠤ ᠢᠯᠠᠷᠠᠵᠠᠢ᠃ ᠾᠦᠩᠨᠦᠴᠦᠳ ᠰᠣ᠋ ᠡᠣ  ᠶᠢ ᠪᠠᠶᠢᠭᠠᠯ ᠲᠠᠯᠠᠢ ᠳᠤ ᠬᠤᠷᠢᠬᠤ ᠲᠠᠭᠠᠨ ᠪᠠᠰᠠ ᠲᠡᠭᠦᠨ ᠳᠤ ᠨᠢᠭᠡᠨ ᠾᠦᠩᠨᠦ ᠶᠢᠨ ᠪᠡᠯᠪᠡᠰᠦᠨ ᠡᠬᠡᠨᠡᠷ ᠢ ᠬᠠᠮᠳᠣ ᠶᠠᠪᠣᠭᠤᠯᠵᠣ᠂ ᠰᠣ᠋ ᠡᠣ ᠶᠢᠨ ᠠᠮᠢᠳᠣᠷᠠᠯ ᠠᠬᠤᠢ ᠶᠢ ᠲᠣᠲᠣᠮᠳᠠᠵᠣ ᠦᠭᠳᠦᠭᠡᠢ ᠬᠡᠮᠡᠨ ᠠᠮᠢᠳᠣᠷᠠᠯ ᠤᠨ ᠪᠦᠬᠦᠶᠢᠯᠡ ᠬᠡᠷᠡᠭᠰᠡᠯ ᠪᠣᠯᠣᠨ ᠮᠠᠯ ᠰᠦᠷᠦᠭ ᠦᠭᠴᠦ ᠶᠠᠪᠣᠭᠤᠯᠵᠠᠢ᠃ ᠡᠰᠡ ᠪᠦᠭᠡᠰᠦ ᠰᠣ᠋ ᠡᠣ ᠮᠡᠳᠦ ᠬᠢᠳᠠᠳ ᠭᠠᠵᠠᠷ ᠤᠨ ᠪᠢᠴᠢᠭᠳᠡᠨ ᠡᠷ᠎ᠡ ᠬᠤᠨᠢ ᠨᠢᠳᠣᠯᠠᠬᠤ ᠶᠢ ᠴᠦ ᠴᠢᠳᠠᠬᠤ ᠦᠭᠡᠢ ᠪᠣᠯᠬᠤᠷ᠂ ᠰᠦᠷᠦᠭ ᠬᠤᠨᠢ ᠲᠠᠢ ᠪᠠᠶᠢᠯ᠎ᠠ ᠴᠦ ᠬᠡᠰᠡᠨ ᠬᠡᠭᠡᠷ᠎ᠡ ᠲᠠᠯ᠎ᠠ ᠳᠤ ᠦᠯᠪᠡᠷᠡᠵᠦ ᠦᠬᠦᠬᠦ ᠠᠴᠠ ᠦᠭᠡᠷ᠎ᠡ ᠵᠠᠮ ᠦᠭᠡᠢ ᠶᠣᠮ᠃ ᠰᠣ᠋ ᠡᠣ ᠡᠨᠡ ᠮᠡᠳᠦ ᠪᠠᠷ ᠨᠡᠶᠢᠳᠡ ᠠᠷᠪᠠ ᠶᠢᠰᠦᠨ ᠵᠢᠯ ᠬᠤᠷᠢᠭᠳᠠᠵᠣ᠂ ᠡᠳᠦᠷᠵᠢᠨ ᠦᠪᠡᠷ ᠤᠨ ᠠᠮᠢ ᠭᠤᠣᠯ ᠢᠶᠠᠨ ᠠᠷᠭᠠᠴᠠᠬᠤ ᠬᠤᠨᠢᠨ ᠰᠦᠷᠦᠭ  ᠢᠶᠠᠨ ᠬᠠᠷᠢᠭᠤᠯᠵᠣ᠂ ᠾᠦᠩᠨᠦ ᠪᠦᠰᠡᠭᠦᠢ ᠲᠠᠢ ᠪᠠᠨ ᠬᠠᠮᠳᠣ ᠠᠮᠢᠳᠣᠷᠠᠵᠠᠢ᠃ ᠡᠨᠡ ᠬᠤᠭᠤᠷᠣᠨᠳᠣ ᠲᠡᠷᠡᠬᠦ ᠾᠦᠩᠨᠦ ᠪᠦᠰᠡᠭᠦᠢ ᠠᠴᠠ ᠲᠡᠭᠦᠨ ᠳᠤ ᠨᠢᠭᠡᠨ ᠬᠦᠪᠡᠭᠦᠨ ᠲᠦᠷᠦᠵᠦ ᠦᠰᠭᠡᠵᠦ ᠦᠭᠭᠦᠭᠰᠡᠨ ᠨᠢ᠂ ᠬᠤᠵᠢᠮ ᠰᠣ᠋ ᠡᠣ ᠣᠯᠣᠰ  ᠲᠠᠭᠠᠨ ᠬᠠᠷᠢᠭᠠᠳ ᠬᠡᠷᠡᠭ ᠵᠣᠷᠢᠭ ᠲᠤ ᠣᠷᠢᠶᠠᠭᠳᠠᠨ ᠬᠦᠢᠰᠦ ᠲᠡᠮᠳᠡᠷᠢᠭᠳᠡᠬᠦ ᠦᠶ᠎ᠡ ᠳᠤ ᠬᠠᠷᠢᠨ᠂ ᠦᠷ᠎ᠡ ᠦᠨᠳᠦᠰᠦ ᠵᠠᠯᠭᠠᠬᠤ ᠦᠯᠵᠡᠢ ᠲᠠᠢ ᠰᠠᠶᠢᠨ ᠬᠡᠷᠡᠭ ᠪᠣᠯᠵᠠᠢ᠃ ᠰᠣ᠋ ᠡᠣ ᠡᠨᠡᠬᠦ ᠬᠦᠪᠡᠭᠦᠨ ᠳᠡᠭᠡᠨ ᠰᠣ᠋ ᠲᠦᠩ ᠭᠦᠸᠧ ᠭᠡᠳᠡᠭ ᠨᠡᠷ᠎ᠡ ᠦᠭᠭᠦᠭᠰᠡᠨ ᠠᠵᠠᠢ᠃ ᠠᠷᠪᠠ ᠶᠢᠰᠦᠨ ᠵᠢᠯ ᠤᠨ ᠲᠠᠷᠠᠭ᠎ᠠ ᠬᠠᠨ ᠡᠣ ᠳ᠋ᠢ ᠬᠠᠭᠠᠨ ᠯᠢᠥ ᠴᠧ ᠦᠬᠦᠬᠦ ᠳᠡᠭᠡᠨ ᠲᠣᠯᠣᠭᠠᠬᠠᠨ ᠨᠠᠰᠣᠳᠠᠢ ᠦᠨᠦᠴᠢᠨ ᠬᠦᠪᠡᠭᠦᠨ ᠯᠢᠥ ᠹᠦ᠋ ᠯᠢᠩ ᠢᠶᠠᠨ ᠢᠳᠡᠭᠡᠯᠳᠦ ᠲᠦᠷᠪᠡᠨ ᠶᠡᠬᠡᠰ ᠲᠦᠰᠢᠮᠡᠳ ᠾᠦᠸᠧ ᠭᠤᠸᠠᠩ᠂ ᠶᠢᠨ ᠮᠢ ᠳ᠋ᠢ ︵ᠾᠦᠩᠨᠦ ᠬᠦᠮᠦᠨ᠂ ᠾᠦᠩᠨᠦ ᠶᠢᠨ ᠰᠢᠥ ᠲᠸᠥ ᠸᠠᠩ ᠤᠨ ᠲᠠᠶᠢᠽᠢ ᠬᠦᠪᠡᠭᠦᠨ ᠪᠠᠶᠢᠵᠠᠢ︶ ᠱᠠᠩ ᠭᠤᠸᠠᠨ ᠵᠢᠶᠧ᠂ ᠰᠠᠩ ᠬᠤᠩ ᠶᠠᠩ ᠵᠡᠷᠭᠡ ᠬᠦᠮᠦᠰ ᠲᠤ ᠭᠡᠷᠢᠶᠡᠰᠦᠯᠡᠨ ᠨᠠᠶᠢᠳᠠᠵᠠᠢ᠃ ᠡᠳᠡ ᠲᠦᠷᠪᠡᠨ ᠬᠦᠮᠦᠨ ᠲᠦᠷᠦ ᠶᠢᠨ ᠡᠷᠬᠡ ᠶᠢ ᠪᠠᠷᠢᠭᠠᠳ᠂ ᠬᠠᠨ ᠣᠯᠣᠰ ᠲᠠᠬᠢᠨ ᠾᠦᠩᠨᠦ ᠲᠠᠢ ᠣᠷᠣᠭᠴᠠᠨ ᠡᠪᠰᠡᠬᠦ ᠪᠣᠯᠣᠭᠰᠠᠨ ᠢᠶᠠᠷ ᠰᠣ᠋ ᠡᠣ ᠰᠠᠶ᠋ᠢ ᠬᠠᠨ ᠣᠯᠣᠰ ᠲᠠᠭᠠᠨ ᠪᠣᠴᠠᠵᠣ ᠴᠢᠳᠠᠵᠠᠢ᠃ ᠰᠣ᠋ ᠡᠣ ᠬᠠᠨ ᠣᠯᠣᠰ  ᠲᠠᠭᠠᠨ ᠪᠣᠴᠠᠬᠤ ᠪᠣᠯᠣᠭᠰᠠᠨ ᠳᠠᠭᠠᠨ ᠪᠠᠶᠠᠷᠯᠠᠵᠣ᠂ ᠦᠪᠡᠷ ᠤᠨ ᠬᠦᠪᠡᠭᠦᠨ ᠰᠣ᠋ ᠲᠦᠩ ᠭᠦᠸᠧ ᠶᠢ ᠾᠦᠩᠨᠦ ᠡᠬᠡ  ᠲᠠᠢ ᠨᠢ ᠬᠠᠮᠳᠣ ᠣᠷᠬᠢᠭᠠᠳ ᠶᠠᠪᠣᠭᠰᠠᠨ ᠶᠣᠮ᠃ ᠰᠣ᠋ ᠡᠣ ᠣᠯᠣᠰ ᠲᠠᠭᠠᠨ ᠪᠣᠴᠠᠭᠰᠠᠨ ᠤ ᠲᠠᠷᠠᠭ᠎ᠠ᠂ ᠲᠡᠭᠦᠨ ᠢ ᠬᠠᠷᠢᠶᠠᠳᠣ ᠣᠯᠣᠰ ᠢ ᠮᠡᠳᠡᠭᠴᠢ ︵典屬國᠂ ᠣᠳᠣᠬᠢ ᠪᠠᠷ ᠦᠵᠡᠪᠡᠯ ᠲᠦᠪ ᠤᠨ ᠦᠨᠳᠦᠰᠦᠳᠡᠨ ᠤ ᠵᠦᠪᠯᠡᠯ ᠤᠨ ᠡᠷᠬᠢᠯᠡᠭᠴᠢ︶ ᠨᠣᠶᠠᠨ ᠡᠷᠭᠦᠮᠵᠢᠯᠡᠨ᠂ ᠵᠢᠯ  ᠤᠨ ᠹᠦᠩᠯᠦ ᠬᠤᠶᠠᠷ ᠮᠢᠩᠭᠠᠨ ᠳ᠋ᠠᠨ ᠣᠯᠭᠤᠵᠣ᠂ ᠵᠣᠭᠤᠰ ᠬᠤᠶᠠᠷ ᠵᠠᠭᠤᠨ ᠲᠦᠮᠡᠨ ᠬᠡᠯᠬᠢᠶ᠎ᠡ ᠱᠠᠩᠨᠠᠨ᠂ ᠪᠠᠰᠠ ᠰᠠᠶᠢᠨ ᠲᠠᠷᠢᠶ᠎ᠠ ᠬᠤᠶᠠᠷ ᠴᠢᠩ᠂ ᠣᠷᠳᠣᠨ ᠭᠡᠷ ᠨᠢᠭᠡᠨ ᠬᠦᠷᠢᠶᠡᠯᠡᠩ ᠰᠣᠶᠣᠷᠬᠠᠪᠠᠢ ᠭᠡᠵᠡᠢ᠃ ᠨᠢᠭᠡᠯ᠎ᠡ ᠦᠭᠡ ᠪᠠᠷ ᠶᠠᠷᠢᠪᠠᠯ᠂ ᠵᠢᠩᠬᠢᠨᠢ ᠮᠣᠵᠢ ᠶᠢᠨ ᠲᠡᠰ ᠤᠨ ᠶᠡᠭᠡ ᠨᠣᠶᠠᠨ ᠪᠣᠯᠵᠠᠢ᠃ ᠲᠡᠭᠡᠭᠡᠳ ᠲᠡᠷᠡ ᠦᠪᠡᠷ ᠤᠨ ᠦᠳᠡᠯ᠎ᠡ ᠨᠠᠰᠣᠨ  ᠤ ᠴᠠᠭ ᠬᠤᠭᠤᠴᠠᠭ᠎ᠠ ᠶᠢ ᠦᠪᠡᠷ ᠢ ᠪᠠᠨ ᠮᠠᠵᠣᠣᠯᠠᠬᠤ᠂ ᠾᠦᠩᠨᠦ ᠶᠢ ᠮᠠᠭᠤᠯᠠᠬᠤ ᠪᠠᠷ ᠠᠵᠢᠯ ᠦᠢᠯᠡᠰ ᠪᠣᠯᠭᠠᠨ᠂ ᠠᠯᠢ ᠣᠯᠠᠨ ᠵᠣᠪᠠᠭᠤᠷᠢ ᠵᠦᠳᠡᠭᠦᠷᠢ ᠪᠠᠨ ᠲᠣᠭᠠᠴᠢᠭᠰᠠᠨ ᠵᠣᠬᠢᠶᠠᠯ ᠪᠢᠴᠢᠵᠦ᠂ ᠨᠡᠩ ᠣᠯᠠᠨ ᠣᠯᠣᠰ ᠲᠦᠷᠦ ᠶᠢᠨ ᠬᠦᠷᠦᠩᠭᠡ ᠳᠤ ᠲᠣᠷᠠᠯᠠᠵᠣ᠂ ᠲᠡᠭᠦᠨ ᠤ ᠣᠯᠣᠰ ᠲᠠᠭᠠᠨ ᠪᠠᠶᠢᠭ᠎ᠠ ᠦᠷ᠎ᠡ ᠬᠦᠪᠡᠭᠦᠳ ᠠᠴᠢ ᠵᠢᠴᠢ ᠨᠡᠷ ᠲᠤ ᠪᠠᠨ ᠣᠯᠣᠰ ᠲᠦᠷᠦ ᠶᠢᠨ ᠦᠪ ᠬᠦᠷᠦᠩᠭᠡ ᠪᠣᠯᠭᠠᠨ᠂ ᠬᠠᠪᠰᠣᠷᠣᠯᠭ᠎ᠠ ᠲᠡᠮᠵᠢᠯᠭᠡ ᠦᠵᠡᠭᠦᠯᠬᠦ ᠪᠠᠷ ᠲᠦᠯᠦᠪᠯᠡᠵᠡᠢ᠃ ᠭᠡᠳᠡᠯ᠎ᠡ ᠲᠡᠬᠦᠨ ᠤ ᠰᠠᠶᠢᠨ ᠬᠡᠷᠡᠭ ᠰᠠᠨᠠᠭᠠᠴᠢᠯᠠᠨ ᠪᠦᠳᠦᠭᠰᠡᠨ ᠦᠭᠡᠢ᠃ ᠲᠡᠮᠡᠢ ᠣᠳᠠᠯ ᠦᠭᠡᠢ ᠬᠠᠭᠠᠨ ᠤ ᠬᠡᠷᠢᠶᠡᠰ  ᠢ ᠬᠦᠯᠢᠶᠡᠭᠰᠡᠨ ᠨᠢᠭᠡᠨ ᠶᠡᠬᠡᠰ ᠳᠦᠰᠢᠮᠡᠯ ᠶᠢᠨ ᠮᠢ ᠳ᠋ᠢ ᠦᠬᠦᠵᠦ᠂ ᠱᠠᠩ ᠭᠤᠸᠠᠨ ᠵᠢᠶᠧ ᠪᠣᠯᠣᠨ ᠰᠠᠩ ᠬᠤᠩ ᠶᠠᠩ ᠬᠤᠶᠠᠭᠤᠯᠠ ᠬᠤᠣᠪᠢᠯᠳᠣᠨ ᠨᠡᠶᠢᠯᠡᠵᠦ᠂ ᠭᠤᠣᠯ ᠡᠷᠬᠡ ᠪᠠᠷᠢᠵᠣ ᠪᠠᠶᠢᠭ᠎ᠠ ᠾᠦᠸᠧ ᠭᠤᠸᠠᠩ ᠢᠶᠠᠨ ᠣᠷᠣᠭᠤ ᠬᠢᠬᠦ  ᠪᠠᠷ ᠪᠠᠵᠠᠭᠠᠵᠣ᠂ ᠬᠠᠭᠠᠨ ᠤ ᠲᠦᠷᠦᠯ ᠤᠨ ᠸᠠᠩ ᠨᠡᠷ ᠲᠠᠢ ᠲᠠᠯᠳᠠᠭᠤᠷ ᠬᠤᠯᠪᠣᠭᠠᠯᠠᠨ ᠨᠢᠯᠬ᠎ᠠ ᠪᠠᠭ᠎ᠠ ᠬᠠᠭᠠᠨ ᠢᠶᠠᠨ ᠵᠠᠶᠢᠯᠠᠭᠤᠯᠣᠨ᠂ ᠾᠦᠸᠧ ᠭᠤᠸᠠᠩ ᠮᠡᠳᠦᠰ ᠢ ᠠᠷᠢᠯᠭᠠᠬᠤ ᠪᠠᠷ ᠨᠢᠭᠤᠴᠠ ᠪᠠᠷ ᠵᠦᠪᠳᠡᠯᠴᠡᠵᠦ ᠪᠠᠶᠢᠭᠠᠳ ᠬᠡᠷᠡᠭ ᠰᠡᠷᠡᠭᠳᠡᠵᠦ᠂ ᠰᠣ᠋ ᠡᠣ ᠶᠢᠨ ᠰᠠᠶᠢᠨ ᠨᠠᠶᠢᠵᠠ ᠪᠠᠶᠢᠭᠰᠠᠨ ᠱᠠᠩ ᠭᠤᠸᠠᠨ ᠵᠢᠶᠧ ᠪᠣᠯᠣᠨ ᠰᠠᠩ ᠬᠤᠩ ᠶᠠᠩ ᠪᠦᠷ ᠬᠦᠢᠰᠦ ᠲᠡᠮᠳᠡᠷᠢᠭᠳᠡᠬᠦ ᠶᠠᠯ᠎ᠠ ᠳᠤ ᠣᠨᠠᠵᠠᠢ᠃ ᠡᠨᠡᠬᠦ ᠬᠡᠷᠡᠭ ᠲᠤ ᠰᠣ᠋ ᠡᠣ ᠶᠢᠨ ᠣᠯᠣᠰ ᠲᠠᠭᠠᠨ ᠬᠠᠭᠠᠨ ᠲᠦᠷᠦ ᠶᠢᠨ ᠳᠦᠰᠢᠮᠡᠯ ᠪᠠᠶᠢᠭᠰᠠᠨ ᠬᠦᠪᠡᠭᠦᠳ ᠨᠢ ᠴᠦ ᠵᠦᠭᠡᠷ ᠪᠠᠶᠢᠭᠰᠠᠨ ᠦᠭᠡᠢ᠂ ᠬᠠᠭᠠᠨ ᠢᠶᠠᠨ ᠵᠠᠶᠢᠯᠠᠭᠤᠯᠬᠤ ᠨᠢᠭᠤᠴᠠ ᠵᠦᠪᠯᠡᠯ ᠳᠤ ᠪᠦᠷ ᠭᠠᠷ ᠪᠡᠶ᠎ᠡ ᠪᠠᠷ ᠣᠷᠣᠯᠴᠠᠵᠣ ᠪᠠᠶᠢᠭᠰᠠᠨ ᠪᠣᠯᠬᠤᠷ᠂ ᠰᠣ᠋ ᠣᠪᠣᠭᠳᠠᠨ ᠤ ᠨᠢᠭᠡᠨ ᠭᠡᠷ ᠴᠦ ᠬᠦᠢᠰᠦ ᠲᠡᠮᠳᠡᠷᠢᠭᠳᠡᠬᠦ ᠶᠠᠯ᠎ᠠ ᠳᠤ ᠣᠨᠠᠵᠠᠢ᠃ ᠭᠡᠶ᠎ᠡ ᠬᠠᠭᠠᠨ ᠤ ᠬᠢᠨᠢ ᠲᠠᠯᠠᠢ ᠮᠡᠳᠦ ᠦᠷᠦᠰᠢᠶᠡᠯ ᠢᠶᠠᠷ ᠰᠣ᠋ ᠡᠣ ᠠᠯᠠᠭᠳᠠᠬᠤ ᠶᠠᠯ᠎ᠠ ᠲᠠᠢ ᠪᠠᠶᠢᠭᠰᠠᠨ ᠴᠦ ᠲᠡᠭᠦᠨ ᠳᠤ ᠣᠨᠴᠠ ᠬᠠᠷᠠᠭᠠᠯᠵᠠᠯ ᠦᠵᠡᠭᠦᠯᠦᠨ ᠨᠢᠭᠡᠨ ᠭᠡᠷ ᠤᠨ ᠬᠤᠷᠢ ᠭᠤᠴᠢᠨ ᠬᠦᠮᠦᠨ ᠠᠴᠠ ᠭᠠᠭᠴᠠ ᠲᠡᠭᠦᠨ ᠤ ᠠᠮᠢ ᠶᠢ ᠦᠯᠡᠳᠡᠭᠡᠵᠡᠢ᠃ ᠡᠨᠡ ᠦᠶ᠎ᠡ ᠳᠤ ᠰᠣ᠋ ᠡᠣ ᠶᠢᠨ ᠨᠣᠶᠠᠨ ᠵᠡᠷᠭᠡ ᠨᠢ ᠴᠦ ᠬᠤᠰᠣᠭᠳᠠᠨ᠂ ᠴᠣᠬᠤᠮ ᠭᠤᠣᠨᠢ ᠪᠡᠶ᠎ᠡ ᠭᠤᠵᠣᠩ ᠲᠣᠯᠣᠭᠠᠢ ᠲᠠᠢ᠂ ᠵᠢᠷᠠ ᠶᠢ ᠭᠠᠷᠴᠣ ᠵᠠᠵᠢᠨ ᠦᠰᠦ ᠨᠢ ᠴᠠᠶᠢᠷᠠᠭᠰᠠᠨ ᠡᠪᠦᠭᠡᠨ ᠭᠤᠶᠢᠷᠠᠨᠴᠢᠯᠠᠬᠤ ᠬᠡᠮᠵᠢᠶᠡᠨ ᠳᠤ ᠬᠦᠷᠪᠡ᠃ ᠵᠠᠪᠰᠢᠶᠠᠨ ᠢᠶᠠᠷ ᠬᠠᠭᠤᠴᠢᠨ ᠨᠠᠶᠢᠵᠠ ᠨᠠᠷ ᠨᠢ ᠵᠢᠭᠠᠯ ᠵᠢᠭᠤᠯ ᠲᠣᠰᠠᠯᠠᠮᠵᠢ ᠦᠵᠡᠭᠦᠯᠦᠭᠰᠡᠨ ᠢᠶᠠᠷ ᠠᠮᠢ ᠭᠤᠣᠯ ᠵᠠᠯᠭᠠᠨ ᠬᠡᠳᠦᠨ ᠵᠢᠯ ᠪᠣᠯᠵᠠᠢ᠃ ᠬᠡᠳᠦᠬᠡᠨ ᠵᠢᠯ ᠤᠨ ᠲᠠᠷᠠᠭ᠎ᠠ ᠬᠠᠨ ᠣᠯᠣᠰ ᠤᠨ ᠵᠠᠯᠠᠭᠤ ᠪᠠᠯᠴᠢᠷ ᠨᠠᠰᠣᠨ ᠤ ᠵᠣᠣ ᠳ᠋ᠢ ᠬᠠᠭᠠᠨ ᠦᠬᠦᠵᠦ᠂ ᠰᠢᠨ᠎ᠡ ᠬᠠᠭᠠᠨ ᠭᠠᠷᠣᠭᠠᠳ᠂ ᠰᠣ᠋ ᠡᠣ ᠶᠢ ᠬᠠᠭᠤᠴᠢᠨ ᠲᠦᠷᠦ ᠶᠢᠨ ᠳᠦᠰᠢᠮᠡᠯ᠂ ᠰᠢᠨ᠎ᠠ ᠬᠠᠭᠠᠨ ᠢ ᠪᠠᠶᠢᠭᠤᠯᠬᠤ ᠳᠤ ᠭᠠᠪᠢᠶ᠎ᠠ ᠲᠠᠢ ᠬᠡᠮᠡᠨ ᠨᠣᠶᠠᠨ ᠵᠡᠷᠭᠡ ᠶᠢ ᠨᠢ ᠰᠡᠷᠭᠦᠭᠡᠵᠦ᠂ ᠲᠡᠭᠡᠷ᠎ᠡ ᠨᠢ ᠪᠠᠰᠠ ᠭᠤᠸᠠᠨ ᠨᠸᠢ ᠾᠸᠥ ᠬᠡᠷᠭᠢᠮ ᠨᠡᠮᠡᠵᠦ᠂ ᠭᠤᠷᠪᠠᠨ ᠵᠠᠭᠤᠨ ᠡᠷᠦᠬᠡ  ᠶᠢᠨ ᠢᠳᠡᠯᠭᠡ ᠶᠢᠨ ᠡᠷᠦᠬᠡ ᠣᠯᠭᠤᠵᠠᠢ᠃ ᠬᠤᠵᠢᠮ ᠬᠠᠭᠠᠨ ᠨᠢ ᠲᠡᠭᠦᠨ ᠤ ᠭᠤᠣᠨᠢ ᠪᠡᠶ᠎ᠡ ᠭᠤᠵᠣᠩ ᠲᠣᠯᠣᠭᠠᠢ ᠶᠢ ᠦᠵᠡᠭᠡᠳ ᠬᠦᠭᠡᠷᠦᠬᠦᠶᠢᠯᠡᠨ ᠠᠰᠠᠭᠤᠭᠰᠠᠨ᠎ᠠ ᠮᠡᠳᠡᠬᠦ ᠲᠦᠰᠢᠮᠡᠳ ᠨᠢ ᠬᠠᠭᠠᠨ ᠳᠠᠭᠠᠨ ᠰᠣ᠋ ᠡᠣ ᠾᠦᠩᠨᠦ ᠳᠤ ᠪᠠᠰᠠ ᠨᠢᠭᠡᠨ ᠰᠣ᠋ ᠲᠦᠩ ᠭᠦᠸᠧ ᠭᠡᠳᠡᠭ ᠬᠦᠪᠡᠭᠦᠨ ᠪᠠᠶᠢᠭ᠎ᠠ ᠶᠢ ᠮᠡᠳᠡᠭᠦᠯᠦᠭᠰᠡᠨ ᠳᠤ ᠬᠠᠭᠠᠨ ᠨᠢ ᠦᠷᠦᠰᠢᠶᠡᠯ ᠦᠵᠡᠭᠦᠯᠦᠨ ᠡᠯᠴᠢ ᠢᠯᠡᠭᠡᠨ᠂ ᠣᠯᠣᠰ ᠠᠴᠠ ᠵᠣᠭᠤᠰ ᠮᠦᠩᠭᠦ ᠭᠠᠷᠭᠠᠵᠣ ᠪᠠᠶᠢᠮᠠᠨ ᠡᠬᠡ ᠶᠢ ᠨᠢ ᠬᠠᠶᠠᠵᠣ᠂ ᠬᠦᠪᠡᠭᠦᠨ ᠢ ᠨᠢ ᠬᠠᠨ ᠣᠯᠣᠰ ᠲᠠᠭᠠᠨ ᠠᠪᠴᠢᠷᠠᠵᠣ᠂ ᠯᠠᠩ ᠳᠦᠰᠢᠮᠡᠯ ᠡᠷᠭᠦᠮᠵᠢᠯᠡᠵᠡᠢ ᠭᠡᠳᠡᠭ ᠶᠣᠮ᠃ ᠰᠣ᠋ ᠡᠣ ᠲᠡᠭᠡᠭᠡᠳ ᠱᠧᠨ ᠵᠢᠶᠣᠸᠠᠢ ᠶᠢᠨ ᠬᠤᠶᠠᠳᠣᠭᠠᠷ ᠣᠨ ᠳᠤ ᠨᠠᠶᠠᠨ ᠨᠠᠰᠣᠳᠠᠢ ᠦᠬᠦᠪᠡ᠃ ᠰᠣ᠋ ᠡᠣ ᠾᠦᠩᠨᠦ ᠳᠤ ᠪᠠᠭᠤᠵᠣ ᠦᠭᠭᠦᠭᠰᠡᠨ ᠦᠭᠡᠢ ᠨᠢ ᠵᠢᠷᠣᠮ᠂ ᠭᠡᠶ᠎ᠡ ᠣᠯᠣᠰ ᠳᠠᠭᠠᠨ ᠪᠣᠴᠠᠬᠤ ᠲᠠᠭᠠᠨ ᠬᠦᠪᠡᠭᠦᠨ ᠢᠶᠠᠨ ᠡᠬᠡ ᠲᠠᠢ ᠨᠢ ᠬᠠᠮᠳᠣ ᠬᠠᠶᠠᠵᠣ ᠶᠠᠪᠣᠭᠰᠠᠨ ᠨᠢ ᠠᠴᠢ ᠶᠢ ᠦᠳᠡᠭᠡᠷᠡᠨ ᠬᠡᠷᠡᠭ ᠶᠣᠮ᠃ ᠬᠤᠵᠢᠮ ᠬᠠᠭᠠᠨ ᠤ ᠪᠠᠨ ᠦᠷᠦᠰᠢᠶᠡᠯ ᠢᠶᠠᠷ ᠾᠦᠩᠨᠦ ᠳᠤ ᠪᠠᠶᠢᠭ᠎ᠠ ᠬᠦᠪᠡᠭᠦᠨ ᠢᠶᠠᠨ ᠠᠪᠠᠴᠢᠬᠤ ᠳᠠᠭᠠᠨ ᠡᠬᠡ ᠶᠢ ᠨᠢ ᠠᠪᠠᠴᠢᠭᠰᠠᠨ ᠦᠭᠡᠢ ᠨᠢ ᠨᠡᠩ ᠵᠢᠷᠣᠮ ᠦᠭᠡᠢ ᠶᠢᠨ ᠲᠦᠢᠯ ᠪᠣᠯᠵᠠᠢ᠃ ᠶᠠᠭᠠᠬᠢᠨ ᠬᠢᠳᠠᠳ ᠰᠣᠶᠣᠯ ᠤᠨ ᠦᠭᠡᠷ᠎ᠡ ᠦᠨᠳᠦᠰᠦᠳᠡᠨ ᠶᠠᠰᠣᠳᠠᠨ ᠢ ᠢᠵᠢᠯ ᠪᠣᠰᠣ ᠲᠦᠷᠦᠯᠳᠡᠨ ᠬᠡᠮᠡᠨ ᠲᠣᠷᠣᠮᠵᠢᠯᠠᠨ ᠦᠵᠡᠬᠦ ᠪᠣᠷᠣᠩᠬᠠᠢ ᠰᠣᠶᠣᠯ ᠢᠶᠠᠷ ᠲᠠᠶᠢᠯᠪᠣᠷᠢᠯᠠᠨ ᠴᠠᠭᠠᠷᠠᠭᠤᠯᠵᠣ ᠪᠣᠯᠬᠤ ᠠᠵᠠᠢ︖ ᠣᠨᠴᠠᠭᠠᠶᠢᠯᠠᠨ ᠰᠣ᠋ ᠡᠣ ᠶᠢᠨ ᠡᠨᠡ ᠬᠡᠷᠡᠭ ᠢ ᠲᠡᠭᠦᠨ ᠲᠠᠢ ᠨᠢᠭᠡᠨ ᠦᠶ᠎ᠡ ᠶᠢᠨ ᠬᠦᠮᠦᠨ ᠮᠦᠷᠳᠡᠭᠡᠨ ᠢᠵᠢᠯᠬᠡᠨ ᠣᠴᠠᠷᠠᠯ ᠲᠠᠢ ᠵᠠᠩ ᠴᠢᠶᠠᠨ ᠭᠡᠳᠡᠭ ᠬᠦᠮᠦᠨ ᠲᠠᠢ ᠬᠠᠷᠢᠴᠠᠭᠤᠯᠪᠠᠯ᠂ ᠲᠡᠭᠦᠨ ᠤ ᠬᠦᠮᠦᠨ ᠴᠢᠨᠠᠷ ᠮᠠᠰᠢ ᠲᠣᠣᠷ᠎ᠠ ᠭᠡᠰᠡᠨ ᠨᠢ ᠨᠡᠩ ᠲᠣᠲᠣᠷᠬᠠᠢ ᠢᠯᠡᠷᠡᠨ᠎ᠡ᠃ ᠵᠠᠩ ᠴᠢᠶᠠᠨ ᠪᠣᠯ ︽ᠰᠢ ᠢᠥᠢ ᠳᠤ ᠨᠡᠪᠳᠡᠷᠡᠪᠡᠢ︾ ᠬᠡᠮᠡᠨ ᠬᠢᠳᠠᠳ ᠰᠣᠶᠣᠯ ᠳᠤ ᠮᠠᠰᠢᠳᠠ ᠭᠠᠶᠢᠬᠠᠭᠤᠯᠣᠨ ᠮᠠᠭᠳᠠᠳᠠᠭ ᠲᠡᠣᠬᠡᠳᠦ ᠪᠠᠭᠠᠳᠣᠷ ᠶᠣᠮ᠃ ᠲᠡᠷᠡ ᠮᠦᠨ ᠾᠦᠩᠨᠦ ᠶᠢᠨ ᠪᠠᠷᠠᠭᠤᠨ ᠬᠤᠶᠢᠨ᠎ᠠ ᠪᠠᠶᠢᠭ᠎ᠠ ᠦ ᠰᠦᠨ ᠠᠶᠢᠮᠠᠭ ᠳᠤ ᠡᠯᠴᠢᠯᠡᠨ᠂ ᠬᠠᠨ ᠣᠯᠣᠰ ᠦ ᠰᠦᠨ ᠲᠠᠢ ᠬᠠᠮᠰᠠᠨ ᠾᠦᠩᠨᠦ ᠶᠢ ᠲᠣᠪᠳᠣᠯᠬᠤ ᠬᠤᠯᠪᠣᠭ᠎ᠠ ᠲᠣᠭᠳᠠᠬᠤ ᠪᠠᠷ ᠡᠯᠴᠢᠯᠡᠨ ᠶᠠᠪᠣᠵᠠᠢ᠂ ᠭᠡᠳᠡᠯ᠎ᠡ ᠶᠠᠪᠣᠬᠤ ᠵᠠᠮ ᠨᠢ ᠵᠠᠪᠠᠯ ᠾᠦᠩᠨᠦ ᠪᠠᠷ ᠦᠩᠭᠡᠷᠡᠬᠦ ᠪᠣᠯᠬᠤᠷ ᠾᠦᠩᠨᠦ ᠳᠤ ᠪᠠᠷᠢᠭᠳᠠᠵᠠᠢ᠃ ᠾᠦᠩᠨᠦ ᠶᠢᠨ ᠲᠣᠬᠠᠢ ᠶᠢᠨ ᠦᠶ᠎ᠡ ᠶᠢᠨ ᠴᠠᠨ ᠢᠥᠢ ᠨᠢ ᠵᠠᠩ ᠴᠢᠶᠠᠨ ᠳᠤ᠂ ᠮᠠᠨ ᠤ ᠾᠦᠩᠨᠦ ᠣᠯᠣᠰ ᠡᠮᠦᠨᠡᠳᠦ ᠶᠣᠸᠠᠢ ᠣᠯᠣᠰ  ᠯᠤᠭ᠎ᠠ ᠨᠡᠪᠳᠡᠷᠡᠰᠦᠭᠡᠢ ᠬᠡᠮᠡᠨ ᠰᠠᠨᠠᠮᠣᠢ᠃ ᠴᠢᠨᠦ ᠦᠵᠡᠬᠦ ᠪᠠᠷ ᠲᠠᠨ ᠤ ᠬᠠᠨ ᠣᠯᠣᠰ ᠤᠨ ᠬᠠᠭᠠᠨ ᠡᠭᠦᠨ ᠢ ᠵᠦᠪᠰᠢᠷᠡᠭᠦ ᠶᠣᠮ ᠦᠦ ᠭᠡᠵᠦ ᠠᠰᠠᠭᠤᠭᠰᠠᠨ ᠳᠤ ᠵᠠᠩ ᠴᠢᠶᠠᠨ ᠯᠠᠪ ᠵᠦᠪᠰᠢᠷᠡᠬᠦ ᠦᠭᠡᠢ ᠭᠡᠵᠦ ᠦᠨᠡᠨ ᠢᠶᠠᠨ ᠬᠡᠯᠡᠵᠡᠢ ᠃ ᠲᠡᠭᠡᠭᠡᠳ ᠴᠠᠨ ᠢᠥᠢ᠂ ᠴᠢ ᠡᠨᠡ ᠶᠣᠰᠣ ᠶᠢ ᠮᠡᠳᠡᠵᠦ ᠪᠠᠶᠢᠭᠠᠳ ᠮᠠᠨ ᠤ ᠣᠯᠣᠰ ᠢ ᠲᠠᠮᠵᠢᠨ ᠮᠠᠨ ᠤ ᠲᠠᠶᠢᠰᠣᠨ ᠣᠯᠣᠰ ᠳᠤ ᠬᠦᠷᠴᠦ ᠴᠢᠳᠠᠮᠣᠢ ᠦᠦ ᠬᠡᠮᠡᠨ᠂ ᠵᠠᠩ ᠴᠢᠶᠠᠨ ᠢ ᠬᠤᠷᠢᠬᠤ ᠪᠠᠷ ᠲᠣᠭᠳᠠᠵᠠᠢ᠂ ᠲᠡᠷᠡ ᠾᠦᠩᠨᠦ ᠳᠤ ᠬᠤᠶᠢᠨ᠎ᠠ ᠡᠮᠦᠨ᠎ᠡ ᠠᠷᠪᠠᠨ ᠬᠡᠳᠦᠨ ᠵᠢᠯ ᠬᠤᠷᠢᠭᠳᠠᠭᠰᠠᠨ ᠲᠡᠣᠬᠡ ᠲᠠᠢ ᠮᠦᠷᠳᠡᠭᠡᠨ ᠰᠣ᠋ ᠡᠣ ᠲᠠᠢ ᠨᠢᠭᠡᠨ ᠠᠳᠠᠯᠢ ᠪᠠᠷ ᠪᠦᠷ ᠨᠢᠭᠡᠨ ᠪᠡᠯᠪᠡᠰᠣᠨ ᠡᠬᠡᠨᠡᠷ ᠢᠶᠠᠷ ᠬᠠᠷᠠᠭᠠᠯᠵᠠᠭᠤᠯᠬᠤ ᠣᠯᠭᠤᠮᠵᠢ ᠲᠠᠢ ᠪᠠᠶᠢᠪᠠ᠃ ᠡᠶᠢᠮᠦ ᠠᠴᠠ ᠵᠠᠩ ᠴᠢᠶᠠᠨ ᠤ ᠾᠦᠩᠨᠦ ᠡᠬᠡᠨᠡᠷ ᠨᠢ ᠡᠨᠡᠬᠦ ᠠᠷᠪᠠᠭᠠᠳ ᠵᠢᠯ ᠤᠨ ᠬᠤᠭᠤᠷᠣᠨᠳᠣ ᠲᠡᠭᠦᠨ ᠳᠤ ᠬᠦᠪᠡᠭᠦᠨ ᠬᠡᠣᠬᠡᠨ ᠬᠡᠳᠦᠨ ᠬᠡᠣᠬᠡᠳ ᠲᠦᠷᠦᠵᠦ ᠦᠰᠭᠡᠵᠦ ᠦᠭᠴᠡᠢ᠃ ᠵᠠᠩ ᠴᠢᠶᠠᠨ ᠾᠦᠩᠨᠦ ᠠᠴᠠ ᠲᠦᠷᠦᠭᠦᠥ ᠣᠳᠠᠭ᠎ᠠ ᠰᠢ ᠢᠥᠢ ᠵᠦᠭ ᠠᠮᠵᠢᠯᠳᠠ  ᠲᠠᠢ ᠣᠷᠭᠤᠵᠣ ᠭᠠᠷᠣᠭᠠᠳ᠂ ᠪᠣᠴᠠᠵᠣ ᠢᠷᠡᠬᠦ ᠲᠡᠭᠡᠨ ᠮᠦᠨ ᠾᠦᠩᠨᠦ ᠪᠠᠷ ᠦᠩᠭᠡᠷᠡᠬᠦ ᠪᠣᠯᠬᠤᠷ ᠲᠠᠬᠢᠨ ᠪᠠᠷᠢᠭᠳᠠᠵᠣ ᠬᠤᠷᠢᠭᠳᠠᠭᠰᠠᠨ ᠪᠣᠯᠪᠠᠴᠣ᠂ ᠲᠡᠷᠡ ᠾᠦᠩᠨᠦ ᠡᠬᠡᠨᠡᠷ ᠢᠶᠠᠨ ᠡᠷᠢᠨ ᠣᠯᠵᠣ᠂ ᠦᠷ᠎ᠡ ᠬᠡᠣᠬᠡᠳ ᠲᠠᠢ ᠪᠠᠨ ᠬᠠᠮᠳᠣ ᠠᠮᠢᠳᠣᠷᠠᠵᠣ ᠰᠠᠭᠤᠵᠠᠢ᠃ ᠲᠡᠭᠡᠭᠡᠳ ᠬᠤᠵᠢᠮ ᠾᠦᠩᠨᠦ ᠶᠢᠨ ᠲᠣᠲᠣᠭᠠᠳᠣ ᠶᠢᠨ ᠰᠠᠮᠠᠭᠤᠷᠠᠯ ᠢ ᠵᠠᠪᠰᠢᠨ ᠲᠠᠬᠢᠨᠳᠠ ᠲᠣᠳᠠᠭᠠᠨ ᠭᠠᠷᠴᠣ᠂ ᠬᠠᠨ ᠣᠯᠣᠰ ᠵᠦᠭ ᠲᠡᠭᠡᠨ ᠪᠣᠴᠠᠬᠤ ᠳᠠᠭᠠᠨ ᠾᠦᠩᠨᠦ ᠡᠬᠡᠨᠡᠷ ᠪᠣᠯᠣᠨ ᠬᠡᠣᠬᠡᠳ ᠰᠢᠣᠬᠠᠳ ᠢᠶᠠᠨ ᠨᠢᠭᠡᠴᠦ ᠣᠷᠬᠢᠭᠳᠠᠯ ᠦᠭᠡᠢ ᠲᠠᠭᠠᠭᠤᠯᠣᠨ ᠠᠪᠴᠢᠷᠠᠭᠰᠠᠨ ᠶᠣᠮ᠃ ᠠᠳᠡ ᠪᠢᠳᠡ ᠲᠡᠷᠡᠬᠦ ᠠᠯᠣᠰ ᠬᠤᠯᠠ ᠶᠢᠨ ᠴᠠᠭ ᠦᠶ᠎ᠡ ᠶᠢᠨ ᠾᠦᠩᠨᠦ ᠬᠦᠮᠦᠰ ᠦᠪᠡᠷ ᠤᠨ ᠬᠤᠷᠢᠭᠳᠠᠯ ᠢᠶᠠᠨ ᠬᠠᠷᠠᠭᠠᠯᠵᠠᠬᠤ ᠲᠦᠷᠦ ᠶᠢᠨ ᠪᠣᠳᠣᠯᠭ᠎ᠠ ᠶᠠᠮᠠᠷ ᠬᠦᠮᠦᠯᠢᠭ ᠪᠠᠶᠢᠭᠰᠠᠨ ᠢ ᠮᠡᠳᠡᠵᠦ ᠪᠣᠯᠣᠨ᠎ᠠ᠃ ᠬᠡᠷᠪᠡ ᠬᠠᠨ ᠣᠯᠣᠰ  ᠲᠤ ᠬᠤᠷᠢᠭᠳᠠᠵᠣ ᠪᠠᠶᠢᠭᠰᠠᠨ ᠾᠦᠩᠨᠦ ᠶᠢᠨ ᠡᠯᠴᠢᠳ ᠬᠠᠨ ᠣᠯᠣᠰ ᠲᠤ ᠪᠠᠭᠤᠵᠣ ᠦᠭᠬᠦ ᠦᠭᠡᠢ ᠪᠣᠯ ᠬᠠᠷ᠎ᠠ ᠱᠣᠷᠣᠩ ᠤᠨ ᠬᠠᠷᠠᠭᠠᠯᠵᠠᠯ ᠠᠴᠠ ᠦᠭᠡᠷ᠎ᠡ ᠶᠠᠭᠤ ᠪᠠᠶᠢᠭᠰᠠᠨ ᠪᠣᠯ︖ ᠲᠡᠣᠬᠡ ᠰᠣᠳᠣᠷ ᠠᠴᠠ ᠪᠢᠳᠡ ᠡᠨᠡ ᠲᠣᠬᠠᠢ ᠶᠠᠮᠠᠷᠴᠣ ᠰᠣᠷᠠᠭ ᠴᠢᠮᠡᠭᠡ ᠣᠯᠳᠠᠬᠤ ᠦᠭᠡᠢ ᠶᠣᠮ᠃ ᠣᠴᠢᠷ ᠨᠢ ᠲᠡᠷᠡ ᠪᠣᠯ ᠲᠡᠮᠦᠷ ᠬᠦᠰᠢᠭᠡᠨ ᠤ ᠠᠷᠣ ᠶᠢᠨ ᠬᠡᠷᠡᠭ ᠣᠴᠢᠷ ᠶᠣᠮ᠃ ᠡᠶᠢᠮᠦᠷᠬᠦ ᠬᠤᠷᠢᠭᠳᠠᠯ ᠣᠯᠵᠠᠯᠠᠭᠳᠠᠯ ᠲᠠᠭᠠᠨ ᠦᠵᠡᠬᠦᠯᠬᠦ ᠬᠠᠷᠠᠭᠠᠯᠵᠠᠯ ᠣᠯᠭᠤᠮᠵᠢ ᠪᠣᠯ ᠾᠦᠩᠨᠦ ᠪᠣᠯᠣᠨ ᠬᠤᠵᠢᠮ ᠤᠨ ᠮᠣᠩᠭᠤᠯ ᠳᠤ ᠪᠦᠷ ᠪᠠᠶᠢᠵᠠᠢ᠃ ᠮᠢᠩ ᠣᠯᠣᠰ ᠤᠨ ᠶᠢᠩ ᠽᠦᠩ ᠬᠠᠭᠠᠨ᠂ ᠡᠰᠡᠨ ᠲᠠᠶᠢᠱᠢ  ᠶᠢ ᠪᠡᠶ᠎ᠡ ᠪᠠᠷ ᠲᠠᠶᠢᠯᠠᠷ᠎ᠠ ᠲᠠᠪᠢᠨ ᠲᠦᠮᠡᠨ ᠶᠡᠭᠡ ᠴᠡᠷᠢᠭ ᠲᠠᠭᠠᠭᠤᠯᠣᠨ ᠭᠠᠷᠴᠣ᠂ ᠣᠳᠣᠬᠢ ᠬᠤᠸᠠᠢ ᠯᠠᠢ ᠰᠢᠶᠠᠨ ᠤ ᠪᠠᠷᠠᠭᠤᠨ ᠲᠠᠬᠢ ᠲᠦ᠋ ᠮᠦ᠋ ᠪᠣᠥ ᠭᠡᠳᠡᠭ ᠭᠠᠵᠠᠷ ᠲᠠᠶᠢᠨ ᠪᠣᠯᠵᠣ᠂ ᠮᠣᠩᠭᠤᠯ ᠤᠨ ᠬᠤᠶᠠᠷᠬᠠᠨ ᠲᠦᠮᠡᠨ ᠮᠣᠷᠢᠳᠣ ᠴᠡᠷᠢᠭ ᠲᠤ ᠪᠣᠳᠠ ᠨᠢᠷᠭᠡᠭᠳᠡᠨ᠂ ᠬᠠᠭᠠᠨ ᠢᠶᠠᠨ ᠲᠠᠭᠠᠯᠳᠣᠨ ᠭᠠᠷᠣᠭᠰᠠᠨ ᠲᠦᠷᠦ ᠭᠦᠷᠦᠨ ᠤ ᠬᠢᠨᠢ ᠵᠠᠭᠤ ᠭᠠᠷᠣᠢ ᠶᠡᠬᠡᠰ ᠳᠦᠰᠢᠮᠡᠳ ᠪᠦᠬᠦᠨ ᠢᠶᠠᠷ ᠢᠶᠠᠨ ᠬᠢᠳᠣᠭᠳᠠᠨ᠂ ᠬᠠᠭᠠᠨ ᠤ ᠪᠠᠶ᠎ᠠ ᠴᠦ ᠣᠯᠵᠠᠯᠠᠭᠰᠠᠳ ᠪᠣᠯᠣᠭᠰᠠᠨ ᠳᠤ᠂ ᠡᠰᠡᠨ ᠲᠠᠶᠢᠱᠢ ᠵᠡᠷᠭᠡ ᠶᠢᠨ ᠮᠣᠩᠭᠤᠯᠴᠣᠳ᠂ ᠶᠢᠩ ᠽᠦᠩ ᠬᠠᠭᠠᠨ ᠳᠤ ᠴᠦ ᠮᠦᠨ ᠨᠢᠭᠡᠨ ᠮᠣᠩᠭᠤᠯ ᠪᠦᠰᠡᠭᠦᠢ ᠲᠣᠬᠢᠷᠠᠭᠤᠯᠣᠨ ᠠᠮᠢᠳᠣᠷᠠᠯ ᠠᠬᠤᠢ ᠶᠢ ᠨᠢ ᠬᠠᠷᠠᠭᠠᠯᠵᠠᠭᠤᠯᠵᠣ ᠪᠠᠶᠢᠭᠰᠠᠨ ᠲᠡᠣᠬᠡ ᠲᠠᠢ ᠶᠣᠮ᠃ ᠲᠡᠭᠡᠭᠡᠳ ᠬᠠᠮᠢᠶ᠎ᠠ ᠪᠦᠬᠦᠢ ᠮᠣᠩᠭᠤᠯ ᠲᠡᠣᠬᠡᠨ ᠪᠢᠴᠢᠭ ᠲᠤ ᠲᠡᠮᠳᠡᠭᠯᠡᠨ ᠦᠯᠡᠳᠡᠭᠡᠭᠰᠡᠨ ᠠᠭᠤᠯᠭ᠎ᠠ ᠳᠤ ︽ᠮᠢᠩ ᠤᠨ ᠬᠠᠭᠠᠨ ᠢ ᠮᠣᠬᠤᠷ ᠰᠢᠥᠰᠦ ︵小子︖︶ ᠬᠡᠮᠡᠨ ᠨᠡᠷ᠎ᠡ ᠦᠭᠴᠦ᠂ ᠮᠠᠭᠤ ᠵᠠᠶᠠᠭᠠᠳᠣ ᠪᠦᠰᠡᠭᠦᠢ ᠪᠠᠷ ᠬᠠᠷᠠᠭᠠᠯᠵᠠᠭᠤᠯᠪᠠᠢ︾ ᠭᠡᠵᠡᠢ᠃ ᠵᠠ᠂ ᠰᠣ᠋ ᠡᠣ ᠶᠢᠨ ᠦᠯᠢᠭᠡᠷ ᠢ ᠠᠳᠡ ᠬᠦᠷᠳᠡᠯ᠎ᠡ ᠶᠠᠷᠢᠶ᠎ᠠ᠃ ᠲᠣᠰ ᠦᠯᠢᠭᠡᠷ ᠪᠣᠯ ᠦᠨᠡᠨ ᠲᠡᠣᠬᠡᠨ ᠬᠡᠷᠡᠭ ᠶᠣᠮ᠃ ᠡᠨᠡᠬᠦ ᠦᠯᠢᠭᠡᠷ ᠠᠴᠠ ᠾᠦᠩᠨᠦ — ᠮᠣᠩᠭᠤᠯ ᠤᠨ ︽ᠬᠠᠷᠬᠢᠰ ᠪᠦᠳᠦᠭᠦᠯᠢᠭ ᠪᠠᠯᠮᠠᠳ ᠬᠡᠷᠴᠡᠭᠡᠢ︾  ᠶᠢ ᠣᠯᠵᠣ ᠦᠵᠡᠬᠦ ᠶᠢᠨ ᠬᠠᠮᠳᠣ ᠪᠣᠯᠪᠠᠰᠣᠨ ᠮᠦᠷᠳᠡᠭᠡᠨ ᠲᠠᠪᠰᠢᠭᠰᠠᠨ ᠰᠣᠶᠣᠯ ᠲᠠᠢ ᠬᠢᠳᠠᠳ ᠲᠡᠣᠬᠡᠳᠦ ᠬᠦᠮᠦᠰ  ᠤᠨ ᠬᠤᠳᠠᠯ ᠬᠠᠭᠤᠷᠮᠠᠭᠴᠢ ᠬᠦᠮᠦᠯᠢᠭ ᠪᠣᠰᠣ ᠶᠢ ᠴᠦ ᠲᠣᠲᠣᠷᠬᠠᠢ ᠬᠠᠷᠠᠬᠤ ᠪᠣᠯᠣᠨ᠎ᠠ᠃ ︽ᠠᠯᠢᠪᠠ ᠪᠦᠬᠦᠨ ᠢ ᠬᠠᠷᠢᠴᠠᠭᠤᠯᠣᠨ ᠦᠵᠡᠬᠦ ᠨᠢ ᠲᠣᠯᠢᠳᠠᠵᠣ ᠪᠠᠶᠢᠭ᠎ᠠ ᠮᠡᠳᠦ︾ ᠭᠡᠰᠡᠨ ᠮᠡᠷᠭᠡᠨ ᠦᠭᠡ ᠪᠠᠷ ᠦᠯᠢᠭᠡᠷ ᠢᠶᠠᠨ ᠲᠠᠭᠤᠰᠬᠠᠶ᠎ᠠ 服匿 ᠭᠡᠳᠡᠭ ᠨᠡᠷ᠎ᠡ ᠦᠭᠡ ᠶᠢᠨ ᠢᠷᠡᠯᠳᠡ ᠶᠢ ᠣᠶᠢᠯᠭᠠᠯ᠎ᠠ᠃ ᠲᠣᠷᠣᠭᠰᠢ ᠲᠣᠰ ᠬᠤᠶᠠᠷ ᠬᠢᠳᠠᠳ ᠦᠰᠦᠭ  ᠢᠶᠠᠷ ᠲᠡᠮᠳᠡᠭᠯᠡᠭᠰᠡᠨ ᠾᠦᠩᠨᠦ ᠶᠢᠨ ᠡᠨᠡᠬᠦ ᠸᠠᠭᠠᠷ ᠰᠠᠪᠠ ᠶᠢᠨ ᠨᠡᠷᠡᠰ ᠢ ᠨᠠᠷᠢᠪᠴᠢᠯᠠᠨ ᠲᠠᠶᠢᠯᠪᠣᠷᠢᠯᠠᠶ᠎ᠠ᠃ 服匿 ︵fú nì︶᠄ ᠣᠳᠣ ᠦᠶ᠎ᠡ ᠳᠤ ᠪᠣᠯ fú nì ᠪᠠᠷ ᠣᠩᠰᠢᠨ᠎ᠠ ᠭᠡᠵᠦ ᠬᠢᠳᠠᠳ ᠲᠣᠯᠢ ᠪᠢᠴᠢᠭ  ᠤᠳ ᠢᠶᠠᠷ ᠮᠠᠰᠢ ᠨᠢᠭᠡᠳᠦᠯ ᠲᠠᠢ ᠲᠠᠶᠢᠯᠪᠣᠷᠢᠯᠠᠵᠠᠢ᠃ ᠲᠣᠲᠣᠷᠠᠭᠤᠯᠪᠠᠯ᠄ ︽国语辞典︾ ᠳᠤ 服匿 fú nì ᠭᠡᠳᠡᠭ ᠦᠭᠡ ᠪᠣᠯ ᠠᠷᠢᠬᠢ ᠪᠣᠶᠣ ᠰᠦ ᠲᠠᠷᠠᠭ ᠠᠬᠤᠭᠤᠯᠬᠤ ᠰᠠᠪᠠ ᠮᠦᠨ ᠭᠡᠵᠡᠢ᠃ ᠲᠡᠭᠡᠭᠡᠳ ᠲᠡᠭᠡᠷ᠎ᠡ ᠲᠣᠷᠠᠳᠣᠭᠰᠠᠨ ᠰᠣ᠋ ᠡᠣ ᠶᠢᠨ ᠨᠠᠮᠳᠠᠷ ᠠᠴᠠ ᠡᠰᠢ ᠲᠠᠲᠠᠨ ᠲᠠᠶᠢᠯᠪᠣᠷᠢᠯᠠᠪᠠ᠃ ᠬᠠᠨ ᠳ᠋ᠢᠶᠠᠨ ᠰᠦᠯᠵᠢᠶᠡᠨ ᠲᠣᠯᠢ ᠳᠤ 1.盛酒器᠂ 2.