ᠷᠸᠣᠷᠠᠨ ᠬᠠᠭᠠᠨᠳᠣ ᠣᠯᠣᠰ ᠪᠠ ᠷᠸᠣᠷᠠᠨ ᠬᠠᠭᠠᠳ ᠤᠨ ᠦᠶ᠎ᠡ ᠵᠠᠯᠭᠠᠮᠵᠢ ︵ᠷᠸᠣᠷᠠᠨ ᠦᠭᠡ ᠬᠡᠯᠡ︶
ᠨᠡᠶᠢᠲᠡᠯᠡᠭᠰᠡᠨ ᠴᠠᠭ᠄
2021/3/19
ᠣᠣᠬᠠᠨ · ᠬᠠᠭᠳᠠ ᠮᠣᠩᠭᠤᠯᠴᠢᠯᠠᠨ ᠨᠠᠶᠢᠷᠠᠭᠤᠯᠪᠠ ᠲᠣᠰ ᠮᠠᠲ᠋ᠧᠷᠢᠶᠠᠯ ᠤᠨ ᠠᠭᠤᠯᠭ᠎ᠠ ᠭᠤᠣᠯᠳᠠᠭᠤ ᠸᠢᠺᠢᠫᠧᠳᠢᠶ᠎ᠠ ᠰᠦᠯᠵᠢᠶᠡᠨ ᠤ ᠴᠢᠯᠦᠭᠡᠳᠦ ᠨᠣᠮ ᠤᠨ ᠰᠠᠩ ᠲᠠᠬᠢ ᠣᠮᠠᠷᠠᠳᠣ ᠸᠧᠢ ᠣᠯᠣᠰ ᠤᠨ ᠪᠢᠴᠢᠭ ᠪᠠ ᠡᠮᠦᠨᠡᠳᠦ᠂ ᠣᠮᠠᠷᠠᠳᠣ ᠴᠢ ᠣᠯᠣᠰ ᠤᠨ ᠪᠢᠴᠢᠭ ᠵᠡᠷᠭᠡ ᠲᠡᠣᠬᠡᠨ ᠨᠣᠮ  ᠠᠴᠠ ᠡᠰᠢᠯᠡᠵᠡᠢ᠃ ᠲᠣᠰ ᠨᠡᠶᠢᠳᠡᠯᠡᠯ ᠢ ᠬᠤᠶᠠᠷ ᠬᠡᠰᠡᠭ ᠬᠤᠪᠢᠶᠠᠨ᠂ ᠲᠦᠷᠦᠭᠦᠨ ᠤ ᠬᠡᠰᠡᠭ ᠲᠤ ᠷᠸᠣᠷᠠᠨ ᠭᠡᠳᠡᠭ ᠨᠡᠷᠡᠶᠢᠳᠦᠯ ᠪᠠ ᠷᠸᠣᠷᠠᠨ ᠣᠯᠣᠰ ᠢ ᠲᠣᠪᠴᠢᠯᠠᠨ ᠲᠠᠨᠢᠯᠴᠠᠭᠤᠯᠵᠣ᠂ ᠬᠤᠶᠠᠳᠣᠭᠠᠷ ᠬᠡᠰᠡᠭ ᠲᠤ ᠢᠬᠢᠷᠢᠰ ᠣᠪᠣᠭ  ᠲᠠᠢ ᠷᠸᠣᠷᠠᠨ ᠬᠠᠭᠠᠳ ᠤᠨ ᠦᠶ᠎ᠡ ᠵᠠᠯᠭᠠᠮᠵᠢ ᠪᠣᠯᠣᠨ ᠲᠡᠣᠬᠡᠨ ᠬᠡᠷᠡᠭ ᠢ ᠲᠣᠪᠴᠢᠯᠠᠨ ᠶᠠᠷᠢᠨ᠎ᠠ᠃ ᠨᠢᠭᠡ᠄ ᠷᠸᠣᠷᠠᠨ ᠬᠠᠭᠠᠨᠳᠣ ᠣᠯᠣᠰ ᠪᠠ ᠷᠸᠣᠷᠠᠨ ᠭᠡᠳᠡᠭ ᠨᠡᠷᠡᠶᠢᠳᠦᠯ ᠤᠨ ᠲᠣᠬᠠᠢ ᠣᠷᠢᠳᠠᠪᠠᠷ ᠷᠸᠣᠷᠠᠨ ᠬᠠᠭᠠᠨᠳᠣ ᠣᠯᠣᠰ ᠤᠨ ᠲᠣᠬᠠᠢ ᠸᠢᠺᠢᠫᠧᠳᠢᠶ᠎ᠠ ᠰᠦᠯᠵᠢᠶᠡᠨ ᠳᠤ ᠲᠣᠪᠴᠢᠯᠠᠨ ᠲᠠᠨᠢᠯᠴᠠᠭᠤᠯᠣᠭᠰᠠᠨ ᠠᠭᠤᠯᠭ᠎ᠠ ᠪᠠᠷ ᠡᠬᠢᠯᠡᠯᠳᠡ ᠪᠣᠯᠭᠠᠨ ᠶᠠᠷᠢᠵᠣ᠂ ᠲᠠᠷᠠᠭ᠎ᠠ ᠨᠢ ᠷᠸᠣᠷᠠᠨ ᠭᠡᠳᠡᠭ ᠨᠡᠷ᠎ᠡ ᠦᠭᠡ ᠶᠢ ᠲᠠᠨᠢᠯᠴᠠᠭᠤᠯᠣᠶ᠎ᠠ᠃ ᠷᠸᠣᠷᠠᠨ ᠣᠯᠣᠰ ᠪᠣᠯ ᠨᠡᠶᠢᠳᠡ ᠶᠢᠨ ᠣᠨ ᠲᠣᠭᠠᠯᠠᠯ ᠤᠨ 330 ᠣᠨ ᠳᠤ ᠷᠸᠣᠷᠠᠨ ᠭᠡᠳᠭ ᠨᠡᠷᠡᠶᠢᠳᠦᠯ ᠢᠶᠠᠷ ᠬᠠᠭᠠᠨᠳᠣ ᠣᠯᠣᠰ ᠢᠶᠠᠨ ᠪᠠᠶᠢᠭᠤᠯᠵᠣ᠂ 555 ᠣᠨ ᠪᠣᠯᠣᠭᠠᠳ ᠲᠦᠷᠺ ᠲᠤ ᠮᠦᠬᠦᠭᠡᠭᠳᠡᠬᠦ ᠪᠣᠯᠳᠠᠯ᠎ᠠ᠂ ᠡᠷᠳᠡᠨ ᠤ ᠮᠣᠩᠭᠤᠯ ᠤᠨ ᠦᠨᠳᠦᠷᠯᠢᠭ ᠲᠤ 225 ᠵᠢᠯ ᠣᠷᠣᠰᠢᠵᠣ ᠪᠠᠶᠢᠭᠰᠠᠨ ᠲᠣᠪᠠ ᠰᠢᠶᠠᠨ ᠪᠸᠢ ᠣᠭᠰᠠᠭᠠᠨ ᠤ ᠨᠢᠭᠡᠨ ᠣᠯᠣᠰ ᠪᠣᠯᠣᠨ᠎ᠠ ᠭᠡᠵᠡᠢ᠃ ᠲᠡᠳᠡᠨᠡᠷ ᠢ ᠰᠣᠶᠣᠯ ᠦᠭᠡ ᠬᠡᠯᠡ ᠶᠢᠨ ᠲᠠᠯ᠎ᠠ ᠪᠠᠷ ᠲᠣᠬᠠᠢ ᠶᠢᠨ ᠦᠶ᠎ᠡ ᠶᠢᠨ ᠰᠢᠶᠠᠨ ᠪᠸᠢ ᠬᠦᠮᠦᠰ ᠲᠠᠢ ᠪᠠᠨ ᠨᠢᠭᠡᠨ ᠠᠳᠠᠯᠢ ᠪᠠᠶᠢᠵᠣ᠂ ᠮᠦᠨ ᠡᠷᠳᠡᠨ ᠤ ᠮᠣᠩᠭᠤᠯ ᠬᠡᠯᠡᠨ ᠤ ᠶᠠᠮᠠᠷ ᠨᠢᠭᠡᠨ ᠨᠣᠳᠤᠭ ᠤᠨ ᠠᠶᠠᠯᠭᠤ ᠪᠠᠷ ᠶᠠᠷᠢᠯᠴᠠᠳᠠᠭ ᠣᠭᠰᠠᠭᠠᠳᠠᠨ ᠪᠠᠶᠢᠵᠠᠢ ᠭᠡᠵᠦ ᠦᠵᠡᠪᠡ᠃ ᠵᠣᠬᠢᠶᠠᠭᠴᠢ ᠶᠢᠨ ᠨᠡᠮᠡᠨ ᠦᠭᠦᠯᠡᠬᠦ ᠪᠠᠷ ᠲᠣᠰ ᠣᠯᠣᠰ ᠤᠨ ᠲᠡᠣᠬᠡᠨ ᠳᠤ᠂ ᠲᠣᠪᠠ ᠰᠢᠶᠠᠨᠪᠸᠢ ᠬᠦᠮᠦᠰ ᠤᠨ ᠪᠠᠶᠢᠭᠤᠯᠣᠭᠰᠠᠨ ᠣᠮᠠᠷᠠᠳᠣ ᠸᠧᠢ ᠣᠯᠣᠰ ᠤᠨ ᠲᠡᠣᠬᠡ ᠲᠠᠢ ᠨᠢᠭᠡᠨ ᠠᠳᠠᠯᠢ ᠪᠠᠷ ᠲᠣᠩ ᠣᠯᠠᠨ ᠡᠷᠳᠡᠨ ᠤ ᠣᠵᠣᠭᠤᠷ ᠮᠣᠩᠭᠤᠯ ᠬᠡᠯᠡᠨ ᠦᠭᠡᠰ ᠬᠠᠳᠠᠭᠠᠯᠠᠭᠳᠠᠵᠣ ᠪᠠᠶᠢᠭ᠎ᠠ ᠶᠣᠮ᠃ ᠵᠢᠱᠢᠶᠡᠯᠡᠪᠡᠯ ᠠᠶᠢᠮᠠᠭ ᠣᠭᠰᠠᠭ᠎ᠠ ᠪᠠ ᠬᠦᠮᠦᠨ ᠠᠷᠠᠳ ᠤᠨ ᠣᠪᠣᠭ ᠨᠡᠷ᠎ᠡ ᠶᠢᠨ ᠨᠡᠷᠡᠶᠢᠳᠦᠯ᠂ ᠭᠠᠵᠠᠷ ᠣᠰᠣᠨ ᠤ ᠨᠡᠷᠡᠰ᠂ ᠴᠡᠷᠢᠭ ᠲᠠᠶᠢᠨ ᠤ ᠲᠣᠰᠬᠠᠢ ᠦᠭᠡ ᠵᠡᠷᠭᠡ ᠲᠣᠩ ᠣᠯᠠᠨ ᠨᠡᠷᠡᠰ ᠦᠭᠡ ᠪᠠᠶᠢᠨ᠎ᠠ᠃ ᠭᠡᠪᠡᠴᠦ ᠵᠠᠷᠢᠮ ᠲᠠᠯ᠎ᠠ ᠪᠠᠷ ᠨᠣᠳᠤᠭ ᠤᠨ ᠠᠪᠢᠶᠠᠨ ᠤ ᠵᠦᠷᠢᠶ᠎ᠡ ᠢᠯᠡᠷᠬᠡᠢ ᠪᠠᠶᠢᠭ᠎ᠠ ᠨᠢ ᠴᠦ ᠰᠣᠨᠢᠨ ᠬᠡᠷᠡᠭ ᠪᠢᠰᠢ ᠶᠣᠮ᠃ ᠵᠢᠱᠢᠶᠡᠯᠡᠪᠡᠯ ᠮᠣᠩᠭᠤᠯᠴᠣᠳ ᠤᠨ ᠲᠡᠣᠬᠡᠨ ᠳᠤ ᠵᠠᠭᠤᠳᠣ ᠭᠡᠳᠡᠭ ᠴᠡᠷᠢᠭ ᠲᠠᠶᠢᠨ ᠤ ᠨᠢᠭᠡᠴᠢ ᠦᠭᠡ ᠶᠢ ᠾᠦᠩᠨᠦ ᠬᠦᠮᠦᠰ 沮渠 ᠵᠦᠸ᠋ ᠭᠣ᠋ ︵ᠵᠠᠭᠤ︶ ᠭᠡᠬᠦ ᠪᠣᠶᠣ 斫句迦 ︵ᠵᠦᠸ᠋ ᠭᠦ᠋ ᠭᠠ᠂ ᠵᠠᠭᠤᠭᠠᠳ︶ ᠭᠡᠵᠦ ᠪᠠᠶᠢᠬᠤ ᠳᠤ ᠰᠢᠶᠠᠨᠪᠸᠢᠴᠣᠳ ᠪᠣᠯᠣᠨ ᠷᠸᠣᠷᠠᠨᠴᠣᠳ ᠪᠣᠯ ᠰᠢᠭᠤᠳ ᠵᠠᠭᠤᠨ ︵ᠵᠣᠩ᠂ 偅︶ ᠬᠡᠬᠦ ᠪᠣᠶᠣ ᠵᠣᠩ ᠵᠢᠶᠠᠩ ︵偅将︶ ᠭᠡᠵᠦ᠂ ᠵᠠᠭᠤᠨ ᠤ ᠲᠠᠷᠤᠭ᠎ᠠ ᠪᠣᠶᠣ ᠵᠠᠭᠤᠨ ᠤ ᠵᠠᠩᠵᠣᠨ ᠭᠡᠬᠦ ᠣᠳᠬ᠎ᠠ  ᠲᠠᠢ ᠰᠢᠶᠠᠨᠪᠸᠢ ᠬᠢᠳᠠᠳ ᠬᠤᠯᠢᠮᠠᠭ ᠦᠭᠡ ᠴᠦ ᠪᠠᠶᠢᠭ᠎ᠠ ᠶᠣᠮ᠂ ᠭᠡᠳᠡᠯ᠎ᠡ ᠬᠤᠵᠢᠮ ᠤᠨ ᠮᠣᠩᠭᠤᠯᠴᠣᠣᠳ ᠪᠣᠯ ᠮᠠᠰᠢ ᠨᠢᠭᠡᠳᠦᠯ ᠲᠠᠢ ᠪᠠᠷ ᠵᠠᠭᠤᠳᠣ᠂ ᠮᠢᠩᠭᠠᠳᠣ᠂ ᠲᠦᠮᠡᠳᠦ ᠭᠡᠵᠦ ᠲᠣᠰᠬᠠᠢ ᠨᠡᠷᠡᠰ ᠦᠭᠡ ᠪᠣᠯᠭᠠᠨ ᠬᠦᠭᠵᠢᠭᠦᠯᠦᠨ ᠬᠡᠷᠡᠭᠯᠡᠵᠦ ᠪᠠᠶᠢᠵᠠᠢ᠃ ᠷᠸᠣᠷᠠᠨ ᠭᠡᠳᠡᠭ ᠨᠡᠷᠡᠶᠢᠳᠦᠯ ᠤᠨ ᠲᠣᠬᠠᠢ ᠷᠸᠣᠷᠠᠨ ᠭᠡᠪᠡᠯ ᠡᠷᠳᠡᠨ ᠤ ᠣᠯᠣᠰ ᠤᠨ ᠨᠡᠷ᠎ᠡ᠂ ᠮᠦᠨ ᠣᠭᠰᠠᠭᠠᠳᠠᠨ ᠤ ᠨᠡᠷ᠎ᠡ ᠪᠠᠶᠢᠵᠠᠢ᠃ ᠵᠦᠪᠬᠡᠨ ᠬᠢᠳᠠᠳ ᠰᠣᠷᠪᠣᠯᠵᠢ ᠶᠢ ᠦᠨᠳᠦᠰᠦᠯᠡᠭᠰᠡᠨ ᠴᠦ ᠡᠨᠡᠬᠦ ᠨᠡᠷᠡᠶᠢᠳᠦᠯ ᠲᠣᠩ ᠣᠯᠠᠨ ᠵᠦᠢᠯ ᠢᠶᠠᠷ ᠲᠡᠮᠳᠡᠭᠯᠡᠨ ᠪᠢᠴᠢᠭᠳᠡᠭᠰᠡᠨ ᠪᠠᠶᠢᠳᠠᠭ᠃ ᠭᠡᠶ᠎ᠡ ᠬᠠᠮᠤᠭ ᠠᠩᠬ᠎ᠠ ᠣᠮᠠᠷᠠᠳᠣ ᠸᠧᠢ ᠣᠯᠣᠰ ᠤᠨ ᠲᠡᠣᠬᠡᠨ ᠳᠤ ᠲᠡᠮᠳᠡᠭᠯᠡᠭᠰᠡᠨ ᠨᠡᠷ᠎ᠡ ᠨᠢ ᠷᠦ᠋ ᠷᠦ᠋ 蠕蠕 ᠭᠡᠵᠡᠢ᠃ ᠡᠨᠡ ᠷᠦ᠋ ᠷᠦ᠋ ᠨᠡᠷ᠎ᠡ ᠪᠣᠯ ᠬᠠᠮᠤᠭ ᠠᠩᠬ᠎ᠠ ᠣᠮᠠᠷᠠᠳᠣ ᠸᠧᠢ ᠣᠯᠣᠰ ᠤᠨ ᠱᠢᠽᠣ ᠬᠠᠭᠠᠨ ᠭᠡᠬᠦ ᠪᠣᠶᠣ ᠪᠠᠰᠠ ᠲᠠᠢ ᠡᠣ ᠳ᠋ᠢ ᠬᠠᠭᠠᠨ ᠴᠣᠯᠠ ᠲᠠᠢ ᠲᠣᠪᠠ ᠲᠣᠣ ︵ᠲᠣᠪᠠ ᠲᠣᠣ 408 — 452 ᠣᠨ ᠪᠣᠯᠳᠠᠯ᠎ᠠ ᠣᠷᠳᠣ ᠬᠤᠭᠤᠴᠠᠭ᠎ᠠ ᠪᠠᠷ ᠣᠮᠠᠷᠠᠳᠣ ᠸᠧᠢ ᠣᠯᠣᠰ ᠤᠨ ᠬᠠᠭᠠᠨ ᠰᠠᠭᠤᠷᠢᠨ ᠳᠤ ᠪᠠᠶᠢᠵᠠᠢ︶ ᠠᠴᠠ ᠷᠸᠣᠷᠠᠨᠴᠣᠳ ᠢ ᠮᠡᠳᠡᠯ ᠣᠬᠠᠭᠠᠨ ᠦᠭᠡᠢ ᠬᠤᠷᠣᠬᠠᠢ ᠰᠢᠪᠠᠵᠢ ᠮᠡᠳᠦ ᠬᠡᠮᠡᠨ ᠲᠣᠷᠣᠮᠵᠢᠯᠠᠨ᠂ ᠬᠤᠷᠣᠬᠠᠢ ᠰᠢᠪᠠᠵᠢ ᠶᠢᠨ ᠠᠳᠣᠪᠠᠯᠵᠠᠨ ᠭᠦᠷᠪᠡᠯᠵᠡᠬᠦ ᠬᠦᠳᠡᠯᠭᠡᠭᠡᠨ ᠢ ᠢᠯᠡᠳᠭᠡᠳᠡᠭ 蠕蠕 ᠭᠡᠳᠡᠭ ᠬᠢᠳᠠᠳ ᠦᠰᠦᠭ ᠢᠶᠠᠷ ᠨᠡᠷᠡᠶᠢᠳᠦᠪᠡ ᠭᠡᠵᠡᠢ᠃ ᠡᠭᠦᠨ  ᠠᠴᠠ ᠦᠵᠡᠬᠦᠯ᠎ᠡ 蠕蠕 ᠪᠣᠯ ᠷᠸᠣᠷᠠᠨ ᠬᠦᠮᠦᠰ ᠤᠨ ᠦᠪᠡᠷ ᠤᠨ ᠣᠭᠰᠠᠭᠠᠨ ᠤ ᠨᠡᠷᠡᠶᠢᠳᠦᠯ ᠪᠢᠰᠢ ᠭᠡᠳᠡᠭ ᠨᠢ ᠢᠯᠡᠷᠬᠡᠢ᠂ ᠭᠡᠪᠡᠴᠦ ᠨᠦᠬᠦᠭᠡ ᠲᠠᠯ᠎ᠠ ᠪᠠᠷ ᠡᠨᠡᠬᠦ 蠕蠕 ᠭᠡᠳᠡᠭ ᠨᠡᠷ᠎ᠡ ᠦᠭᠡ ᠪᠠᠰᠠ ᠨᠢᠭᠡ ᠬᠡᠮᠵᠢᠶᠡᠨ ᠳᠤ ᠷᠸᠣᠷᠠᠨ ᠨᠡᠷ᠎ᠡ ᠶᠢᠨ ᠢᠷᠡᠯᠳᠡ ᠶᠢᠨ ᠲᠣᠬᠠᠢ ᠶᠠᠮᠠᠷ ᠨᠢᠭᠡᠨ ᠰᠦᠪᠡᠭᠴᠢ ᠶᠢ ᠠᠬᠤᠭᠤᠯᠵᠣ ᠪᠠᠶᠢᠭ᠎ᠠ ᠪᠣᠯᠣᠯᠳᠠᠢ᠂ ᠣᠴᠢᠷ ᠨᠢ ᠦᠷᠦᠨᠡᠳᠠᠬᠢᠨ ᠤ ᠬᠦᠮᠦᠰ ᠪᠣᠯ ᠷᠸᠣᠷᠠᠨᠴᠣᠳ ᠢ ᠠᠸᠠᠷ ︵Avares᠂ ᠠᠪᠠᠷ︶ ᠭᠡᠳᠡᠭ ᠶᠣᠮ᠃ ᠵᠣᠬᠢᠶᠠᠭᠴᠢ ᠶᠢᠨ ᠦᠵᠡᠬᠦ ᠪᠠᠷ ᠠᠸᠠᠷ ᠪᠣᠶᠣ ᠠᠪᠠᠷ ᠨᠢ ᠠᠪᠠᠭᠠᠨᠠᠨ ᠠᠳᠣᠪᠠᠯᠵᠠᠬᠤ ᠭᠡᠳᠡᠭ ᠮᠣᠩᠭᠤᠯ ᠦᠭᠡ ᠲᠠᠢ ᠠᠪᠢᠶ᠎ᠠ ᠣᠶᠢᠷᠠᠯᠴᠠᠭ᠎ᠠ ᠮᠦᠷᠳᠡᠭᠡᠨ ᠣᠨᠴᠠᠭᠠᠶᠢᠯᠠᠨ ᠬᠤᠷᠣᠬᠠᠢ ᠰᠢᠪᠠᠵᠢ ᠶᠢᠨ ᠬᠦᠳᠡᠯᠭᠡᠭᠡᠨ ᠢ ᠵᠢᠭᠠᠳᠠᠭ ᠦᠢᠯᠡ ᠦᠭᠡ ᠲᠠᠢ ᠠᠪᠢᠶ᠎ᠠ ᠣᠶᠢᠷᠬᠠᠨ ᠪᠣᠯᠬᠤᠷ᠂ ᠲᠣᠪᠠ ᠲᠣᠣ ᠢᠩᠬᠢᠵᠦ ᠲᠣᠷᠣᠮᠵᠢᠯᠠᠨ ᠨᠡᠷᠡᠶᠢᠳᠦᠭᠰᠡᠨ ᠪᠣᠯᠣᠯᠴᠠᠭ᠎ᠠ ᠴᠦ ᠪᠠᠶᠢᠭ᠎ᠠ ᠶᠣᠮ᠃ ᠲᠣᠬᠠᠢ ᠶᠢᠨ ᠦᠶ᠎ᠡ ᠶᠢᠨ ᠣᠮᠠᠷᠠᠳᠣ ᠸᠧᠢ ᠣᠯᠣᠰ ᠤᠨ ᠬᠠᠭᠠᠨ ᠲᠣᠪᠠ ᠲᠣᠣ ᠬᠡᠳᠦᠶᠢᠪᠡᠷ ᠬᠢᠳᠠᠳᠵᠢᠵᠣ ᠡᠬᠢᠯᠡᠭᠰᠡᠨ ᠰᠢᠶᠠᠨ ᠪᠸᠢ ᠬᠦᠮᠦᠨ ᠪᠠᠶᠢᠭᠰᠠᠨ ᠪᠣᠯᠪᠠᠴᠣ᠂ ᠬᠠᠷᠬᠠᠨ ᠪᠦᠷᠢᠮᠦᠰᠦᠨ ᠬᠢᠳᠠᠳᠵᠢᠭᠠᠳᠣᠢ ᠪᠣᠯᠬᠤᠷ᠂ ᠦᠪᠡᠷ ᠤᠨ ᠰᠢᠶᠠᠨ ᠪᠸᠢ ᠦᠭᠡ ᠬᠡᠯᠡ ᠪᠠᠨ ᠮᠠᠷᠳᠠᠭ᠎ᠠ ᠦᠭᠡᠢ ᠮᠦᠷᠳᠡᠭᠡᠨ ᠮᠦᠨ ᠷᠸᠣᠷᠠᠨᠴᠣᠳ ᠲᠠᠢ ᠠᠳᠠᠯᠢᠬᠠᠨ ᠢᠶᠠᠷ ᠡᠷᠳᠡᠨ ᠤ ᠮᠣᠩᠭᠤᠯ ᠬᠡᠯᠡᠨ ᠤ ᠶᠠᠮᠠᠷ ᠨᠢᠭᠡᠨ ᠨᠣᠳᠤᠭ ᠤᠨ ᠠᠪᠢᠶ᠎ᠠ ᠪᠠᠷ ᠶᠠᠷᠢᠯᠴᠠᠳᠠᠭ ᠬᠦᠮᠦᠰ ᠲᠤ ᠪᠠᠭᠳᠠᠳᠠᠭ ᠪᠠᠶᠢᠭᠰᠠᠨ ᠲᠣᠯᠠ᠂ ᠲᠡᠷᠡ ᠷᠸᠣᠷᠠᠨᠴᠣᠳ ᠢ ᠲᠣᠷᠣᠮᠵᠢᠯᠠᠨ ᠠᠳᠣᠭᠠᠨᠠᠨ ᠠᠪᠠᠭᠠᠨᠠᠬᠤ ᠭᠡᠳᠡᠭ ᠦᠭᠡ ᠲᠠᠢ ᠠᠪᠢᠶ᠎ᠠ ᠣᠶᠢᠷᠬᠠᠨ ᠦᠭᠡ ᠷᠦ᠋ ᠷᠦ᠋ ᠭᠡᠵᠦ ᠨᠡᠷᠡᠶᠢᠳᠦᠭᠰᠡᠨ ᠪᠣᠯᠣᠯᠴᠠᠭ᠎ᠠ ᠶᠡᠭᠡ ᠪᠠᠶᠢᠭ᠎ᠠ ᠶᠣᠮ᠃ ᠨᠦᠭᠦᠭᠡ ᠲᠠᠯ᠎ᠠ ᠪᠠᠷ ᠲᠣᠪᠠ ᠲᠣᠣ ᠶᠢᠨ ᠡᠨᠡᠬᠦ ᠷᠦ᠋ ᠷᠦ᠋ ᠭᠡᠳᠡᠭ ᠨᠡᠷᠡᠶᠢᠳᠦᠯ ᠤᠨ ᠡᠭᠦᠰᠦᠯᠳᠡ ᠪᠣᠯ ᠪᠠᠰᠠ ᠨᠢᠭᠡᠨ ᠵᠢᠵᠢᠭ ᠦᠯᠢᠭᠡᠷ ᠲᠠᠢ ᠪᠠᠶᠢᠵᠠᠢ᠃ ᠣᠮᠠᠷᠠᠳᠣ ᠸᠧᠢ ᠣᠯᠣᠰ ᠤᠨ ᠲᠠᠶᠢᠽᠤ ᠬᠠᠭᠠᠨ ᠭᠡᠬᠦ ᠪᠣᠶᠣ ᠪᠠᠰᠠ ᠲᠠᠢ ᠡᠣ ᠳ᠋ᠢ ᠬᠠᠭᠠᠨ ᠭᠡᠳᠡᠭ ᠴᠣᠯᠠ  ᠲᠠᠢ ᠲᠣᠪᠠ ᠲᠣᠣ ᠬᠠᠭᠠᠨ ᠰᠠᠭᠤᠵᠣ᠂ ᠲᠦᠷᠦ ᠣᠯᠣᠰ ᠢᠶᠠᠨ ᠨᠡᠯᠢᠶᠡᠳ ᠵᠠᠰᠠᠨ ᠲᠦᠪᠰᠢᠷᠡᠭᠦᠯᠦᠭᠰᠡᠨ ᠤ ᠰᠡᠭᠦᠯᠡᠷ ᠣᠯᠠᠨ ᠲᠠᠬᠢᠨ ᠷᠸᠣᠷᠠᠨᠴᠣᠳ ᠢ ᠲᠠᠶᠢᠯᠠᠵᠣ ᠪᠠᠶᠢᠵᠠᠢ᠃ ᠰᠢᠯᠳᠠᠭᠠᠨ ᠨᠢ ᠲᠣᠬᠠᠢ ᠶᠢᠨ ᠦᠶ᠎ᠡ ᠳᠤ ᠡᠮᠦᠨᠡᠳᠦ ᠣᠷᠣᠨ  ᠤ ᠬᠢᠳᠠᠳᠴᠣᠳ ᠴᠦ ᠣᠯᠠᠨ ᠣᠯᠣᠰ ᠲᠤ ᠬᠤᠪᠢᠶᠠᠭᠳᠠᠨ ᠪᠣᠳᠠᠷᠠᠵᠣ᠂ ᠣᠮᠠᠷᠠᠳᠣ ᠸᠧᠢ ᠣᠯᠣᠰ ᠲᠤ ᠣᠨᠴᠠ ᠶᠡᠭᠡ ᠲᠦᠭᠰᠢᠭᠦᠷᠢ ᠪᠣᠯᠬᠤ ᠠᠶᠣᠯ ᠦᠭᠡᠢ ᠪᠣᠯᠵᠠᠢ᠃ ᠭᠡᠪᠡᠴᠦ ᠷᠸᠣᠷᠠᠨᠴᠣᠣᠳ ᠪᠣᠯ ᠬᠢᠳᠠᠳᠴᠣᠳ ᠲᠠᠢ ᠠᠳᠠᠯᠢ ᠦᠭᠡᠢ᠂ ᠲᠡᠳᠡᠨᠡᠷ ᠲᠣᠪᠠ ᠰᠢᠶᠠᠨᠪᠸᠢ ᠲᠠᠢ ᠨᠢᠭᠡᠨ ᠠᠳᠠᠯᠢ ᠪᠠᠷ ᠰᠢᠨ᠎ᠡ ᠪᠠᠷ ᠮᠠᠨᠳᠣᠨ ᠬᠦᠭᠵᠢᠵᠦ ᠪᠠᠶᠢᠭ᠎ᠠ ᠣᠯᠣᠰ ᠲᠦᠷᠦ  ᠶᠢᠨ ᠬᠦᠴᠦᠨ ᠪᠣᠯᠬᠤᠷ ᠬᠢᠴᠢᠶᠡᠬᠦ ᠦᠭᠡᠢ ᠪᠣᠯ ᠣᠮᠠᠷᠠᠳᠣ ᠸᠧᠢ ᠣᠯᠣᠰ ᠲᠤ ᠮᠦᠬᠦᠯ ᠤᠨ ᠰᠦᠷᠳᠡᠭᠦᠯᠦᠯ ᠪᠣᠯᠵᠣ ᠮᠡᠳᠡᠨ᠎ᠡ ᠭᠡᠳᠡᠭ ᠢ ᠲᠣᠪᠠ ᠲᠣᠣ ᠠᠨᠳᠣᠬᠤ ᠶᠣᠰᠣ ᠦᠭᠡᠢ᠃ ᠶᠠᠭ ᠡᠶᠢᠮᠦ ᠠᠴᠠ ᠲᠡᠷᠡ ᠲᠠᠬᠢᠨ ᠲᠠᠪᠳᠠᠨ ᠷᠸᠣᠷᠠᠨᠴᠣᠳ ᠢ ᠲᠣᠪᠳᠣᠯᠵᠣ᠂ ᠲᠡᠳᠡᠨᠡᠷ ᠤᠨ ᠬᠦᠭᠵᠢᠯ ᠤᠨ ᠬᠦᠴᠦᠨ ᠢ ᠵᠣᠬᠢᠬᠤ ᠬᠡᠮᠵᠢᠶᠡᠨ ᠲᠣᠲᠣᠷ᠎ᠠ ᠬᠢᠵᠠᠭᠠᠷᠯᠠᠨ ᠴᠢᠳᠠᠵᠣ ᠪᠠᠶᠢᠪᠠ᠃ ᠡᠶᠢᠮᠦ ᠠᠴᠠ ᠲᠣᠪᠠ ᠲᠣᠣ ᠦᠪᠡᠷ ᠤᠨ ᠦᠢᠯᠡᠰ ᠲᠡᠭᠡᠨ ᠰᠡᠳᠬᠢᠯ ᠨᠡᠯᠢᠶᠡᠳ ᠬᠠᠨᠣᠮᠵᠢᠳᠡᠢ ᠪᠣᠯᠵᠣ᠂ ᠨᠡᠩ ᠣᠨᠴᠠᠭᠠᠶᠢᠯᠠᠨ ᠦᠪᠡᠷ ᠤᠨ ᠪᠡᠶ᠎ᠡ ᠪᠠᠨ ᠶᠡᠷᠦ ᠪᠣᠰᠣ ᠶᠢᠨ ᠬᠦᠮᠦᠨ᠂ ᠴᠢᠨᠠᠭᠰᠢᠯᠠᠪᠠᠯ ᠪᠣᠭᠳᠠ ᠮᠡᠷᠭᠡᠳ  ᠢᠶᠠᠷ ᠦᠵᠡᠬᠦ ᠨᠢ ᠠᠮᠵᠢᠯᠳᠠ ᠣᠯᠣᠭᠰᠠᠨ ᠬᠦᠮᠦᠰ ᠤᠨ ᠡᠩ ᠤᠨ ᠬᠡᠷᠡᠭ ᠶᠣᠮ᠃ ᠨᠢᠭᠡᠨ ᠣᠳᠭ᠎ᠠ ᠲᠡᠷᠡ ᠦᠪᠡᠷ  ᠤᠨ ᠲᠦᠷᠦ ᠶᠢᠨ ᠱᠠᠩᠱᠤ ᠲᠦᠰᠢᠮᠡᠯ ᠼᠦᠢ ᠰᠢᠥᠸᠠᠨ ᠪᠧ ︵ᠬᠢᠳᠠᠳ ᠬᠦᠮᠦᠨ︶ ᠲᠠᠢ ᠰᠣᠯᠠ ᠵᠣᠭᠤᠭ ᠲᠡᠯᠭᠡᠬᠦ ᠵᠠᠭᠤᠷ᠎ᠠ ᠦᠭᠦᠯᠡᠭᠰᠡᠨ ᠨᠢ᠄ ︽ᠷᠦ᠋ ᠷᠦ᠋ ᠶᠢᠨ ᠬᠦᠮᠦᠰ ᠡᠷᠳᠡᠨ ᠠᠴᠠ ᠠᠪᠣᠭᠠᠳ ᠮᠣᠩᠬᠠᠭ ᠵᠠᠯᠢᠬᠠᠢ ︵頑嚚︶ ᠬᠤᠣᠰᠯᠠᠭᠰᠠᠨ ᠠᠯᠳᠠᠷ ᠴᠣᠣ ᠲᠠᠢ ᠬᠦᠮᠦᠰ ᠶᠣᠮ ᠭᠡᠵᠡᠢ᠃ ᠲᠡᠷᠡ ᠠᠳᠡ 頑嚚 ᠬᠤᠶᠠᠷ ᠦᠰᠦᠭ ᠢ ᠬᠡᠷᠡᠭᠯᠡᠭᠰᠡᠨ ᠨᠢ ᠦᠪᠡᠷ ᠤᠨ ᠲᠠᠯᠳᠠ ᠪᠣᠳᠣᠯ ᠢᠶᠠᠨ ᠢᠯᠡᠳᠭᠡᠬᠦ ᠶᠢᠨ ᠲᠦᠯᠦᠭᠡ ᠶᠣᠮ᠃ ᠡᠨᠡ ᠦᠭᠡ ᠦᠨᠡᠨᠳᠡᠭᠡᠨ ᠲᠣᠩ ᠶᠡᠭᠡ ᠵᠦᠷᠢᠴᠡᠯ ᠲᠠᠢ ᠦᠭᠡ ᠶᠣᠮ᠂ 頑嚚 ᠭᠡᠪᠡᠯ ᠮᠣᠩᠬᠠᠭ ᠮᠦᠷᠳᠡᠭᠡᠨ ᠵᠠᠯᠢᠷᠬᠠᠭ ᠭᠡᠳᠡᠭ ᠣᠳᠬ᠎ᠠ  ᠲᠠᠢ᠂ ᠮᠣᠩᠬᠠᠭ ᠭᠡᠪᠡᠯ ᠦᠵᠡᠯ ᠪᠣᠳᠣᠯ ᠬᠠᠷᠠᠩᠭᠤᠢ ᠪᠦᠳᠦᠭᠦᠯᠢᠭ ᠢ ᠵᠢᠭᠠᠵᠣ᠂ ᠵᠠᠯᠢᠬᠠᠢ ᠭᠡᠪᠡᠯ ᠴᠢᠮ᠎ᠡ ᠠᠴᠠ ᠲᠣᠣᠷᠳᠠᠬᠤ ᠦᠭᠡᠢ ᠣᠯᠠᠨ ᠠᠷᠪᠢᠨ ᠣᠬᠠᠭᠠᠨ ᠪᠣᠳᠣᠯᠭ᠎ᠠ ᠲᠠᠢ ᠮᠦᠷᠳᠡᠭᠡᠨ ᠬᠡᠯᠳᠦᠰᠬᠢᠪᠡᠯ ᠴᠢᠮ᠎ᠠ ᠶᠢ ᠲᠠᠪᠠᠭ᠋ᠣ ᠠᠷᠭ᠎ᠠ ᠪᠣᠳᠣᠯᠭ᠎ᠠ ᠲᠠᠢ ᠬᠦᠮᠦᠰ ᠢ ᠵᠢᠭᠠᠳᠠᠭ ᠦᠭᠡ ᠪᠣᠯᠣᠨ᠎ᠠ᠃ ᠡᠶᠢᠮᠦ ᠠᠴᠠ ᠡᠨᠡᠬᠦ ᠦᠭᠡ ᠶᠢ ᠬᠡᠷᠡᠭᠯᠡᠭᠰᠡᠨ ᠰᠢᠯᠳᠠᠭᠠᠨ ᠭᠡᠪᠡᠯ ᠵᠦᠪᠬᠡᠨ ᠲᠠᠶᠢᠰᠣᠨ ᠢᠶᠠᠨ ᠲᠣᠷᠣᠮᠵᠢᠯᠠᠬᠤ ᠪᠠ ᠦᠪᠡᠷ ᠢ ᠪᠠᠨ ᠮᠠᠭᠳᠠᠬᠤ ᠣᠳᠬ᠎ᠠ ᠪᠠᠷ ᠬᠡᠷᠡᠭᠯᠡᠵᠡᠢ ᠃ ᠲᠡᠷᠡ ᠵᠠᠯᠭᠠᠨ ᠦᠬᠦᠯᠡᠭᠰᠡᠨ ᠨᠢ᠄ ᠲᠡᠳᠡ ᠦᠷᠬᠦᠯᠵᠢ ᠮᠠᠨ ᠤ ᠠᠷᠠᠳ ᠢᠷᠭᠡᠳ ᠢ ᠪᠣᠯᠢᠶᠠᠨ ᠲᠡᠭᠡᠷᠡᠮᠳᠡᠬᠦ ᠪᠦᠭᠡᠳ ᠪᠣᠴᠠᠬᠤ ᠳᠠᠭᠠᠨ ᠣᠯᠵᠠᠯᠠᠭᠰᠠᠨ ᠡᠳ᠋ ᠲᠠᠸᠠᠷ ᠢᠶᠠᠨ ᠲᠡᠷᠭᠡᠨ ᠳᠤ ᠲᠡᠭᠡᠭᠡᠵᠦ᠂ ᠦᠨᠢᠶ᠎ᠡ ᠪᠠᠨ ᠬᠦᠯᠦᠭᠡᠳ᠂ ᠦᠬᠡᠷ  ᠢᠶᠠᠨ ᠲᠣᠭᠤᠵᠣ ᠲᠣᠳᠠᠭᠠᠨ ᠶᠠᠪᠣᠳᠠᠭ ᠪᠠᠶᠢᠯᠤᠭ᠎ᠠ᠃ ᠦᠨᠢᠶ᠎ᠡ ᠨᠢ ᠲᠠᠮᠢᠷ ᠲᠣᠷᠣᠢ ᠪᠣᠯᠬᠤᠷ ᠣᠯᠠᠩᠬᠢ ᠲᠠᠭᠠᠨ ᠬᠤᠶᠢᠨ᠎ᠠ ᠠᠴᠠ ᠨᠢ ᠨᠡᠬᠡᠵᠦ ᠢᠷᠡᠭᠰᠡᠨ ᠲᠠᠶᠢᠰᠣᠨ ᠡᠳᠡᠭᠡᠳ ᠲᠡᠭᠡᠨ ᠨᠡᠬᠡᠭᠡᠭᠳᠡᠨ ᠭᠦᠢᠴᠡᠳᠡᠳᠡᠭ ᠪᠠᠶᠢᠯ᠎ᠠ᠃ ᠲᠡᠭᠡᠬᠦ  ᠳᠤ ᠵᠠᠷᠢᠮ ᠠᠶᠢᠮᠠᠭ ᠤᠨ ᠬᠦᠮᠦᠰ ᠲᠡᠳᠡᠨᠡᠷ ᠲᠤ ᠠᠷᠭ᠎ᠠ ᠣᠬᠠᠭᠠᠨ ᠭᠠᠷᠭᠠᠵᠣ ᠦᠭᠭᠦᠨ᠂ ᠦᠬᠡᠷ ᠢᠶᠠᠨ ᠲᠡᠷᠭᠡᠨ ᠳᠤ ᠬᠦᠯᠦᠪᠡᠯ᠂ ᠦᠨᠢᠶᠡᠨ ᠠᠴᠠ ᠲᠠᠮᠢᠷ ᠲᠠᠢ ᠪᠣᠯᠬᠤᠷ ᠨᠡᠩ ᠲᠦᠷᠭᠡᠨ ᠨᠡᠩ ᠬᠤᠯᠠ ᠠᠶᠠᠯᠠᠵᠣ ᠴᠢᠳᠠᠨ᠎ᠠ ᠭᠡᠰᠡᠨ ᠳᠤ᠂ ᠲᠡᠳᠡᠨᠡᠷ ᠲᠡᠭᠦᠨ ᠤ ᠡᠰᠡᠷᠭᠦ ᠠᠴᠠ ᠪᠢᠳᠡᠬᠡᠢ ᠬᠤᠳᠠᠯ ᠶᠠᠷᠢ᠂ ᠡᠬᠡ ᠨᠢ ᠲᠡᠶᠢᠯᠦᠬᠦ ᠦᠭᠡᠢ ᠶᠠᠭᠤᠮ᠎ᠠ ᠶᠢ ᠦᠷ᠎ᠡ ᠨᠢ ᠨᠡᠩ ᠶᠠᠭᠠᠬᠢᠵᠣ ᠲᠡᠶᠢᠯᠦᠬᠦ ᠪᠣᠢ ᠭᠡᠵᠦ ᠲᠠᠭ ᠰᠣᠨᠣᠰᠬᠤ ᠦᠭᠡᠢ ᠪᠠᠶᠢᠯ᠎ᠠ ᠭᠡᠳᠡᠭ ᠶᠣᠮ᠃ ᠭᠡᠳᠡᠯ᠎ᠡ ᠡᠳᠦᠬᠡ ᠲᠣᠯᠣᠨ  ᠤ ᠦᠶ᠎ᠡ ᠪᠣᠯᠵᠣ ᠢᠷᠡᠭᠡᠳ᠂ ᠲᠡᠳᠡ ᠬᠠᠷᠢᠨ ᠲᠠᠶᠢᠨ ᠪᠠᠶᠢᠯᠳᠣᠭᠠᠨ ᠳᠤ ᠪᠣᠯᠪᠠᠰᠣᠷᠠᠨ᠂ ᠨᠢᠭᠡᠨᠳᠡ ᠮᠠᠨ ᠤ ᠬᠢᠵᠠᠭᠠᠷ  ᠤᠨ ᠵᠣᠪᠠᠯᠠᠩ ᠪᠣᠯᠵᠠᠢ᠃ ᠡᠷᠳᠡᠨ ᠤ ᠪᠣᠮᠪᠤ ᠶᠢᠨ ᠮᠡᠷᠭᠡᠳ ᠤᠨ ᠦᠬᠦᠯᠡᠭᠰᠡᠨ ᠢᠶᠠᠷ ︽ᠪᠣᠭᠳᠠᠰ ᠬᠦᠮᠦᠰ ᠮᠡᠨᠳᠦᠯᠡᠬᠦ  ᠳᠤ ᠵᠠᠪᠠᠯ ᠶᠡᠭᠡ ᠰᠠᠮᠠᠭᠤᠨ ᠲᠡᠭᠳᠡᠮᠣᠢ︾ ᠭᠡᠳᠡᠭ ᠦᠭᠡ ᠶᠢ ᠡᠳᠦᠬᠡ ᠮᠡᠭᠦᠰ ᠪᠢ ᠦᠨᠡᠬᠡᠷ ᠢᠳᠡᠭᠡᠵᠦᠬᠦᠢ ᠭᠡᠪᠡ᠃ ᠡᠨᠡ ᠦᠭᠡᠨ ᠳᠤ ᠨᠠᠭᠠᠳᠣ ᠵᠠᠬ᠎ᠠ ᠨᠢ ᠬᠤᠶᠠᠷ ᠵᠦᠢᠯ ᠤᠨ ᠦᠵᠡᠯ ᠰᠠᠨᠠᠭ᠎ᠠ ᠶᠢ ᠠᠬᠤᠭᠤᠯᠵᠣ ᠪᠠᠶᠢᠨ᠎ᠠ᠃ ᠨᠨᠢᠭᠡ ᠳᠤ ᠲᠣᠯᠣᠨ ᠦᠨᠡᠬᠡᠷ ᠲᠣᠬᠠᠢ ᠶᠢᠨ ᠦᠶ᠎ᠡ ᠳᠡᠭᠡᠨ ᠮᠠᠰᠢ ᠬᠦᠴᠦᠷᠬᠡᠭ ᠣᠯᠣᠰ ᠢ ᠪᠠᠶᠢᠭᠤᠯᠵᠣ᠂ ᠣᠮᠠᠷᠠᠳᠣ ᠸᠧᠢ ᠣᠯᠣᠰ  ᠲᠠᠢ ᠡᠩ ᠲᠡᠩᠴᠡᠵᠦ ᠡᠰᠡᠷᠭᠦᠴᠡᠯᠳᠦᠵᠦ ᠪᠠᠶᠢᠪᠠ᠃ ᠬᠤᠶᠠᠷ ᠲᠤ ᠡᠨᠡᠬᠦ ᠬᠡᠷᠡᠭ ᠢ ᠲᠣᠭᠠᠴᠢᠬᠤ ᠪᠠᠷ ᠲᠠᠮᠵᠢᠨ ᠲᠣᠪᠠ ᠲᠣᠣ ᠦᠪᠡᠷ ᠤᠨ ᠪᠡᠶ᠎ᠡ ᠪᠠᠨ ᠬᠢᠳᠠᠳ ᠤᠨ ᠡᠷᠳᠡᠨ ᠤ ᠰᠣᠶᠣᠯ ᠳᠤ ᠨᠡᠪᠳᠡᠷᠬᠡᠢ ᠭᠡᠵᠦ ᠭᠠᠶᠢᠬᠠᠭᠤᠯᠬᠤ ᠶᠢᠨ ᠬᠠᠮᠳᠣ᠂ ᠦᠪᠡᠷ ᠤᠨ ᠪᠡᠶ᠎ᠡ ᠪᠠᠨ ᠶᠡᠷᠦ ᠪᠣᠰᠣ ᠶᠢᠨ ︽ᠪᠣᠭᠳᠠ︾ ᠬᠦᠮᠦᠨ ᠭᠡᠵᠦ ᠮᠠᠭᠳᠠᠬᠤ ᠰᠠᠨᠠᠭ᠎ᠠ ᠪᠠᠨ ᠢᠯᠡᠳᠭᠡᠵᠡᠢ᠃ ᠡᠨᠡ ᠵᠢᠵᠢᠭ ᠦᠯᠢᠭᠡᠷ ᠪᠣᠯ ᠲᠣᠪᠠ ᠲᠣᠣ ᠠᠴᠠ ᠷᠸᠣᠷᠠᠨᠴᠣᠳ ᠢ ᠷᠦ᠋ ᠷᠦ᠋ ᠭᠡᠵᠦ ᠲᠣᠷᠣᠮᠵᠢᠯᠠᠨ ᠨᠡᠷᠡᠶᠢᠳᠦᠭᠰᠡᠨ ᠦᠶ᠎ᠡ ᠶᠢᠨ ᠦᠯᠢᠭᠡᠷ ᠶᠣᠮ᠃ ᠣᠳᠣᠬᠢ ᠲᠡᠯᠡᠬᠡᠢ ᠶᠢᠨ ᠲᠡᠣᠬᠡᠴᠢᠳ ᠰᠣᠳᠣᠯᠣᠭᠴᠢᠳ ᠤᠨ ᠦᠵᠡᠬᠦ ᠪᠠᠷ ᠷᠸᠣᠷᠠᠨ ᠪᠣᠯ ᠮᠦᠨ ᠲᠣᠪᠠ ᠰᠢᠶᠠᠨ ᠪᠸᠢ ᠶᠢᠨ ᠨᠢᠭᠡᠨ ᠠᠶᠢᠮᠠᠭ ᠪᠦᠯᠦᠭ ᠪᠣᠯᠣᠨ᠎ᠠ ᠭᠡᠳᠡᠭ ᠲᠤ ᠣᠯᠠᠨ ᠤ ᠰᠠᠨᠠᠯ ᠨᠢᠭᠡᠨᠳᠡ ᠨᠢᠭᠡᠳᠴᠦ ᠪᠠᠶᠢᠨ᠎ᠠ᠃ ᠷᠸᠣᠷᠠᠨᠴᠣᠳ ᠲᠤ 蠕蠕 ᠠᠴᠠ ᠭᠠᠳᠠᠨ᠎ᠠ ᠪᠠᠰᠠ 柔然᠂ 芮芮᠂ 茹茹᠂ 蝚蠕᠂ 檀檀᠂ 皇芮 ᠭᠡᠵᠦ ᠣᠯᠠᠨ ᠵᠦᠢᠯ ᠤᠨ ᠨᠡᠷ᠎ᠡ ᠲᠠᠢ᠂ ᠲᠡᠭᠦᠨ ᠤ ᠲᠣᠲᠣᠷ᠎ᠠ ᠬᠠᠮᠤᠭ ᠰᠡᠬᠦᠯ ᠤᠨ 皇芮 ᠭᠡᠳᠡᠭ ᠦᠭᠡ ᠪᠣᠯ ᠷᠸᠣᠷᠠᠨᠴᠣᠳ ᠤᠨ ᠦᠪᠡᠷ ᠤᠨ ᠪᠡᠶ᠎ᠡ ᠪᠠᠨ ᠵᠢᠭᠠᠭᠰᠠᠨ ᠲᠦᠯᠦᠭᠡᠨ ᠤ ᠨᠡᠷ᠎ᠡ ᠪᠣᠯᠣᠨ᠎ᠠ᠂ ᠪᠣᠳᠠᠳᠠᠢ  ᠪᠠᠷ ᠬᠡᠯᠡᠪᠡᠯ᠂ ᠷᠸᠣᠷᠠᠨ ᠬᠠᠭᠠᠳ ᠠᠴᠠ ᠡᠮᠦᠨᠡᠳᠦ ᠴᠢ ᠣᠯᠣᠰ ᠲᠤ ᠦᠭᠭᠦᠭᠰᠡᠨ ᠣᠯᠣᠰ ᠤᠨ ᠪᠢᠴᠢᠭ ᠲᠤ ᠡᠨᠡᠬᠦ ᠦᠭᠡ ᠭᠠᠷᠳᠠᠭ ᠶᠣᠮ᠃ ᠡᠶᠢᠮᠦ ᠠᠴᠠ 芮 ︵ᠷᠦᠢ︶ ᠶᠢᠨ ᠡᠷᠳᠡᠨ ᠤ ᠠᠪᠢᠶ᠎ᠠ ᠨᠢ ᠲᠣᠰ ᠦᠨᠳᠦᠰᠦᠳᠡᠨ ᠤ ᠣᠭᠰᠠᠭ᠎ᠠ ᠭᠠᠷᠣᠯ ᠤᠨ ᠨᠡᠷ᠎ᠡ ᠴᠣᠯᠠ ᠲᠠᠢ ᠶᠠᠮᠠᠷ ᠨᠢᠭᠡᠨ ᠬᠡᠪᠴᠢᠶᠠᠨ ᠳᠤ ᠨᠢᠬᠳᠠ ᠬᠤᠯᠪᠣᠭ᠎ᠠ ᠲᠠᠢ ᠪᠠᠶᠢᠵᠣ ᠮᠡᠳᠡᠨ᠎ᠡ ᠃ ᠲᠣᠰ ᠪᠢᠴᠢᠭ ᠤᠨ ᠣᠣᠯ ᠦᠭᠡ ᠨᠢ᠄ 皇芮承緒,肇自二儀,拓土載民,地越滄海,百代一族,大業天固。雖吳漠殊域,義同脣齒 ᠁ ᠭᠡᠵᠡᠢ᠃ ᠮᠣᠩᠭᠤᠯᠴᠢᠯᠠᠪᠠᠯ ᠶᠡᠭᠡ ᠲᠦᠯᠦᠪ ᠣᠳᠬ᠎ᠠ ᠨᠢ᠄ ᠮᠠᠨ ᠤ ᠬᠠᠭᠠᠨᠳᠣ ᠷᠦᠢ ᠨᠡᠷ ᠲᠡᠭᠷᠢ ᠶᠢᠨ ᠪᠣᠱᠤᠭ ᠢᠶᠠᠷ ᠣᠯᠠᠷᠢᠯ ᠢ ᠨᠡᠭᠡᠭᠡᠨ᠂ ᠨᠣᠳᠤᠭ ᠦᠷᠭᠡᠵᠢᠨ ᠢᠷᠭᠡᠳ ᠵᠣᠵᠠᠭᠠᠷᠠᠭᠠᠳ᠂ ᠵᠠᠭᠤᠨ ᠦᠶ᠎ᠡ ᠶᠢᠨ ᠬᠦᠴᠦᠷᠭᠡᠭ ᠭᠦᠷᠦᠨ ᠤ ᠶᠡᠭᠡ ᠦᠢᠯᠡᠰ ᠢ ᠨᠢᠭᠡᠨᠳᠡ ᠪᠠᠳᠣᠳᠬᠠᠨ ᠴᠢᠳᠠᠵᠣᠬᠤᠢ᠃ ᠬᠡᠳᠦᠶᠢᠪᠡᠷ ᠡᠣ ︵吳︶ ᠮᠦᠸᠧ ︵漠︶ ᠢᠵᠢᠯ ᠪᠣᠰᠣ ᠣᠯᠣᠰ ᠬᠡᠮᠡᠪᠡᠴᠦ᠂ ᠣᠷᠣᠭᠤᠯ ᠰᠢᠳᠦᠨ ᠮᠡᠳᠦ ᠰᠢᠳᠦᠯᠴᠡᠬᠦ ᠶᠣᠰᠣᠨ ᠠᠮᠣᠢ ᠁ ᠭᠡᠵᠡᠢ᠃ ᠠᠳᠡ 吳漠 ᠭᠡᠳᠡᠭ ᠨᠢ ᠲᠣᠬᠠᠢ ᠶᠢᠨ ᠦᠶ᠎ᠡ ᠶᠢᠨ ᠡᠮᠦᠨᠡᠳᠦ ᠣᠷᠣᠨ ᠤ ᠡᠣ ︵吳︶ ᠭᠠᠵᠠᠷ ᠪᠣᠯᠣᠨ ᠭᠤᠪᠢ ᠨᠣᠳᠤᠭ ︵漠︶ ᠭᠡᠰᠡᠨ ᠦᠭᠡ ᠪᠣᠯᠣᠨ᠎ᠠ᠃ 吳 ᠨᠢ ᠲᠠᠷᠣᠢ ᠬᠢᠳᠠᠳ ᠤᠨ ᠡᠷᠳᠡᠨ ᠤ ᠭᠤᠷᠪᠠᠨ ᠣᠯᠣᠰ ᠤᠨ ᠦᠶ᠎ᠡ ᠶᠢᠨ ᠡᠣ ᠣᠯᠣᠰ ᠤᠨ ᠬᠠᠭᠤᠴᠢᠨ ᠨᠣᠳᠤᠭ ᠲᠡᠪᠢᠰᠭᠡᠷ ᠲᠤ ᠲᠣᠭᠳᠠᠨᠢᠵᠣ ᠪᠠᠶᠢᠭᠰᠠᠨ ᠲᠣᠬᠠᠢ ᠶᠢᠨ ᠦᠶ᠎ᠡ ᠶᠢᠨ ᠡᠮᠦᠨᠡᠳᠦ ᠴᠢ ᠣᠯᠣᠰ ᠢ ᠵᠢᠭᠠᠵᠣ᠂ 漠 ᠭᠡᠳᠡᠭ ᠨᠢ ᠭᠤᠪᠢ ᠨᠣᠳᠤᠭ ᠲᠤ ᠪᠠᠶᠢᠭ᠎ᠠ ᠦᠪᠡᠷ ᠤᠨ ᠷᠸᠣᠷᠠᠨ ᠣᠯᠣᠰ ᠢ ᠪᠠᠨ ᠵᠢᠭᠠᠭᠰᠠᠨ ᠲᠦᠯᠦᠭᠡᠨ ᠤ ᠨᠡᠷ᠎ᠡ ᠪᠠᠶᠢᠭ᠎ᠠ ᠨᠢ ᠮᠠᠰᠢ ᠲᠣᠲᠣᠷᠬᠠᠢ ᠬᠡᠷᠡᠭ ᠮᠦᠨ ᠃ ᠭᠤᠣᠯ ᠠᠭᠤᠯᠭ᠎ᠠ ᠨᠢ ᠲᠠᠨ ᠤ ᠡᠣ ︵吳︶ ᠭᠠᠵᠠᠷ ᠤᠨ ᠡᠮᠦᠨᠡᠳᠦ ᠴᠢ ᠣᠯᠣᠰ ᠪᠣᠯᠣᠨ ᠮᠠᠨ ᠤ ᠶᠡᠭᠡ ᠭᠤᠪᠢ ︵漠︶ ᠶᠢᠨ ᠷᠸᠣᠷᠠᠨ ᠣᠯᠣᠰ ᠬᠡᠷᠪᠡ ᠨᠢᠭᠡᠨᠳᠡ ᠬᠤᠯᠪᠣᠭᠠᠯᠠᠨ ᠴᠢᠳᠠᠪᠠᠯ᠂ ᠣᠷᠣᠭᠤᠯ ᠰᠢᠳᠣᠨ ᠤ ᠰᠢᠳᠦᠯᠴᠡᠯ  ᠲᠠᠢ ᠪᠣᠯᠵᠣ᠂ ᠬᠡᠨ ᠠᠯᠢᠨ ᠴᠦ ᠬᠦᠴᠦᠷᠭᠡᠭ ᠶᠡᠭᠡ ᠲᠣᠪᠠ ᠰᠢᠶᠠᠨ ᠪᠸᠢ ᠳᠤ ᠠᠮᠠᠷᠬᠠᠨ ᠲᠦᠷᠢᠮᠡᠬᠡᠶᠢᠯᠡᠭᠳᠡᠬᠦ ᠦᠭᠡᠢ᠂ ᠠᠮᠣᠷ ᠲᠠᠪᠠᠳᠠᠢ ᠠᠵᠣ ᠲᠦᠷᠦᠵᠦ ᠴᠢᠳᠠᠨ᠎ᠠ ᠭᠡᠰᠡᠨ ᠰᠠᠨᠠᠭ᠎ᠠ ᠶᠢ ᠭᠠᠷᠭᠠᠭᠰᠠᠨ ᠦᠭᠡ ᠶᠣᠮ᠃ ᠡᠭᠦᠨ ᠢ ᠣᠳᠣ ᠦᠶ᠎ᠡ ᠶᠢᠨ ᠵᠠᠷᠢᠮ ᠠᠯᠳᠠᠷᠲᠣ ᠬᠢᠳᠠᠳ ᠡᠷᠳᠡᠮᠳᠡᠨ ᠬᠦᠷᠳᠡᠯ᠎ᠡ ᠷᠸᠣᠷᠠᠨ ᠬᠦᠮᠦᠰ ᠦᠪᠡᠷ ᠤᠨ ᠣᠭᠰᠠᠭ᠎ᠠ ᠶᠠᠰᠣ ᠪᠠᠨ 漠 ᠭᠡᠵᠦ ᠲᠣᠪᠴᠢᠯᠠᠨ ᠨᠡᠷᠡᠯᠡᠳᠡᠭ ᠭᠡᠵᠦ ᠠᠨᠳᠠᠭᠤ ᠪᠣᠷᠣᠭᠤ ᠣᠬᠠᠭᠳᠠᠬᠤᠨ ᠲᠠᠢ ᠦᠬᠦᠯᠡᠯ ᠵᠣᠬᠢᠶᠠᠯ ᠪᠢᠴᠢᠭᠡᠳ ᠬᠦᠮᠦᠰ ᠢ ᠲᠦᠭᠡᠷᠢᠭᠳᠡᠬᠦᠯᠵᠦ ᠪᠠᠶᠢᠨ᠎ᠠ᠃ ᠭᠡᠶ᠎ᠡ ᠲᠡᠯᠡᠬᠡᠢ ᠲᠡᠭᠡᠷ᠎ᠡ ᠪᠣᠰᠣᠳ ᠤᠨ ᠨᠡᠷ᠎ᠡ ᠬᠦᠨᠳᠦ ᠲᠠᠢ ᠦᠬᠦᠯᠡᠯ ᠤᠨ ᠠᠭᠤᠯᠭ᠎ᠠ ᠠᠴᠠ ᠦᠪᠡᠷ ᠤᠨ ᠬᠡᠷᠡᠭᠴᠡᠭᠡ ᠱᠠᠭᠠᠷᠳᠠᠯᠭ᠎ᠠ ᠪᠠᠨ ᠦᠨᠳᠦᠰᠦᠯᠡᠵᠦ ᠪᠠᠶᠢᠭᠠᠳ ᠲᠣᠷ᠎ᠠ ᠪᠠᠷ ᠬᠠᠭᠤᠯᠠᠵᠣ ᠠᠪᠣᠴᠢᠬᠠᠭᠠᠳ᠂ ᠮᠢᠨᠦ ᠦᠪᠡᠷ ᠤᠨ ᠪᠦᠳᠦᠭᠡᠯ ᠭᠡᠵᠦ ᠣᠩᠬᠢᠷᠠᠳᠠᠭ᠂ ᠨᠡᠩ ᠠᠯᠳᠠᠷ ᠶᠡᠬᠡᠳᠡᠢ ᠬᠢᠳᠠᠳ ᠡᠷᠳᠡᠮᠳᠡᠳ ︵ᠵᠠᠷᠢᠮ ᠨᠢ ᠪᠦᠷ ᠠᠺᠠᠳᠧᠮᠢᠴᠢ ᠶᠢᠨ ᠲᠡᠰ ᠤᠨ ᠬᠦᠮᠦᠰ︶ ᠢᠶᠠᠨ ᠪᠣᠳᠣᠪᠠᠯ ᠪᠠᠰᠠ ᠰᠢᠳᠣᠷᠭᠤ ᠨᠢᠭᠡᠨ ᠳᠡᠭᠡᠨ ᠲᠣᠭᠠᠴᠢᠭᠳᠠᠨ᠎ᠠ᠃ ᠰᠢᠯᠳᠠᠭᠠᠨ ᠨᠢ ᠨᠠᠭᠠᠳᠣ ᠵᠠᠬ᠎ᠠ ᠳᠠᠭᠠᠨ ᠲᠡᠯᠡᠬᠡᠢ ᠶᠢᠨ ︽ᠨᠢᠭᠤᠷ ᠠᠪᠬᠤ ᠦᠭᠡᠢ ᠱᠠᠩᠨᠠᠯ︾ ᠤᠨ ᠨᠡᠷ᠎ᠡ ᠶᠢᠨ ᠵᠢᠬᠰᠠᠯ ᠳᠤ ᠣᠷᠣᠭᠰᠠᠨ ᠦᠭᠡᠢ ᠴᠢᠨᠢ ᠪᠠᠰᠠ ᠪᠣᠯᠵᠣ ᠪᠠᠶᠢᠨ᠎ᠠ ᠭᠡᠵᠦ ᠦᠵᠡᠬᠦ ᠬᠡᠷᠡᠭᠳᠡᠢ᠃ 芮芮 ᠭᠡᠳᠡᠭ ᠨᠢ ᠲᠡᠭᠡᠷ᠎ᠡ ᠬᠡᠯᠡᠭᠰᠡᠨ ᠣᠯᠣᠰ ᠤᠨ ᠵᠠᠬᠢᠳᠠᠯ ᠲᠠᠭᠠᠨ ᠦᠪᠡᠷ ᠢ ᠪᠠᠨ ᠬᠠᠭᠠᠨᠳᠣ ᠷᠦᠢ ︵皇芮︶ ᠭᠡᠵᠦ ᠠᠩᠬ᠎ᠠ ᠲᠣᠷᠠᠳᠣᠭᠰᠠᠨ ᠦᠭᠡ ᠲᠠᠢ ᠠᠳᠠᠯᠢ ᠣᠳᠬ᠎ᠠ ᠲᠠᠢ ᠦᠭᠡ ᠪᠣᠯᠣᠨ᠎ᠠ᠃ ᠭᠡᠳᠡᠯ᠎ᠡ 茹茹 ᠭᠡᠳᠡᠭ ᠨᠢ ᠬᠤᠵᠢᠮ ᠷᠸᠣᠷᠠᠨᠴᠣᠳ ᠤᠨ ᠬᠤᠶᠢᠴᠢᠰ ᠪᠦᠷ ᠡᠶᠢᠮᠦᠷᠬᠦ ᠣᠪᠣᠭ ᠠᠪᠴᠠᠭᠠᠭᠰᠠᠨ ᠨᠢ ᠮᠦᠨ ᠲᠡᠣᠬᠡᠨ ᠦᠨᠡᠨᠳᠡᠢ ᠬᠡᠷᠡᠭ ᠶᠣᠮ᠃ ᠣᠳᠣ ᠪᠣᠯᠳᠠᠯ᠎ᠠ ᠭᠤᠸᠠᠨᠵᠦ᠋ᠩ ᠭᠠᠵᠠᠷ ᠢᠶᠠᠷ ᠪᠠᠶᠢᠭ᠎ᠠ ᠵᠠᠷᠢᠮ ᠬᠢᠳᠠᠳᠵᠢᠭᠰᠠᠨ ᠷᠸᠣᠷᠠᠨ ᠬᠦᠮᠦᠰ ᠦᠪᠡᠷ ᠢ ᠪᠠᠨ 茹 ᠣᠪᠣᠭ ᠢᠶᠠᠷ ᠣᠪᠣᠭᠯᠠᠵᠣ᠂ ᠦᠪᠡᠷ ᠤᠨ ᠪᠡᠶ᠎ᠡ ᠪᠠᠨ ᠡᠷᠳᠡᠨ ᠤ 茹茹 ᠶᠢᠨ ᠬᠤᠶᠢᠴᠢᠰ ᠭᠡᠵᠦ ᠮᠡᠳᠡᠵᠦ ᠮᠡᠳᠡᠷᠡᠵᠦ ᠪᠠᠶᠢᠭᠰᠠᠭᠠᠷ ᠶᠣᠮ᠃ 檀檀 ᠢ ᠪᠣᠯ ᠷᠸᠣᠷᠠᠨ ᠬᠠᠭᠠᠨ 大檀 ᠤ ᠨᠡᠷ᠎ᠡ ᠠᠴᠠ ᠬᠤᠵᠢᠮ ᠤᠨ ᠲᠠᠲ᠋ᠠᠷ ᠨᠡᠷ᠎ᠡ ᠡᠭᠦᠰᠴᠡᠢ ᠭᠡᠵᠦ ᠬᠤᠯᠪᠣᠨ ᠲᠠᠶᠢᠯᠪᠣᠷᠢᠯᠠᠬᠤ ᠬᠦᠮᠦᠰ ᠴᠦ ᠴᠦᠬᠡᠨ ᠦᠭᠡᠢ ᠪᠠᠶᠢᠳᠠᠭ᠃ ᠲᠡᠯᠡᠬᠡᠢ ᠶᠢᠨ ᠲᠡᠣᠬᠡ ᠰᠣᠳᠣᠯᠣᠭᠴᠢᠳ ᠤᠨ ᠦᠵᠡᠬᠦ ᠪᠠᠷ ᠨᠡᠶᠢᠳᠡ ᠶᠢᠨ ᠣᠨ ᠲᠣᠭᠠᠯᠠᠯ ᠤᠨ 552 ᠣᠨ ᠤ ᠪᠠᠷᠤᠭ ᠢᠶᠠᠷ ᠷᠸᠣᠷᠠᠨ ᠣᠯᠣᠰ᠂ ᠰᠢᠨ᠎ᠡ ᠪᠠᠷ ᠮᠠᠨᠳᠣᠭᠰᠠᠨ ᠲᠦᠷᠺᠴᠣᠳ ᠲᠤ ᠢᠯᠠᠭᠳᠠᠭᠰᠠᠨ ᠤ ᠲᠠᠷᠠᠭ᠎ᠠ᠂ ᠲᠡᠭᠦᠨ  ᠤ ᠨᠢᠭᠡ ᠰᠠᠯᠠᠭ᠎ᠠ ᠬᠦᠮᠦᠰ ᠨᠢ ᠪᠠᠷᠤᠭ 568 ᠣᠨ ᠢᠶᠠᠷ ᠧᠦ᠋ᠷᠣᠫᠠ ᠲᠤ ᠨᠡᠭᠦᠳᠡᠯᠯᠡᠨ ᠬᠦᠷᠴᠦ ᠠᠸᠠᠷ ᠬᠦᠮᠦᠨ ᠪᠣᠯᠵᠠᠢ ᠭᠡᠳᠡᠭ ᠶᠣᠮ᠃ ᠷᠸᠣᠷᠠᠨ ᠬᠦᠮᠦᠰ ᠮᠣᠬᠤᠯᠠᠢ ︵木骨闾 ᠲᠠᠷᠠᠭ᠎ᠠ ᠪᠠᠷ ᠡᠨᠡᠬᠦ ᠬᠦᠮᠦᠨ ᠤ ᠨᠡᠷ᠎ᠡ ᠶᠢ ᠲᠣᠪᠴᠢᠯᠠᠨ ᠶᠠᠷᠢᠨ᠎ᠠ︶  ᠶᠢᠨ ᠦᠶ᠎ᠡ ᠠᠴᠠ ᠡᠬᠢᠯᠡᠨ ᠲᠡᠣᠬᠡᠨ ᠳᠤ ᠢᠯᠡᠷᠡᠭᠡᠳ᠂ ᠲᠡᠭᠦᠨ ᠤ ᠬᠦᠪᠡᠭᠦᠨ ᠴᠢᠷᠠᠬᠠᠢ ︵车鹿会︶ ᠶᠢᠨ ᠦᠶ᠎ᠡ ᠳᠤ ᠰᠠᠶ᠋ᠢ ᠠᠶᠢᠮᠠᠭ ᠪᠦᠯᠦᠭ ᠲᠠᠢ ᠪᠣᠯᠵᠣ᠂ ᠦᠪᠡᠷ ᠤᠨ ᠠᠶᠢᠮᠠᠭ ᠢᠶᠠᠨ ᠷᠸᠣᠷᠠᠨ ︵柔然︶ ᠭᠡᠵᠦ ᠨᠡᠷᠡᠶᠢᠳᠦᠪᠡ ᠭᠡᠵᠦ ᠣᠮᠠᠷᠠᠳᠣ ᠸᠧᠢ ᠣᠯᠣᠰ ᠤᠨ ᠲᠡᠣᠬᠡᠨ ᠨᠣᠮ ︽ᠸᠧᠢ ᠱᠦ᠋ ᠪᠢᠴᠢᠭ︾ ᠲᠤ ᠮᠠᠰᠢ ᠲᠣᠲᠣᠷᠬᠠᠢ ᠲᠡᠮᠳᠡᠭᠯᠡᠵᠦ ᠪᠠᠶᠢᠨ᠎ᠠ᠃ ᠡᠭᠦᠨ ᠢᠶᠠᠷ ᠦᠵᠡᠪᠡᠯ ᠲᠡᠳᠡᠨᠡᠷ ᠤᠨ ᠲᠡᠣᠬᠡᠨ ᠳᠤ ᠢᠯᠡᠷᠡᠭᠰᠡᠨ ᠴᠠᠭ ᠬᠤᠭᠤᠴᠠᠭ᠎ᠠ ᠨᠢ ᠭᠤᠷᠪᠠᠳᠣᠭᠠᠷ ᠵᠠᠭᠤᠨ ᠤ ᠲᠣᠮᠳᠠᠴᠢ ᠦᠶ᠎ᠡ ᠪᠠᠶᠢᠬᠤ ᠶᠣᠰᠣᠳᠠᠢ᠃ ᠭᠡᠶ᠎ᠡ ᠶᠦᠨ ᠭᠠᠩ ᠤᠨ ᠴᠢᠯᠠᠭᠤᠨ ᠠᠭᠤᠢ ᠳᠤ ᠪᠠᠶᠢᠭ᠎ᠠ 《茹茹造像题记︾ ᠭᠡᠳᠡᠭ ᠴᠢᠯᠠᠭᠤᠨ ᠳᠤ ᠴᠠᠪᠴᠢᠭᠰᠠᠨ ᠲᠡᠮᠳᠡᠭᠯᠡᠯ ᠠᠴᠠ ᠦᠵᠡᠪᠡᠯ ᠶᠡᠭᠡ ᠷᠣ᠋ ᠷᠣ᠋ ᠣᠯᠣᠰ ︵大茹茹国︶ ᠭᠡᠵᠦ ᠲᠡᠮᠳᠡᠭᠯᠡᠵᠦ ᠪᠠᠶᠢᠨ᠎ᠠ᠃ ᠡᠶᠢᠮᠦ ᠠᠴᠠ 茹茹 ᠭᠡᠳᠡᠭ  ᠨᠢ ᠰᠠᠶ᠋ᠢ ᠲᠡᠳᠡᠨᠡᠷ ᠤᠨ ᠵᠦᠪ ᠨᠡᠷᠡᠶᠢᠳᠦᠯ ᠪᠣᠯᠣᠨ᠎ᠠ ᠭᠡᠵᠦ ᠦᠵᠡᠬᠦ ᠡᠷᠳᠡᠮᠳᠡᠳ ᠴᠦ ᠣᠯᠠᠨ ᠪᠠᠶᠢᠭ᠎ᠠ ᠶᠣᠮ᠃ ᠭᠡᠶ᠎ᠡ ᠵᠣᠬᠢᠶᠠᠭᠴᠢ ᠮᠢᠨᠦ ᠣᠶᠢᠯᠭᠠᠭᠰᠠᠨ ᠢᠶᠠᠷ ᠡᠨᠡᠬᠦ ᠶᠦᠨ ᠭᠠᠩ ᠤᠨ ᠴᠢᠯᠠᠭᠤᠨ ᠠᠭᠤᠢ ᠳᠤ ᠴᠠᠪᠴᠢᠨ ᠰᠡᠶᠢᠯᠪᠦᠷᠢᠭᠰᠡᠨ ︽茹茹造像题记︾ ᠭᠡᠳᠡᠭ ᠤᠨ ᠪᠦᠬᠦᠯᠢ ᠨᠡᠷ᠎ᠡ ᠨᠢ ︽大茹茹可敦造像题记︾ ︵ᠶᠡᠭᠡ ᠷᠣ᠋ ᠷᠣ᠋ ᠬᠠᠳᠣᠨ ᠤ ᠪᠣᠷᠬᠠᠨ ᠰᠡᠶᠢᠯᠪᠦᠷᠢᠯᠡᠭᠰᠡᠨ ᠲᠡᠮᠳᠡᠭᠯᠡᠯ︶ ᠭᠡᠵᠦ ᠷᠸᠣᠷᠠᠨᠴᠣᠳ ᠤᠨ ᠰᠡᠭᠦᠯᠴᠢ ᠶᠢᠨ ᠦᠶ᠎ᠡ᠂ ᠲᠠᠷᠣᠢ ᠨᠡᠶᠢᠳᠡ ᠶᠢᠨ ᠣᠨ ᠲᠣᠭᠠᠯᠠᠯ ᠤᠨ ᠵᠢᠷᠭᠤᠳᠣᠭᠠᠷ ᠵᠠᠭᠤᠨ ᠤ ᠡᠬᠢᠨ ᠢᠶᠠᠷ ᠣᠮᠠᠷᠠᠳᠣ ᠸᠧᠢ ᠣᠯᠣᠰ ᠴᠦ ᠵᠠᠳᠠᠷᠠᠨ᠂ ᠵᠡᠭᠦᠨ ᠪᠠᠷᠠᠭᠤᠨ ᠬᠤᠶᠠᠷ ᠸᠧᠢ ᠣᠯᠣᠰ ᠪᠣᠯᠵᠣ ᠬᠤᠪᠢᠶᠠᠭᠳᠠᠨ᠂ ᠪᠦᠷ ᠡᠷᠬᠡᠳᠡᠨ ᠳᠦᠰᠢᠮᠡᠳ ᠲᠤ ᠡᠷᠬᠡᠰᠢᠶᠡᠭᠳᠡᠵᠦ ᠪᠠᠶᠢᠭᠰᠠᠨ ᠴᠠᠭ ᠦᠶ᠎ᠡ ᠳᠤ᠂ ᠷᠸᠣᠷᠠᠨᠴᠣᠳ ᠡᠨᠡ ᠬᠤᠶᠠᠷ ᠲᠠᠯ᠎ᠠ ᠲᠠᠢ ᠨᠡᠶᠢᠳᠡᠮ ᠣᠷᠣᠭᠴᠠᠨ ᠡᠪᠰᠡᠵᠦ᠂ ᠦᠪᠡᠷ ᠢ ᠪᠠᠨ ᠬᠠᠮᠠᠭᠠᠯᠠᠬᠤ ᠠᠷᠭ᠎ᠠ ᠪᠣᠳᠣᠯᠭ᠎ᠠ ᠪᠣᠯᠭᠠᠵᠣ ᠪᠠᠶᠢᠭᠰᠠᠨ ᠴᠠᠭ ᠦᠶ᠎ᠡ ᠮᠦᠨ᠃ ᠡᠨᠡᠬᠦ ᠴᠠᠭ ᠦᠶ᠎ᠡ ᠳᠤ ᠡᠳᠡᠨᠡᠷ ᠬᠡᠨ ᠠᠯᠢᠨ ᠴᠦ ᠪᠣᠷᠬᠠᠨ ᠪᠦᠳᠦᠭᠡᠬᠦ ᠦᠢᠯᠡᠰ ᠲᠤ ᠮᠠᠰᠢ ᠬᠠᠯᠠᠭᠤᠷᠠᠯ ᠲᠠᠢ ᠪᠣᠯᠵᠣ ᠡᠬᠢᠯᠡᠵᠡᠢ᠃ ᠭᠡᠶ᠎ᠡ ᠠᠳᠡ ᠮᠠᠨ ᠤ ᠮᠡᠳᠡᠪᠡᠰᠦ ᠵᠣᠬᠢᠬᠤ ᠨᠢᠭᠡᠨ ᠠᠭᠤᠯᠭ᠎ᠠ ᠪᠣᠯ ᠷᠸᠣᠷᠠᠨ ᠬᠦᠮᠦᠰ ᠪᠣᠯᠣᠨ ᠲᠣᠪᠠ ᠰᠢᠶᠠᠨᠪᠸᠢ ᠶᠢᠨ ᠬᠤᠶᠢᠴᠢᠰ ᠪᠦᠷ ᠨᠢᠭᠡᠨ ᠠᠳᠠᠯᠢ ᠪᠠᠷ ᠮᠠᠰᠢ ᠬᠠᠯᠠᠭᠤᠷᠠᠯ ᠲᠠᠢ ᠪᠣᠷᠬᠠᠨ ᠱᠠᠰᠢᠨ ᠢ ᠰᠢᠳᠦᠵᠦ ᠪᠠᠶᠢᠵᠠᠢ᠃ ᠱᠠᠰᠢᠨ ᠰᠢᠳᠦᠯᠭᠡ ᠶᠠᠮᠠᠷ ᠦᠶ᠎ᠡ ᠳᠤ ᠨᠡᠭᠦᠳᠡᠯᠴᠢᠨ ᠮᠠᠯᠴᠢᠨ ᠪᠣᠯᠬᠤ ᠾᠦᠩᠨᠦᠴᠣᠳ᠂ ᠰᠢᠶᠠᠨᠪᠸᠢᠴᠣᠳ᠂ ᠷᠸᠣᠷᠠᠨᠴᠣᠳ ᠬᠢᠳᠠᠨᠴᠣᠳ ᠲᠦᠷᠺᠴᠣᠳ ᠵᠢᠴᠢ ᠮᠣᠩᠭᠤᠯᠴᠣᠳ ᠲᠤ ᠡᠷᠬᠢᠮᠯᠡᠨ ᠰᠢᠳᠦᠭᠳᠡᠵᠦ ᠪᠠᠶᠢᠭᠰᠠᠨ ᠪᠣᠢ ᠭᠡᠪᠡᠯ᠂ ᠪᠦᠷ ᠠᠳᠠᠯᠢ ᠨᠢᠭᠡᠨ ᠣᠨᠴᠠᠯᠢᠭ ᠲᠠᠢ ᠨᠢ ᠮᠠᠰᠢ ᠰᠣᠨᠢᠷᠬᠠᠯ ᠲᠠᠢ ᠶᠣᠮ᠂ ᠲᠠᠷᠣᠢ ᠲᠡᠳᠡᠨᠡᠷ ᠬᠦᠭᠵᠢᠯ ᠤᠨ ᠦᠶ᠎ᠡ ᠳᠡᠭᠡᠨ ᠶᠠᠮᠠᠷ ᠨᠢᠭᠡᠨ ᠱᠠᠰᠢᠨ ᠢ ᠦᠬᠦᠨ ᠰᠢᠨᠦᠵᠦ ᠰᠢᠳᠦᠬᠦ ᠦᠭᠡᠢ᠂ ᠬᠠᠷᠢᠨ ᠣᠷᠳᠣ ᠬᠤᠭᠤᠴᠠᠭ᠎ᠠ ᠦᠷᠬᠦᠯᠵᠢᠯᠡᠭᠰᠡᠨ ᠲᠠᠶᠢᠨ ᠲᠠᠵᠢᠨ ᠤ ᠰᠠᠮᠠᠭᠤᠷᠠᠯ ᠢᠶᠠᠷ ᠲᠠᠮᠵᠢᠵᠣ᠂ ᠪᠦᠬᠦᠶᠢᠯᠡ ᠣᠭᠰᠠᠭᠠᠳᠠᠨ ᠦᠨᠳᠦᠰᠦᠳᠡᠨ ᠲᠣᠷᠣᠶᠢᠳᠠᠨ ᠪᠠᠭᠤᠷᠠᠵᠣ ᠪᠠᠶᠢᠭ᠎ᠠ ᠦᠶ᠎ᠡ ᠪᠣᠶᠣ ᠨᠢᠭᠡᠮᠦᠰᠦᠨ ᠲᠣᠶᠢᠯᠳᠠᠬᠤ ᠦᠶ᠎ᠡ ᠳᠡᠭᠡᠨ᠂ ᠡᠳᠡᠭᠡᠷ ᠨᠡᠭᠦᠳᠡᠯᠴᠢᠳ ᠰᠠᠶ᠋ᠢ ᠶᠠᠮᠠᠷ ᠨᠢᠭᠡᠨ ᠱᠠᠰᠢᠨ  ᠢ ᠡᠷᠬᠢᠰᠢ ᠦᠭᠡᠢ ᠦᠬᠦᠨ ᠰᠢᠳᠦᠬᠦ ᠪᠣᠯᠣᠨ᠎ᠠ᠃ ᠰᠢᠶᠠᠨᠪᠸᠢᠴᠣᠳ ᠴᠦ ᠠᠳᠠᠯᠢ ᠪᠠᠷ ᠲᠡᠭᠦᠨ ᠤ ᠬᠦᠭᠵᠢᠯ ᠤᠨ ᠡᠬᠢᠨ ᠤ ᠬᠤᠭᠤᠴᠠᠭᠠᠨ᠎ᠠ ᠪᠣᠷᠬᠠᠨ ᠱᠠᠰᠢᠨ ᠢ ᠦᠵᠡᠨ ᠶᠠᠳᠠᠵᠣ ᠡᠪᠳᠡᠨ ᠰᠦᠢᠳᠭᠡᠵᠦ ᠪᠠᠶᠢᠵᠠᠢ᠃ ᠭᠡᠳᠡᠯ᠎ᠡ ᠲᠣᠷᠣᠶᠢᠳᠠᠯ ᠳᠠᠭᠠᠨ ᠣᠷᠣᠩᠭᠤᠳᠠ ᠡᠬᠢᠯᠡᠨ ᠪᠣᠷᠬᠠᠨ ᠰᠢᠳᠦᠬᠦ ᠪᠣᠯᠵᠣ᠂ ᠢᠳᠡᠭᠡᠭᠳᠡᠰᠢ ᠦᠭᠡᠢ ᠶᠡᠭᠡ ᠬᠠᠯᠠᠭᠤᠷᠠᠯ ᠢᠶᠠᠷ ᠦᠨᠳᠦᠷ ᠬᠠᠳᠠᠨ ᠳᠤ ᠠᠭᠤᠢ ᠴᠠᠪᠴᠢᠨ ᠲᠣᠲᠣᠷ᠎ᠠ ᠨᠢ ᠲᠡᠶᠢᠮᠦ ᠣᠯᠠᠨ ᠠᠷᠪᠢᠨ ᠴᠢᠯᠠᠭᠤᠨ ᠪᠣᠷᠬᠠᠨ ᠰᠡᠶᠢᠯᠪᠦᠷᠢᠯᠡᠬᠦ ᠪᠣᠯᠵᠠᠢ᠃ ᠷᠸᠣᠷᠠᠨᠴᠣᠳ ᠴᠦ ᠰᠢᠶᠠᠨᠪᠸᠢᠴᠣᠳ ᠲᠠᠢ  ᠪᠠᠨ ᠨᠨᠢᠭᠡᠨ ᠠᠳᠠᠯᠢ ᠪᠠᠷ ᠡᠨᠡᠬᠦ ᠬᠠᠯᠠᠭᠤᠷᠠᠯ ᠳᠤ ᠣᠨᠠᠵᠠᠢ᠃ ᠡᠶᠢᠮᠦ ᠠᠴᠠ ᠷᠸᠣᠷᠠᠨ ᠤ ᠰᠢᠶᠠᠨᠪᠸᠢ ᠳᠤ ᠮᠣᠷᠳᠠᠭᠰᠠᠨ ᠶᠠᠮᠠᠷ ᠨᠢᠭᠡᠨ ᠭᠦᠩᠵᠦ ᠨᠢ ᠬᠠᠳᠣᠨ ᠪᠣᠯᠣᠭᠠᠳ ᠦᠪᠡᠷ ᠤᠨ ᠨᠡᠷ᠎ᠡ ᠤᠨ ᠡᠮᠦᠨ᠎ᠡ ᠠᠴᠠ ᠮᠦᠨ ᠴᠢᠯᠠᠭᠤᠨ ᠠᠭᠤᠢ ᠴᠠᠪᠴᠢᠨ ᠨᠡᠭᠡᠭᠡᠵᠦ᠂ ᠪᠣᠷᠬᠠᠨ ᠰᠡᠶᠢᠯᠪᠦᠷᠢᠯᠡᠭᠰᠡᠨ ᠮᠦᠷᠳᠡᠭᠡᠨ ᠲᠡᠮᠳᠡᠭᠯᠡᠯ ᠴᠠᠪᠴᠢᠨ ᠦᠯᠡᠳᠡᠭᠰᠡᠨ ᠠᠵᠠᠢ᠃ ᠡᠨᠡᠬᠦ ᠲᠡᠮᠳᠡᠭᠯᠡᠯ ᠢᠶᠠᠨ ︽大茹茹可敦造像题记︾ ᠭᠡᠵᠦ ᠨᠡᠷᠡᠶᠢᠳᠦᠵᠠᠢ᠃ ᠡᠭᠦᠨ ᠢ ᠦᠨᠳᠦᠰᠦᠯᠡᠪᠡᠯ 茹茹 ᠭᠡᠳᠡᠭ ᠦᠭᠡ ᠪᠣᠯ ᠷᠸᠣᠷᠠᠨᠴᠣᠳ ᠤᠨ ᠵᠢᠩᠬᠢᠨᠢ ᠨᠡᠷ᠎ᠡ ᠪᠠᠶᠢᠬᠤ ᠶᠣᠰᠣᠳᠠᠢ ᠭᠡᠵᠦ ᠦᠵᠡᠬᠦ ᠬᠦᠮᠦᠨ ᠢᠯᠡᠷᠡᠬᠦ ᠪᠣᠯᠵᠠᠢ᠃ ᠣᠷᠴᠢᠮ ᠪᠣᠯᠵᠣ ᠢᠷᠡᠭᠡᠳ ᠵᠠᠷᠢᠮ ᠬᠢᠳᠠᠳ ᠡᠷᠳᠡᠮᠳᠡᠳ 柔然 ᠭᠡᠳᠡᠭ ᠦᠭᠡ ᠶᠢ ᠬᠠᠷᠢᠨ ᠶᠠᠨ ᠷᠠᠨ ᠱᠠᠨ ︵燕然︶ ᠠᠭᠤᠯᠠ ᠶᠢᠨ ᠶᠠᠨ ᠷᠠᠨ ᠨᠡᠷ᠎ᠡ ᠲᠠᠢ ᠬᠤᠯᠪᠣᠨ ᠲᠠᠶᠢᠯᠪᠣᠷᠢᠯᠠᠵᠣ᠂ ᠶᠠᠨ ᠷᠠᠨ ᠢ ᠬᠠᠩᠭᠠᠢ ᠨᠢᠷᠣᠭᠤᠨ ᠤ ᠨᠢᠭᠡ ᠬᠡᠰᠡᠭ ᠭᠡᠵᠦ ᠠᠳᠡᠭᠦᠥ ᠪᠣᠷᠣᠭᠤ ᠶᠠᠷᠢᠵᠣ᠂ 柔然 ᠪᠣᠯ ᠡᠨᠡᠬᠦ ᠬᠠᠩᠭᠠᠢ ᠨᠢᠷᠣᠭᠤᠨ ᠤ ︽ᠨᠢᠷᠣᠭᠤᠨ︾ ᠭᠡᠳᠡᠭ ᠦᠭᠡ ᠭᠡᠵᠦ ᠬᠦᠴᠦᠯᠡᠨ ᠬᠤᠯᠪᠣᠨ ᠦᠬᠦᠯᠡᠬᠦ ᠬᠦᠮᠦᠨ ᠭᠠᠷᠬᠤ ᠪᠣᠯᠵᠠᠢ᠃ ᠵᠠᠷᠢᠮ ᠮᠣᠩᠭᠤᠯ ᠬᠦᠮᠦᠰ ᠴᠦ ᠡᠭᠦᠨ ᠢ ᠲᠠᠭᠠᠨ᠂ ᠷᠸᠣᠷᠠᠨ ᠪᠣᠯ ︽ᠨᠢᠷᠣᠭᠤᠨ︾ ᠭᠡᠳᠡᠭ ᠦᠭᠡ ᠭᠡᠵᠦ ᠬᠡᠯᠡᠬᠦ ᠬᠦᠮᠦᠨ ᠴᠦ ᠬᠠᠶᠠ ᠬᠠᠷᠠᠭᠳᠠᠨ᠂ ᠨᠢᠷᠣᠭᠤᠨ ᠮᠣᠩᠭᠤᠯ ᠲᠠᠷᠯᠢᠬᠢᠨ ᠮᠣᠩᠭᠤᠯ ᠲᠠᠢ ᠬᠤᠯᠪᠣᠨ ᠦᠵᠡᠳᠡᠭ ᠬᠦᠮᠦᠰ ᠴᠦ ᠢᠯᠡᠷᠡᠬᠦ ᠪᠣᠯᠵᠠᠢ᠃ ᠦᠨᠡᠨᠳᠡᠭᠡᠨ ᠬᠠᠨ ᠣᠯᠣᠰ ᠤᠨ ᠪᠢᠴᠢᠭ ᠲᠤ ᠭᠠᠷᠳᠠᠭ ᠶᠠᠨ ᠷᠠᠨ ᠱᠠᠨ ᠠᠭᠤᠯᠠ ᠪᠣᠯ ᠬᠠᠩᠭᠠᠢ ᠠᠭᠤᠯᠠ ᠲᠠᠢ ᠶᠠᠮᠠᠷᠴᠣ ᠬᠤᠯᠪᠣᠭ᠎ᠠ ᠦᠭᠡᠢ᠂ ᠨᠢᠭᠡᠨ ᠪᠡᠶ᠎ᠡ ᠲᠠᠭᠠᠭᠠᠭᠰᠠᠨ ᠵᠢᠵᠢᠭ ᠠᠭᠤᠯᠠ ᠨᠢᠷᠣᠭᠤ ᠶᠣᠮ᠂ ᠲᠡᠭᠦᠨ ᠤ ᠣᠣᠯ ᠨᠡᠷ᠎ᠡ ᠨᠢ ᠲᠠᠷᠣᠢ ᠶᠠᠨ ᠷᠠᠨ ︵ᠢᠨᠠᠯ︶ ᠱᠠᠨ ᠪᠠᠶᠢᠭᠰᠠᠨ ᠪᠣᠯᠣᠯᠴᠠᠭ᠎ᠠ ᠲᠠᠢ᠂ ᠰᠢᠯᠳᠠᠭᠠᠨ ᠨᠢ ᠡᠨᠡᠬᠦ ᠶᠠᠨ ᠷᠠᠨ ᠤ ᠷᠠᠨ ᠪᠣᠯᠣᠨ ᠷᠸᠣᠷᠠᠨ ᠤ ᠷᠠᠨ ᠪᠣᠯ ᠠᠳᠠᠯᠢ ᠨᠢᠭᠡᠨ 然 ᠦᠰᠦᠭ ᠪᠠᠶᠢᠵᠣ ᠲᠡᠭᠡᠳᠦ ᠡᠷᠳᠡᠨ ᠤ ᠦᠶ᠎ᠡ ᠳᠤ ᠪᠦᠷ ᠣᠶᠢᠷᠠᠯᠴᠠᠭ᠎ᠠ  ᠪᠠᠷ ᠨᠢᠶᠠᠨ ᠢᠶᠠᠷ ᠣᠩᠰᠢᠳᠠᠭ ᠪᠠᠶᠢᠵᠠᠢ᠃ ᠶᠠᠨ ᠷᠠᠨ ᠱᠠᠨ ᠠᠭᠤᠯᠠ ᠪᠣᠯ ᠣᠳᠣ ᠶᠢᠨ ᠲᠡᠯᠭᠡᠷ ᠬᠠᠩᠭᠠᠢ ᠨᠢᠷᠣᠭᠤᠨ ᠤ ᠨᠢᠭᠡ ᠬᠡᠰᠡᠭ ᠨᠢ ᠶᠣᠮ᠃ ᠲᠡᠭᠡᠭᠡᠳ ᠲᠡᠯᠭᠡᠷ ᠬᠠᠩᠭᠠᠢ ᠭᠡᠳᠡᠭ ᠨᠡᠷ᠎ᠡ ᠦᠭᠡ ᠴᠦ ᠠᠷᠪᠠᠨ ᠵᠢᠷᠭᠤᠭ᠎ᠠ ᠲᠣᠯᠣᠳᠣᠭᠠᠷ ᠵᠠᠭᠤᠨ ᠳᠤ ᠰᠠᠶ᠋ᠢ ᠪᠣᠢ ᠪᠣᠯᠣᠭᠰᠠᠨ ᠰᠢᠨᠡᠪᠳᠦᠷᠬᠡᠨ ᠮᠣᠩᠭᠤᠯ ᠨᠡᠷᠡᠰ ᠦᠭᠡ ᠶᠣᠮ᠃ ᠶᠠᠨ ᠷᠠᠨ ᠱᠠᠨ ᠠᠭᠤᠯᠠ ᠶᠢ ᠡᠷᠳᠡᠨ ᠤ ᠾᠦᠩᠨᠦ ᠬᠡᠯᠡᠨ ᠳᠤ ᠢᠨᠢᠯ ᠠᠭᠤᠯᠠ ᠭᠡᠬᠦ ᠪᠣᠶᠣ ᠢᠨᠠᠯ ᠠᠭᠤᠯᠠ ᠭᠡᠳᠡᠭ ᠪᠠᠶᠢᠵᠠᠢ᠃ ᠲᠣᠰ ᠠᠭᠤᠯᠠᠨ ᠤ ᠪᠠᠶᠢᠷᠢᠰᠢᠯ ᠨᠢ ᠬᠠᠩᠭᠠᠢ ᠨᠢᠷᠣᠭᠤ ᠪᠠ ᠭᠤᠪᠢ ᠠᠯᠳᠠᠢ ᠨᠢᠷᠣᠭᠤ ᠶᠢᠨ ᠵᠡᠭᠦᠨ ᠦᠵᠦᠭᠦᠷ ᠤᠨ ᠵᠡᠭᠦᠨ ᠲᠠᠯ᠎ᠠ ᠪᠠᠷ ᠣᠮᠠᠷ᠎ᠠ ᠵᠦᠭ ᠠᠴᠠ ᠡᠮᠦᠨᠡᠰᠢ ᠣᠷᠣᠰᠣᠨ ᠢᠷᠡᠵᠦ ᠪᠠᠶᠢᠭ᠎ᠠ ᠲᠣᠲᠣᠭᠠᠳᠣ ᠣᠷᠣᠰᠬᠠᠯ ᠲᠤ ᠭᠤᠣᠯ ᠪᠣᠯᠬᠤ ᠣᠩᠬᠢ  ᠶᠢᠨ ᠭᠤᠣᠯ ᠤᠨ ᠬᠦᠨᠳᠡᠢ ᠶᠢᠨ ᠵᠡᠭᠦᠨ ᠲᠠᠯ᠎ᠠ ᠳᠤ ᠪᠠᠶᠢᠭ᠎ᠠ ᠵᠡᠭᠦᠨᠰᠢ ᠪᠠᠷᠠᠭᠤᠨᠰᠢ ᠬᠦᠨᠳᠡᠯᠢᠰᠦᠭᠰᠡᠨ ᠲᠦᠴᠢ ᠲᠠᠪᠢᠬᠠᠨ ᠺᠢᠯᠣᠮᠧᠲᠷ ᠣᠷᠳᠣ ᠵᠢᠵᠢᠭᠬᠡᠨ ᠠᠭᠤᠯᠠ ᠨᠢᠷᠣᠭᠤ ᠶᠣᠮ᠃ ᠲᠡᠭᠦᠨ ᠤ ᠴᠢᠬᠤᠯᠠ ᠴᠢᠨᠠᠷ ᠨᠢ ᠡᠨᠡᠬᠦ ᠠᠭᠤᠯᠠ ᠨᠢᠷᠣᠭᠤ ᠣᠩᠬᠢ ᠶᠢᠨ ᠭᠤᠣᠯ ᠤᠨ ᠬᠦᠨᠳᠡᠢ ᠶᠢ ᠬᠦᠨᠳᠡᠯᠢᠰᠦᠨ᠂ ᠮᠣᠩᠭᠤᠯ ᠨᠣᠳᠤᠭ ᠵᠦᠭ ᠲᠠᠶᠢᠨ ᠬᠢᠬᠦ ᠬᠠᠨ ᠣᠯᠣᠰ ᠤᠨ ᠴᠡᠷᠢᠭ ᠤᠨ ᠵᠠᠪᠠᠯ ᠦᠩᠭᠡᠷᠡᠬᠦ ᠵᠠᠮ ᠶᠠᠪᠣᠴᠠ ᠲᠠᠬᠢ ᠨᠢᠭᠡᠨ ᠵᠢᠵᠢᠭ ᠠᠭᠤᠯᠠ ᠨᠢᠷᠣᠭᠤ ᠪᠣᠯᠣᠨ᠎ᠠ᠃ ᠡᠶᠢᠮᠦ ᠠᠴᠠ ᠮᠣᠩᠭᠤᠯᠴᠣᠳ ᠲᠣᠰ ᠠᠭᠤᠯᠠ ᠶᠢ ᠪᠠᠰᠠ ᠶᠡᠭᠡ ᠲᠠᠭ ᠭᠡᠵᠦ ᠨᠡᠷᠡᠶᠢᠳᠦᠨ᠂ ᠣᠩᠬᠢ ᠶᠢᠨ ᠭᠤᠣᠯ ᠤᠨ ᠬᠦᠨᠳᠡᠢ ᠶᠢ ᠲᠠᠭᠯᠠᠵᠣ ᠪᠠᠶᠢᠭ᠎ᠠ ᠲᠠᠭᠯᠠᠭᠠᠰᠣ ᠭᠡᠵᠦ ᠦᠵᠡᠳᠡᠭ ᠨᠢ ᠪᠣᠷᠣᠭᠤ ᠦᠭᠡᠢ ᠶᠣᠮ᠃ ᠬᠢᠳᠠᠳ ᠴᠡᠷᠢᠭ ᠲᠠᠶᠢᠨ ᠳᠤ ᠮᠣᠷᠳᠠᠬᠤ ᠲᠠᠭᠠᠨ ᠵᠠᠪᠠᠯ ᠴᠡᠷᠢᠭ ᠤᠨ ᠠᠮᠣ ᠬᠦᠨᠡᠰᠦ ᠪᠠᠨ ᠵᠠᠭᠤ ᠮᠢᠩᠭᠠᠨ ᠲᠡᠷᠭᠡᠨ  ᠳᠤ ᠠᠴᠢᠵᠣ ᠴᠡᠷᠢᠭ ᠢᠶᠠᠨ ᠲᠠᠭᠠᠯᠳᠣᠨ ᠶᠠᠪᠣᠳᠠᠭ ᠪᠣᠯᠬᠤᠷ᠂ ᠦᠨᠳᠦᠷ ᠠᠭᠤᠯᠠ ᠲᠠᠪᠠᠭ᠎ᠠ ᠲᠠᠢ ᠭᠠᠵᠠᠷ ᠢᠶᠠᠷ ᠠᠶᠠᠯᠠᠬᠤ ᠪᠣᠯᠣᠮᠵᠢ ᠲᠣᠩ ᠪᠠᠭ᠎ᠠ ᠠᠵᠠᠢ᠃ ᠡᠶᠢᠮᠦ ᠠᠴᠠ ᠲᠡᠳᠡ ᠵᠠᠪᠠᠯ ᠠᠭᠤᠯᠠ ᠲᠠᠪᠠᠭ᠎ᠠ ᠴᠦᠬᠡᠨ ᠵᠠᠮ ᠢ ᠰᠣᠩᠭᠤᠳᠠᠭ ᠪᠠᠶᠢᠵᠠᠢ᠃ ᠣᠩᠬᠢ ᠶᠢᠨ ᠭᠤᠣᠯ ᠤᠨ ᠬᠦᠨᠳᠡᠢ ᠪᠣᠯ ᠪᠠᠷᠠᠭᠤᠨ ᠲᠠᠯ᠎ᠠ ᠶᠢᠨ ᠭᠤᠪᠢ ᠠᠯᠳᠠᠢ ᠨᠢᠷᠣᠭᠤ ᠪᠣᠯᠣᠨ ᠬᠠᠩᠭᠠᠢ ᠨᠢᠷᠣᠭᠤᠨ ᠤ ᠵᠡᠭᠦᠨ ᠲᠠᠯ᠎ᠠ ᠳᠤ ᠪᠠᠶᠢᠵᠣ᠃ ᠲᠡᠭᠦᠨ ᠠᠴᠠ ᠪᠠᠰᠠ ᠵᠡᠭᠦᠨᠰᠢ ᠪᠣᠯ ᠮᠦᠨ ᠦᠨᠳᠦᠷ ᠰᠦᠷᠯᠢᠭ ᠠᠭᠤᠯᠠ ᠨᠢᠷᠣᠭᠤ ᠪᠦᠬᠦᠢ ᠬᠡᠨᠳᠡᠢ ᠨᠢᠷᠣᠭᠤᠳ ᠪᠣᠯᠣᠨ᠎ᠠ᠃ ᠡᠶᠢᠮᠦ ᠠᠴᠠ ᠣᠩᠬᠢ ᠶᠢᠨ ᠭᠤᠣᠯ ᠤᠨ ᠬᠦᠨᠳᠡᠢ ᠪᠣᠯ ᠣᠮᠠᠷᠠᠰᠢ ᠴᠡᠷᠢᠭᠯᠡᠬᠦ ᠳᠤ ᠬᠠᠷᠢᠴᠠᠩᠭᠤᠢ ᠲᠠᠷᠳᠠᠩ ᠮᠦᠷᠳᠡᠭᠡᠨ ᠣᠰᠣ ᠡᠪᠡᠰᠦ ᠲᠠᠢ ᠴᠡᠷᠢᠭ ᠲᠠᠶᠢᠨ ᠤ ᠴᠢᠬᠤᠯᠠ ᠵᠠᠮ ᠪᠣᠯᠵᠣ ᠪᠠᠶᠢᠵᠠᠢ᠃ ᠡᠨᠡᠬᠦ ᠰᠢᠯᠳᠠᠭᠠᠨ ᠢᠶᠠᠷ ᠬᠠᠨ ᠣᠯᠣᠰ ᠾᠦᠩᠨᠦ ᠣᠯᠣᠰ ᠵᠦᠭ ᠲᠤ ᠲᠦᠷᠢᠮᠡᠬᠡᠶᠢᠯᠡᠨ ᠣᠷᠣᠬᠤ ᠶᠡᠭᠡ ᠴᠡᠷᠢᠭ ᠲᠠᠶᠢᠨ ᠨᠢ ᠣᠳᠠᠭ᠎ᠠ ᠪᠣᠯᠭᠠᠨ ᠶᠡᠷᠦ ᠨᠢ ᠪᠦᠷ ᠡᠨᠡᠭᠦᠷ ᠴᠡᠷᠢᠭ ᠣᠷᠣᠳᠠᠭ ᠪᠣᠯᠬᠤᠷ᠂ ᠾᠦᠩᠨᠦᠴᠦᠳ ᠴᠦ ᠡᠨᠡᠬᠦ ᠭᠠᠵᠠᠷ ᠤᠨ ᠪᠠᠶᠢᠴᠠ ᠪᠠᠨ ᠠᠰᠢᠭᠯᠠᠨ᠂ ᠠᠳᠡ ᠰᠡᠷᠭᠡᠶᠢᠯᠡᠯᠳᠡ ᠬᠢᠵᠦ ᠲᠠᠶᠢᠰᠣᠨ ᠲᠠᠢ ᠪᠠᠨ ᠲᠣᠯᠣᠯᠴᠠᠳᠠᠭ ᠪᠠᠶᠢᠵᠠᠢ᠃ ᠡᠶᠢᠮᠦ ᠠᠴᠠ ᠬᠠᠨ ᠣᠯᠣᠰ ᠪᠠ ᠾᠦᠩᠨᠦ ᠶᠢᠨ ᠬᠤᠭᠤᠷᠣᠨᠳᠣᠬᠢ ᠣᠳᠠᠭ᠎ᠠ ᠪᠣᠯᠭᠠᠨ ᠤ ᠶᠡᠭᠡ ᠲᠠᠶᠢᠨ ᠪᠦᠷ ᠠᠳᠡ ᠡᠭᠦᠰᠳᠡᠭ ᠶᠣᠮ᠃ ᠵᠢᠱᠢᠶᠡᠯᠡᠪᠡᠯ᠂ ᠨᠡᠶᠢᠳᠡ ᠶᠢᠨ ᠣᠨ ᠲᠣᠭᠠᠯᠠᠯ  ᠤᠨ ᠡᠮᠦᠨ᠎ᠡ 119 ᠣᠨ ᠳᠤ ᠬᠠᠨ ᠣᠯᠣᠰ ᠤᠨ ᠶᠡᠭᠡ ᠵᠠᠩᠵᠣᠨ ᠸᠧᠢ ᠴᠢᠩ ᠤᠨ ᠲᠠᠶᠢᠴᠢᠯᠠᠭᠰᠠᠨ ᠶᠡᠭᠡ ᠴᠡᠷᠢᠭ ᠮᠦᠨ ᠠᠳᠡ ᠾᠦᠩᠨᠦ ᠶᠢᠨ ᠢᠵᠢᠰ᠎ᠡ ︵ᠡᠵᠡᠰ︶ ᠴᠠᠨ ᠢᠥᠢ ︵伊稚斜单于︶ ᠶᠢᠨ ᠬᠤᠷᠢᠭᠯᠠᠨ ᠪᠠᠶᠢᠯᠳᠣᠷ᠎ᠠ ᠢᠷᠡᠭᠰᠡᠨ ᠾᠦᠩᠨᠦ ᠴᠡᠷᠢᠭ ᠲᠠᠢ ᠶᠡᠭᠡ ᠲᠠᠶᠢᠨ ᠪᠣᠯᠵᠠᠢ᠃ ᠨᠡᠶᠢᠳᠡ ᠶᠢᠨ ᠣᠨ ᠲᠣᠭᠠᠯᠠᠯ ᠤᠨ ᠡᠮᠦᠨ᠎ᠡ 90 ᠣᠨ ᠳᠤ ᠬᠠᠨ ᠣᠯᠣᠰ ᠤᠨ ᠶᠡᠭᠡ ᠵᠠᠩᠵᠣᠨ ᠯᠢ ᠭᠤᠸᠠᠩ ᠯᠢ ᠶᠢᠨ ᠲᠠᠶᠢᠴᠢᠯᠠᠭᠰᠠᠨ ᠬᠤᠷᠢᠨ ᠬᠡᠳᠦᠨ ᠲᠦᠮᠡᠨ ᠬᠦᠮᠦᠨ ᠲᠠᠢ ᠶᠡᠭᠡ ᠴᠡᠷᠢᠭ ᠮᠦᠨ ᠡᠨᠡᠭᠦᠷ ᠶᠡᠭᠡ ᠲᠠᠶᠢᠨ ᠪᠣᠯᠵᠣ᠂ ᠦᠯᠡᠬᠦᠥ ᠴᠠᠨ ᠢᠥᠢ ᠳᠤ ᠬᠢᠶᠠᠷ ᠬᠢᠳᠣᠭᠳᠠᠭᠰᠠᠨ ᠪᠦᠭᠡᠳ ᠡᠵᠡᠨ ᠵᠠᠩᠵᠣᠨ ᠯᠢ ᠭᠤᠸᠠᠩ ᠯᠢ ᠬᠦᠷᠳᠡᠯ᠎ᠡ ᠾᠦᠩᠨᠦ ᠳᠤ ᠪᠠᠭᠤᠵᠣ ᠦᠭᠭᠦᠭᠰᠡᠨ ᠶᠣᠮ᠃ ᠬᠤᠵᠢᠮ ᠨᠡᠶᠢᠳᠡ ᠶᠢᠨ ᠣᠨ ᠲᠣᠭᠠᠯᠠᠯ ᠤᠨ 87 ᠣᠨ ᠳᠤ ᠬᠠᠨ ᠣᠯᠣᠰ ᠤᠨ ᠶᠡᠭᠡ ᠵᠠᠩᠵᠣᠨ ᠳ᠋ᠸᠥ ᠰᠢᠶᠠᠨ ᠪᠣᠯᠣᠨ ᠡᠮᠦᠨᠡᠳᠦ ᠾᠦᠩᠨᠦ ᠶᠢᠨ ᠣᠯᠠᠮ ᠰᠢᠳᠣᠷᠭᠤ ᠲᠠᠢ ᠴᠠᠨ ᠢᠥᠢ ︵休兰尸逐侯鞮单于 ᠬᠤᠯᠠᠮ ᠰᠢᠳᠣᠷᠭᠤᠳᠡᠢ ᠴᠠᠨ ᠢᠥᠢ︶ ᠲᠣᠨᠳᠤᠬ᠎ᠠ ᠶᠢᠨ ᠲᠠᠶᠢᠴᠢᠯᠠᠭᠰᠠᠨ ᠶᠡᠭᠡ ᠴᠡᠷᠢᠭ ᠪᠣᠯᠣᠨ ᠲᠣᠬᠠᠢ ᠶᠢᠨ ᠦᠶ᠎ᠡ ᠶᠢᠨ ᠣᠮᠠᠷᠠᠳᠣ ᠾᠦᠩᠨᠦ ᠶᠢᠨ ᠬᠤᠭᠤᠷᠣᠨᠳᠣ ᠪᠣᠯᠣᠭᠰᠠᠨ ᠶᠡᠭᠡ ᠲᠠᠶᠢᠨ ᠮᠦᠨ ᠠᠳᠡ ᠶᠠᠪᠣᠭᠳᠠᠵᠠᠢ᠃ ᠲᠡᠭᠡᠭᠡᠳ ᠦᠨᠦ ᠲᠡᠣᠬᠡᠨ ᠳᠤ ᠠᠯᠳᠠᠷ ᠲᠠᠢ ︽ᠶᠠᠨ ᠷᠠᠨ ᠱᠠᠨ ᠤ ᠮᠠᠭᠳᠠᠭᠤ︾ ᠭᠡᠳᠡᠭ ᠬᠠᠳᠠᠨ ᠪᠢᠴᠢᠭᠡᠰᠦ ᠶᠢ ᠠᠳᠡ ᠰᠡᠶᠢᠯᠪᠦᠷᠢᠯᠡᠭᠰᠡᠨ ᠶᠣᠮ᠃ ᠪᠢ ᠶᠠᠨ ᠷᠠᠨ ᠱᠠᠨ ᠠᠭᠤᠯᠠᠨ ᠤ ᠪᠠᠶᠢᠷᠢᠰᠢᠯ ᠤᠨ ᠮᠠᠭᠠᠳᠯᠠᠯ ᠤᠨ ᠲᠣᠬᠠᠢ ᠨᠢᠭᠡᠨ ᠵᠢᠵᠢᠭ ᠲᠣᠪᠬᠢᠮᠠᠯ ᠪᠢᠴᠢᠵᠣ᠂ ᠡᠳᠡᠭᠡᠷ ᠠᠭᠤᠯᠭ᠎ᠠ ᠶᠢ ᠬᠤᠯᠪᠣᠭ᠎ᠠ ᠰᠦᠯᠵᠢᠶ᠎ᠡ ᠪᠣᠯᠣᠨ ᠴᠢᠩᠬᠢᠰ ᠰᠦᠯᠵᠢᠶ᠎ᠡ ᠵᠡᠷᠭᠡ ᠪᠠᠷ ᠨᠡᠶᠢᠳᠡᠯᠡᠵᠦ ᠦᠩᠭᠡᠷᠡᠭᠰᠡᠨ ᠶᠣᠮ᠃ ᠰᠣᠨᠢᠷᠬᠠᠯ ᠲᠠᠢ ᠬᠦᠮᠦᠰ ᠡᠷᠢᠵᠦ ᠦᠵᠡᠭᠡᠷᠡᠢ᠃ ᠠᠳᠡ ᠷᠸᠣᠷᠠᠨ ᠪᠣᠯᠣᠨ ᠶᠠᠨ ᠷᠠᠨ᠂ ᠷᠸᠣᠷᠠᠨ ᠪᠣᠯᠣᠨ ᠨᠢᠷᠣᠭᠤᠨ ᠬᠤᠯᠪᠣᠭᠳᠠᠯ ᠦᠭᠡᠢ ᠭᠡᠰᠡ ᠣᠳᠬ᠎ᠠ ᠶᠢ ᠲᠠᠬᠢᠨ ᠢᠯᠡᠳᠭᠡᠶ᠎ᠡ᠃ ᠷᠸᠣᠷᠠᠨ ᠭᠡᠳᠡᠭ ᠦᠭᠡ ᠶᠢ ᠬᠢᠳᠠᠳ ᠬᠡᠯᠡᠨ ᠤ ᠨᠣᠳᠤᠭ ᠨᠣᠳᠤᠭ ᠤᠨ ᠠᠪᠢᠶᠠᠨ ᠳᠤ ᠣᠯᠠᠨ ᠶᠠᠩᠵᠣ ᠪᠠᠷ ᠠᠪᠢᠶᠠᠯᠠᠳᠠᠭ ᠶᠣᠮ᠃ ᠵᠢᠱᠢᠶᠡᠯᠡᠪᠡᠯ R ᠭᠡᠶᠢᠭᠦᠯᠦᠭᠴᠢ ᠶᠢ ᠵᠠᠷᠢᠮ ᠨᠣᠳᠤᠭ ᠨᠢ ︽ᠯᠠ︾ ᠪᠠᠷ ᠠᠪᠢᠶᠠᠯᠠᠬᠤ ᠳᠤ᠂ ᠵᠠᠷᠢᠮ ᠨᠢ ︽ᠶᠠ︾ ᠪᠠᠷ ᠠᠪᠢᠶᠠᠯᠠᠵᠣ᠂ ᠪᠠᠰᠠ ᠵᠠᠷᠢᠮ ᠨᠢ ︽ᠨᠠ︾ ᠪᠠᠷ ᠠᠪᠢᠶᠠᠯᠠᠬᠤ ᠵᠡᠷᠭᠡ ᠦᠵᠡᠭᠳᠡᠯ ᠲᠣᠩ ᠶᠡᠷᠦ ᠶᠢᠨ ᠬᠡᠷᠡᠭ ᠶᠣᠮ᠃ ᠣᠳᠣ ᠪᠣᠯᠳᠠᠯᠠᠬᠢ ᠬᠢᠳᠠᠳ ᠨᠣᠳᠤᠭ ᠤᠨ ᠠᠪᠢᠶᠠᠨ ᠳᠤ ᠮᠦᠨ ᠡᠨᠡ ᠮᠡᠳᠦ ᠪᠠᠷ ᠠᠪᠢᠶᠠᠯᠠᠭᠰᠠᠭᠠᠷ ᠪᠠᠶᠢᠨ᠎ᠠ᠃ ᠡᠶᠢᠮᠦ ᠠᠴᠠ ᠷᠸᠣᠷᠠᠨ ᠢ ᠶᠦᠶᠠᠨ ᠭᠡᠵᠦ ᠣᠩᠰᠢᠬᠤ ᠲᠠᠳᠬᠠᠯ ᠴᠦ ᠪᠠᠶᠢᠭᠰᠠᠨ ᠪᠣᠯᠬᠤᠷ ᠂ ᠲᠦᠷᠺᠴᠣᠳ ᠮᠠᠨᠳᠣᠭᠠᠳ᠂ ᠡᠭᠦᠨ ᠢ ᠮᠦᠷᠳᠡᠨ ᠦᠪᠡᠷ ᠤᠨ ᠶᠠ ᠶᠢ ᠵᠠ ᠪᠠᠷ ᠣᠩᠰᠢᠬᠤ ᠲᠠᠳᠬᠠᠯ ᠠᠴᠠ ᠪᠣᠯᠵᠣ᠂ ᠶᠦᠶᠠᠨ ᠢ ᠵᠦᠵᠠᠨ ᠵᠦᠷᠵᠠᠨ ᠮᠡᠳᠦ ᠪᠠᠷ ᠣᠩᠰᠢᠳᠠᠭ ᠪᠣᠯᠣᠭᠰᠠᠨ ᠲᠣᠯᠠ᠂ ᠵᠠᠷᠢᠮ ᠬᠦᠮᠦᠰ ᠡᠭᠦᠨ ᠢ ᠦᠨᠳᠦᠰᠦᠯᠡᠵᠦ ᠷᠸᠣᠷᠠᠨ ᠤ ᠣᠣᠯ ᠨᠡᠷ᠎ᠡ ᠨᠢ ᠲᠠᠷᠣᠢ ᠵᠣᠷᠵᠠᠨ ᠪᠣᠯᠣᠨ᠎ᠠ ᠭᠡᠵᠦ ᠬᠡᠯᠡᠬᠦ ᠬᠦᠮᠦᠨ ᠴᠦ ᠣᠯᠠᠨ ᠭᠠᠷᠴᠠᠢ ᠡᠴᠦᠰ ᠲᠤ ᠮᠢᠨᠦ ᠬᠤᠪᠢ ᠬᠦᠮᠦᠨ ᠤ ᠦᠵᠡᠬᠦ ᠪᠠᠷ ᠷᠸᠣᠷᠠᠨ ᠭᠡᠳᠡᠭ ᠦᠭᠡ ᠪᠣᠯ ᠲᠠᠷᠣᠢ ᠠᠸᠠᠷ ᠭᠡᠳᠡᠭ ᠦᠭᠡ ᠪᠣᠯᠬᠤ ᠮᠠᠭᠠᠳᠯᠠᠯ ᠶᠡᠭᠡ ᠪᠠᠶᠢᠨ᠎ᠠ᠃ ᠨᠠᠭᠠᠳᠣ ᠵᠠᠬ ᠨᠢ ᠠᠸᠠᠷ ᠲᠠᠢ ᠨᠢᠬᠳᠠ ᠬᠤᠯᠪᠣᠭ᠎ᠠ ᠲᠠᠢ ᠪᠠᠶᠢᠵᠣ ᠮᠡᠳᠡᠨ᠎ᠡ᠃ ᠲᠡᠭᠡᠪᠡᠯ ᠠᠸᠠᠷ ᠨᠢ ᠶᠠᠮᠠᠷ ᠣᠳᠬ᠎ᠠ ᠲᠠᠢ ᠦᠭᠡ ᠪᠣᠢ ᠭᠡᠪᠡᠯ ᠮᠢᠨᠦ ᠬᠤᠪᠢ ᠬᠦᠮᠦᠨ ᠤ ᠵᠢᠱᠢᠵᠦ ᠪᠠᠶᠢᠭ᠎ᠠ ᠪᠠᠷ ︽ᠨᠦᠬᠦᠷ︾ ᠭᠡᠳᠡᠭ ᠦᠭᠡᠨ ᠤ ᠡᠷᠳᠡᠨ ᠤ ᠬᠡᠯᠪᠡᠷᠢ ᠶᠢᠨ ᠬᠤᠶᠢᠨ᠎ᠠ ᠬᠠᠭᠠᠰ ᠨᠢ ᠪᠠᠶᠢᠵᠣ ᠮᠠᠭᠠᠳ᠃ 柔然 ᠤ ᠡᠷᠳᠡᠨ ᠤ ᠠᠪᠢᠶ᠎ᠠ ᠠᠶᠠᠯᠭᠤ ᠨᠢ ᠣᠶᠢᠷᠠᠯᠴᠠᠭ᠎ᠠ ᠪᠠᠷ ᠨᠢᠦ ᠨᠢᠶᠠᠨ ᠭᠡᠵᠦ᠂ ︽ᠨᠦᠬᠦᠷ︾ ᠪᠣᠶᠣ ︽ᠨᠦᠬᠦᠷ ᠨᠡᠷ︾  ᠠᠴᠠ ᠮᠠᠰᠢ ᠣᠶᠢᠷᠠᠯᠴᠠᠭ᠎ᠠ ᠣᠩᠰᠢᠭᠳᠠᠨ᠎ᠠ᠃ ᠷᠸᠣᠷᠠᠨᠴᠣᠳ ᠪᠣᠯ ᠶᠠᠮᠠᠷ ᠨᠢᠭᠡᠨ ᠴᠡᠪᠡᠷ ᠴᠢᠰᠣᠨ ᠣᠳᠣᠮ ᠳᠤ ᠲᠣᠯᠭᠠᠭᠤᠷᠢᠯᠠᠨ ᠡᠭᠦᠰᠦᠭᠰᠡᠨ ᠣᠪᠣᠭ ᠠᠶᠢᠮᠠᠭ ᠪᠢᠰᠢ ᠭᠡᠳᠡᠭ ᠨᠢ ᠲᠡᠣᠬᠡᠨ ᠳᠤ ᠦᠨᠡᠨᠳᠡᠢ ᠬᠡᠷᠡᠭ ᠶᠣᠮ᠃ ᠷᠸᠣᠷᠠᠨ ᠠᠶᠢᠮᠠᠭ ᠤᠨ ᠡᠭᠦᠰᠦᠯ ᠭᠠᠷᠣᠯ ᠢ ᠬᠡᠯᠡᠪᠡᠯ᠂ ᠠᠩᠬ᠎ᠠ ᠡᠬᠢᠯᠡᠭᠡᠳ ᠲᠡᠳᠡ ᠪᠦᠷ ᠮᠣᠬᠤᠯᠠᠢ ᠲᠠᠢ ᠨᠢᠭᠡᠨ ᠠᠳᠠᠯᠢ ᠪᠠᠷ ᠲᠣᠬᠠᠢ ᠶᠢᠨ ᠦᠶ᠎ᠡ ᠶᠢᠨ ᠲᠦᠷᠦ ᠵᠠᠰᠠᠭ ᠲᠠᠭᠠᠨ ᠶᠠᠯ᠎ᠠ ᠣᠰᠣᠯ ᠲᠠᠢ ᠪᠣᠯᠣᠭᠰᠠᠨ ᠬᠦᠮᠦᠰ᠂ ᠬᠦᠨᠳᠦ ᠶᠠᠯᠠᠳᠠᠭᠳᠠᠬᠤ ᠪᠣᠶᠣ ᠴᠢᠨᠠᠭᠰᠢᠯᠠᠪᠠᠯ ᠠᠯᠠᠭᠳᠠᠬᠤ ᠠᠴᠠ ᠠᠶᠣᠬᠤ ᠲᠠᠭᠠᠨ ᠠᠭᠤᠯᠠ ᠰᠢᠭᠤᠢ ᠳᠤ ᠰᠢᠷᠭᠤᠨ ᠪᠣᠯᠳᠠᠵᠣ ᠪᠠᠶᠢᠭᠠᠳ᠂ ᠬᠠᠷᠢᠯᠴᠠᠨ ᠨᠡᠶᠢᠯᠡᠵᠦ ᠪᠦᠷᠢᠯᠳᠦᠭᠰᠡᠨ ᠨᠢᠭᠡᠨ ᠡᠪᠰᠡᠯ ᠪᠦᠯᠬᠦᠮ ᠠᠴᠠ ᠦᠨᠳᠦᠰᠦᠯᠡᠭᠰᠡᠨ ᠠᠶᠢᠮᠠᠭ ᠪᠦᠯᠦᠭ ᠶᠣᠮ᠃ ᠡᠨᠡᠬᠦ ᠣᠳᠬ᠎ᠠ ᠠᠴᠠ ᠲᠣᠬᠠᠢ ᠶᠢᠨ ᠦᠶ᠎ᠡ ᠶᠢᠨ ᠵᠠᠷᠢᠮ ᠬᠢᠳᠠᠳ ᠲᠡᠣᠬᠡᠴᠢᠳ ᠴᠦ ᠲᠡᠳᠡᠨᠡᠷ ᠢ ︽ᠬᠤᠯᠢᠮᠠᠭ ᠬᠣ᠋︾ ︵杂胡︶ ᠭᠡᠵᠦ ᠨᠡᠷᠡᠶᠢᠳᠦᠵᠦ ᠪᠠᠶᠢᠵᠠᠢ᠃ ᠡᠭᠦᠨ ᠠᠴᠠ ᠦᠵᠡᠪᠡᠯ᠂ ᠲᠡᠳᠡᠨᠡᠷ ᠦᠪᠡᠷ ᠢ ᠪᠠᠨ ︽ᠨᠦᠬᠦᠷ︾ ᠪᠣᠶᠣ ︽ᠨᠦᠬᠦᠷ ᠨᠡᠷ︾ ︵柔然︶ ᠭᠡᠵᠦ ᠨᠡᠷᠡᠶᠢᠳᠦᠬᠦ ᠪᠣᠯᠣᠮᠵᠢ ᠦᠭᠡᠢ ᠪᠢᠰᠢ᠃ ᠨᠦᠬᠦᠭᠡ ᠲᠠᠯ᠎ᠠ ᠪᠠᠷ 芮 ᠦᠰᠦᠭ ᠤᠨ ᠴᠢᠨ ᠣᠯᠣᠰ ᠠᠴᠠ ᠡᠮᠦᠨᠡᠬᠢ ᠠᠪᠢᠶ᠎ᠠ ᠠᠶᠠᠯᠭᠤ ᠨᠢ ᠬᠠᠷᠢᠨ ᠶᠠᠭ ᠰᠠᠶᠢᠬᠠᠨ njiwar ︵ᠣᠶᠢᠷᠠᠯᠴᠠᠭ᠎ᠠ ᠪᠠᠷ ᠨᠢᠦ ᠸᠠᠷ ᠪᠣᠶᠣ ᠨᠢᠦ ᠠᠷ︶ ᠪᠠᠶᠢᠵᠠᠢ ᠭᠡᠵᠦ ᠬᠢᠳᠠᠳ ᠤᠨ ᠡᠷᠳᠡᠨ ᠤ ᠬᠢᠳᠠᠳ ᠬᠡᠯᠡᠨ ᠤ ᠠᠪᠢᠶ᠎ᠠ ᠠᠶᠠᠯᠭᠤ ᠶᠢᠨ ᠡᠷᠳᠡᠮᠳᠡᠳ ᠮᠠᠰᠢ ᠨᠢᠭᠡᠳᠦᠯ ᠲᠠᠢ ᠲᠠᠶᠢᠯᠪᠣᠷᠢᠯᠠᠳᠠᠭ ᠶᠣᠮ᠃ ᠡᠶᠢᠮᠦ ᠠᠴᠠ ᠷᠸᠣᠷᠠᠨᠴᠣᠳ ᠡᠮᠦᠨᠡᠳᠦ ᠴᠢ ᠣᠯᠣᠰ ᠲᠤ ᠦᠭᠭᠦᠭᠰᠡᠨ ᠬᠤᠯᠪᠣᠭ᠎ᠠ ᠪᠠᠷᠢᠬᠤ ᠣᠯᠣᠰ ᠤᠨ ᠪᠢᠴᠢᠭ ᠲᠡᠭᠡᠨ ᠦᠪᠡᠷ ᠤᠨ ᠣᠯᠣᠰ ᠢᠶᠠᠨ ᠪᠢᠳᠡᠨ  ᠤ ᠬᠠᠭᠠᠨᠳᠣ ᠷᠦᠢ ︵njiwar᠂ ᠬᠠᠭᠠᠨᠳᠣ ᠨᠦᠬᠦᠷ ᠨᠡᠷ︖︶ ᠭᠡᠰᠡᠨ ᠪᠣᠯᠣᠯᠳᠠᠢ᠃ ᠡᠨᠡᠬᠦ ᠨᠡᠷ᠎ᠡ ᠦᠷᠦᠨ᠎ᠡ ᠲᠠᠬᠢᠨ ᠳᠤ ᠬᠦᠷᠦᠭᠡᠳ ᠠᠸᠠᠷ ᠪᠣᠶᠣ ᠠᠪᠠᠷ ᠪᠣᠯᠣᠭᠰᠠᠨ ᠪᠣᠯᠣᠯᠴᠠᠭ᠎ᠠ ᠲᠠᠢ ᠭᠡᠵᠦ ᠵᠣᠬᠢᠶᠠᠭᠴᠢ ᠠᠴᠠ ᠦᠵᠡᠵᠦ ᠪᠠᠶᠢᠨ᠎ᠠ᠃ ᠭᠡᠶ᠎ᠡ ᠡᠨᠡ ᠪᠣᠯ ᠵᠦᠪᠬᠡᠨ ᠮᠢᠨᠦ ᠲᠠᠭᠠᠯᠳᠠ ᠠᠭᠤᠯᠭ᠎ᠠ ᠪᠣᠯᠭᠠᠭᠰᠠᠨ ᠬᠤᠪᠢ ᠬᠦᠮᠦᠨ ᠤ ᠦᠵᠡᠯᠳᠡ ᠲᠡᠳᠦᠢ᠃ ᠷᠸᠣᠷᠠᠨ ᠣᠯᠣᠰ ᠤᠨ ᠨᠣᠳᠤᠭ ᠲᠡᠪᠢᠰᠭᠡᠷ ᠷᠸᠣᠷᠠᠨ ᠣᠯᠣᠰ ᠬᠦᠭᠵᠢᠯ ᠤᠨ ᠬᠠᠮᠤᠭ ᠣᠷᠭᠢᠯ ᠦᠶ᠎ᠡ ᠳᠡᠭᠡᠨ ᠲᠡᠭᠦᠨ ᠤ ᠨᠣᠳᠤᠭ ᠲᠡᠪᠢᠰᠭᠡᠷ ᠨᠢ ᠣᠮᠠᠷᠠᠰᠢ ᠪᠠᠶᠢᠭᠠᠯ ᠲᠠᠯᠠᠢ ᠶᠢ ᠬᠠᠮᠣᠷᠴᠣ᠂ ᠡᠮᠦᠨᠡᠰᠢ ᠭᠤᠪᠢ ᠡᠯᠡᠰᠦ ᠪᠣᠯᠣᠨ ᠴᠠᠭᠠᠨ ᠬᠡᠷᠡᠮ ︵ᠣᠮᠠᠷᠠᠳᠣ ᠸᠧᠢ ᠣᠯᠣᠰ ᠴᠦ ᠴᠠᠭᠠᠨ ᠬᠡᠷᠡᠮ ᠪᠠᠷᠢᠵᠣ ᠷᠸᠣᠷᠠᠨ ᠨᠡᠷ ᠢ ᠰᠡᠷᠭᠡᠶᠢᠯᠡᠵᠦ ᠪᠠᠶᠢᠵᠠᠢ︶ ᠢᠶᠠᠷ ᠣᠮᠠᠷᠠᠳᠣ ᠸᠧᠢ ᠣᠯᠣᠰ ᠲᠠᠢ ᠬᠢᠯᠢᠯᠡᠵᠦ᠂ ᠵᠡᠭᠦᠨᠰᠢ ᠰᠣᠯᠣᠩᠭᠤᠰ ᠲᠠᠢ ᠵᠠᠬ᠎ᠠ ᠨᠡᠶᠢᠯᠡᠨ᠂ ᠪᠠᠷᠠᠭᠤᠨᠰᠢ ᠣᠳᠣ ᠶᠢᠨ ᠰᠢᠨᠵᠢᠶᠠᠩ ᠤᠨ ᠶᠠᠨ ᠴᠢ ᠬᠦᠷᠴᠦ᠂ ᠪᠠᠷᠠᠭᠤᠨ ᠬᠤᠶᠢᠰᠢ ᠠᠯᠳᠠᠢ ᠲᠠᠪᠠᠨ᠂ ᠴᠢᠨᠠᠭᠰᠢ ᠨᠡᠩ ᠠᠯᠣᠰ ᠲᠤ ᠪᠠᠶᠢᠭ᠎ᠠ ᠪᠠᠯᠬᠠᠱ ᠨᠠᠭᠤᠷ ᠬᠦᠷᠴᠦ ᠪᠠᠶᠢᠪᠠ ᠭᠡᠵᠦ ᠸᠢᠺᠢᠫᠧᠳᠢᠶ᠎ᠠ ᠰᠦᠯᠵᠢᠶᠡᠨ ᠳᠤ ᠲᠠᠨᠢᠯᠴᠠᠭᠤᠯᠵᠣ ᠪᠠᠶᠢᠳᠠᠭ᠃ ᠲᠣᠬᠠᠢ ᠶᠢᠨ ᠦᠶ᠎ᠡ ᠳᠤ ᠣᠳᠣᠬᠢ ᠰᠢᠨᠵᠢᠶᠠᠩ ᠢ ᠪᠠᠭᠳᠠᠭᠠᠭᠰᠠᠨ ᠲᠣᠮᠳᠠᠳᠣ ᠠᠽᠢ᠂ ᠡᠮᠦᠨᠡᠳᠦ ᠠᠽᠢ ᠬᠦᠷᠳᠡᠯᠡᠬᠢ ᠦᠷᠭᠡᠨ ᠠᠭᠤᠳᠠᠮ ᠨᠣᠳᠤᠭ ᠲᠡᠪᠢᠰᠭᠡᠷ ᠪᠦᠷ ᠶᠧ ᠳ᠋ᠠ ︵嚈噠︶ ᠬᠦᠮᠦᠰ ᠤᠨ ᠨᠣᠶᠠᠷᠬᠠᠯ ᠳᠤ ᠪᠠᠶᠢᠵᠣ᠂ ᠶᠧ ᠳ᠋ᠠ᠂ ᠷᠸᠣᠷᠠᠨ ᠬᠤᠭᠤᠷᠣᠨᠳᠣ ᠪᠠᠨ ᠮᠠᠰᠢ ᠰᠠᠶᠢᠨ ᠡᠪ ᠨᠠᠶᠢᠷᠠᠮᠳᠠᠯ ᠲᠠᠢ ᠪᠦᠭᠡᠳ ᠦᠷᠬᠦᠯᠵᠢ ᠣᠷᠤᠭ ᠰᠠᠳᠣᠨ ᠤ ᠬᠠᠷᠢᠴᠠᠭ᠎ᠠ ᠪᠠᠶᠢᠭᠤᠯᠵᠣ᠂ ᠣᠯᠣᠰ ᠲᠦᠷᠦ ᠢᠶᠠᠨ ᠨᠢᠬᠳᠠ ᠬᠤᠯᠪᠣᠭ᠎ᠠ ᠲᠠᠢ ᠪᠠᠶᠢᠵᠠᠢ᠃ ᠠᠳᠡ ᠦᠬᠦᠯᠡᠵᠦ ᠪᠠᠶᠢᠭ᠎ᠠ ᠶᠧ ᠳ᠋ᠠ ᠶᠢ ᠪᠠᠰᠠ ᠶᠠᠨ ᠳ᠋ᠠ ᠭᠡᠳᠡᠭ᠂ ᠬᠢᠳᠠᠳ ᠦᠰᠦᠭ ᠤᠨ ᠠᠭᠤᠯᠭ᠎ᠠ ᠨᠢ ᠮᠦᠨ ᠲᠣᠷᠣᠮᠵᠢᠯᠠᠬᠤ᠂ ᠬᠠᠷᠢᠶᠠᠵᠣ ᠵᠦᠭᠡᠬᠦ ᠰᠣᠶᠣᠯ ᠠᠴᠠ ᠡᠭᠦᠰᠦᠭᠰᠡᠨ ᠨᠡᠷ᠎ᠡ ᠦᠭᠡ ᠶᠣᠮ᠂ 嚈 ᠦᠰᠦᠭ ᠬᠡᠳᠦᠶᠢᠪᠡᠷ ᠣᠳᠣ ᠪᠣᠯ ᠵᠦᠪᠬᠡᠨ ︽ᠶᠧ︾ ᠭᠡᠵᠦ ᠭᠠᠭᠴᠠᠬᠠᠨ ᠣᠩᠰᠢᠯᠭ᠎ᠠ ᠲᠠᠢ ᠭᠡᠳᠡᠭ ᠪᠣᠯᠪᠠᠴᠣ᠂ ᠡᠷᠳᠡ ᠦᠶ᠎ᠡ ᠶᠢᠨ ᠣᠩᠰᠢᠯᠭ᠎ᠠ ᠨᠢ ᠦᠨᠡᠬᠡᠷ yàn ᠪᠠᠶᠢᠵᠣ᠂ 嚈气 ᠭᠡᠳᠡᠭ ᠦᠭᠡᠨ ᠳᠤ ᠬᠡᠷᠡᠭᠯᠡᠳᠡᠭ ᠪᠠᠶᠢᠵᠠᠢ᠃ 嚈气 ᠨᠢ ᠲᠠᠷᠣᠢ ᠣᠳᠣᠬᠢ 咽气 ᠭᠡᠰᠡᠨ ᠦᠭᠡ ᠪᠣᠯᠣᠨ᠎ᠠ᠂ ᠣᠳᠬ᠎ᠠ ᠨᠢ ᠠᠳᠠᠯᠢᠬᠠᠨ ᠢᠶᠠᠷ ᠠᠮᠢᠰᠬᠤᠯ ᠬᠤᠷᠢᠶᠠᠬᠤ ︵ᠦᠬᠦᠬᠦ︶ ᠶᠢ ᠵᠢᠭᠠᠳᠠᠭ ᠦᠭᠡ ᠠᠵᠠᠢ᠃ ᠶᠧ ᠳ᠋ᠠ ᠨᠡᠷ ᠢ ᠵᠠᠷᠢᠮ ᠨᠣᠮ  ᠳᠤ ᠾᠢᠶᠧ ᠳ᠋ᠠ ᠭᠡᠬᠦ ᠪᠣᠶᠣ ᠰᠢᠶᠧ ᠳ᠋ᠠ ᠭᠡᠬᠦ ᠳᠤ ᠵᠠᠷᠢᠮ ᠨᠢ ᠺᠢᠶᠧ ᠳ᠋ᠠ ᠭᠡᠵᠦ ᠪᠠᠰᠠ ᠵᠠᠷᠢᠮ ᠨᠢ ᠰᠢᠭᠤᠳ ᠺᠠᠢ ︵開︶ ᠳ᠋ᠠ ᠭᠡᠵᠦ ᠪᠢᠴᠢᠳᠡᠭ ᠴᠦ ᠪᠠᠶᠢᠨ᠎ᠠ᠃ ᠲᠣᠬᠠᠢ ᠶᠢᠨ ᠦᠶ᠎ᠡ ᠶᠢᠨ ᠫᠧᠷᠰ ᠠᠷᠠᠪ ᠵᠡᠷᠭᠡ ᠦᠷᠦᠨ᠎ᠡ ᠵᠦᠭ ᠤᠨ ᠣᠯᠣᠰ ᠣᠷᠣᠨ ᠢᠶᠠᠷ ᠪᠣᠯ ᠲᠡᠳᠡᠨᠡᠷ ᠢ Hephthalite ᠭᠡᠳᠡᠭ ᠠᠵᠠᠢ᠃ ᠭᠡᠳᠡᠯ᠎ᠡ ᠡᠷᠳᠡᠨ ᠤ ᠡᠨᠡᠳᠬᠡᠭ ᠲᠤ ᠪᠣᠯ ᠶᠧ ᠳ᠋ᠠ ᠶᠢ ᠴᠠᠭᠠᠨ ᠾᠦᠩᠨᠦ ᠭᠡᠬᠦ ᠪᠣᠶᠣ ᠰᠢᠭᠤᠳ ᠾᠦᠩᠨᠦ ᠭᠡᠳᠡᠭ ᠪᠠᠶᠢᠨ᠎ᠠ᠃ ᠶᠠᠮᠠᠷ ᠪᠠᠶᠢᠭᠰᠠᠨ ᠴᠦ ᠲᠡᠳᠡ ᠪᠣᠯ ᠬᠤᠵᠢᠮ ᠤᠨ ᠬᠢᠳᠠᠨ ᠦᠨᠳᠦᠰᠦᠳᠡᠨ ᠲᠠᠢ ᠨᠢᠭᠡᠨ ᠣᠭᠰᠠᠭ᠎ᠠ ᠲᠦᠷᠦᠯ ᠤᠨ ᠬᠦᠮᠦᠰ ᠪᠠᠶᠢᠵᠠᠢ᠃ ᠲᠡᠣᠬᠡᠨ ᠳᠤ ᠲᠡᠳᠡᠨᠡᠷ ᠤᠨ ᠡᠭᠦᠰᠦᠯ ᠢ ᠪᠦᠷ ᠬᠠᠮᠤᠭ ᠠᠩᠬ᠎ᠠ ᠭᠤᠪᠢ ᠶᠢᠨ ᠠᠷᠣ ᠠᠴᠠ ᠮᠠᠨᠳᠣᠨ᠂ ᠪᠠᠷᠠᠭᠤᠨᠰᠢ ᠠᠯᠳᠠᠢ ᠲᠠᠪᠠᠨ ᠡᠮᠦᠨᠡᠰᠢ ᠪᠠᠭᠤᠵᠣ᠂ ᠲᠣᠮᠳᠠᠳᠣ ᠠᠽᠢ ᠡᠮᠦᠨᠡᠳᠦ ᠠᠽᠢ ᠬᠦᠷᠳᠡᠯ᠎ᠡ ᠦᠷᠭᠡᠵᠢᠨ᠂ ᠪᠠᠷᠠᠭᠤᠨᠰᠢ ᠫᠧᠷᠰ ᠠᠷᠠᠪ ᠲᠠᠢ ᠲᠡᠮᠡᠴᠡᠯᠳᠦᠨ᠂ ᠡᠮᠦᠨᠡᠰᠢ ᠣᠳᠣᠬᠢ ᠠᠹᠭᠠᠨᠢᠰᠲ᠋ᠠᠨ᠂ ᠫᠠᠺᠢᠰᠲ᠋ᠠᠨ ᠢ ᠡᠵᠡᠯᠡᠨ ᠡᠨᠡᠳᠬᠡᠭ ᠤᠨ ᠳ᠋ᠧᠯᠢ ᠳᠤ ᠲᠦᠷᠢᠨ ᠣᠷᠣᠵᠣ ᠪᠠᠶᠢᠭᠰᠠᠨ ᠨᠢᠭᠡᠨ ᠦᠶ᠎ᠡ ᠶᠢᠨ ᠬᠦᠴᠦᠷᠬᠡᠭ ᠣᠯᠣᠰ ᠭᠡᠵᠦ ᠨᠢᠭᠡᠳᠦᠯ ᠲᠠᠢ ᠦᠵᠡᠳᠡᠭ ᠶᠣᠮ᠃ ᠡᠨᠡᠳᠬᠡᠭ  ᠤᠨ ᠨᠡᠪᠳᠡᠷᠬᠡᠢ ᠲᠡᠣᠬᠡᠨ ᠳᠤ ᠲᠡᠳᠡᠨᠡᠷ ᠤᠨ ᠲᠡᠣᠬᠡ ᠪᠠ ᠲᠣᠮᠤᠭ ᠤᠨ ᠲᠣᠬᠠᠢ ᠲᠣᠰᠬᠠᠶᠢᠯᠠᠨ ᠨᠢᠭᠡᠨ ᠪᠦᠯᠦᠭ ᠰᠣᠨᠢᠷᠬᠠᠯ ᠲᠠᠢ ᠲᠠᠨᠢᠯᠴᠠᠭᠤᠯᠭ᠎ᠠ ᠪᠠᠶᠢᠳᠠᠭ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号