指旃帐 ᠭᠡᠵᠦ ᠬᠤᠶᠠᠷ ᠵᠦᠢᠯ ᠢᠶᠠᠷ ᠲᠠᠶᠢᠯᠪᠣᠷᠢᠯᠠᠪᠠ᠃ ᠣᠳᠣ ᠦᠶ᠎ᠡ  ᠶᠢᠨ ᠨᠡᠪᠳᠡᠷᠬᠡᠢ ᠪᠢᠴᠢᠭ ᠴᠦ ᠡᠭᠦᠨ ᠢ ᠦᠨᠳᠦᠰᠦᠯᠡᠨ ᠲᠣᠣᠷᠠᠬᠢ ᠮᠡᠳᠦ ᠬᠤᠶᠠᠷ ᠵᠦᠢᠯ ᠢᠶᠠᠷ ᠲᠠᠶᠢᠯᠪᠣᠷᠢᠯᠠᠵᠠᠢ᠃ ᠨᠢᠭᠡᠳᠦᠭᠡᠷ ᠲᠠᠶᠢᠯᠪᠣᠷᠢ᠄ ᠠᠷᠢᠬᠢ ᠠᠬᠤᠭᠤᠯᠳᠠᠭ ᠰᠠᠪᠠ᠂ ᠰᠣ᠋ ᠡᠣ ᠶᠢᠨ ᠨᠠᠮᠳᠠᠷ ᠲᠤ ᠭᠠᠷᠳᠠᠭ᠂ ᠶᠠᠨ ᠱᠢ ᠭᠦ᠋ ᠶᠢᠨ ᠲᠠᠶᠢᠯᠪᠣᠷᠢ ᠳᠠᠭᠠᠨ ᠮᠧᠩ ᠺᠠᠩ ᠤᠨ ᠦᠭᠡ ᠶᠢ ᠡᠰᠢᠯᠡᠨ ᠦᠬᠦᠯᠡᠭᠰᠡᠨ ᠨᠢ᠄ ︽服匿 ᠬᠡᠮᠡᠭᠴᠢ ᠸᠠᠭᠠᠷ ᠪᠣᠳᠣᠩ ᠪᠣᠯᠠᠢ᠂ ᠠᠮᠠᠰᠠᠷ ᠵᠢᠵᠢᠭ ᠬᠡᠪᠡᠯᠢ ᠠᠭᠤᠳᠠᠮ ᠢᠷᠣᠭᠠᠷ ᠲᠦᠷᠪᠡᠯᠵᠢᠨ ᠢᠷᠣᠭᠠᠷ ᠲᠠᠢ ᠠᠷᠢᠬᠢ ᠪᠣᠶᠣ ᠰᠦ ᠲᠠᠷᠠᠭ ᠠᠬᠤᠭᠤᠯᠳᠠᠭ ᠰᠠᠪᠠ ᠭᠡᠵᠡᠢ᠃ ᠶᠢᠨ ᠵᠦᠸᠧ ᠦᠭᠦᠯᠡᠭᠰᠡᠨ ᠨᠢ᠄ ᠾᠧ ᠳ᠋ᠦᠩ ᠤᠨ ᠣᠮᠠᠷᠠᠳᠣ ᠬᠢᠵᠠᠭᠠᠷ ᠤᠨ ᠬᠦᠮᠦᠰ ᠬᠤᠶᠠᠷ ᠳ᠋ᠸᠥ ᠶᠢᠨ ᠪᠠᠭᠳᠠᠭᠠᠮᠵᠢ ᠲᠠᠢ ᠵᠢᠵᠢᠭ ᠴᠢᠯᠠᠭᠤᠨ ᠪᠣᠳᠣᠩ ᠢ ᠪᠦᠷ 服匿 ᠭᠡᠳᠡᠭ ᠭᠡᠪᠡ᠂ ᠰᠦᠩ ᠳ᠋ᠠ ᠴᠠᠩ ᠪᠣᠯ ︽ᠴᠢ ᠽᠠ ᠵᠢᠢ ᠪᠢᠴᠢᠭ︾ ᠠᠴᠠ ᠡᠰᠢᠯᠡᠨ ᠦᠭᠦᠯᠡᠭᠰᠡᠨ ᠨᠢ᠄ ᠵᠢᠩ ᠯᠢᠩ ᠸᠠᠩ ᠽᠢ ᠯᠢᠶᠠᠩ ᠨᠢᠭᠡᠨ ᠡᠷᠳᠡᠨ ᠤ ᠰᠠᠪᠠ ᠣᠯᠵᠣᠬᠤᠢ᠃ ᠠᠮᠠᠰᠠᠷ ᠵᠢᠵᠢᠭ ᠬᠡᠪᠡᠯᠢ ᠲᠦᠷᠪᠡᠯᠵᠢᠨ ᠢᠷᠣᠭᠠᠷ ᠲᠡᠭᠰᠢ ᠪᠠᠷᠤᠭ ᠵᠢᠷᠭᠤᠭ᠎ᠠ ᠲᠣᠯᠣᠭᠠᠨ ᠱᠧᠩ ᠤᠨ ᠪᠠᠭᠳᠠᠭᠠᠮᠵᠢ ᠲᠠᠢ ᠪᠠᠶᠢᠯᠤᠭ᠎ᠠ᠃ ᠡᠭᠦᠨ ᠢᠶᠠᠨ ᠮᠢ ᠱᠦ᠋ ᠴᠧᠩ ᠲᠦᠰᠢᠮᠡᠯ ᠯᠣ᠋ ᠴᠧᠩ ᡁᠢ ᠳᠤ ᠦᠵᠡᠭᠦᠯᠦᠭᠰᠡᠨ ᠳᠤ ᠯᠣ᠋ ᠴᠧᠩ ᡁᠢ ᠦᠭᠦᠯᠡᠷᠦᠨ᠄ ᠡᠭᠦᠨ ᠤ ᠨᠡᠷ᠎ᠡ ᠶᠢ 服匿 ᠬᠡᠮᠡᠵᠦ ᠁ ᠣᠮᠠᠷᠠᠳᠣ ᠳ᠋ᠢ  ᠶᠢᠨ ᠬᠦᠮᠦᠰ ᠤᠨ ᠬᠡᠷᠡᠭᠯᠡᠳᠡᠭ ᠸᠠᠭᠠᠷ ᠰᠠᠪᠠ ᠪᠣᠯᠠᠢ ᠭᠡᠵᠡᠢ᠃ ᠠᠳᠡ ᠬᠡᠯᠡᠵᠦ ᠪᠠᠶᠢᠭ᠎ᠠ ᠵᠢᠩ ᠯᠢᠩ ᠸᠠᠩ ᠽᠢ ᠯᠢᠶᠠᠩ ᠭᠡᠳᠡᠭ ᠬᠦᠮᠦᠨ ᠪᠣᠯ ᠡᠮᠦᠨᠡᠳᠦ ᠣᠮᠠᠷᠠᠳᠣ ᠲᠦᠷᠦ ᠶᠢᠨ ᠦᠶ᠎ᠡ ᠶᠢᠨ ᠡᠮᠦᠨᠡᠳᠦ ᠴᠢ ᠣᠯᠣᠰ ᠤᠨ ᠬᠠᠭᠠᠨ ᠤ ᠭᠡᠷ ᠲᠦᠷᠦᠯ ᠤᠨ ᠨᠢᠭᠡᠨ ᠸᠠᠩ ᠶᠣᠮ᠃ ᠬᠤᠶᠠᠳᠣᠭᠠᠷ ᠲᠠᠶᠢᠯᠪᠣᠷᠢ᠄ ᠢᠰᠡᠭᠡᠢ ᠮᠠᠶᠢᠬᠠᠨ ︵ᠮᠣᠩᠭᠤᠯ ᠭᠡᠷ︶ ᠢ ᠦᠭᠦᠯᠯᠡᠮᠣᠢ᠂ ᠶᠠᠨ ᠱᠢ ᠭᠦ᠋ ᠶᠢᠨ ᠲᠠᠶᠢᠯᠪᠣᠷᠢ ᠳᠠᠭᠠᠨ ᠯᠢᠥ ᠳ᠋ᠧ ᠶᠢᠨ ᠦᠭᠡ ᠠᠴᠠ ᠡᠰᠢᠯᠡᠨ ᠦᠭᠦᠯᠡᠭᠰᠡᠨ ᠦᠭᠡᠨ  ᠳᠤ 服匿 ᠬᠡᠮᠡᠭᠴᠢ ᠵᠢᠵᠢᠭ ᠢᠰᠡᠭᠡᠢ ᠮᠠᠶᠢᠬᠠᠨ ᠮᠡᠳᠦ ᠭᠡᠳᠡᠭ ᠦᠭᠡ ᠪᠠᠶᠢᠳᠠᠭ ᠪᠣᠯᠬᠤᠷ᠂ ᠬᠤᠵᠢᠮ ᠤᠨ ᠬᠦᠮᠦᠰ ᠢᠰᠡᠭᠡᠢ ᠮᠠᠶᠢᠬᠠᠨ ᠢ ᠪᠠᠰᠠ 服匿 ᠭᠡᠳᠡᠭ ᠪᠣᠯᠪᠠ ᠭᠡᠵᠡᠢ᠃ ᠵᠣᠬᠢᠶᠠᠭᠴᠢ ᠠᠴᠠ 服匿 ᠶᠢ ︽ᠬᠦᠨᠦᠭ︾ ᠭᠡᠳᠡᠭ ᠦᠭᠡᠨ ᠤ ᠬᠢᠳᠠᠳ ᠬᠡᠯᠡᠨ ᠳᠠᠬᠢ ᠠᠪᠢᠶᠠᠨ ᠤ ᠣᠷᠴᠢᠭᠤᠯᠭ᠎ᠠ ᠭᠡᠵᠦ ᠦᠵᠡᠵᠦ ᠪᠠᠶᠢᠭ᠎ᠠ ᠪᠣᠯᠬᠤᠷ᠂ ᠦᠪᠡᠷ ᠤᠨ ᠦᠨᠳᠦᠰᠦᠯᠡᠯ ᠪᠣᠯᠣᠨ ᠭᠡᠷᠡᠴᠢ ᠪᠠᠨ ᠠᠭᠠᠵᠢᠮ ᠶᠠᠷᠢᠶ᠎ᠠ᠃ 服匿 ᠬᠤᠶᠠᠷ ᠦᠰᠦᠭ ᠢ ᠸᠢᠺᠢ ᠰᠦᠯᠵᠢᠶᠡᠨ ᠤ ᠾᠦᠩᠨᠦ ᠦᠭᠡ ᠶᠢᠨ ᠵᠣᠷᠪᠣᠰ ᠲᠤ ᠲᠠᠶᠢᠯᠪᠣᠷᠢᠯᠠᠭᠰᠠᠨ ᠪᠠᠶᠢᠳᠠᠯ ᠭᠡᠪᠡᠯ᠂ ᠶᠠᠫᠣᠨ ᠡᠷᠳᠡᠮᠳᠡᠨ ᠰᠢᠷᠠᠲ᠋ᠣᠷᠢ ᠶᠢᠨ ᠦᠬᠦᠯᠡᠯ ᠲᠣᠲᠣᠷᠠᠬᠢ ᠾᠦᠩᠨᠦ ᠦᠭᠡᠨ ᠤ ᠵᠣᠷᠪᠣᠰ ᠲᠣᠲᠣᠷᠠᠬᠢ 服匿 ᠶᠢ ᠲᠠᠶᠢᠯᠪᠣᠷᠢᠯᠠᠭᠰᠠᠨ ᠬᠡᠰᠡᠭ ᠢ ᠬᠠᠭᠤᠯᠣᠨ ᠠᠪᠴᠢᠷᠠᠵᠣ ᠬᠡᠯᠡᠭᠰᠡᠨ ᠨᠢ᠄ 服匿 ᠶᠢ ᠬᠢᠳᠠᠳ ᠬᠡᠯᠡᠨ ᠳᠤ 缶[fǒu] ᠭᠡᠵᠦ ᠨᠡᠷᠡᠶᠢᠳᠦᠨ᠂ ᠳ᠋ᠦᠩ ᠬᠣ᠋ ᠦᠭᠡᠨ ᠳᠤ Butun ᠭᠡᠵᠦ᠂ ᠮᠣᠩᠭᠤᠯ ᠦᠭᠡᠨ ᠳᠤ putung ᠭᠡᠨ᠎ᠡ ᠭᠡᠵᠡᠢ᠃ ᠸᠢᠺᠢ ᠴᠢᠯᠦᠭᠡᠳᠦ ᠲᠣᠯᠢ ᠳᠤ ᠬᠠᠷᠢᠨ 服 ᠦᠰᠦᠭ ᠢ ᠲᠣᠮᠳᠠᠳᠣ ᠶᠠᠫᠣᠨ ᠺᠣᠷᠢᠶ᠎ᠠ ᠶᠢᠨ ᠬᠠᠮᠳᠣ ᠶᠢᠨ ᠬᠡᠷᠡᠭᠯᠡᠭᠡᠨ ᠤ ᠣᠳᠬᠠᠲᠣ ᠦᠰᠦᠭ ᠭᠡᠵᠦ ᠲᠠᠶᠢᠯᠪᠣᠷᠢᠯᠠᠭᠠᠳ᠂ ᠡᠯ᠎ᠡ ᠵᠦᠢᠯ ᠤᠨ ᠠᠯᠳᠠᠷ ᠲᠠᠢ ᠬᠢᠳᠠᠳ ᠲᠣᠯᠢ ᠪᠢᠴᠢᠭ ᠤᠨ ᠬᠡᠳᠦᠶᠢᠳᠦᠭᠡᠷ ᠨᠢᠭᠤᠷ ᠤᠨ ᠬᠡᠳᠦᠭᠡᠷ ᠦᠰᠦᠭ ᠪᠣᠯᠬᠤ ᠶᠢ ᠨᠢᠭᠡ ᠨᠢᠭᠡ  ᠪᠠᠷ ᠲᠣᠷᠠᠳᠣᠭᠠᠳ᠂ ᠲᠠᠷᠠᠭ᠎ᠠ ᠨᠢ ᠲᠣᠰ ᠦᠰᠦᠭ ᠤᠨ Unihan ᠮᠠᠲ᠋ᠧᠷᠢᠶᠠᠯ ᠢ ᠵᠢᠬᠰᠠᠭᠠᠨ ᠭᠠᠷᠭᠠᠵᠣ᠂ ᠲᠠᠬᠢᠨ ᠲᠠᠷᠠᠭ᠎ᠠ ᠲᠤᠨᠢ ᠲᠡᠭᠦᠨ ᠤ ᠠᠪᠢᠶ᠎ᠠ ᠠᠶᠠᠯᠭᠤ ᠶᠢ ᠲᠠᠶᠢᠯᠪᠣᠷᠢᠯᠠᠭᠰᠠᠨ ᠨᠢ ᠲᠣᠣᠷᠠᠬᠢ ᠮᠡᠳᠦ᠄ ᠬᠢᠳᠠᠳ ᠬᠡᠯᠡᠨ ᠳᠠᠬᠢ ᠣᠳᠣ ᠦᠶ᠎ᠡ ᠶᠢᠨ ᠠᠪᠢᠶ᠎ᠠ ᠨᠢ fù᠂ fú ᠬᠤᠶᠠᠷ ᠪᠠᠶᠢᠵᠣ᠂ ᠲᠣᠮᠳᠠᠳᠣ ᠡᠷᠳᠡᠨ ᠤ ᠠᠪᠢᠶ᠎ᠠ ᠨᠢ bjuwX ᠪᠣᠶᠣ bjuwk ᠪᠠᠶᠢᠵᠣ᠂ ᠲᠡᠭᠡᠳᠦ ᠡᠷᠳᠡᠨ ᠤ ᠠᠪᠢᠶ᠎ᠠ /*bəʔ {*[b]əʔ}/ ᠪᠣᠶᠣ /*bək {*[b]ək}/ ᠭᠡᠵᠦ᠂ ᠶᠠᠫᠣᠨ ᠬᠡᠯᠡᠨ ᠤ 音讀 ᠪᠠᠷ ふく (fuku) ᠭᠡᠵᠦ᠂ ᠺᠣᠷᠢᠶ᠎ᠠ ᠬᠡᠯᠡᠨ ᠤ 音讀 ᠪᠠᠷ 복 (pok) ᠭᠡᠵᠦ᠂ ᠸᠢᠶᠧᠲᠨᠠᠮ ᠬᠡᠯᠡᠨ ᠳᠤ phục ᠭᠡᠵᠦ ᠲᠣᠰ ᠲᠣᠰ ᠣᠩᠰᠢᠨ᠎ᠠ ᠭᠡᠵᠡᠢ᠃ ᠬᠠᠨ ᠳ᠋ᠢᠶᠠᠨ ᠰᠦᠯᠵᠢᠶᠡᠨ ᠲᠣᠯᠢ᠄ ᠣᠳᠣ ᠦᠶ᠎ᠡ ᠶᠢᠨ ᠠᠪᠢᠶ᠎ᠠ fú ᠪᠣᠯᠣᠨ fù ᠭᠡᠵᠡᠢ᠃ ᠲᠡᠭᠡᠳᠦ ᠡᠷᠳᠡᠨ ᠤ ᠠᠪᠢᠶ᠎ᠠ ᠠᠶᠠᠯᠭᠤ ᠶᠢ bɯɡ ᠭᠡᠵᠦ᠂ ᠡᠷᠳᠡᠮᠳᠡᠳ ᠤᠨ ᠰᠡᠷᠭᠦᠭᠡᠭᠰᠡᠨ ᠲᠡᠭᠡᠳᠦ ᠡᠷᠳᠡᠨ ᠤ ᠠᠪᠢᠶ᠎ᠠ ᠨᠢ bʱi̯uk᠂ bĭuk᠂ biuk᠂ bɨuk᠂ buwk ᠵᠡᠷᠭᠡ ᠭᠡᠵᠡᠢ᠃ ᠴᠢᠨ ᠠᠴᠠ ᠡᠮᠦᠨᠡᠬᠢ ᠠᠪᠢᠶ᠎ᠠ ᠠᠶᠠᠯᠭᠤ ᠶᠢ bʰi̯ŭk᠂ bʰjuə̆k᠂ bjwək᠂ bjək ᠵᠡᠷᠭᠡ ᠭᠡᠵᠡᠢ᠃ ᠬᠠᠨ ᠤ ᠦᠶ᠎ᠡ ᠶᠢᠨ ᠲᠣᠯᠢ ᠪᠢᠴᠢᠭ ︽ᠦᠰᠦᠭ ᠪᠢᠴᠢᠭ ᠤᠨ ᠲᠠᠶᠢᠯᠪᠣᠷᠢ︾ ᠳᠤ 服 ᠶᠢᠨ ᠠᠪᠢᠶ᠎ᠠ ᠠᠶᠠᠯᠭᠤ ᠶᠢ 从舟ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号