︽可汗︾ ︵ᠺᠠᠭᠠᠨ ᠲᠠᠷᠣᠢ ᠬᠠᠭᠠᠨ︶ ᠭᠡᠳᠡᠭ ᠦᠭᠡ ᠠᠴᠠ ᠰᠡᠳᠦᠪᠯᠡᠨ ᠦᠭᠦᠯᠡᠬᠦ ᠨᠢ
ᠨᠡᠶᠢᠲᠡᠯᠡᠭᠰᠡᠨ ᠴᠠᠭ᠄
2021/3/19
     ᠣᠣᠬᠠᠨ · ᠬᠠᠭᠳᠠ ᠵᠣᠬᠢᠶᠠᠪᠠ    ᠲᠣᠰ ᠵᠣᠬᠢᠶᠠᠯ ᠳᠤ ︽ᠬᠠᠭᠠᠨ︾ ︵可汗︶ ᠭᠡᠳᠡᠭ ᠦᠭᠡ ᠶᠢᠨ ᠬᠢᠳᠠᠳ ᠮᠣᠩᠭᠤᠯ ᠬᠡᠯᠡᠨ ᠲᠠᠬᠢ ᠲᠠᠶᠢᠯᠪᠣᠷᠢ᠂ ᠦᠭᠡ ᠶᠢᠨ ᠠᠪᠢᠶ᠎ᠠ ᠣᠳᠬ᠎ᠠ ᠪᠣᠯᠣᠨ ᠲᠡᠭᠦᠨ ᠤ ᠢᠷᠡᠯ ᠭᠠᠷᠣᠯ ᠢ ᠮᠠᠭᠠᠳᠯᠠᠬᠤ ᠪᠠᠷ ᠴᠢᠷᠮᠠᠶᠢᠭᠰᠠᠨ ᠮᠦᠷᠳᠡᠭᠡᠨ᠂ ᠲᠡᠭᠦᠨ ᠤ ᠠᠪᠢᠶᠠᠨ ᠤ ᠬᠦᠭᠵᠢᠯ ᠬᠤᠪᠢᠷᠠᠯ ᠤᠨ ᠶᠠᠪᠣᠴᠠ ᠵᠡᠷᠭᠡ ᠬᠤᠯᠪᠣᠭᠳᠠᠯ ᠪᠦᠬᠦᠢ ᠠᠭᠤᠯᠭ᠎ᠠ ᠶᠢ ᠲᠠᠨᠢᠯᠴᠠᠭᠤᠯᠬᠤ ᠪᠠᠷ ᠪᠡᠯᠡᠳᠭᠡᠵᠡᠢ᠃    ᠨᠢᠭᠡ ᠬᠢᠳᠠᠳ ᠲᠡᠣᠬᠡ ᠰᠣᠳᠣᠷ᠂ ᠰᠣᠷᠪᠣᠯᠵᠢ ᠪᠢᠴᠢᠭ ᠪᠣᠯᠣᠨ ᠲᠣᠯᠢ ᠪᠢᠴᠢᠭ ᠨᠦᠭᠦᠳ ᠲᠤ ︽ᠬᠠᠭᠠᠨ︾ ᠭᠡᠳᠡᠭ ᠦᠭᠡᠨ ᠤ ᠲᠣᠬᠠᠢ ᠲᠠᠶᠢᠯᠪᠣᠷᠢ ᠠᠴᠠ ᠨᠡᠯᠢᠶᠡᠳ ᠪᠦᠷᠢᠨ ᠲᠡᠭᠦᠯᠳᠡᠷ ᠰᠠᠨᠠᠭᠳᠠᠭᠰᠠᠨ ᠬᠤᠶᠠᠷᠬᠠᠨ ᠵᠣᠷᠪᠣᠰ ᠢ ᠲᠠᠨᠢᠯᠴᠠᠭᠤᠯᠣᠶ᠎ᠠ᠃    ︵ᠨᠢᠭᠡ︶ ︽ᠪᠠᠢ ᠳ᠋ᠦ᠋ ᠨᠡᠪᠳᠡᠷᠬᠡᠢ ᠪᠢᠴᠢᠭ︾ ᠤᠨ ᠲᠠᠶᠢᠯᠪᠣᠷᠢ᠄可汗 ᠬᠤᠶᠠᠷ ᠬᠢᠳᠠᠳ ᠦᠰᠦᠭ ᠤᠨ ᠣᠳᠣ ᠦᠶ᠎ᠡ ᠶᠢᠨ ᠠᠪᠢᠶ᠎ᠠ ᠨᠢ kè hán ᠭᠡᠵᠦ᠂ 可汗 ᠪᠣᠯ ᠮᠣᠩᠭᠤᠯ ᠬᠡᠯᠡᠨ ᠤ хан / ᠬᠠᠨ᠂ ᠲᠦᠷᠺ ᠬᠡᠯᠡᠨ ᠤ Qaghan᠂ ᠦᠷᠳᠦ᠋ ᠬᠡᠯᠡᠨ ᠤ خان ᠮᠦᠨ᠃可汗 ᠢ ᠪᠠᠰᠠ合罕᠂大汗᠂汗王 ᠭᠡᠳᠡᠭ᠂ ᠲᠦᠭᠦᠮᠴᠢᠯᠡᠭᠡᠳ汗ᠭᠡᠨ᠎ᠡ᠃可汗 ᠪᠣᠯ ᠲᠣᠮᠳᠠᠳᠣ ᠣᠯᠣᠰ ᠤᠨ ᠡᠷᠳᠡᠨ ᠤ ᠦᠨᠳᠦᠰᠦᠳᠡᠨ ᠪᠣᠯᠬᠤ ᠰᠢᠶᠠᠨᠪᠸᠢ᠂ ᠷᠸᠣᠷᠠᠨ᠂ ᠲᠦᠷᠺ᠂ ᠣᠶᠢᠭᠤᠷ᠂ ᠮᠣᠩᠭᠤᠯ ᠵᠡᠷᠭᠡ ᠣᠭᠰᠠᠭᠠᠳᠠᠨ ᠤ ᠡᠵᠡᠳ ᠬᠠᠭᠠᠳ ᠤᠨ ᠴᠣᠯᠠ ᠨᠡᠷᠡᠶᠢᠳᠦᠯ ᠮᠦᠨ᠃ ᠲᠣᠰ ᠨᠡᠷ᠎ᠡ ᠦᠭᠡ ᠬᠠᠮᠤᠭ ᠡᠷᠳᠡ ᠭᠤᠷᠪᠠᠳᠣᠭᠠᠷ ᠵᠠᠭᠤᠨ ᠤ ᠰᠢᠶᠠᠨᠪᠸᠢ ᠦᠨᠳᠦᠰᠦᠳᠡᠨ ᠤ ᠠᠶᠢᠮᠠᠭ ᠤᠨ ᠠᠬᠠᠯᠠᠭᠴᠢ ᠶᠢᠨ ᠴᠣᠯᠠ ᠪᠠᠷ ᠲᠡᠣᠬᠡᠨ ᠳᠤ ᠢᠯᠡᠷᠡᠵᠦ᠂ ᠲᠣᠬᠠᠢ ᠶᠢᠨ ᠦᠶ᠎ᠡ ᠳᠤ ᠬᠢᠳᠠᠳ ᠰᠣᠷᠪᠣᠯᠵᠢ ᠳᠤ可寒 ᠬᠤᠶᠠᠷ ᠦᠰᠦᠭ ᠢᠶᠠᠷ ᠠᠪᠢᠶᠠᠴᠢᠯᠠᠨ ᠣᠷᠴᠢᠭᠤᠯᠵᠣ ᠪᠠᠶᠢᠪᠠ᠃ ᠲᠡᠭᠦᠨ ᠢ ᠣᠯᠣᠰ ᠤᠨ ᠡᠵᠡᠨ ᠤ ᠴᠣᠯᠠ ᠨᠡᠷ᠎ᠡ ᠪᠠᠷ ᠡᠬᠢᠯᠡᠨ ᠬᠡᠷᠡᠭᠯᠡᠭᠰᠡᠨ ᠬᠠᠮᠤᠭ ᠡᠷᠳᠡᠨ ᠤ ᠬᠦᠮᠦᠰ ᠪᠣᠯ ᠷᠸᠣᠷᠠᠨᠴᠣᠣᠳ  ᠤᠨ ᠠᠬᠠᠯᠠᠭᠴᠢ社崘① ᠮᠦᠨ᠃ ᠲᠡᠷᠡᠪᠡᠷ ᠭᠤᠪᠢ ᠶᠢᠨ ᠠᠷᠣ ᠶᠢ ᠨᠢᠭᠡᠳᠭᠡᠨ ᠦᠪᠡᠷ ᠢ ᠪᠠᠨ可汗 ᠬᠡᠮᠡᠨ ᠴᠣᠯᠠᠳᠠᠨ ᠡᠷᠭᠦᠮᠵᠢᠯᠡᠪᠡ᠃ ᠬᠢᠳᠠᠳ ᠰᠣᠷᠪᠣᠯᠵᠢᠰ ᠲᠤ可汗᠂可寒᠂克汗 ᠵᠡᠷᠭᠡ ᠪᠠᠷ ᠲᠡᠮᠳᠡᠭᠯᠡᠵᠦ ᠪᠠᠶᠢᠵᠠᠢ᠃    ︵ᠬᠤᠶᠠᠷ︶ ︽ᠸᠢᠺᠢ ᠨᠡᠪᠳᠡᠷᠬᠡᠢ ᠪᠢᠴᠢᠭ︾ ᠤᠨ ᠲᠠᠶᠢᠯᠪᠣᠷᠢ᠄可汗 ᠤ ᠬᠢᠳᠠᠳ ᠬᠡᠯᠡᠨ ᠲᠠᠬᠢ ᠯᠠᠲ᠋ᠢᠨ ᠭᠠᠯᠢᠭ ᠨᠢ Kè hán ᠪᠠᠶᠢᠵᠣ᠂ ᠡᠷᠳᠡᠨ ᠤ ᠲᠦᠷᠺ ᠬᠡᠯᠡᠨ ᠳᠤ Qaghan ᠭᠡᠵᠦ᠂ ᠮᠣᠩᠭᠤᠯ ᠬᠡᠯᠡᠨ ᠳᠤ ᠬᠠᠭᠠᠨ ᠬᠡᠵᠦ᠂ ᠫᠣᠪᠫᠸᠢ ᠶᠢᠨ ᠭᠠᠯᠢᠭᠴᠢᠯᠠᠭ᠎ᠠ ᠪᠠᠷ qaγan ᠭᠡᠳᠡᠭ᠃ ᠮᠣᠩᠭᠤᠯ ᠤᠨ ᠨᠢᠭᠤᠴᠠ ᠲᠣᠪᠴᠢᠶᠠᠨ  ᠳᠤ ᠲᠡᠮᠳᠡᠭᠯᠡᠭᠰᠡᠨ ᠠᠪᠢᠶ᠎ᠠ ᠨᠢ合罕 ︵ᠬᠠᠭ᠋ᠠᠨ︶᠂ ᠺᠢᠷᠢᠯ ᠮᠣᠩᠭᠤᠯ ᠢᠶᠠᠷ хаан᠂ ᠮᠠᠨᠵᠣ ᠬᠡᠯᠡᠨ  ᠳᠤ ᡥᠠᠨ︵han︶᠂ ᠺᠣᠷᠢᠶ᠎ᠠ ᠬᠡᠯᠡᠨ ᠳᠤ皆(key︶ ᠭᠡᠬᠦ ᠪᠣᠶᠣ ᠡᠰᠡᠬᠦᠯ᠎ᠡ ᠪᠠᠰᠠ大汗 ᠭᠡᠳᠡᠭ᠃可汗 ᠢ ᠪᠠᠰᠠ可寒᠂合罕 ᠪᠣᠶᠣ黑汗 ᠭᠡᠵᠦ ᠬᠢᠳᠠᠳ ᠬᠡᠯᠡᠨ ᠳᠤ ᠠᠪᠢᠶᠠᠯᠠᠨ ᠣᠷᠴᠢᠭᠤᠯᠳᠠᠭ᠃可汗 ᠪᠣᠯ ᠨᠣᠶᠠᠷᠬᠠᠭᠴᠢᠳ ᠤᠨ ᠴᠣᠯᠠ ᠪᠣᠯᠣᠨ᠎ᠠ᠃ ᠠᠶᠢᠮᠠᠭ ᠪᠦᠯᠦᠭ ᠤᠨ ᠬᠠᠮᠤᠭ ᠲᠡᠭᠡᠳᠦ ᠣᠳᠣᠷᠢᠳᠣᠭᠴᠢ ᠪᠣᠶᠣ ᠬᠤᠸᠠᠩᠳᠢ ᠭᠡᠳᠡᠭ ᠣᠳᠬ᠎ᠠ ᠲᠠᠢ ᠦᠭᠡ ᠪᠠᠷ ᠮᠣᠩᠭᠤᠯ ᠣᠷᠣᠨ ᠪᠣᠯᠣᠨ ᠲᠣᠮᠳᠠᠳᠣ ᠠᠽᠢ ᠳᠤ ᠦᠷᠭᠡᠨ ᠢᠶᠠᠷ ᠬᠡᠷᠡᠭᠯᠡᠵᠦ ᠪᠠᠶᠢᠪᠠ᠃ ᠡᠷᠳᠡᠨ ᠤ ᠣᠮᠠᠷᠠᠳᠣ ᠠᠽᠢ ᠶᠢᠨ ᠨᠡᠭᠦᠳᠡᠯᠴᠢᠨ ᠦᠨᠳᠦᠰᠦᠳᠡᠨ ᠰᠢᠶᠠᠨᠪᠸᠢ᠂ ᠷᠸᠣᠷᠠᠨ᠂ ᠣᠶᠢᠭᠤᠷ᠂ ᠭᠤᠣ ᠴᠧ᠂ ᠲᠦᠷᠺ᠂ ᠲᠣᠶᠣᠬᠤᠨ᠂ ᠲᠢᠶᠧ ᠯᠧ᠂ ᠨᠢᠥᠢ ᠵᠧᠨ ᠨᠡᠷ ᠤᠨ ᠪᠠᠶᠢᠭᠤᠯᠣᠭᠰᠠᠨ ᠬᠠᠭᠠᠨᠳᠣ ᠣᠯᠣᠰ ᠤᠨ ᠡᠵᠡᠳ ᠪᠣᠶᠣ ᠣᠯᠣᠰ ᠲᠦᠷᠦ ᠶᠢᠨ ᠬᠠᠮᠤᠭ ᠲᠡᠭᠡᠳᠦ ᠣᠳᠣᠷᠢᠳᠣᠭᠴᠢ ᠪᠠᠨ ᠪᠦᠷ可汗 ᠪᠣᠶᠣ大汗 ᠭᠡᠵᠦ ᠴᠣᠯᠠᠯᠠᠳᠠᠭ ᠵᠣᠷᠰᠢᠯ ᠲᠠᠢ ᠭᠡᠵᠡᠢ᠃    ᠵᠣᠬᠢᠶᠠᠭᠴᠢ ᠶᠢᠨ ᠠᠵᠢᠭᠯᠠᠭᠰᠠᠨ ᠢᠶᠠᠷ᠂ ᠬᠠᠭᠠᠨ ᠭᠡᠳᠡᠭ ᠦᠭᠡ ᠶᠢ ᠣᠳᠣ ᠦᠶ᠎ᠡ ᠶᠢᠨ ᠪᠣᠰᠤᠭ᠎ᠠ ᠮᠣᠩᠭᠤᠯ ᠪᠢᠴᠢᠭ ᠲᠤ ᠬᠠ᠊ ‍ᠭᠠ᠊ ‍ᠨ ︵ha ga n︶ ᠭᠡᠵᠦ ᠪᠢᠴᠢᠨ᠂ haan ᠭᠡᠵᠦ ᠣᠩᠰᠢᠨ᠎ᠠ᠃ ᠭᠡᠳᠡᠯ᠎ᠡ ᠺᠢᠷᠢᠯ ᠮᠣᠩᠭᠤᠯ ᠪᠢᠴᠢᠭ ᠢᠶᠠᠷ ᠪᠣᠯ хаːн ᠪᠣᠶᠣ хан ᠭᠡᠳᠡᠭ ᠠᠵᠠᠢ᠂ ᠭᠡᠶ᠎ᠡ ᠵᠣᠬᠢᠶᠠᠭᠴᠢ ᠶᠢᠨ ᠠᠩᠬᠠᠷᠣᠭᠰᠠᠨ ᠢᠶᠠᠷ хаːн ᠪᠣᠯᠣᠨ хан ᠨᠢ ᠠᠳᠠᠯᠢ ᠣᠬᠠᠭᠳᠠᠬᠤᠨ ᠲᠠᠢ ᠦᠭᠡ ᠪᠢᠰᠢ᠂ хаːн ᠨᠢ ᠰᠠᠭᠤᠷᠢᠨ ᠳᠤ ᠰᠠᠭᠤᠵᠣ ᠬᠠᠭᠠᠨ ᠪᠠᠶᠢᠵᠣ᠂ хан ᠨᠢ ᠬᠠᠭᠠᠨ ᠰᠠᠭᠤᠷᠢ ᠵᠠᠯᠭᠠᠮᠵᠢᠯᠠᠬᠤ ᠬᠢᠷᠢ ᠭᠡᠮ ᠪᠦᠬᠦᠢ ᠬᠦᠮᠦᠰ ᠢ ᠵᠢᠭᠠᠳᠠᠭ ︽ᠬᠠᠨ ᠬᠦᠪᠡᠭᠦᠳ︾ ᠪᠣᠶᠣ ︽ᠦᠴᠦᠬᠡᠨ ᠬᠠᠳ︾᠂ ︽ᠪᠠᠭ᠎ᠠ ᠬᠠᠳ︾ ᠵᠡᠷᠭᠡ ᠣᠳᠬ᠎ᠠ ᠲᠠᠢ ᠦᠭᠡ ᠪᠠᠶᠢᠵᠠᠢ᠃    ᠬᠤᠶᠠᠷ 可汗 ︵可寒᠂克汗᠂合罕 ᠵᠡᠷᠭᠡ ᠶᠢ ᠪᠠᠭᠳᠠᠭᠠᠨ᠎ᠠ︶ ᠭᠡᠳᠡᠭ ᠬᠢᠳᠠᠳ ᠦᠰᠦᠭ  ᠤᠨ ᠡᠷᠳᠡᠨ ᠤ ᠠᠪᠢᠶ᠎ᠠ ᠠᠶᠠᠯᠭᠤ ᠶᠢᠨ ᠮᠠᠭᠠᠳᠯᠠᠯᠳᠠ᠄ ᠵᠣᠬᠢᠶᠠᠭᠴᠢ ᠶᠢᠨ ᠦᠵᠡᠬᠦ ᠪᠠᠷ ᠬᠢᠳᠠᠳ ᠤᠨ ᠡᠷᠳᠡᠨ ᠤ ᠲᠡᠣᠬᠡ ᠰᠣᠷᠪᠣᠯᠵᠢᠰ ᠲᠤ ᠢᠯᠡᠷᠡᠭᠰᠡᠨ 可汗᠂可寒᠂克汗᠂合罕᠂黑汗 ᠵᠡᠷᠭᠡ ᠦᠭᠡ ᠪᠣᠯ ᠦᠨᠡᠨᠳᠡᠭᠡᠨ ᠪᠦᠷ ᠮᠣᠩᠭᠤᠯ ᠬᠡᠯᠡᠨ ᠤ ᠬᠠᠭᠠᠨ ᠭᠡᠳᠡᠭ ᠣᠳᠬ᠎ᠠ ᠪᠦᠬᠦᠢ ᠢᠵᠢᠯ ᠨᠢᠭᠡᠨ ᠦᠭᠡ ᠶᠢ ᠠᠪᠢᠶᠠᠴᠢᠯᠠᠨ ᠣᠷᠴᠢᠭᠤᠯᠣᠭᠰᠠᠨ ᠬᠢᠳᠠᠳ ᠦᠰᠦᠭ ᠶᠣᠮ᠃ ᠲᠡᠭᠡᠪᠡᠯ ᠶᠠᠭᠠᠬᠢᠭᠠᠳ ᠠᠪᠢᠶ᠎ᠠ ᠠᠶᠠᠯᠭᠤ ᠨᠢ ᠵᠢᠭᠠᠬᠠᠨ ᠵᠦᠷᠢᠶ᠎ᠡ ᠲᠠᠢ ᠦᠰᠦᠭ ᠢ ᠬᠡᠷᠡᠭᠯᠡᠭᠰᠡᠨ ᠪᠣᠢ ᠭᠡᠪᠡᠯ᠂ ᠭᠤᠣᠯᠳᠠᠭᠤ ᠮᠣᠩᠭᠤᠯ ᠬᠡᠯᠡᠨ ᠤ ᠨᠣᠳᠤᠭ ᠤᠨ ᠠᠪᠢᠶᠠᠨ ᠤ ᠵᠦᠷᠢᠶ᠎ᠡ ᠳᠤ ᠰᠠᠭᠤᠷᠢᠯᠠᠨ ᠣᠷᠴᠢᠭᠤᠯᠣᠭᠰᠠᠨ ᠠᠴᠠ ᠪᠣᠯᠵᠠᠢ᠃ ᠡᠭᠦᠨ ᠤ ᠳᠣᠳᠣᠷ᠎ᠠ可汗᠂可寒᠂克汗 ᠵᠡᠷᠭᠡ ᠦᠭᠡᠰ ᠨᠢ ᠲᠡᠣᠬᠡᠨ ᠲᠡᠭᠡᠷ᠎ᠡ ᠡᠷᠳᠡ ᠰᠢᠭ ᠢᠯᠡᠷᠡᠵᠦ᠂ ᠪᠠᠷᠤᠭ ᠲᠣᠪᠠ ᠰᠢᠶᠠᠨᠪᠸᠢ ᠪᠣᠯᠣᠨ ᠷᠸᠣᠷᠠᠨ ᠨᠡᠷ  ᠤᠨ ᠦᠶ᠎ᠡ ᠳᠤ ᠨᠢᠭᠡᠨᠳᠡ ᠦᠷᠭᠡᠨ ᠢᠶᠠᠷ ᠬᠡᠷᠡᠭᠯᠡᠵᠦ ᠪᠠᠶᠢᠵᠠᠢ᠂ ᠪᠦᠳᠦᠭᠦᠪᠴᠢᠯᠡᠨ ᠶᠠᠷᠢᠪᠠᠯ᠂ ᠨᠡᠶᠢᠳᠡ ᠶᠢᠨ ᠣᠨ ᠲᠣᠭᠠᠯᠠᠯ ᠤᠨ ᠡᠬᠢᠨ ᠢᠶᠠᠷ ᠨᠢᠭᠡᠨᠳᠡ ᠬᠡᠷᠡᠭᠯᠡᠵᠦ ᠪᠠᠶᠢᠪᠠ᠃ ᠬᠠᠷᠢᠨ合罕᠂黑汗 ᠪᠣᠯᠣᠨ汗 ᠨᠢ ᠲᠡᠭᠦᠨ  ᠠᠴᠠ ᠵᠢᠭᠠᠬᠠᠨ ᠣᠷᠣᠢ ᠰᠢᠭ ᠲᠡᠣᠬᠡᠨ ᠳᠤ ᠢᠯᠡᠷᠡᠵᠦ᠂ ᠮᠣᠩᠭᠤᠯ ᠬᠠᠭᠠᠨᠳᠣ ᠣᠯᠣᠰ ᠤᠨ ᠦᠶ᠎ᠡ ᠳᠤ ᠵᠢᠴᠢ ᠲᠡᠭᠦᠨ  ᠤ ᠡᠮᠦᠨ᠎ᠡ ᠬᠤᠶᠢᠨ᠎ᠠ ᠪᠠᠷ ᠲᠡᠯᠡᠬᠡᠢ ᠲᠠᠶᠠᠭᠠᠷ ᠲᠦᠭᠡᠮᠡᠯ ᠬᠡᠷᠡᠭᠯᠡᠭᠳᠡᠵᠡᠢ᠃    可汗᠂可寒᠂克汗᠂合罕᠂黑汗 ᠵᠡᠷᠭᠡ ᠬᠢᠳᠠᠳ ᠦᠰᠦᠭ ᠤᠨ ᠡᠷᠳᠡᠨ ᠤ ᠠᠪᠢᠶ᠎ᠠ ᠠᠶᠠᠯᠭᠤ ᠶᠢ ᠲᠦᠭᠦᠮᠴᠢᠯᠡᠨ ᠶᠠᠷᠢᠪᠠᠯ᠄    1可 ᠦᠰᠦᠭ ᠤᠨ ᠡᠷᠳᠡᠨ ᠤ ᠠᠪᠢᠶ᠎ᠠ ᠠᠶᠠᠯᠭᠤ᠄ kʰaːlʔ᠂kʰɑ᠂ kʰa ᠵᠡᠷᠭᠡ ᠪᠠᠶᠢᠵᠣ᠂ ᠺᠣᠷᠢᠶ᠎ᠠ ᠬᠡᠯᠡᠨ ᠳᠤ KA᠂ ᠶᠠᠫᠣᠨ ᠬᠡᠯᠡᠨ ᠤ ᠠᠪᠢᠶᠠᠨ ᠣᠩᠰᠢᠯᠭ᠎ᠠ ᠳᠤ ᠮᠦᠨか ᠪᠠᠷ ᠣᠩᠰᠢᠵᠣ᠂ ᠸᠢᠶᠧᠲᠨᠠᠮ ᠬᠡᠯᠡᠨ ᠳᠤ khả ᠪᠠᠶᠢᠵᠣ᠂ ᠲᠠᠩ ᠣᠯᠣᠰ ᠤᠨ ᠦᠶ᠎ᠡ ᠶᠢᠨ ᠠᠪᠢᠶ᠎ᠠ ᠨᠢ *kɑ̌ ᠠᠵᠠᠢ᠃ ᠠᠩᠬᠠᠷᠬᠤ ᠨᠢ ᠲᠡᠭᠦᠨ ᠤ ᠠᠶᠠᠯᠭᠤ ︵ᠡᠭᠡᠰᠢᠭ︶ ᠨᠢ a᠂ ᠬᠠᠷᠢᠨ ᠣᠳᠣᠬᠢ ᠰᠢᠭ᠋ e ᠪᠢᠰᠢ ᠪᠣᠯᠬᠤᠷ ᠲᠣᠰ ᠦᠰᠦᠭ ᠢ ᠡᠷᠳᠡ ᠦᠶ᠎ᠡ ᠳᠤ KA ᠭᠡᠵᠦ ᠣᠩᠰᠢᠬᠤ ᠨᠢ ᠵᠦᠪ ᠪᠠᠶᠢᠵᠠᠢ᠃克 ᠦᠰᠦᠭ ᠤᠨ ᠣᠳᠣ ᠦᠶ᠎ᠡ ᠶᠢᠨ ᠠᠪᠢᠶ᠎ᠠ ᠠᠶᠠᠯᠭᠤ  ᠨᠢ 可 ᠲᠠᠢ ᠪᠦᠷᠢᠮᠦᠰᠦᠨ ᠠᠳᠠᠯᠢ ᠪᠣᠯᠪᠠᠴᠣ᠂ ᠡᠷᠳᠡᠨ ᠤ ᠠᠪᠢᠶ᠎ᠠ ᠠᠶᠠᠯᠭᠤ ᠨᠢ ᠬᠠᠷᠢᠨ ᠵᠢᠭᠠᠬᠠᠨ ᠵᠦᠷᠢᠶ᠎ᠡ ᠲᠠᠢ kʰɯːɡ ᠪᠣᠶᠣ kʰək ᠪᠠᠶᠢᠵᠣ᠂ ᠲᠠᠩ ᠣᠯᠣᠰ ᠤᠨ ᠦᠶ᠎ᠡ ᠳᠤ kək ᠠᠵᠠᠢ᠃ ᠶᠠᠫᠣᠨ ᠬᠡᠯᠡᠨ  ᠳᠤこく᠂ ᠺᠣᠷᠢᠶ᠎ᠠ ᠬᠡᠯᠡᠨ ᠳᠤ KUK᠂ ᠸᠢᠶᠧᠲᠨᠠᠮ ᠬᠡᠯᠡᠨ ᠳᠤ khắc ᠭᠡᠳᠡᠭ᠃ ᠲᠡᠭᠡᠷᠡᠬᠢ ᠡᠳᠡᠭᠡᠷ ᠪᠠᠶᠢᠳᠠᠯ ᠠᠴᠠ ᠦᠵᠡᠪᠡᠯ可 ᠦᠰᠦᠭ ᠲᠠᠢ ᠨᠡᠯᠢᠶᠡᠳ ᠵᠦᠷᠢᠶ᠎ᠡ ᠲᠠᠢ ᠰᠢᠭ᠂ ᠵᠦᠪᠬᠡᠨ ᠲᠡᠭᠦᠨ ᠤ ᠲᠣᠲᠣᠷ᠎ᠠ ᠸᠢᠶᠧᠲᠨᠠᠮ ᠬᠡᠯᠡᠨ ᠤ ᠠᠪᠢᠶ᠎ᠠ khắc ᠨᠢ可 ᠶᠢᠨ ᠠᠪᠢᠶ᠎ᠠ ᠲᠠᠢ ᠣᠶᠢᠷᠠᠳᠴᠣ᠂ ᠪᠣᠰᠣᠳ ᠨᠢ ᠪᠦᠷ ᠨᠡᠯᠢᠶᠡᠳ ᠵᠦᠷᠢᠶ᠎ᠡ ᠲᠠᠢ ᠪᠣᠯᠪᠠᠴᠣ᠂ ᠣᠳᠣ ᠦᠶ᠎ᠡ ᠶᠢᠨ ᠬᠢᠳᠠᠳ ᠬᠡᠯᠡᠨ ᠤ ᠨᠣᠳᠤᠭ ᠤᠨ ᠠᠪᠢᠶᠠᠨ ᠳᠤ ᠲᠣᠰ ᠦᠰᠦᠭ ᠢ ᠮᠦᠨ haak1᠂ hak᠂ kag4᠂ khak ᠵᠡᠷᠭᠡ ᠪᠠᠷ ᠣᠩᠰᠢᠵᠣ᠂ ka ᠪᠣᠶᠣ ha ᠠᠴᠠ ᠶᠡᠬᠡᠯ᠎ᠡ ᠣᠶᠢᠷᠬᠠᠨ ᠠᠪᠢᠶᠠᠯᠠᠳᠠᠭ ᠪᠠᠶᠢᠨ᠎ᠠ᠃ ᠡᠳᠡᠭᠡᠷ ᠢ ᠦᠨᠳᠦᠰᠦᠯᠡᠵᠦ可᠂克 ᠬᠤᠶᠠᠷ ᠦᠰᠦᠭ ᠤᠨ ᠡᠷᠳᠡᠨ ᠤ ᠠᠪᠢᠶ᠎ᠠ ᠠᠶᠠᠯᠭᠤ ᠶᠢ ka ᠪᠣᠶᠣ ha ᠭᠡᠵᠦ ᠮᠠᠭᠠᠳᠯᠠᠵᠠᠢ᠃    2 汗᠂寒 ᠦᠰᠦᠭ ᠤᠨ ᠡᠷᠳᠡᠨ ᠤ ᠠᠪᠢᠶ᠎ᠠ ᠠᠶᠠᠯᠭᠤ᠄ ᠡᠨᠡ ᠬᠤᠶᠠᠷ ᠬᠢᠳᠠᠳ ᠦᠰᠦᠭ ᠤᠨ ᠡᠷᠳᠡᠨ ᠤ ᠠᠪᠢᠶ᠎ᠠ ᠠᠶᠠᠯᠭᠤ ᠶᠢ ᠲᠣᠮᠳᠠᠳᠣ ᠭᠠᠳᠠᠭᠠᠳᠣ ᠶᠢᠨ ᠬᠢᠳᠠᠳ ᠬᠡᠯᠡᠨ ᠤ ᠠᠪᠢᠶ᠎ᠠ ᠠᠶᠠᠯᠭᠤ ᠶᠢᠨ ᠡᠷᠳᠡᠮᠳᠡᠳ ᠪᠦᠷ ᠲᠣᠩ ᠨᠢᠭᠡᠳᠦᠯ ᠲᠠᠢ ᠪᠠᠷ ɡaːn᠂ ɡaːns᠂ ɡʰɑn ᠭᠡᠵᠦ ᠰᠡᠷᠭᠦᠭᠡᠵᠡᠭᠡᠵᠡᠢ᠃ ᠬᠢᠳᠠᠳ ᠬᠡᠯᠡᠨ  ᠤ ᠬᠠᠮᠤᠭ ᠡᠷᠳᠡᠨ ᠤ ᠲᠣᠯᠢ ᠪᠢᠴᠢᠭ ᠪᠣᠯᠬᠤ《说文解字︾ ᠭᠡᠳᠡᠭ ᠨᠣᠮ ᠳᠤ ᠴᠦ汗 ᠦᠰᠦᠭ ᠤᠨ ᠠᠪᠢᠶ᠎ᠠ ᠶᠢ从水干声 ᠭᠡᠵᠦ ᠲᠠᠶᠢᠯᠪᠣᠷᠢᠯᠠᠭᠰᠠᠨ ᠠᠴᠠ ᠦᠵᠡᠪᠡᠯ᠂ ᠲᠣᠰ ᠦᠰᠦᠭ ᠢ ᠡᠷᠳᠡ ᠦᠶ᠎ᠡ ᠳᠤ ᠮᠦᠨ 干 ɡan︶ ᠠᠪᠢᠶ᠎ᠠ ᠪᠠᠷ ᠣᠩᠰᠢᠵᠣ ᠪᠠᠶᠢᠵᠠᠢ᠃ ᠡᠶᠢᠮᠦ ᠠᠴᠠ᠂汗᠂寒 ᠦᠰᠦᠭ ᠢ ᠡᠷᠳᠡ ᠦᠶ᠎ᠡ  ᠳᠤ ᠪᠦᠷ ᠭᠠᠨ ᠭᠡᠵᠦ ᠠᠪᠢᠶᠠᠯᠠᠨ᠎ᠠ ᠭᠡᠵᠦ ᠮᠠᠭᠠᠳᠯᠠᠵᠣ᠂可汗᠂可寒᠂克汗 ᠢ ᠡᠷᠳᠡᠨ ᠤ ᠮᠣᠩᠭᠤᠯ ᠬᠡᠯᠡᠨ ᠤ ︽ᠺᠠᠭᠠᠨ︾ ᠪᠣᠶᠣ ︽ᠬᠠᠭᠠᠨ︾ ᠭᠡᠵᠦ ᠮᠠᠭᠠᠳᠯᠠᠵᠠᠢ᠃ ᠲᠡᠭᠡᠭᠡᠳ ᠺᠠᠭᠠᠨ ᠪᠣᠶᠣ ᠬᠠᠭᠠᠨ ᠨᠢ ᠨᠡᠩ ᠡᠷᠳᠡ ᠰᠢᠭ ᠦᠶ᠎ᠡ ︵ᠰᠢᠶᠠᠨᠪᠸᠢ ᠷᠸᠣᠷᠠᠨ ᠤ ᠦᠶ᠎ᠡ︶ ᠳᠤ ᠲᠦᠭᠡᠮᠡᠯ ᠲᠡᠯᠭᠡᠷᠡᠭᠰᠡᠨ ᠬᠠᠭᠠᠨ ᠬᠦᠮᠦᠨ ᠤ ᠴᠣᠯᠠ ᠪᠠᠷ ᠬᠡᠷᠡᠭᠯᠡᠬᠦ ᠲᠣᠰᠬᠠᠢ ᠨᠡᠷ᠎ᠡ ᠦᠭᠡ ᠪᠠᠶᠢᠪᠠ ᠭᠡᠵᠦ ᠦᠵᠡᠵᠡᠢ᠃    3 合罕᠂黑汗 ᠪᠣᠯ ᠬᠠᠷᠢᠴᠠᠩᠭᠤᠢ ᠪᠠᠷ ᠨᠡᠯᠢᠶᠡᠳ ᠬᠤᠵᠢᠭᠤ ᠰᠢᠭ ᠦᠶ᠎ᠡ ᠪᠣᠯᠬᠤ ᠮᠣᠩᠭᠤᠯ ᠬᠠᠭᠠᠨᠳᠣ ᠣᠯᠣᠰ ᠤᠨ ᠡᠮᠦᠨ᠎ᠡ ᠬᠤᠶᠢᠨᠠᠬᠠᠨ ᠢᠶᠠᠷ ᠬᠡᠷᠡᠭᠯᠡᠵᠦ ᠪᠠᠶᠢᠭᠰᠠᠨ ᠬᠢᠳᠠᠳ ᠠᠪᠢᠶᠠᠨ ᠣᠷᠴᠢᠭᠤᠯᠭ᠎ᠠ ᠪᠣᠯᠣᠨ᠎ᠠ ᠃合 ᠦᠰᠦᠭ ᠤᠨ ᠣᠳᠣ ᠦᠶ᠎ᠡ ᠶᠢᠨ ᠠᠪᠢᠶ᠎ᠠ ᠨᠢ hé ᠪᠣᠯᠣᠨ gě ᠪᠠᠶᠢᠪᠠᠴᠣ᠂ ᠲᠡᠭᠦᠨ ᠤ ᠡᠷᠳᠡᠨ ᠤ ᠠᠪᠢᠶ᠎ᠠ ᠠᠶᠠᠯᠭᠤ ᠨᠢ ᠦᠨᠡᠬᠡᠷ ɣăp᠂ kăp ᠪᠠᠶᠢᠵᠣ᠂ ᠺᠣᠷᠢᠶ᠎ᠠ ᠬᠡᠯᠡᠨ ᠳᠤ HAP ᠪᠣᠯᠣᠨ KAp ᠠᠵᠠᠢ ᠃黑 ᠦᠰᠦᠭ ᠨᠢ ᠣᠳᠣ ᠦᠶ᠎ᠡ ᠶᠢᠨ ᠬᠢᠳᠠᠳ ᠬᠡᠯᠡᠨ ᠤ ᠨᠣᠳᠤᠭ ᠤᠨ ᠠᠪᠢᠶᠠᠨ ᠳᠤ ᠮᠦᠨ hap8᠂ gak7 ᠂ kap7᠂ lap7᠂ gap3 ᠪᠣᠶᠣ hap6᠂ hah8 ᠵᠡᠷᠭᠡ ᠪᠠᠶᠢᠭᠰᠠᠭᠠᠷ ᠢ ᠦᠨᠳᠦᠰᠦᠯᠡᠵᠦ᠂合 ᠶᠢᠨ ᠡᠷᠳᠡᠨ ᠤ ᠠᠪᠢᠶ᠎ᠠ ᠶᠢ Hap᠂ KAP ᠪᠣᠶᠣ hah ᠵᠡᠷᠭᠡ ᠪᠠᠷ ᠣᠩᠰᠢᠬᠤ ᠨᠢ ᠵᠦᠪ ᠭᠡᠵᠦ ᠮᠠᠭᠠᠳᠯᠠᠵᠠᠢ᠃合罕᠂ 黑汗 ᠤ ᠡᠷᠳᠡᠨ ᠤ ᠠᠪᠢᠶ᠎ᠠ ᠶᠢ hahan ︵ᠬᠠᠭ᠋ᠠᠨ︶ ᠪᠣᠶᠣ hagan ︵ᠬᠠᠭᠠᠨ︶ ᠭᠡᠵᠦ ᠰᠡᠷᠭᠦᠭᠡᠭᠰᠡᠨ ᠢᠶᠠᠨ ᠣᠨᠣᠪᠴᠢᠳᠠᠢ ᠭᠡᠵᠦ ᠦᠵᠡᠵᠦ ᠪᠠᠶᠢᠨ᠎ᠠ᠃ ᠪᠠᠰᠠ ︽ᠮᠣᠩᠭᠤᠯ ᠤᠨ ᠨᠢᠭᠤᠴᠠ ᠲᠣᠪᠴᠢᠶᠠᠨ︾  ᠳᠤ ᠢᠯᠡᠷᠡᠭᠰᠡᠨ扎木合 ︵ᠵᠠᠮᠤᠬ᠎ᠠ︶᠂合不勒 ︵ᠬᠠᠪᠣᠯ︶ ᠵᠡᠷᠭᠡ ᠬᠦᠮᠦᠨ ᠤ ᠨᠡᠷ᠎ᠡ ᠳᠤ ᠪᠠᠶᠢᠭ᠎ᠠ合 ᠦᠰᠦᠭ ᠢ ᠲᠣᠬᠠᠢ ᠶᠢᠨ ᠦᠶ᠎ᠡ ᠳᠤ ᠮᠦᠨ ha ︵ᠬᠠ︶ ᠪᠠᠷ ᠠᠪᠢᠶᠠᠯᠠᠳᠠᠭ ᠪᠠᠶᠢᠵᠠᠢ᠂ ᠦᠭᠡᠢ ᠪᠣᠯ ᠮᠣᠩᠭᠤᠯ ᠬᠡᠯᠡᠨ ᠤ ᠮᠠᠰᠢ ᠴᠢᠩᠭ᠎ᠠ ᠡᠭᠡᠰᠢᠭ ᠵᠣᠬᠢᠴᠠᠬᠤ ᠶᠣᠰᠣᠨ ᠳᠤ ᠨᠡᠶᠢᠴᠡᠵᠦ ᠴᠢᠳᠠᠬᠤ ᠦᠭᠡᠢ ᠪᠣᠯᠬᠤᠷ᠂ ᠠᠳᠡ ᠡᠨᠡᠬᠦ合ᠦᠰᠦᠭ ᠢ ᠬᠡᠷᠡᠭᠯᠡᠵᠦ ᠪᠣᠯᠬᠤ ᠦᠭᠡᠢ ᠪᠣᠯᠣᠨ᠎ᠠ᠃ 合 ᠦᠰᠦᠭ ᠢ ha ︵ᠬᠠ︶ ᠪᠠᠷ ᠠᠪᠢᠶᠠᠯᠠᠬᠤ ᠲᠣᠬᠠᠢ᠂ ᠮᠣᠩᠭᠤᠯ ᠤᠨ ᠨᠢᠭᠤᠴᠠ ᠲᠣᠪᠴᠢᠶᠠᠨ ᠠᠴᠠ ᠡᠷᠳᠡ ᠦᠶ᠎ᠡ ᠶᠢᠨ ᠣᠶᠢᠭᠤᠷ ᠬᠠᠭᠠᠳ ᠤᠨ ᠬᠦᠨᠳᠦᠳᠭᠡᠯᠳᠦ ᠴᠣᠯᠠ  ᠠᠴᠠ ᠪᠠᠰᠠ ᠯᠠᠪᠯᠠᠵᠣ ᠪᠣᠯᠣᠨ᠎ᠠ᠃    4 ᠲᠡᠭᠡᠪᠡᠯ可汗᠂ 克汗᠂ 可寒 ᠪᠣᠯᠣᠨ合罕 ᠵᠢᠴᠢ黑汗 ᠵᠡᠷᠭᠡ ᠠᠳᠠᠯᠢ ᠪᠣᠰᠣ ᠠᠪᠢᠶᠠᠯᠠᠭ᠎ᠠ ᠶᠠᠭᠠᠬᠢᠵᠣ ᠪᠣᠢ ᠪᠣᠯᠣᠭᠰᠠᠨ ᠪᠣᠢ ᠭᠡᠪᠡᠯ᠂ ᠲᠡᠭᠡᠷᠡᠬᠢ ᠡᠳᠡᠭᠡᠷ ᠦᠭᠡ ᠪᠣᠯ ᠪᠦᠷ ᠬᠢᠳᠠᠳ ᠬᠡᠯᠡᠨ ᠳᠤ ᠠᠪᠢᠶᠠᠴᠢᠯᠠᠨ ᠣᠷᠴᠢᠭᠤᠯᠬᠤ ᠳᠠᠭᠠᠨ ᠮᠣᠩᠭᠤᠯ ᠬᠡᠯᠡᠨ ᠤ ᠡᠯ᠎ᠡ ᠨᠣᠳᠤᠭ ᠤᠨ ᠠᠪᠢᠶᠠᠨ ᠳᠤ ᠰᠠᠭᠤᠷᠢᠯᠠᠨ ᠠᠪᠢᠶᠠᠯᠠᠭᠰᠠᠨ ᠠᠴᠠ ᠡᠭᠦᠰᠦᠭᠰᠡᠨ ᠦᠵᠡᠭᠳᠡᠯ ᠭᠡᠵᠦ ᠦᠵᠡᠬᠦ ᠨᠢ ᠵᠦᠪ ᠶᠣᠮ᠃ ᠵᠢᠱᠢᠶᠡᠯᠡᠪᠡᠯ ᠲᠣᠬᠠᠢ ᠶᠢᠨ ᠦᠶ᠎ᠡ  ᠳᠤ ᠵᠠᠷᠢᠮ ᠠᠶᠢᠮᠠᠭ ᠪᠦᠯᠦᠭ ᠤᠨ ᠮᠣᠩᠭᠤᠯ ᠬᠡᠯᠡᠳᠡᠨ ᠬᠦᠮᠦᠰ ᠬᠠᠭᠠᠨ ᠭᠡᠵᠦ ᠬᠡᠯᠡᠬᠦ ᠳᠤ ᠵᠠᠷᠢᠮ ᠬᠦᠮᠦᠰ ᠨᠢ ᠺᠠᠭᠠᠨ ᠭᠡᠵᠦ ᠠᠪᠢᠶᠠᠯᠠᠬᠤ ᠨᠢ ᠲᠣᠩ ᠶᠡᠷᠦ ᠶᠢᠨ ᠬᠡᠷᠡᠭ ᠪᠠᠶᠢᠭᠰᠠᠨ ᠪᠣᠯᠣᠯᠳᠠᠢ᠃      ᠲᠡᠭᠡᠷᠡᠬᠢ ᠶᠢ ᠬᠤᠷᠢᠶᠠᠩᠭᠤᠶᠢᠯᠠᠨ ᠦᠬᠦᠯᠡᠪᠡᠯ᠂可汗᠂可寒᠂克汗 ᠵᠡᠷᠭᠡ ᠶᠢᠨ ᠣᠶᠢᠷᠠᠯᠴᠠᠭ᠎ᠠ ᠠᠪᠢᠶ᠎ᠠ ᠨᠢ kagan ᠪᠠᠶᠢᠵᠣ᠂合罕᠂黑汗 ᠨᠢ hahan ᠪᠠᠶᠢᠵᠠᠢ᠃ ᠭᠡᠪᠡᠴᠦ ᠡᠨᠡ ᠬᠤᠶᠠᠷ ᠦᠭᠡᠨ ᠤ ᠢᠷᠡᠯᠳᠡ ᠪᠣᠯ ᠨᠡᠩ ᠡᠷᠳᠡᠨ ᠤ ᠾᠦᠩᠨᠦ ᠴᠠᠨ ᠢᠥᠢ ᠶᠢᠨ ᠬᠦᠨᠳᠦᠳᠭᠡᠯᠳᠦ ᠴᠣᠯᠠ ᠪᠣᠯᠬᠤ呼韩邪 ᠭᠡᠳᠡᠭ ᠦᠭᠡᠨ ᠠᠴᠠ ᠣᠯᠪᠠᠭ᠎ᠠ ᠲᠠᠢ ᠦᠭᠡ ᠭᠡᠵᠦ ᠦᠵᠡᠵᠡᠢ᠃ 呼韩邪 ᠶᠢᠨ ᠡᠷᠳᠡᠨ ᠤ ᠠᠪᠢᠶ᠎ᠠ ᠨᠢ ᠣᠶᠢᠷᠠᠯᠴᠠᠭ᠎ᠠ ᠪᠠᠷ ᠬᠠᠭᠠᠨᠰ᠎ᠡ ︵hagansea︶ ᠭᠡᠵᠦ ᠠᠪᠢᠶᠠᠯᠠᠨ᠂ ᠦᠭᠡᠨ ᠤ ᠢᠵᠠᠭᠤᠷ ᠨᠢ ᠲᠠᠷᠣᠢ ᠬᠠᠭᠠᠨ ᠶᠣᠮ ︵ᠡᠭᠦᠨ ᠢ ᠲᠠᠷᠠᠭ᠎ᠠ ᠪᠠᠷ ᠲᠠᠬᠢᠨ ᠯᠠᠪᠰᠢᠷᠠᠭᠤᠯᠣᠨ ᠦᠬᠦᠯᠡᠬᠦ ᠪᠣᠯᠬᠤᠷ ᠲᠦᠷ ᠣᠷᠬᠢᠶ᠎ᠠ︶᠃ ᠶᠠᠮᠠᠷ ᠪᠠᠶᠢᠭᠰᠠᠨ ᠴᠦ 汗 ᠪᠣᠯᠣᠨ罕 ︵Haan︶ ᠪᠣᠯ可汗 ᠪᠣᠶᠣ合罕 ᠭᠡᠳᠡᠭ ᠬᠢᠳᠠᠳ ᠦᠭᠡᠨ ᠤ ᠲᠣᠪᠴᠢᠯᠠᠯ ᠪᠢᠰᠢ᠂ ᠬᠠᠷᠢᠨ hagan᠂ kagan ᠪᠣᠶᠣ hahan ᠵᠡᠷᠭᠡ ᠡᠷᠳᠡᠨ ᠤ ᠦᠭᠡ ᠶᠢᠨ ᠣᠶᠢᠷ᠎ᠠ ᠣᠷᠴᠢᠨ ᠦᠶ᠎ᠡ  ᠶᠢᠨ ᠮᠣᠩᠭᠤᠯ ᠦᠭᠡ ᠪᠣᠯᠣᠨ᠎ᠠ᠃ Haan ᠭᠡᠪᠡᠯ ᠬᠢᠳᠠᠳ ᠬᠡᠯᠡᠨ ᠤ ᠬᠤᠸᠠᠩᠳᠢ ᠭᠡᠳᠡᠭ ᠦᠭᠡ ᠪᠠᠶᠢᠵᠣ᠂ Han  ᠨᠢ ᠴᠢᠨ ᠸᠠᠩ ᠭᠡᠳᠡᠭ ᠦᠭᠡ ᠪᠣᠯᠵᠣ ᠲᠠᠭᠠᠷᠠᠨ᠎ᠠ᠃ ᠭᠡᠶ᠎ᠡ ᠵᠠᠷᠢᠮ ᠦᠶ᠎ᠡ ᠳᠤ Han ᠢᠶᠠᠨ ᠪᠠᠭ᠎ᠠ ᠬᠠᠭᠠᠨ ︵莫贺可汗᠂ Ba ga ka gan︶ ᠭᠡᠳᠡᠭ ᠲᠣᠬᠢᠶᠠᠯᠳᠣᠯ ᠴᠦ ᠪᠣᠢ᠂莫贺可汗 ᠢᠶᠠᠨ ᠬᠢᠳᠠᠳ ᠬᠡᠯᠡᠨ ᠤ ᠡᠷᠳᠡᠨ ᠤ ᠠᠪᠢᠶ᠎ᠠ ᠠᠶᠠᠯᠭᠤ ᠳᠤ ᠰᠠᠭᠤᠷᠢᠯᠠᠨ ᠣᠩᠰᠢᠪᠠᠯ ᠣᠶᠢᠷᠠᠯᠴᠠᠭ᠎ᠠ ᠪᠠᠷ bag ga kag gan ᠭᠡᠵᠦ᠂ ᠪᠠᠭ᠎ᠠ ᠬᠠᠭᠠᠨ ︵小可汗︶ ᠭᠡᠳᠡᠭ ᠮᠣᠩᠭᠤᠯ ᠦᠭᠡ ᠠᠵᠠᠢ᠃ ᠡᠶᠢᠮᠦ ᠠᠴᠠ ᠣᠳᠣ ᠦᠶ᠎ᠡ ᠳᠤ ᠴᠦ Haan᠂ Han ᠢ ᠬᠤᠳᠬᠤᠯᠳᠣᠭᠤᠯᠣᠨ ᠬᠡᠷᠡᠭᠯᠡᠵᠦ ᠪᠣᠯᠬᠤ ᠦᠭᠡᠢ᠃    ᠭᠤᠷᠪᠠ   ᠬᠠᠭᠠᠨ ︵可汗︶ ᠭᠡᠳᠡᠭ ᠦᠭᠡᠨ ᠤ ᠣᠳᠬ᠎ᠠ ᠶᠢ ᠲᠣᠷᠰᠢᠨ ᠲᠠᠶᠢᠯᠪᠣᠷᠢᠯᠠᠬᠤ ᠨᠢ᠄ ᠣᠳᠣ ᠦᠶ᠎ᠡ ᠶᠢᠨ ᠮᠣᠩᠭᠤᠯ ᠬᠡᠯᠡᠨ ᠤ ᠲᠣᠯᠢ ᠪᠢᠴᠢᠭ ᠪᠣᠯᠣᠨ ᠡᠷᠳᠡᠨ ᠤ ᠮᠣᠩᠭᠤᠯ ᠰᠣᠷᠪᠣᠯᠵᠢ ᠪᠢᠴᠢᠭ ᠨᠦᠭᠦᠳ ᠲᠤ ᠲᠣᠰ ᠦᠭᠡᠨ ᠤ ᠠᠭᠤᠯᠭ᠎ᠠ ᠶᠢ ᠲᠠᠶᠢᠯᠪᠣᠷᠢᠯᠠᠭᠰᠠᠨ ᠲᠠᠯ᠎ᠠ ᠪᠠᠷ ᠬᠠᠮᠤᠭ ᠲᠡᠭᠦᠯᠳᠡᠷ ᠨᠡᠶᠢᠳᠡᠯᠢᠭ ᠰᠠᠨᠠᠭᠳᠠᠭᠰᠠᠨ ᠲᠠᠶᠢᠯᠪᠣᠷᠢ ᠭᠡᠪᠡᠯ᠄ ︽ᠣᠯᠣᠰ ᠪᠠᠶᠢᠭᠤᠯᠣᠭᠰᠠᠨ ᠪᠣᠶᠣ ᠣᠯᠣᠰ ᠬᠠᠮᠳᠣᠳᠬᠠᠨ᠂ ᠬᠢᠯᠢ ᠪᠠᠬᠢᠯᠡᠭᠰᠡᠨ ᠡᠵᠡᠨ ᠬᠦᠮᠦᠨ  ᠢ ᠬᠠᠭᠠᠨ ᠡᠷᠭᠦᠮᠣᠢ︾ ᠭᠡᠵᠡᠢ᠃ ᠡᠨᠡᠬᠦ ᠲᠠᠶᠢᠯᠪᠣᠷᠢ ᠶᠢ ᠵᠦᠪᠬᠡᠨ ᠦᠩᠭᠡᠨ ᠲᠠᠯ᠎ᠠ ᠠᠴᠠ ᠨᠢ ᠦᠵᠡᠪᠡᠯ ᠲᠣᠣᠷᠠᠬᠢ ᠮᠡᠳᠦ ᠭᠤᠷᠪᠠᠨ ᠲᠠᠯ᠎ᠠ ᠶᠢᠨ ᠦᠨᠳᠦᠰᠦᠨ ᠣᠬᠠᠭᠳᠠᠬᠤᠨ ᠢ ᠪᠠᠭᠳᠠᠭᠠᠨ᠎ᠠ᠃ ᠨᠢᠭᠡ᠂ ᠣᠯᠣᠰ ᠪᠠᠶᠢᠭᠤᠯᠣᠭᠰᠠᠨ ᠡᠵᠡᠨ ᠬᠦᠮᠦᠨ ᠢ ᠬᠠᠭᠠᠨ ᠡᠷᠭᠦᠨ᠎ᠡ᠂ ᠬᠤᠶᠠᠷ᠂ ᠣᠯᠣᠰ ᠬᠠᠮᠳᠣᠳᠬᠠᠭᠰᠠᠨ ᠡᠵᠡᠨ ᠬᠦᠮᠦᠨ ᠢ ᠬᠠᠭᠠᠨ ᠡᠷᠭᠦᠨ᠎ᠡ᠂ ᠭᠤᠷᠪᠠ ᠂ ᠬᠠᠭᠠᠨ ᠪᠣᠯ ᠢᠵᠠᠭᠤᠷᠳᠠᠨ ᠤ ᠬᠤᠷᠠᠯᠳᠠᠢ ᠪᠠᠷ ᠲᠠᠮᠵᠢᠨ ᠡᠷᠭᠦᠮᠵᠢᠯᠡᠨ᠎ᠡ᠃ ᠲᠣᠪᠴᠢᠯᠠᠨ ᠶᠠᠷᠢᠪᠠᠯ᠂ ᠣᠯᠣᠰ ᠴᠣᠭᠴᠠᠯᠠᠨ ᠪᠠᠶᠢᠭᠤᠯᠣᠭᠰᠠᠨ ᠡᠵᠡᠨ ᠬᠦᠮᠦᠨ᠂ ᠡᠰᠡᠬᠦᠯ᠎ᠡ ᠲᠣᠮᠳᠠ ᠠᠴᠠ ᠮᠠᠨᠳᠣᠭᠤᠯᠣᠭᠰᠠᠨ ᠡᠵᠡᠨ ᠬᠦᠮᠦᠨ ᠢ ᠢᠵᠠᠭᠤᠷᠳᠠᠨ ᠤ ᠬᠤᠷᠠᠯᠳᠠᠢ ᠢᠶᠠᠷ ᠲᠠᠮᠵᠢᠨ ᠬᠠᠭᠠᠨ ᠡᠷᠭᠦᠮᠵᠢᠯᠡᠨ᠎ᠡ ᠭᠡᠰᠡᠨ ᠦᠭᠡ ᠶᠣᠮ᠃    ᠲᠦᠷᠪᠡ 可汗 ᠭᠡᠳᠡᠭ ᠦᠭᠡᠨ ᠤ ᠢᠷᠡᠯᠳᠡ ᠶᠢ ᠮᠠᠭᠠᠳᠯᠠᠬᠤ ᠨᠢ᠄ ᠵᠣᠬᠢᠶᠠᠭᠴᠢ ᠶᠢᠨ ᠦᠵᠡᠬᠦ ᠪᠠᠷ ᠬᠠᠭᠠᠨ ᠬᠡᠳᠡᠭ ᠦᠭᠡᠨ ᠤ ᠬᠠᠮᠤᠭ ᠡᠷᠳᠡᠨ ᠤ ᠢᠷᠡᠯᠳᠡ ᠪᠣᠯ ᠾᠦᠩᠨᠦ ᠬᠠᠭᠠᠳ ᠤᠨ ᠬᠦᠨᠳᠦᠳᠭᠡᠯᠳᠦ ᠴᠣᠯᠠ ᠪᠣᠯᠬᠤ呼韩邪 ᠭᠡᠳᠡᠭ ᠦᠭᠡᠨ ᠠᠴᠠ ᠢᠷᠡᠵᠡᠢ᠃呼韩邪 ᠶᠢᠨ ᠣᠳᠣ ᠦᠶ᠎ᠡ ᠶᠢᠨ ᠠᠪᠢᠶ᠎ᠠ ᠨᠢ hū hán yé ︵ᠬᠣ᠋ ᠬᠠᠨ ᠶᠧ︶ ᠪᠣᠯᠵᠠᠢ᠃ ᠦᠨᠡᠨᠳᠡᠭᠡᠨ ᠲᠡᠭᠦᠨ ᠤ ᠣᠣᠯ ᠠᠪᠢᠶ᠎ᠠ ᠨᠢ ᠬᠠᠭᠠᠨᠰ᠎ᠡ ︵ha gan sea︶ ᠭᠡᠵᠦ ᠣᠩᠰᠢᠳᠠᠭ ᠾᠦᠩᠨᠦ — ᠮᠣᠩᠭᠤᠯ ᠦᠭᠡ ᠪᠠᠶᠢᠵᠠᠢ᠃ ᠮᠦᠨᠴᠦ ᠬᠠᠮᠤᠭ ᠡᠷᠳᠡᠨ ᠤ ᠲᠡᠣᠬᠡᠨ ᠳᠤ ᠲᠡᠮᠳᠡᠭᠯᠡᠭᠳᠡᠭᠰᠡᠨ ︽ᠬᠠᠭᠠᠨ︾ ᠭᠡᠳᠡᠭ ᠢᠵᠠᠭᠤᠷ ᠲᠠᠢ ᠮᠣᠩᠭᠤᠯ ᠦᠭᠡ ᠪᠣᠯᠣᠨ᠎ᠠ᠃ ᠡᠭᠦᠨ ᠠᠴᠠ ᠡᠬᠢᠯᠡᠭᠡᠳ ᠪᠣᠰᠣᠳ ᠮᠣᠩᠭᠤᠯ ᠲᠣᠭᠤᠷᠭᠠᠳᠠᠨ᠂ ᠵᠢᠱᠢᠶᠡᠯᠡᠪᠡᠯ ᠰᠢᠶᠠᠨᠪᠸᠢ᠂ ᠷᠸᠥᠷᠠᠨ᠂ ᠬᠢᠳᠠᠨ ᠣᠨᠴᠠᠭᠠᠶᠢᠯᠠᠨ ᠮᠣᠩᠭᠤᠯ ᠮᠡᠳᠦ ᠣᠭᠰᠠᠭᠠᠳᠠᠨ ᠡᠨᠡᠬᠦ ᠴᠣᠯᠠ ᠨᠡᠷ᠎ᠡ ᠶᠢ ᠦᠪᠡᠷ ᠤᠨ ᠨᠣᠳᠤᠭ ᠤᠨ ᠬᠡᠯᠡ ᠪᠠᠷ ᠬᠠᠭᠠᠨ᠂ ᠺᠠᠭᠠᠨ᠂ ᠬᠠᠭ᠋ᠠᠨ ᠮᠡᠳᠦ ᠪᠠᠷ ᠠᠪᠢᠶᠠᠴᠢᠯᠠᠨ ᠲᠠᠭᠤᠳᠠᠵᠣ ᠨᠡᠩ ᠲᠦᠭᠡᠮᠡᠯ ᠬᠡᠷᠡᠭᠯᠡᠭᠰᠡᠨ ᠠᠵᠠᠢ᠃可汗 ᠭᠡᠳᠡᠭ ᠴᠣᠯᠠ ᠶᠢᠨ ᠣᠳᠬ᠎ᠠ ᠨᠢ ᠬᠡᠯᠡᠯᠭᠡᠨ ᠦᠭᠡᠢ ᠣᠯᠣᠰ ᠤᠨ ᠡᠵᠡᠨ᠂ ᠣᠯᠣᠰ ᠤᠨ ᠸᠠᠩ᠂ ᠰᠣᠯᠲ᠋ᠠᠨ᠂ ᠱᠠᠾ᠂ ᠬᠤᠸᠠᠩᠳᠢ ᠮᠡᠳᠦ ᠦᠭᠡ ᠲᠠᠢ ᠢᠵᠢᠯ ᠣᠳᠬ᠎ᠠ ᠲᠠᠢ ᠦᠭᠡ ᠶᠣᠮ᠃    ᠲᠡᠭᠡᠪᠡᠯ呼韩邪᠂可汗᠂可寒 ᠪᠣᠯᠣᠨ合罕 ᠵᠡᠷᠭᠡ ᠶᠢ ᠶᠠᠭᠠᠬᠢᠵᠣ ᠠᠪᠢᠶᠠᠯᠠᠨ ᠣᠩᠰᠢᠳᠠᠭ ᠪᠣᠢ ᠭᠡᠳᠡᠭ ᠠᠰᠠᠭᠤᠳᠠᠯ ᠭᠠᠷᠴᠣ ᠢᠷᠡᠨ᠎ᠡ᠂ ᠵᠣᠬᠢᠶᠠᠭᠴᠢ ᠶᠢᠨ ᠦᠵᠡᠬᠦ ᠪᠠᠷ ᠭᠤᠣᠯᠳᠠᠭᠤ ᠪᠦᠷ ᠲᠡᠭᠡᠷ᠎ᠡ ᠲᠣᠷᠠᠳᠣᠭᠰᠠᠨ ᠮᠣᠩᠭᠤᠯ ᠣᠭᠰᠠᠭᠠᠳᠠᠨ᠂ ᠣᠨᠴᠠᠭᠠᠶᠢᠯᠠᠨ ᠾᠦᠩᠨᠦ ᠪᠣᠯᠣᠨ ᠰᠢᠶᠠᠨᠪᠸᠢ ᠣᠭᠰᠠᠭᠠᠳᠠᠨ ᠤ ᠬᠡᠯᠡ ᠪᠣᠯᠣᠨ ᠡᠳᠡᠭᠡᠷ ᠬᠡᠯᠡ ᠶᠢ ᠠᠪᠢᠶᠠᠴᠢᠯᠠᠨ ᠲᠡᠮᠳᠡᠭᠯᠡᠭᠰᠡᠨ ᠡᠷᠳᠡᠨ ᠤ ᠬᠢᠳᠠᠳ ᠦᠰᠦᠭ ᠤᠨ ᠠᠪᠢᠶ᠎ᠠ ᠠᠶᠠᠯᠭᠤ ᠪᠠ ᠲᠡᠭᠦᠨ ᠤ ᠬᠤᠪᠢᠷᠠᠯᠳᠠ ᠬᠦᠭᠵᠢᠯᠳᠡ ᠲᠠᠢ ᠰᠢᠭᠤᠳ ᠬᠤᠯᠪᠣᠭ᠎ᠠ ᠲᠠᠢ᠂ ᠡᠭᠦᠨ ᠢ ᠵᠣᠬᠢᠶᠠᠭᠴᠢ ᠠᠴᠠ ᠨᠢᠭᠡ ᠨᠢᠭᠡ ᠬᠢᠳᠠᠳ ᠦᠰᠦᠭ ᠢᠶᠠᠷ ᠨᠢ ᠰᠠᠯᠭᠠᠨ᠂ ᠲᠡᠭᠦᠨ ᠤ ᠡᠷᠳᠡᠨ ᠤ ᠠᠪᠢᠶ᠎ᠠ ᠠᠶᠠᠯᠭᠤ ᠶᠢ ᠲᠦᠭᠦᠮᠴᠢᠯᠡᠨ ᠦᠭᠦᠯᠡᠶ᠎ᠡ᠃ ᠰᠣᠨᠢᠷᠬᠠᠯ ᠲᠠᠢ ᠨᠦᠬᠦᠳ ᠦᠪᠡᠷ ᠢᠶᠠᠨ ᠭᠦᠨᠵᠡᠭᠡᠶᠢᠷᠡᠨ ᠯᠠᠪᠯᠠᠭᠠᠷᠠᠢ᠃    1呼韩邪 ᠭᠡᠳᠡᠭ ᠴᠠᠨ ᠢᠥᠢ ᠶᠢᠨ ᠬᠦᠨᠳᠦᠳᠭᠡᠯᠳᠦ ᠴᠣᠯᠠ ᠦᠭᠡ ᠶᠢ ᠲᠡᠮᠳᠡᠭᠯᠡᠭᠰᠡᠨ ᠭᠤᠷᠪᠠᠨ ᠬᠢᠳᠠᠳ ᠦᠰᠦᠭ ᠤᠨ ᠡᠷᠳᠡᠨ ᠤ ᠠᠪᠢᠶ᠎ᠠ ᠠᠶᠠᠯᠭᠤ ᠨᠢ ᠦᠨᠡᠬᠡᠷ ha gan sea ᠲᠠᠢ ᠮᠠᠰᠢ ᠣᠶᠢᠷᠠᠯᠴᠠᠭ᠎ᠠ ᠠᠪᠢᠶᠠᠯᠠᠵᠣ ᠪᠠᠶᠢᠵᠠᠢ᠃ ᠲᠡᠭᠡᠭᠡᠳ ᠠᠩᠬᠠᠷᠬᠤ ᠨᠢ ha gan sea ᠶᠢᠨ ᠦᠭᠡ ᠶᠢᠨ ᠢᠵᠠᠭᠤᠷ ᠨᠢ ᠲᠠᠷᠣᠢ ︽ᠬᠠᠭᠠᠨ︾ ᠪᠣᠯᠣᠨ᠎ᠠ᠃ ᠡᠨᠡᠬᠦ ᠬᠠᠭᠠᠨᠰ᠎ᠡ ︵ha gan sea︶ ᠴᠠᠨ ᠢᠥᠢ ᠶᠢᠨ ᠨᠡᠷ᠎ᠡ ᠨᠢ稽侯栅 ᠭᠡᠵᠦ᠂ ᠨᠡᠶᠢᠳᠡ ᠶᠢᠨ ᠣᠨ ᠲᠣᠭᠠᠯᠠᠯ ᠤᠨ ᠡᠮᠦᠨ᠎ᠡ 58 ᠣᠨ ᠠᠴᠠ ᠡᠮᠦᠨ᠎ᠡ 31 ᠣᠨ ᠪᠣᠯᠳᠠᠯ᠎ᠠ ᠰᠠᠭᠤᠷᠢᠨ ᠳᠤ ᠰᠠᠭᠤᠵᠣ ᠪᠠᠶᠢᠪᠠ᠃ ᠲᠡᠭᠦᠨ ᠤ ᠰᠠᠭᠤᠷᠢᠨ ᠳᠤ ᠪᠠᠶᠢᠭ᠎ᠠ ᠬᠤᠭᠤᠴᠠᠭ᠎ᠠ ᠪᠣᠯ ᠾᠦᠩᠨᠦ ᠶᠢᠨ ᠲᠣᠲᠣᠭᠠᠳᠣ ᠳᠤ ᠣᠷᠢᠳᠦ ᠡᠮᠦᠨ᠎ᠡ ᠢᠯᠡᠷᠡᠭᠡ ᠦᠭᠡᠢ ᠶᠡᠭᠡ ᠬᠠᠭᠠᠴᠠᠯ ᠪᠣᠳᠠᠷᠠᠯ ᠤᠨ ᠴᠠᠭ ᠦᠶ᠎ᠡ ᠪᠠᠶᠢᠵᠣ᠂ ᠪᠠᠷᠤᠭ ᠬᠠᠭᠠᠰ ᠵᠠᠭᠤᠨ ᠰᠢᠬᠠᠮ ᠦᠷᠬᠦᠯᠵᠢᠯᠡᠭᠰᠡᠨ ᠰᠠᠮᠠᠭᠤᠨ ᠴᠠᠭ ᠶᠣᠮ᠃ ᠲᠡᠣᠭᠡᠨ ᠲᠡᠭᠡᠷ᠎ᠡ ᠡᠭᠦᠨ ᠢ ︽ᠲᠠᠪᠣᠨ ᠴᠠᠨ ᠢᠥᠢ ᠵᠡᠷᠭᠡᠳᠡ ᠰᠠᠭᠤᠷᠢᠨ ᠡᠵᠡᠯᠡᠭᠰᠡᠨ ᠰᠠᠮᠠᠭᠤᠨ ᠴᠠᠭ︾ ᠭᠡᠳᠡᠭ ᠠᠵᠠᠢ᠃ ᠭᠡᠪᠡᠴᠦ ᠬᠡᠳᠦᠶᠢᠪᠡᠷ稽侯栅 ᠪᠦᠬᠦ ᠾᠦᠩᠨᠦ ᠭᠦᠷᠦᠨ ᠢᠶᠠᠨ ᠨᠢᠭᠡᠳᠭᠡᠵᠦ ᠴᠢᠳᠠᠭᠰᠠᠨ ᠦᠭᠡᠢ ᠪᠣᠯᠪᠠᠴᠣ᠂ ᠮᠦᠨ ᠣᠯᠠᠩᠬᠢ ᠾᠦᠩᠨᠦ ᠬᠦᠮᠦᠰ ᠢᠶᠠᠨ ᠡᠵᠡᠯᠡᠨ ᠠᠪᠴᠣ᠂ ᠡᠴᠦᠰ ᠤᠨ ᠢᠯᠡᠯᠳᠡ ᠳᠤ ᠬᠦᠷᠴᠦ ᠴᠢᠳᠠᠭᠰᠠᠨ ᠪᠣᠯᠬᠤᠷ ᠦᠪᠡᠷ ᠤᠨ ᠪᠡᠶ᠎ᠡ ᠪᠠᠨ ︽ᠲᠣᠮᠳᠠ ᠠᠴᠠ ᠮᠠᠨᠳᠣᠭᠤᠯᠣᠭᠰᠠᠨ︾ ᠡᠵᠡᠨ ᠬᠦᠮᠦᠨ ᠢᠶᠠᠷ ᠦᠵᠡᠵᠦ ︽ᠬᠠᠭᠠᠨᠰ᠎ᠡ ᠴᠠᠨ ᠢᠥᠢ︾ ᠬᠡᠮᠡᠨ ᠴᠣᠯᠠᠳᠠᠬᠤ ᠨᠢ ᠮᠦᠨ ᠵᠦᠢ ᠶᠣᠰᠣᠨ ᠤ ᠬᠡᠷᠡᠭ ᠶᠣᠮ᠃ ᠡᠨᠡᠬᠦ ᠠᠭᠤᠯᠭ᠎ᠠ ᠶᠢ ᠬᠦᠨᠵᠡᠭᠡᠢ ᠰᠢᠭ ᠣᠶᠢᠯᠭᠠᠬᠤ ᠶᠢᠨ ᠲᠣᠰᠠᠳᠠ᠂ 呼韩邪 ᠭᠤᠷᠪᠠᠨ ᠦᠰᠦᠭ ᠤᠨ ᠡᠷᠳᠡᠨ ᠤ ᠠᠪᠢᠶ᠎ᠠ ᠠᠶᠠᠯᠭᠤ ᠶᠢ ᠲᠣᠪᠴᠢᠯᠠᠨ ᠦᠭᠦᠯᠡᠶ᠎ᠡ᠃    1呼 ᠦᠰᠦᠭ᠄ ᠲᠣᠰ ᠦᠰᠦᠭ ᠪᠣᠯ ᠲᠡᠭᠡᠳᠦ ᠡᠷᠳᠡᠨ ᠤ ᠦᠶ᠎ᠡ ᠳᠤ ᠣᠯᠠᠨ ᠣᠩᠰᠢᠯᠭ᠎ᠠ ᠲᠠᠢ ᠬᠢᠳᠠᠳ ᠦᠰᠦᠭ ᠪᠠᠶᠢᠵᠠᠢ᠃ ᠭᠡᠪᠡᠴᠦ ᠭᠤᠣᠯᠳᠠᠭᠤ ha ᠪᠣᠯᠣᠨ hu ᠵᠡᠷᠭᠡ ᠪᠠᠷ ᠣᠩᠰᠢᠳᠠᠭ ᠨᠢ ᠣᠯᠠᠨ ᠶᠣᠮ᠃呼 ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ ᠶᠢ ᠡᠷᠳᠡᠮᠳᠡᠳ ᠰᠡᠷᠭᠦᠭᠡᠭᠰᠡᠨ ᠨᠢ qʰaː ᠪᠣᠶᠣ hag ᠪᠠᠶᠢᠵᠣ᠂ ᠣᠶᠢᠷᠠᠯᠴᠠᠭ᠎ᠠ ᠪᠠᠷ ᠪᠦᠷ ha ᠭᠡᠵᠦ ᠣᠩᠰᠢᠨ᠎ᠠ᠂ ᠪᠠᠰᠠ ho᠂ hu ᠵᠡᠷᠭᠡ ᠪᠠᠷ ᠪᠦᠷ ᠣᠩᠰᠢᠵᠣ ᠪᠣᠯᠣᠨ᠎ᠠ᠃ 呼 ᠶᠢ ha ᠪᠠᠷ ᠣᠩᠰᠢᠬᠤ ᠲᠣᠬᠢᠶᠠᠯᠳᠣᠯ ᠭᠡᠪᠡᠯ᠂ ᠬᠢᠳᠠᠳ ᠤᠨ ᠬᠠᠮᠤᠭ ᠡᠷᠳᠡᠨ ᠤ ᠣᠨ ᠲᠠᠷᠠᠭᠠᠯᠠᠭᠰᠠᠨ ᠲᠡᠣᠬᠡᠨ ᠨᠣᠮ ︽ᠰᠣᠳᠣᠷ ᠲᠡᠮᠳᠡᠭᠯᠡᠯ︾ ᠳᠤ哈卡斯 ︵hakas︶ ᠭᠡᠳᠡᠭ ᠦᠨᠳᠦᠰᠦᠳᠡᠨ ᠤ ᠨᠡᠷ᠎ᠡ ᠶᠢ呼揭 ᠬᠤᠶᠠᠷ ᠬᠢᠳᠠᠳ ᠦᠰᠦᠭ ᠢᠶᠠᠷ ᠲᠡᠮᠳᠡᠭᠯᠡᠵᠡᠢ᠃呼揭 ᠶᠢᠨ ᠡᠷᠳᠡᠨ ᠤ ᠠᠪᠢᠶ᠎ᠠ ᠠᠶᠠᠯᠭᠤ ᠨᠢ ᠲᠠᠷᠣᠢ Ha kiet ᠪᠣᠶᠣ Ha kied ᠪᠠᠶᠢᠵᠠᠢ᠃ ᠠᠳᠡ ᠮᠠᠨᠣᠰ ᠤᠨ ᠮᠡᠳᠡᠬᠦ ᠴᠢᠬᠤᠯᠠ  ᠲᠠᠢ ᠨᠢᠭᠡᠨ ᠠᠭᠤᠯᠭ᠎ᠠ ᠪᠣᠯ᠂ ᠡᠷᠳᠡᠨ ᠤ ᠬᠢᠳᠠᠳ ᠦᠰᠦᠭ ᠲᠤ ︽‍ᠷ᠂ ‍ᠰ︾ ᠶᠢ ᠭᠠᠷᠭᠠᠪᠠᠯ ᠪᠣᠰᠣᠳ ᠬᠡᠶᠢᠭᠦᠯᠦᠭᠴᠢ ᠪᠦᠷ ᠬᠢᠳᠠᠳ ᠦᠰᠦᠭ ᠤᠨ ᠠᠪᠢᠶᠠᠨ ᠰᠡᠬᠦᠯ ︵韵尾︶ ᠪᠣᠯᠵᠣ ᠪᠣᠯᠳᠠᠭ ᠭᠡᠨ᠎ᠡ᠃ ᠠᠪᠢᠶᠠᠨ ᠤ ᠰᠡᠭᠦᠯ ᠭᠡᠳᠡᠭ ᠨᠢ ᠮᠠᠨ ᠤ ᠮᠣᠩᠭᠤᠯ ᠬᠡᠯᠡᠨ ᠤ ᠲᠡᠪᠢᠰᠭᠡᠷ ᠦᠰᠦᠭ ᠲᠠᠢ ᠨᠡᠯᠢᠶᠡᠳ ᠠᠳᠠᠯᠢᠪᠳᠣᠷ ᠶᠠᠭᠤᠮ᠎ᠠ ᠪᠠᠶᠢᠵᠠᠢ ᠃ ᠭᠡᠪᠡᠴᠦ ‍ᠷ ᠪᠣᠯᠣᠨ ‍ᠰ ᠪᠣᠯ ᠬᠢᠳᠠᠳ ᠬᠡᠯᠡᠨ ᠤ ᠠᠪᠢᠶᠠᠨ ᠰᠡᠭᠦᠯ ᠪᠣᠯᠵᠣ ᠴᠢᠳᠠᠬᠤ ᠦᠭᠡᠢ ᠵᠣᠷᠰᠢᠯ ᠲᠠᠢ ᠪᠣᠯᠬᠤᠷ᠂ ᠬᠠᠷᠢ ᠦᠭᠡᠨ ᠤ ‍ᠷ ᠪᠣᠯᠣᠨ ‍ᠰ ᠲᠡᠪᠰᠭᠡᠷ ᠢᠶᠠᠷ ᠲᠡᠭᠦᠰᠦᠭᠰᠡᠨ ᠦᠭᠡ ᠶᠢ ᠠᠪᠢᠶᠠᠴᠢᠯᠠᠨ ᠲᠡᠮᠳᠡᠭᠯᠡᠬᠦ ᠳᠡᠭᠡᠨ ᠪᠣᠰᠣᠳ ᠭᠡᠶᠢᠭᠦᠯᠦᠭᠴᠢ ᠪᠠᠷ ᠣᠷᠣᠯᠠᠭᠤᠯᠬᠤ᠂ ᠡᠰᠡᠬᠦᠯ᠎ᠡ ᠬᠠᠰᠣᠵᠣ ᠬᠠᠶᠠᠬᠤ᠂ ᠪᠠᠰᠠ ᠡᠰᠡᠬᠦᠯ᠎ᠡ ᠲᠡᠭᠦᠨ ᠳᠤ ᠡᠭᠡᠰᠢᠭ ᠨᠡᠮᠡᠵᠦ ᠦᠭᠬᠦ ᠵᠡᠷᠭᠡ ᠣᠯᠠᠨ ᠵᠦᠢᠯ ᠤᠨ ᠠᠷᠭ᠎ᠠ ᠠᠪᠴᠢᠯ ᠢᠶᠠᠷ ᠰᠢᠢᠳᠪᠦᠷᠢᠯᠡᠳᠡᠭ ᠠᠵᠠᠢ᠃ ᠠᠳᠡ ᠲᠠᠷᠣᠢ ᠬᠠᠺᠠᠰ ᠭᠡᠳᠡᠭ ᠦᠭᠡ ᠶᠢᠨ ᠺᠠᠰ ᠢ揭 kiet ᠤᠨ t ᠪᠠᠷ ᠣᠷᠣᠯᠠᠭᠤᠯᠣᠭᠰᠠᠨ ᠬᠡᠷᠡᠭ ᠶᠣᠮ᠃ ᠢᠩᠬᠢᠭᠡᠳ ᠬᠠᠺᠠᠰ ᠢ ᠬᠠᠺᠠᠲ ᠪᠣᠶᠣ ᠬᠠᠺᠶᠧᠲ ᠭᠡᠵᠦ ᠠᠪᠢᠶᠠᠴᠢᠯᠠᠨ ᠲᠡᠮᠳᠡᠭᠯᠡᠪᠡ᠃    呼 ᠶᠢ hu ᠪᠠᠷ ᠣᠩᠰᠢᠬᠤ ᠲᠣᠬᠢᠶᠠᠯᠳᠣᠯ ᠭᠡᠪᠡᠯ᠂呼延 ᠭᠡᠳᠡᠭ ᠾᠦᠩᠨᠦ — ᠮᠣᠩᠭᠤᠯ ᠣᠭᠰᠠᠭᠠᠳᠠᠨ ᠤ ᠣᠪᠣᠭ ᠤᠨ ᠨᠡᠷ᠎ᠡ ᠳᠤ hu ᠪᠠᠷ ᠣᠩᠰᠢᠨ᠎ᠠ᠂ ᠲᠠᠷᠣᠢ ᠬᠦᠬᠦᠢ ᠶᠢᠨ ︵huhuiin᠂ ᠣᠯᠠᠨ ᠲᠣᠭᠠᠨ ᠤ ᠬᠡᠯᠪᠡᠷᠢ ᠨᠢ ᠬᠦᠬᠡᠶᠢᠳ︶ ᠭᠡᠳᠡᠭ ᠦᠭᠡ ᠶᠢ 呼延 ︵hu yan︶ ᠢᠶᠠᠷ ᠢᠯᠡᠳᠭᠡᠵᠦ ᠪᠠᠶᠢᠪᠠ᠃ ᠬᠦᠬᠡᠶᠢᠳ ᠣᠪᠣᠭᠳᠠᠨ ᠪᠣᠯ ᠾᠦᠩᠨᠦ ᠶᠢᠨ ᠢᠵᠠᠭᠤᠷᠳᠠᠨ ᠣᠪᠣᠭ ᠮᠦᠷᠳᠡᠭᠡᠨ ᠬᠤᠵᠢᠮ ᠰᠦᠢ ᠲᠠᠩ ᠣᠯᠣᠰ ᠪᠣᠯᠳᠠᠯ᠎ᠠ ᠲᠡᠣᠬᠡᠨ ᠲᠡᠭᠡᠷ᠎ᠡ ᠮᠠᠰᠢ ᠬᠦᠭᠵᠢᠭᠡᠨ ᠲᠠᠢ ᠢᠯᠡᠷᠡᠵᠦ ᠪᠠᠶᠢᠭᠰᠠᠨ ᠰᠣᠷᠪᠣᠯᠵᠢᠳᠣ ᠣᠪᠣᠭ ᠪᠣᠯᠣᠨ᠎ᠠ᠃ ᠮᠦᠨᠴᠦ ᠣᠳᠣ ᠦᠶ᠎ᠡ ᠶᠢᠨ ᠮᠣᠩᠭᠤᠯ ᠬᠦᠮᠦᠰ ᠲᠣᠲᠣᠷ᠎ᠠ ᠬᠦᠬᠡᠶᠢᠳ ᠣᠪᠣᠭᠳᠠᠨ ᠣᠣᠯ ᠬᠡᠪ ᠢᠶᠠᠷ ᠣᠷᠣᠰᠢᠭᠰᠠᠭᠠᠷ ᠪᠠᠶᠢᠭ᠎ᠠ ᠣᠪᠣᠭ ᠶᠣᠮ᠃    2韩 ᠦᠰᠦᠭ ᠤᠨ ᠲᠡᠭᠡᠳᠦ ᠡᠷᠳᠡᠨ ᠤ ᠠᠪᠢᠶ᠎ᠠ ᠨᠢ ᠦᠨᠡᠬᠡᠷ gan ᠪᠠᠶᠢᠵᠠᠢ᠃ ᠲᠣᠮᠳᠠᠳᠣ ᠭᠠᠳᠠᠭᠠᠳᠣ  ᠶᠢᠨ ᠡᠷᠳᠡᠨ ᠤ ᠬᠢᠳᠠᠳ ᠬᠡᠯᠡᠨ ᠤ ᠠᠪᠢᠶ᠎ᠠ ᠠᠶᠠᠯᠭᠤ ᠶᠢᠨ ᠡᠷᠳᠡᠮᠳᠡᠳ ᠤᠨ ᠰᠠᠨᠠᠯ ᠴᠦ ᠡᠨᠡᠬᠦ ᠲᠠᠯ᠎ᠠ ᠳᠤ ᠲᠣᠩ ᠢᠵᠢᠯᠬᠡᠨ ᠪᠠᠶᠢᠳᠠᠭ ᠪᠣᠯᠬᠤᠷ ᠨᠠᠷᠢᠪᠴᠢᠯᠠᠨ ᠶᠠᠷᠢᠬᠤ ᠦᠭᠡᠢ ᠲᠠᠯᠪᠢᠶ᠎ᠠ᠃    3邪 ᠦᠰᠦᠭ ᠪᠣᠯ ᠣᠯᠠᠨ ᠣᠩᠰᠢᠯᠭ᠎ᠠ ᠲᠠᠢ ᠦᠰᠦᠭ ᠪᠣᠯᠬᠤᠷ ᠵᠢᠭᠠᠬᠠᠨ ᠪᠣᠳᠣᠯᠢᠶᠠᠨ ᠲᠠᠢ ᠪᠣᠯᠵᠠᠢ᠃ ᠲᠡᠭᠦᠨ ᠤ ᠣᠳᠣ ᠦᠶ᠎ᠡ ᠶᠢᠨ ᠠᠪᠢᠶ᠎ᠠ ᠨᠢ xié᠂ yá᠂ yé᠂ yú᠂ xú ᠵᠡᠷᠭᠡ ᠣᠯᠠᠨ ᠠᠪᠢᠶ᠎ᠠ ᠲᠠᠢ ᠪᠠᠶᠢᠵᠣ᠂ ᠲᠡᠭᠦᠨ ᠤ ᠡᠷᠳᠡᠨ ᠤ ᠠᠪᠢᠶ᠎ᠠ ᠨᠡᠩ ᠪᠣᠳᠣᠯᠢᠶᠠᠨ ᠲᠠᠢ ᠪᠠᠶᠢᠪᠠ᠂ ᠲᠠᠩ ᠣᠯᠣᠰ ᠤᠨ ᠦᠶ᠎ᠡ ᠶᠢᠨ ᠠᠪᠢᠶ᠎ᠠ  ᠨᠢ zia᠂ ᠺᠣᠷᠢᠶ᠎ᠠ ᠬᠡᠯᠡᠨ ᠳᠤ SA ᠪᠣᠯᠣᠨ YA ᠪᠠᠶᠢᠵᠣ᠂ ᠸᠢᠶᠧᠲᠨᠠᠮ ᠬᠡᠯᠡᠨ ᠳᠤ tà ᠭᠡᠳᠡᠭ᠃ ᠣᠳᠣ ᠦᠶ᠎ᠡ ᠶᠢᠨ ᠬᠢᠳᠠᠳ ᠨᠣᠳᠤᠭ ᠤᠨ ᠠᠪᠢᠶᠠᠨ ᠳᠤ ᠮᠦᠨ sia2᠂ ja2᠂ ja1᠂ ra2᠂ ra1᠂ xia2᠂ ce4᠂ je4 ᠮᠡᠳᠦ ᠶᠢᠨ ᠣᠯᠠᠨ ᠣᠩᠰᠢᠯᠭ᠎ᠠ ᠲᠠᠢ ᠬᠡᠪ ᠢᠶᠠᠷ ᠪᠠᠶᠢᠨ᠎ᠠ᠃ ᠲᠡᠭᠡᠪᠡᠯ呼韩邪 ᠶᠢᠨ邪 ᠶᠢ ᠶᠠᠭᠠᠬᠢᠵᠣ ᠠᠪᠢᠶᠠᠯᠠᠬᠤ ᠪᠣᠢ ᠭᠡᠪᠡᠯ zia᠂ sia2᠂ SA᠂ ja1᠂ xia2 ᠵᠡᠷᠭᠡ ᠶᠢᠨ ᠠᠯᠢ ᠨᠢᠭᠡ ᠨᠢ ᠪᠦᠷ ᠲᠣᠬᠢᠷᠠᠮᠵᠢ ᠲᠠᠢ ᠵᠦᠪ ᠰᠣᠩᠭᠤᠯᠳᠠ ᠪᠣᠯᠣᠨ᠎ᠠ᠃ ᠡᠶᠢᠮᠦ ᠠᠴᠠ ᠣᠳᠣ ᠦᠶ᠎ᠡ ᠶᠢᠨ ᠬᠢᠳᠠᠳ ᠬᠡᠯᠡᠨ ᠳᠤ ᠶᠧ ᠭᠡᠵᠦ ᠣᠩᠰᠢᠬᠤ ᠨᠢ ᠲᠠᠷᠣᠢ 呼韩邪 ᠭᠡᠵᠦ ᠪᠢᠴᠢᠭᠡᠳ ha gans ea ᠭᠡᠵᠦ ᠣᠩᠰᠢᠪᠠᠯ ᠵᠦᠪ ᠪᠠᠶᠢᠵᠠᠢ᠂ ᠭᠡᠪᠡᠴᠦ ᠲᠤᠬᠠᠢ ᠶᠢᠨ ᠦᠶ᠎ᠡ ᠳᠤ ᠬᠢᠳᠠᠳ ᠬᠡᠯᠡᠨ ᠤ ᠠᠪᠢᠶ᠎ᠠ ᠠᠶᠠᠯᠭᠤ ᠳᠤ ‍ᠰ ᠲᠡᠪᠢᠰᠭᠡᠷ ᠦᠰᠦᠭ ᠪᠠᠶᠢᠬᠤ ᠦᠭᠡᠢ ᠪᠣᠯᠬᠤᠷ᠂ ᠬᠠᠷᠢ ᠬᠡᠯᠡᠨ ᠤ ᠦᠭᠡ ᠶᠢ ᠲᠡᠮᠳᠡᠭᠯᠡᠭᠦ ᠲᠡᠭᠡᠨ᠂ ᠬᠢᠳᠠᠳ ᠬᠡᠯᠡᠨ ᠤ ᠲᠠᠳᠬᠠᠯ ᠢᠶᠠᠷ ᠢᠶᠠᠨ ‍ᠰ ᠶᠢ ᠲᠣᠪᠴᠢᠯᠠᠨ ᠬᠠᠰᠣᠬᠤ᠂ ᠲᠡᠭᠦᠨ ᠤ ᠬᠤᠶᠢᠨ᠎ᠠ ᠡᠭᠡᠰᠢᠭ ᠨᠡᠮᠡᠵᠦ ᠣᠩᠰᠢᠬᠤ ᠡᠰᠡᠬᠦᠯ᠎ᠡ ᠪᠣᠰᠣᠳ ᠢᠶᠠᠷ ᠣᠷᠣᠯᠠᠭᠤᠯᠬᠤ ᠵᠡᠷᠭᠡ ᠣᠯᠠᠨ ᠠᠷᠭ᠎ᠠ ᠪᠠᠷ ᠰᠢᠢᠳᠪᠦᠷᠢᠯᠡᠳᠡᠭ ᠠᠵᠠᠢ᠃ ᠠᠳᠡ ᠲᠠᠷᠣᠢ ‍ᠰ ᠲᠡᠪᠢᠰᠭᠡᠷ ᠲᠤ ᠡᠭᠡᠰᠢᠭ ᠨᠡᠮᠡᠵᠦ ᠣᠩᠰᠢᠭᠰᠠᠨ ᠪᠣᠶᠣ ᠡᠰᠡᠬᠦᠯ᠎ᠡ ᠲᠡᠭᠦᠨ ᠢ ᠬᠠᠰᠣᠵᠣ᠂ ᠬᠤᠶᠢᠨᠠᠬᠢ ᠡᠭᠡᠰᠢᠭ ᠢ ᠨᠢ ᠣᠷᠳᠣᠳᠬᠠᠯ ᠠᠶᠠᠯᠭᠤ ᠲᠠᠢ ᠣᠩᠰᠢᠭᠰᠠᠨ ᠬᠡᠷᠡᠭ ᠪᠣᠯᠬᠤ ᠶᠣᠮ᠃ ᠲᠡᠭᠡᠭᠡᠳ ᠣᠳᠣ ᠦᠶ᠎ᠡ ᠪᠣᠯᠬᠤ ᠳᠤ ᠲᠡᠭᠦᠨ ᠢᠶᠠᠨ hū hán yé ᠭᠡᠵᠦ ᠣᠩᠰᠢᠳᠠᠭ ᠪᠣᠯᠵᠠᠢ᠃ ᠡᠨᠡᠬᠦ ha gans ea ᠪᠣᠯ ᠲᠡᠭᠦᠨ ᠤ ᠦᠭᠡ ᠶᠢᠨ ᠢᠵᠠᠭᠤᠷ ᠪᠣᠯᠬᠤ ha gan  ᠤ ᠲᠣᠣᠷ᠎ᠠ s ᠲᠡᠪᠢᠰᠭᠡᠷ ᠵᠠᠯᠭᠠᠨ ha gans ᠭᠡᠳᠡᠭ ᠬᠦᠨᠳᠦᠳᠭᠡᠯ ᠦᠭᠡ ᠪᠣᠯᠭᠠᠵᠣ᠂ ᠠᠮᠠᠨ ᠶᠠᠷᠢᠶᠠᠨ ᠳᠤ ᠦᠭᠡ ᠶᠢᠨ ᠬᠦᠨᠳᠦᠴᠡ ᠪᠠᠨ ᠨᠡᠩ ᠲᠣᠪᠣᠶᠢᠯᠭᠠᠬᠤ ᠶᠢᠨ ᠳᠣᠰᠠᠳᠠ ᠲᠣᠣᠷ᠎ᠠ ᠨᠢ ᠣᠷᠳᠣ ᠡᠭᠡᠰᠢᠭ ea ᠨᠡᠮᠡᠭᠡᠳ ha gan sea ᠪᠣᠯᠣᠭᠰᠠᠨ ᠬᠡᠷᠡᠭ ᠶᠣᠮ᠃ ᠬᠡᠯᠡᠯᠭᠡᠨ ᠦᠭᠡᠢ᠂ ᠢᠩᠬᠢᠵᠦ ᠠᠪᠢᠶᠠᠯᠠᠬᠤ ᠨᠢ ᠮᠣᠩᠭᠤᠯ ᠬᠡᠯᠡᠨ ᠤ ᠠᠪᠢᠶᠠᠨ ᠳᠤ ᠲᠣᠬᠢᠷᠠᠬᠤ ᠬᠡᠯᠪᠡᠷᠢ ᠪᠣᠯᠣᠨ᠎ᠠ᠃   ᠲᠠᠪᠤ 可汗 ᠭᠡᠳᠡᠭ ᠦᠭᠡᠨ ᠤ ᠲᠡᠣᠬᠡᠨ ᠳᠤ ᠢᠯᠡᠷᠡᠭᠰᠡᠨ ᠴᠠᠭ ᠬᠤᠭᠤᠴᠠᠭ᠎ᠠ ᠶᠢ ᠰᠢᠨᠵᠢᠬᠦ ᠨᠢ᠄ 可汗 ᠭᠡᠵᠦ ᠲᠡᠣᠬᠡᠨ ᠳᠤ ᠳᠣᠳᠣᠷᠬᠠᠢ ᠲᠡᠮᠳᠡᠭᠯᠡᠭᠰᠡᠨ ᠲᠡᠮᠳᠡᠭᠯᠡᠯ ᠢ ᠵᠣᠬᠢᠶᠠᠭᠴᠢ ᠠᠴᠠ ᠰᠢᠶᠠᠨᠪᠸᠢ ᠲᠣᠪᠠ ᠣᠭᠰᠠᠭᠠᠨ ᠤ ᠪᠠᠶᠢᠭᠤᠯᠣᠭᠰᠠᠨ ᠣᠯᠣᠰ ᠤᠨ ᠪᠢᠴᠢᠭ ︽ᠸᠧᠢ ᠣᠯᠣᠰ ᠤᠨ ᠪᠢᠴᠢᠭ︾ ᠠᠴᠠ ᠣᠯᠵᠣ ᠬᠠᠷᠠᠵᠠᠢ᠃ ᠪᠣᠳᠠᠳᠠᠶᠢᠴᠢᠯᠠᠨ ᠶᠠᠷᠢᠪᠠᠯ᠂ ᠲᠣᠰ ᠪᠢᠴᠢᠭ ᠤᠨ ᠱᠠᠰᠳᠢᠷ ᠶᠢᠷᠡᠨ ᠶᠢᠰᠦᠳᠦᠭᠡᠷ ᠲᠤ ᠲᠡᠮᠳᠡᠭᠯᠭᠰᠡᠨ ᠨᠢ᠄ ︽社崘 ᠁自号丘豆伐可汗。“丘豆伐”犹魏言驾驭开张也,“可汗”犹魏言皇帝也。︾ ᠭᠡᠵᠡᠢ᠃ ᠮᠣᠩᠭᠤᠯᠴᠢᠯᠠᠪᠠᠯ᠄ ︽社崘 ︵ᠲᠣᠰ ᠨᠡᠷ᠎ᠡ ᠦᠭᠡ ᠶᠢ ᠲᠣᠯᠣᠨ ᠭᠡᠵᠦ ᠣᠩᠰᠢᠨ᠎ᠠ᠂ ᠬᠤᠶᠢᠨᠠᠬᠢ ᠲᠠᠶᠢᠯᠪᠣᠷᠢ ᠳᠤ ᠦᠵᠡᠭᠡᠷᠡᠢ︶ ᠁ ᠦᠪᠡᠷ ᠢ ᠪᠠᠨ丘豆伐可汗 ᠬᠡᠮᠡᠨ ᠡᠷᠭᠦᠮᠵᠢᠯᠡᠪᠡ᠃丘豆伐 ᠭᠡᠳᠡᠭ ᠨᠢ ᠸᠧᠢ ᠣᠯᠣᠰ ᠤᠨ ᠬᠡᠯᠡ ᠪᠠᠷ ᠡᠬᠢᠯᠡᠯᠳᠡ ᠬᠡᠮᠡᠭᠴᠢ ᠣᠳᠬ᠎ᠠ  ᠲᠠᠢ ᠦᠭᠡ ᠪᠣᠯᠠᠢ᠂可汗 ᠬᠡᠮᠡᠭᠴᠢ ᠨᠢ ᠸᠧᠢ ᠣᠯᠣᠰ ᠤᠨ ᠬᠡᠯᠡ ᠪᠠᠷ ᠬᠤᠸᠠᠩ ᠳ᠋ᠢ ᠬᠡᠮᠡᠭᠴᠢ ᠣᠳᠬ᠎ᠠ ᠲᠠᠢ ᠦᠭᠡ ᠪᠣᠯᠠᠢ ᠭᠡᠵᠡᠢ᠃ ᠠᠳᠡ ᠬᠡᠯᠡᠵᠦ ᠪᠠᠶᠢᠭ᠎ᠠ ᠸᠧᠢ ᠣᠯᠣᠰ ᠤᠨ ᠬᠡᠯᠡ ᠭᠡᠳᠡᠭ ᠨᠢ ᠰᠢᠶᠠᠨᠪᠸᠢ ᠲᠣᠪᠠ ᠣᠪᠣᠭᠳᠠᠨ  ᠤ ᠪᠠᠶᠢᠭᠤᠯᠣᠭᠰᠠᠨ ᠣᠮᠠᠷᠠᠳᠣ ᠸᠧᠢ ᠣᠯᠣᠰ ᠤᠨ ᠣᠯᠣᠰ ᠤᠨ ᠬᠡᠯᠡ ᠪᠣᠯᠣᠭᠠᠳ ᠪᠠᠶᠢᠭᠰᠠᠨ ᠬᠢᠳᠠᠳ ᠬᠡᠯᠡ ᠶᠢ ᠵᠢᠭᠠᠵᠣ ᠪᠠᠶᠢᠨ᠎ᠠ᠃丘豆伐 ᠭᠡᠳᠡᠭ ᠦᠭᠡ ᠪᠣᠯ ᠣᠳᠣᠬᠢ ᠮᠣᠩᠭᠤᠯ ᠬᠡᠯᠡᠨ ᠳᠤ ᠬᠤᠳᠤᠭ ᠭᠡᠳᠡᠭ ᠦᠭᠡᠨ ᠤ ᠡᠷᠳᠡᠨ ᠤ ᠬᠡᠯᠪᠡᠷᠢ ᠬᠤᠲᠣᠬᠤ ᠪᠣᠶᠣ ᠬᠤᠲᠤᠬ᠎ᠠ ᠪᠣᠯᠣᠨ᠎ᠠ᠃ ᠬᠤᠳᠤᠭ ᠭᠡᠳᠡᠭ ᠨᠢ ᠲᠡᠭᠷᠢ ᠠᠴᠠ ᠡᠰᠢ ᠲᠠᠢ ᠭᠡᠬᠦ ᠪᠣᠶᠣ ᠲᠡᠭᠷᠢ ᠠᠴᠠ ᠵᠠᠶᠠᠭ᠎ᠠ ᠲᠠᠢ ᠭᠡᠳᠡᠭ ᠦᠭᠡ ᠶᠣᠮ᠃ ᠡᠶᠢᠮᠦ ᠠᠴᠠ ᠠᠳᠡ ᠲᠣᠯᠣᠨ ᠦᠪᠡᠷ ᠤᠨ ᠬᠠᠭᠠᠨ ᠴᠣᠯᠠ  ᠪᠠᠨ ᠲᠡᠭᠷᠢ ᠠᠴᠠ ᠬᠤᠲᠣᠭᠳᠣ ᠬᠠᠭᠠᠨ ᠭᠡᠵᠦ ᠡᠷᠭᠦᠮᠵᠢᠯᠡᠭᠰᠡᠨ ᠦᠭᠡ ᠪᠣᠯᠣᠨ᠎ᠠ᠃ ᠪᠢᠳᠠ ᠠᠩᠬᠠᠷᠬᠤ ᠨᠢ ᠲᠡᠭᠡᠷᠡᠬᠢ ᠠᠭᠤᠯᠭ᠎ᠠ ᠪᠣᠯ ᠨᠡᠶᠢᠳᠡ ᠶᠢᠨ ᠣᠨ ᠲᠣᠭᠠᠯᠠᠯ ᠤᠨ ᠨᠢᠭᠡᠳᠦᠭᠡᠷ ᠵᠠᠭᠤᠨ ᠤ ᠲᠣᠮᠳᠠ ᠦᠶ᠎ᠡ ᠠᠴᠠ ᠨᠢᠭᠡᠨᠳᠡ ᠬᠦᠴᠦᠷᠭᠡᠭᠵᠢᠨ ᠮᠠᠨᠳᠣᠵᠣ ᠡᠬᠢᠯᠡᠭᠰᠡᠨ ᠰᠢᠶᠠᠨᠪᠸᠢ ᠬᠦᠮᠦᠨ ᠤ ᠲᠣᠪᠠ ᠣᠪᠣᠭᠳᠠᠨ ᠠᠴᠠ ᠲᠦᠷᠪᠡ ᠲᠠᠪᠣᠳᠣᠭᠠᠷ ᠵᠠᠭᠤᠨ ᠳᠤ ᠰᠠᠶ᠋ᠢ ᠬᠦᠴᠦᠷᠭᠡᠭᠵᠢᠨ ᠡᠬᠢᠯᠡᠭᠰᠡᠨ ᠰᠢᠶᠠᠨᠪᠸᠢ ᠬᠦᠮᠦᠨ ᠤ ᠷᠸᠣᠷᠠᠨ ᠣᠭᠰᠠᠭᠠᠳᠠᠨ ᠢ ᠦᠭᠦᠯᠡᠬᠦ ᠲᠡᠭᠡᠨ ᠬᠡᠯᠡᠭᠰᠡᠨ ᠲᠡᠣᠬᠡᠨ ᠲᠡᠮᠳᠡᠭᠯᠡᠯ ᠪᠣᠯᠣᠨ᠎ᠠ᠃ ︽ᠸᠧᠢ ᠣᠯᠣᠰ ᠤᠨ ᠪᠢᠴᠢᠭ︾ ᠤᠨ ᠲᠡᠮᠳᠡᠭᠯᠡᠯ ᠢ ᠦᠨᠳᠦᠰᠦᠯᠡᠪᠡᠯ᠂ ᠷᠸᠣᠷᠠᠨ ᠬᠦᠮᠦᠰ ᠠᠴᠠ ᠡᠷᠳᠡ ᠬᠤᠶᠠᠷ ᠭᠤᠷᠪᠠᠨ ᠵᠠᠭᠤᠨ ᠵᠢᠯ ᠳᠤ ᠨᠢᠭᠡᠨᠳᠡ ᠮᠠᠨᠳᠣᠨ ᠬᠦᠴᠦᠷᠭᠡᠭᠵᠢᠭᠰᠡᠨ ᠲᠣᠪᠠᠴᠣᠳ᠂ ᠲᠡᠣᠬᠡᠨ ᠳᠤ可汗ᠴᠣᠯᠠ ᠶᠢ ᠬᠡᠷᠡᠭᠯᠡᠭᠰᠡᠨ ᠦᠭᠡᠢ ᠮᠡᠳᠦ ᠪᠠᠶᠢᠨ᠎ᠠ᠃ ᠡᠰᠡᠬᠦᠯ᠎ᠡ ᠮᠢᠨᠦ ᠨᠦᠬᠦᠴᠡᠯ ᠮᠡᠳᠡᠯᠭᠡ ᠮᠡᠭᠦᠰ ᠤᠨ ᠰᠢᠯᠳᠠᠭᠠᠨ ᠠᠴᠠ ᠪᠣᠯᠵᠣ ᠡᠷᠢᠵᠦ ᠣᠯᠣᠭᠰᠠᠨ ᠦᠭᠡᠢ ᠪᠠᠶᠢᠵᠣ ᠮᠡᠳᠡᠨ᠎ᠡ᠃ ᠭᠡᠶ᠎ᠡ ᠠᠷᠪᠠᠨ ᠨᠢᠭᠡᠳᠦᠭᠡᠷ ᠵᠠᠭᠤᠨ ᠪᠣᠯᠣᠭᠠᠳ᠂ ᠰᠧ ᠮᠠ ᠭᠤᠸᠠᠩ ᠤᠨ ᠨᠠᠶᠢᠷᠠᠭᠤᠯᠣᠨ ᠵᠣᠬᠢᠶᠠᠭᠰᠠᠨ ︽ᠵᠠᠰᠠᠭ ᠲᠤᠷ ᠲᠣᠰᠠᠯᠠᠬᠤ ᠨᠡᠪᠳᠡᠷᠬᠡᠢ ᠪᠢᠴᠢᠭ︾ ᠲᠤ ᠬᠠᠷᠢᠨ ᠲᠣᠪᠠᠴᠣᠳ ᠤᠨ可汗 ᠭᠡᠳᠡᠭ ᠴᠣᠯᠠ ᠦᠭᠡ ᠢᠯᠡᠷᠡᠵᠡᠢ᠃ ᠲᠡᠭᠡᠭᠡᠳ ᠲᠣᠰ ᠨᠣᠮ ᠡᠨᠡᠬᠦ ᠨᠡᠷ᠎ᠡ ᠦᠭᠡ ᠶᠢᠨ ᠢᠷᠡᠯᠳᠡ ᠶᠢ ᠲᠣᠲᠣᠷᠬᠠᠶᠢᠯᠠᠭᠰᠠᠨ ᠦᠭᠡᠢ ᠪᠣᠯᠬᠤᠷ᠂ ᠲᠡᠭᠦᠨ ᠤ ᠢᠳᠡᠭᠡᠮᠵᠢᠳᠦ ᠴᠢᠨᠠᠷ ᠢ ᠣᠯᠠᠮ ᠨᠢᠭᠡᠨ ᠠᠯᠬᠤᠮ ᠮᠠᠭᠠᠳᠯᠠᠨ ᠰᠢᠨᠵᠢᠬᠦ ᠴᠢᠬᠤᠯᠠ ᠲᠠᠢ ᠪᠣᠯᠪᠠ᠃ ︽ᠵᠠᠰᠠᠭ ᠲᠤᠷ ᠲᠣᠰᠠᠯᠠᠬᠤ ᠨᠡᠪᠳᠡᠷᠬᠡᠢ ᠪᠢᠴᠢᠭ︾ ᠲᠤ ᠲᠡᠮᠳᠡᠭᠯᠡᠭᠰᠡᠨ ᠣᠣᠯ ᠦᠭᠡ ᠨᠢ᠄ ︽ᠵᠢᠩ ᠶᠣᠸᠠᠨ ᠤ ᠬᠤᠶᠠᠳᠣᠭᠠᠷ ᠣᠨ᠂ ᠴᠠᠭᠠᠭᠴᠢᠨ ᠮᠣᠭᠠᠢ ᠵᠢᠯ ︵ᠲᠠᠷᠣᠢ ᠨᠡᠶᠢᠳᠡ ᠶᠢᠨ ᠣᠨ ᠲᠣᠭᠠᠯᠠᠯ ᠤᠨ 261 ᠣᠨ︶ ᠳᠤ ᠰᠢᠶᠠᠨᠪᠸᠢ ᠶᠢᠨ ᠭᠡᠵᠢᠭᠡᠳᠦ ᠶᠢᠨ ᠠᠶᠢᠮᠠᠭ ᠤᠨ ᠠᠬᠠᠯᠠᠭᠴᠢ ᠲᠣᠪᠠ ᠯᠢ ᠸᠧᠢ ︵力微︶ ᠠᠩᠬ᠎ᠠ ᠡᠬᠢᠯᠡᠨ ᠬᠦᠪᠡᠭᠦᠨ沙漠汗 ᠢᠶᠠᠨ ᠢᠷᠡᠭᠦᠯᠵᠦ᠂ ᠠᠯᠪᠠ ᠪᠠᠷᠢᠭᠰᠠᠨ᠎ᠠ᠂ ᠲᠡᠭᠦᠨ ᠢ ᠦᠯᠡᠳᠡᠭᠡᠨ ᠲᠡᠨᠵᠢ ᠪᠣᠯᠭᠠᠪᠠᠢ᠃ ᠯᠢ ᠸᠧᠢ ᠶᠢᠨ ᠲᠡᠭᠡᠳᠦᠰ ᠪᠣᠯᠪᠠᠰᠣ ᠦᠶ᠎ᠡ ᠣᠯᠠᠷᠢᠨ ᠣᠮᠠᠷᠠᠳᠣ ᠬᠡᠭᠡᠷ᠎ᠡ ᠨᠣᠳᠣᠭᠯᠠᠨ ᠰᠠᠭᠤᠵᠣ᠂ ᠡᠮᠦᠨᠡᠳᠦ ᠰᠢᠶᠠ ᠨᠡᠷ ︵ᠬᠢᠳᠠᠳᠴᠣᠳ︶ ᠯᠤᠭ᠎ᠠ ᠨᠢᠭᠡᠴᠦ ᠶᠠᠪᠣᠯᠴᠠᠳᠠᠭ ᠦᠭᠡᠢ ᠪᠠᠶᠢᠯᠤᠭ᠎ᠠ᠃ ᠲᠡᠳᠡ ᠺᠠᠭᠠᠨ ︵可汗毛︶ ᠮᠠᠣ ᠶᠢᠨ ᠦᠶ᠎ᠡ ᠠᠴᠠ ᠡᠬᠢᠯᠡᠨ ᠬᠦᠴᠦᠷᠭᠡᠭᠵᠢᠵᠦ᠂ ᠭᠤᠴᠢᠨ ᠵᠢᠷᠭᠤᠭᠠᠨ ᠣᠯᠣᠰ ᠢ ᠨᠢᠭᠡᠳᠭᠡᠨ᠂ ᠶᠢᠷᠡ ᠶᠢᠰᠦᠨ ᠶᠡᠭᠡ ᠣᠪᠣᠭᠳᠠᠨ ᠲᠠᠢ ᠪᠣᠯᠵᠣᠬᠤᠢ ᠃ ᠬᠤᠵᠢᠮ ᠲᠠᠪᠣᠨ ᠦᠶ᠎ᠡ ᠦᠩᠭᠡᠷᠡᠭᠡᠳ可汗推寅 ᠤ ᠦᠶ᠎ᠡ ᠳᠤ ᠢᠷᠡᠭᠡᠳ᠂ ᠡᠮᠦᠨᠡᠰᠢ ᠶᠡᠭᠡ ᠨᠠᠭᠤᠷ  ᠲᠤ ᠨᠡᠭᠦᠳᠡᠯᠯᠡᠵᠦᠬᠦᠢ᠃ ᠪᠠᠰᠠ ᠲᠣᠯᠣᠭᠠᠨ ᠦᠶ᠎ᠡ ᠦᠩᠭᠡᠷᠡᠨ᠂可汗邻 ᠤ ᠦᠶ᠎ᠡ ᠳᠤ ᠢᠷᠡᠭᠡᠳ᠂ ᠲᠡᠭᠦᠨ  ᠤ ᠠᠬ᠎ᠠ ᠲᠡᠭᠦᠥ ᠲᠣᠯᠣᠭᠠᠯᠠ ᠵᠢᠴᠢ ᠲᠦᠷᠦᠯ ᠤᠨ乙旃氏 ︵ᠢᠵᠡᠭᠡᠳ︖︶᠂车惃氏 ︵ᠴᠠᠬᠤᠨ ︶ ᠣᠪᠣᠭᠳᠠᠨ ᠨᠠᠷ ᠠᠶᠢᠮᠠᠭ ᠣᠯᠠᠨ ᠢᠶᠠᠨ ᠬᠤᠪᠢᠶᠠᠯᠴᠠᠨ᠂ ᠬᠠᠭᠠᠨ ᠲᠦᠷᠦᠯ ᠤᠨ ᠠᠷᠪᠠᠨ ᠶᠡᠭᠡ ᠣᠭᠰᠠᠭᠠᠳᠠᠨ ᠬᠡᠮᠡᠨ ᠠᠯᠳᠠᠷᠰᠢᠵᠣᠬᠤᠢ︾ ᠭᠡᠵᠡᠢ᠃ ᠵᠢᠩ ᠶᠣᠸᠠᠨ ᠤ ᠬᠤᠶᠠᠳᠣᠭᠠᠷ ᠣᠨ ᠪᠣᠯ ᠭᠤᠷᠪᠠᠨ ᠣᠯᠣᠰ ᠤᠨ ᠦᠶ᠎ᠡ ᠶᠢᠨ ᠼᠣᠣ ᠣᠪᠣᠭᠳᠣ ᠶᠢᠨ ᠪᠠᠶᠢᠭᠤᠯᠣᠭᠰᠠᠨ ᠸᠧᠢ ᠣᠯᠣᠰ ᠤᠨ ᠶᠣᠸᠠᠨ ᠳ᠋ᠢ ᠬᠠᠭᠠᠨ ᠼᠣᠣ ᠬᠤᠸᠠᠨ ᠤ ᠣᠨ ᠤ ᠴᠣᠯᠠ ᠮᠦᠨ᠂ ᠲᠣᠰ ᠵᠢᠯ ᠪᠣᠯ ᠨᠡᠶᠢᠳᠡ ᠶᠢᠨ ᠣᠨ ᠲᠣᠭᠠᠯᠠᠯ ᠤᠨ 261 ᠣᠨ ᠪᠣᠯᠣᠨ᠎ᠠ᠃ ᠲᠣᠰ ᠣᠨ ᠳᠤ ᠰᠢᠶᠠᠨᠪᠸᠢ ᠲᠣᠪᠠ  ᠶᠢᠨ 沙漠汗 ᠠᠩᠬ᠎ᠠ ᠣᠳᠠᠭ᠎ᠠ ᠼᠣᠣ ᠣᠪᠣᠭᠳᠣ ᠶᠢᠨ ᠸᠧᠢ ᠣᠯᠣᠰ ᠲᠤ ᠡᠯᠴᠢᠯᠡᠨ ᠬᠦᠷᠦᠭᠰᠡᠨ ᠪᠠᠶᠢᠵᠠᠢ᠃ ᠲᠡᠭᠡᠷᠡᠬᠢ ᠲᠡᠮᠳᠡᠭᠯᠡᠯ ᠠᠴᠠ ᠬᠠᠷᠠᠬᠤᠯ᠎ᠠ ᠲᠣᠪᠠᠴᠣᠳ ᠦᠶ᠎ᠡ ᠣᠯᠠᠷᠢᠨ可汗 ᠴᠣᠯᠠ ᠶᠢ ᠬᠡᠷᠡᠭᠯᠡᠵᠦ ᠪᠠᠶᠢᠭᠰᠠᠨ ᠮᠡᠳᠦ ᠪᠠᠶᠢᠨ᠎ᠠ᠃ ᠲᠡᠭᠡᠭᠡᠳ ︽ᠸᠧᠢ ᠣᠯᠣᠰ ᠤᠨ ᠪᠢᠴᠢᠭ︾ ᠢ ᠦᠨᠳᠦᠰᠦᠯᠡᠪᠡᠯ可汗毛 ᠠᠴᠠ沙漠汗 ᠤ ᠪᠡᠶ᠎ᠡ ᠳᠤ ᠢᠷᠡᠳᠡᠯ᠎ᠡ᠂ ᠨᠢᠭᠡᠨᠳᠡ ᠠᠷᠪᠠᠨ ᠭᠤᠷᠪᠠᠨ ᠦᠶ᠎ᠡ ᠦᠩᠭᠡᠷᠡᠵᠡᠢ᠃ ᠡᠭᠦᠨ ᠢᠶᠠᠷ ᠲᠦᠯᠬᠢᠵᠦ ᠪᠣᠳᠣᠪᠠᠯ᠂ ᠲᠡᠳᠡ ᠨᠡᠶᠢᠳᠡ ᠶᠢᠨ ᠣᠨ ᠲᠣᠭᠠᠯᠠᠯ ᠤᠨ 261 ᠣᠨ ᠪᠣᠯᠬᠤ ᠦᠶ᠎ᠡ ᠳᠤ ᠺᠠᠭᠠᠨ ᠴᠣᠯᠠ ᠶᠢ ᠬᠡᠷᠡᠭᠯᠡᠭᠳ ᠨᠠᠭᠠᠳᠣ ᠵᠠᠬ᠎ᠠ ᠨᠢ ᠨᠢᠭᠡᠨᠳᠡ ᠬᠤᠶᠠᠷ ᠵᠠᠭᠤ ᠲᠠᠪᠢ ᠭᠠᠷᠣᠢ ᠵᠢᠯ ᠪᠣᠯᠵᠣ ᠪᠠᠶᠢᠭ᠎ᠠ ᠲᠦᠯᠦᠪᠳᠡᠢ ᠠᠵᠠᠢ᠃ ᠲᠡᠭᠡᠷᠡᠬᠢ ᠲᠡᠮᠳᠡᠭᠯᠡᠯ ᠬᠡᠷᠪᠡ ᠦᠨᠡᠬᠡᠷ ᠣᠨᠣᠪᠴᠢ ᠲᠠᠢ ᠪᠣᠯ ᠡᠨᠡᠬᠦ ᠺᠠᠭᠠᠨ ᠨᠡᠷ᠎ᠡ ᠦᠭᠡ ᠾᠦᠩᠨᠦᠴᠦᠳ ᠤᠨ呼韩邪 ᠨᠡᠷ᠎ᠡ ᠴᠣᠯᠠ  ᠠᠴᠠ ᠰᠢᠭᠤᠳ ᠣᠯᠠᠮᠵᠢᠯᠠᠨ ᠢᠷᠡᠭᠰᠡᠨ ᠪᠣᠯᠣᠯᠴᠠᠭ᠎ᠠ ᠶᠡᠭᠡ ᠪᠠᠶᠢᠭ᠎ᠠ ᠶᠣᠮ᠃ ᠲᠣᠪᠠᠴᠣᠳ ᠤᠨ ᠬᠤᠶᠢᠨ᠎ᠠ ᠠᠴᠠ ᠮᠠᠨᠳᠣᠨ ᠭᠠᠷᠣᠭᠰᠠᠨ ᠷᠸᠣᠷᠠᠨ ᠬᠦᠮᠦᠰ kagan ᠴᠣᠯᠠ ᠶᠢ ᠮᠠᠰᠢ ᠦᠷᠭᠡᠨ ᠢᠶᠠᠷ ᠬᠡᠷᠡᠭᠯᠡᠵᠡᠢ᠃ ᠬᠡᠯᠡᠯᠭᠡᠨ ᠦᠭᠡᠢ ᠰᠢᠶᠠᠨᠪᠸᠢᠴᠣᠳ ᠤᠨ ᠬᠤᠶᠢᠨ᠎ᠠ ᠮᠣᠩᠭᠤᠯᠴᠣᠳ ᠠᠴᠠ ᠡᠮᠦᠨ᠎ᠡ ᠮᠠᠨᠳᠣᠨ ᠭᠠᠷᠣᠭᠰᠠᠨ ᠵᠠᠷᠢᠮ ᠲᠦᠷᠺ ᠣᠭᠰᠠᠭᠠᠳᠠᠨ᠂ ᠵᠢᠱᠢᠶᠡᠯᠡᠪᠡᠯ ᠣᠶᠢᠭᠤᠷ ᠮᠡᠳᠦ ᠬᠦᠮᠦᠰ ᠴᠦ ᠡᠨᠡᠬᠦ kagan ᠴᠣᠯᠠ ᠶᠢ ᠢᠳᠡᠪᠬᠢᠳᠡᠢ ᠬᠡᠷᠡᠭᠯᠡᠵᠦ ᠪᠠᠶᠢᠪᠠ᠃ ᠮᠣᠩᠭᠤᠯᠴᠣᠳ ᠤᠨ ᠵᠠᠭᠤᠨ ᠳᠤ ᠢᠷᠡᠭᠡᠳ hahan ᠭᠡᠵᠦ ᠴᠣᠯᠠᠳᠠᠨ ᠨᠡᠩ ᠲᠦᠭᠡᠮᠡᠯ ᠬᠡᠷᠡᠭᠯᠡᠭᠰᠡᠨ ᠮᠦᠷᠳᠡᠭᠡᠨ᠂ ᠡᠨᠡᠬᠦ ᠨᠡᠷ᠎ᠡ ᠦᠭᠡ ᠮᠣᠩᠭᠤᠯ ᠦᠨᠳᠦᠰᠦᠳᠡᠨ ᠢ ᠲᠠᠮᠵᠢᠨ᠂ ᠪᠠᠷᠠᠭᠤᠨ ᠠᠽᠢ᠂ ᠲᠣᠮᠳᠠᠳᠣ ᠠᠽᠢ᠂ ᠡᠮᠦᠨᠡᠳᠦ ᠠᠽᠢ  ᠶᠢᠨ ᠣᠯᠠᠨ ᠦᠨᠳᠦᠰᠦᠳᠡᠨ ᠣᠭᠰᠠᠭᠠᠳᠠᠨ ᠬᠦᠷᠳᠡᠯ᠎ᠡ ᠦᠷᠭᠡᠨ ᠢᠶᠠᠷ ᠲᠠᠷᠬᠠᠵᠠᠢ᠃ ᠶᠠᠪᠣᠭᠠᠨ ᠲᠠᠭᠠᠨ hahan ᠨᠢ ᠠᠮᠠᠨ ᠶᠠᠷᠢᠶᠠᠨ ᠳᠤ haan ᠪᠣᠯᠵᠣ ᠲᠣᠭᠳᠠᠪᠣᠷᠢᠵᠢᠭᠰᠠᠨ ᠪᠠᠶᠢᠨ᠎ᠠ᠃ ᠭᠡᠪᠡᠴᠦ ᠭᠠᠶᠢᠬᠠᠮᠰᠢᠭ ᠲᠠᠢ ᠨᠢ ᠪᠣᠰᠤᠭ᠎ᠠ ᠮᠣᠩᠭᠤᠯ ᠪᠢᠴᠢᠭ ᠲᠤ ᠮᠦᠨ ᠣᠣᠯ ᠤᠨ ᠾᠦᠩᠨᠦ ᠬᠡᠯᠡᠨ ᠤ ᠬᠠᠭᠠᠨ ︵hagan︶ ᠬᠡᠯᠪᠡᠷᠢ ᠪᠠᠷ ᠲᠡᠮᠳᠡᠭᠯᠡᠭᠳᠡᠨ ᠡᠳᠦᠬᠡ ᠦᠶ᠎ᠡ ᠳᠤ ᠢᠷᠡᠵᠡᠢ᠃ ᠬᠠᠭᠠᠨ ᠭᠡᠳᠡᠭ ᠦᠭᠡᠨ ᠤ ᠡᠳᠡᠭᠡᠷ ᠬᠤᠪᠢᠷᠠᠯ ᠬᠦᠭᠵᠢᠯᠳᠡ ᠶᠢᠨ ᠶᠠᠪᠣᠴᠠ ᠠᠴᠠ ᠬᠠᠷᠠᠪᠠᠯ᠂ ᠢᠵᠢᠯ ᠰᠣᠶᠣᠯ ᠤᠨ ᠲᠣᠲᠣᠭᠠᠳᠣ ᠮᠦᠨ ᠴᠢᠨᠠᠷ ᠤᠨ ᠰᠢᠭᠤᠳ ᠣᠯᠠᠮᠵᠢᠯᠠᠯ ᠤᠨ ᠨᠢᠭᠡᠨ ᠭᠡᠷᠡᠴᠢ ᠭᠡᠵᠦ ᠦᠵᠡᠬᠦ ᠳᠤ ᠪᠣᠷᠣᠭᠤ ᠦᠭᠡᠢ ᠮᠡᠳᠦ ᠪᠠᠶᠢᠨ᠎ᠠ᠃    ᠵᠢᠷᠭᠤᠭ᠎ᠠ   ᠾᠦᠩᠨᠦ ᠶᠢᠨ ᠴᠠᠨ ᠢᠥᠢ ᠨᠡᠷ ᠪᠣᠯᠣᠨ ᠺᠠᠭᠠᠨ᠂ ᠬᠠᠭ᠋ᠠᠨ ᠨᠡᠷ ᠤᠨ ᠬᠦᠨᠳᠦᠳᠭᠡᠯᠳᠦ ᠴᠣᠯᠠ ᠶᠢ ᠲᠦᠭᠦᠮ ᠢᠶᠠᠷ ᠡᠷᠭᠢᠴᠡᠭᠦᠯᠦᠨ ᠰᠢᠨᠵᠢᠬᠦ ᠨᠢ᠄ ᠾᠦᠩᠨᠦ ᠶᠢᠨ ᠴᠠᠨ ᠢᠥᠢ ᠨᠡᠷ ᠪᠣᠯᠣᠨ ᠺᠠᠭᠠᠨ᠂ ᠬᠠᠭᠠᠨ ᠨᠡᠷ ᠤᠨ ᠬᠦᠨᠳᠦᠳᠭᠡᠯᠳᠦ ᠴᠣᠯᠠ ᠨᠢ ᠬᠢᠳᠠᠳ ᠬᠠᠭᠠᠳ ᠤᠨ谥号 ᠭᠡᠳᠡᠭ ᠡᠷᠭᠦᠮᠵᠢᠯᠡᠯᠳᠦ ᠴᠣᠯᠠ ᠲᠠᠢ ᠠᠳᠠᠯᠢᠪᠳᠣᠷ ᠪᠣᠯᠪᠠᠴᠣ᠂ ᠪᠠᠰᠠ ᠦᠨᠳᠦᠰᠦᠨ ᠵᠦᠷᠢᠶ᠎ᠡ ᠲᠠᠢ ᠪᠠᠶᠢᠭ᠎ᠠ ᠠᠵᠠᠢ᠃ ᠭᠤᠣᠯ ᠪᠣᠯᠬᠤ ᠵᠦᠷᠢᠶ᠎ᠡ ᠭᠡᠪᠡᠯ ᠬᠢᠳᠠᠳ ᠬᠠᠭᠠᠳ  ᠤᠨ ᠡᠷᠭᠦᠮᠵᠢᠯᠡᠯᠳᠦ ᠴᠣᠯᠠ ᠪᠣᠯ ᠬᠠᠭᠠᠨ ᠡᠵᠡᠨ ᠢᠶᠠᠨ ᠦᠬᠦᠭᠰᠡᠨ ᠤ ᠬᠤᠶᠢᠨ᠎ᠠ᠂ ᠨᠡᠬᠡᠮᠵᠢᠯᠡᠨ ᠡᠷᠭᠦᠮᠵᠢᠯᠡᠭᠰᠡᠨ ᠮᠠᠭᠳᠠᠵᠣ ᠰᠢᠭᠦᠮᠵᠢᠯᠡᠭᠰᠡᠨ ᠣᠳᠬ᠎ᠠ ᠪᠦᠬᠦᠢ ᠴᠣᠯᠠ ᠪᠣᠯᠣᠨ᠎ᠠ᠃ ᠭᠡᠳᠡᠯ᠎ᠡ ᠾᠦᠩᠨᠦ ᠶᠢᠨ ᠴᠠᠨ ᠢᠥᠢ ᠨᠡᠷ ᠪᠣᠯᠣᠨ ᠺᠠᠭᠠᠨ᠂ ᠬᠠᠭᠠᠨ ᠨᠡᠷ ᠤᠨ ᠬᠦᠨᠳᠦᠳᠭᠡᠯᠳᠦ ᠴᠣᠯᠠ ᠨᠢ ᠪᠦᠷ ᠡᠵᠡᠳ ᠬᠠᠭᠠᠳ ᠢᠶᠠᠨ ᠠᠮᠢᠳᠣ ᠰᠡᠷᠡᠭᠦᠨ ᠪᠠᠶᠢᠭ᠎ᠠ ᠦᠶᠡᠰ ᠲᠤ ᠣᠯᠭᠤᠭᠰᠠᠨ᠂ ᠲᠡᠭᠦᠨ ᠤ ᠲᠡᠣᠬᠡᠳᠦ ᠭᠠᠪᠢᠶ᠎ᠠ ᠵᠢᠳᠭᠦᠯ ᠲᠠᠢ ᠨᠡᠶᠢᠴᠡᠭᠰᠡᠨ ᠮᠠᠭᠳᠠᠭᠠᠯ ᠣᠳᠬ᠎ᠠ ᠪᠦᠬᠦᠢ ᠴᠣᠯᠠ ᠪᠣᠯᠣᠨ᠎ᠠ᠃ ᠵᠢᠱᠢᠶᠡᠯᠡᠪᠡᠯ ᠾᠦᠩᠨᠦ ᠶᠢᠨ冒顿 ᠴᠠᠨ ᠢᠥᠢ ᠭᠡᠪᠡᠯ ᠮᠣᠩᠭᠤᠯ ᠬᠡᠯᠡ ᠪᠠᠷ ᠪᠣᠭᠳᠠ ︵bogdo︶ ᠴᠠᠨ ᠢᠥᠢ ᠭᠡᠳᠡᠭ ᠦᠭᠡ ᠪᠠᠶᠢᠵᠣ᠂伊稚斜 ᠴᠠᠨ ᠢᠥᠶᠢᠢ ᠭᠡᠪᠡᠯ ᠡᠵᠡᠰ᠎ᠡ ᠴᠠᠨ ᠢᠥᠢ ︵ijisie︶ ᠭᠡᠳᠡᠭ ᠮᠣᠩᠭᠤᠯ ᠦᠭᠡ ᠪᠠᠶᠢᠵᠣ᠂狐鹿姑 ᠴᠠᠨ ᠢᠥᠢ ᠭᠡᠪᠡᠯ ᠮᠣᠩᠭᠤᠯ ᠬᠡᠯᠡᠨ ᠤ ᠦᠯᠡᠭᠦᠥ ︵ulegu︶ ᠭᠡᠳᠡᠭ ᠦᠭᠡᠨ ᠤ ᠡᠷᠳᠡᠨ ᠤ ᠬᠤᠯᠣᠭᠤ ᠪᠣᠶᠣ ᠬᠦᠯᠦᠭᠦ ᠬᠡᠯᠪᠡᠷᠢ ᠪᠠᠶᠢᠵᠠᠢ᠃ ᠷᠸᠣᠷᠠᠨ ᠬᠠᠭᠠᠳ ᠤᠨ ᠬᠦᠨᠳᠦᠳᠭᠡᠯᠳᠦ ᠴᠣᠯᠠ ᠠᠴᠠ丘豆伐可汗 ᠭᠡᠪᠡᠯ ︽ᠲᠡᠭᠷᠢ ᠠᠴᠠ ᠵᠠᠶᠠᠭᠠᠳᠣ ᠺᠠᠭᠠᠨ ᠭᠡᠳᠡᠭ ᠦᠭᠡ ᠪᠠᠶᠢᠵᠣ᠂伏古敦可汗 ᠭᠡᠪᠡᠯ ᠲᠡᠭᠦᠨ ᠤ ᠡᠷᠳᠡᠨ ᠤ ᠠᠪᠢᠶ᠎ᠠ ᠨᠢ hugurdun ᠭᠡᠵᠦ᠂ ᠮᠣᠩᠭᠤᠯ ᠬᠡᠯᠡᠨ ᠤ ᠡᠭᠦᠷᠢᠳᠡ ᠶᠢᠨ ︵uurdun︶ ᠭᠡᠳᠡᠭ ᠦᠭᠡᠨ ᠤ ᠡᠷᠳᠡᠨ ᠤ ᠬᠡᠯᠪᠡᠷᠢ ᠪᠣᠯᠣᠨ᠎ᠠ᠃ ᠮᠣᠩᠭᠤᠯ ᠬᠠᠭᠠᠳ  ᠤᠨ ᠬᠦᠨᠳᠦᠳᠭᠡᠯᠳᠦ ᠴᠣᠯᠠ ᠭᠡᠪᠡᠯ᠂ ᠪᠠᠳᠣ ᠬᠠᠭᠠᠨ ᠤ ᠰᠠᠶᠢᠨ ᠬᠠᠭᠠᠨ ︵sain haan︶᠂ ᠬᠤᠪᠢᠯᠠᠢ ᠬᠠᠭᠠᠨ  ᠤ ᠰᠡᠴᠡᠨ ᠬᠠᠭᠠᠨ ︵sechen haan︶᠂ ᠳ᠋ᠦᠸ᠎ᠠ ᠬᠠᠭᠠᠨ ᠤ ᠴᠡᠴᠡᠨ ᠬᠠᠭᠠᠨ ︵chechen haan︶ ᠵᠡᠷᠭᠡ ᠠᠯᠢ ᠶᠢ ᠨᠢ ᠦᠭᠦᠯᠡᠭᠡᠳ ᠪᠠᠷᠠᠬᠤ ᠪᠣᠢ᠃ ᠲᠡᠭᠡᠷ᠎ᠡ ᠲᠣᠷᠠᠳᠣᠭᠰᠠᠨ ᠡᠳᠡᠭᠡᠷ ᠵᠢᠱᠢᠶᠡᠨ ᠳᠤ ᠨᠢᠭᠡ ᠬᠠᠮᠤᠭ ᠲᠣᠪᠣᠶᠢᠮ᠎ᠠ ᠢᠵᠢᠯ ᠲᠠᠯ᠎ᠠ ᠭᠡᠪᠡᠯ᠂ ᠬᠠᠭᠠᠨ ᠡᠵᠡᠨ ᠤ ᠪᠠᠨ ᠲᠡᠣᠬᠡᠳᠦ ᠭᠠᠪᠢᠶ᠎ᠠ ᠵᠢᠳᠬᠦᠯ ᠲᠠᠢ ᠨᠡᠶᠢᠴᠡᠭᠰᠡᠨ ᠬᠦᠨᠳᠦᠳᠭᠡᠯᠳᠦ ᠴᠣᠯᠠ ᠶᠢᠨ ᠬᠤᠶᠢᠨ᠎ᠠ ᠬᠠᠭᠠᠨ ᠭᠡᠳᠡᠭ ᠶᠡᠷᠦᠩᠬᠡᠢ ᠨᠡᠷᠡᠶᠢᠳᠦᠯ ᠢ ᠲᠠᠭᠠᠯᠳᠣᠭᠤᠯᠬᠤ ᠠᠵᠠᠢ᠃ ᠲᠡᠭᠡᠭᠡᠳ ᠡᠨᠡᠬᠦ ᠬᠦᠨᠳᠦᠳᠭᠡᠯᠳᠦ ᠴᠣᠯᠠ ᠨᠢ ᠪᠦᠷ ᠮᠠᠰᠢ ᠣᠶᠢᠯᠭᠠᠮᠵᠢ ᠲᠠᠢ᠂ ᠣᠨᠣᠪᠴᠢᠳᠠᠢ᠂ ᠨᠢᠭᠡᠯ᠎ᠡ ᠦᠭᠡᠰ ᠢᠶᠠᠷ ᠪᠦᠷᠢᠯᠳᠦᠭᠰᠡᠨ ᠠᠪᠰᠠᠷᠬᠠᠨ ᠴᠣᠯᠠ ᠦᠭᠡ ᠪᠠᠶᠢᠭ᠎ᠠ ᠶᠣᠮ᠃ ᠨᠦᠭᠦᠭᠡ ᠲᠠᠯ᠎ᠠ ᠠᠴᠠ ᠦᠵᠡᠪᠡᠯ ᠡᠳᠡᠭᠡᠷ ᠬᠠᠭᠠᠳ ᠡᠵᠡᠳ ᠬᠡᠳᠦᠶᠢᠪᠡᠷ ᠪᠣᠰᠣᠳ ᠦᠨᠳᠦᠰᠦᠳᠡᠨ ᠤ ᠰᠣᠶᠣᠯ ᠳᠤ ᠮᠠᠰᠢ ᠭᠦᠨᠵᠡᠭᠡᠢ ᠨᠦᠯᠦᠭᠡᠯᠡᠭᠳᠡᠭᠰᠡᠨ ᠪᠣᠯᠪᠠᠴᠣ᠂ ᠦᠪᠡᠷ ᠤᠨ ᠡᠬᠡ ᠬᠡᠯᠡ ᠪᠠᠷ ᠢᠶᠠᠨ ᠬᠦᠨᠳᠦᠳᠭᠡᠯᠳᠦ ᠴᠣᠯᠠ ᠠᠪᠬᠤ ᠶᠢ ᠡᠷᠬᠢᠮ ᠳᠤ ᠦᠵᠡᠳᠡᠭ ᠪᠠᠶᠢᠵᠠᠢ᠃      ᠣᠨᠴᠠᠭᠠᠢ ᠨᠢᠭᠡᠨ ᠪᠠᠶᠢᠳᠠᠯ ᠭᠡᠪᠡᠯ᠂ ᠰᠢᠶᠠᠨᠪᠸᠢ ᠲᠣᠪᠠ ᠬᠠᠭᠠᠳ ᠤᠨ ᠡᠬᠡ ᠬᠡᠯᠡᠨ ᠤ ᠴᠣᠯᠠ ᠮᠢᠨᠳᠠᠭ ᠨᠢ ᠡᠳᠦᠬᠡ ᠦᠶ᠎ᠡ ᠳᠤ ᠢᠷᠡᠳᠡᠯ᠎ᠡ ᠣᠯᠠᠮᠵᠢᠯᠠᠭᠳᠠᠵᠣ ᠴᠢᠳᠠᠭᠰᠠᠨ ᠦᠭᠡᠢ᠂ ᠭᠡᠶ᠎ᠡ ᠵᠠᠷᠢᠮ ᠨᠣᠶᠠᠨ ᠵᠡᠷᠭᠡ ᠭᠡᠷᠭᠢᠮ ᠤᠨ ᠨᠡᠷᠡᠰ ᠨᠢ ᠬᠠᠷᠢᠨ ᠬᠢᠳᠠᠳ ᠦᠰᠦᠭ ᠢᠶᠠᠷ ᠠᠪᠢᠶᠠᠴᠢᠯᠠᠨ ᠲᠡᠮᠳᠡᠭᠯᠡᠵᠦ ᠦᠯᠡᠳᠡᠪᠡ᠃ ᠵᠢᠱᠢᠶᠡᠯᠡᠪᠡᠯ᠂比德真 ︵bidegjin᠂ ᠪᠢᠴᠢᠭ ᠤᠨ ᠲᠦᠰᠢᠮᠡᠯ︶ ᠣᠳᠣ ᠦᠶ᠎ᠡ ᠶᠢᠨ ᠮᠣᠩᠭᠤᠯ ᠬᠡᠯᠡᠨ ᠳᠤ ᠪᠢᠴᠢᠭᠡᠴᠢᠨ ︵bicheqin︶ ᠭᠡᠵᠦ ᠠᠯᠪᠠᠨ ᠪᠢᠴᠢᠭ ᠤᠨ ᠠᠵᠢᠯᠳᠠᠨ᠂朴大真 ︵buugtaijin︶ ᠪᠦᠬᠡᠭᠳᠡᠶᠢᠴᠢᠨ᠂ ᠲᠠᠷᠣᠢ ᠬᠠᠭᠠᠨ ᠤ ᠪᠦᠬᠡᠭ ᠲᠠᠢ ᠲᠡᠷᠭᠡ ᠶᠢ ᠬᠠᠮᠢᠶᠠᠷᠬᠤ ᠠᠵᠢᠯᠳᠠᠨ᠂ 胡洛真 ︵horjin︶ ᠲᠠᠷᠣᠢ ᠬᠤᠷᠴᠢᠨ᠂乞万真 ︵helmorjin︶ ᠲᠠᠷᠣᠢ ᠬᠡᠯᠮᠣᠷᠴᠢᠨ᠂ ᠣᠷᠴᠢᠭᠤᠯᠣᠭᠴᠢ᠂可薄真 ︵kabagjin︶ ᠲᠠᠷᠣᠢ ᠣᠳᠣᠬᠢ ᠮᠣᠩᠭᠤᠯ ᠬᠡᠯᠡᠨ ᠤ ᠬᠠᠪᠠᠭᠴᠢᠨ ︵ᠡᠭᠦᠳᠡᠴᠢᠨ ᠪᠣᠶᠣ ᠡᠭᠦᠳᠡ ᠰᠠᠬᠢᠭᠴᠢ︶᠂拂竹真 ︵fhutujin︶ ᠲᠠᠷᠣᠢ ᠬᠦᠳᠦᠴᠢᠨ ︵ᠲᠡᠷᠭᠡ ᠭᠡᠯᠢᠭᠴᠢ᠂ 驾车人︶᠂契害真 ︵hirhagjin︶ ᠲᠠᠷᠣᠢ ᠲᠣᠯᠣᠭᠠᠢ ᠬᠢᠷᠬᠠᠭᠴᠢᠨ ︵ᠬᠢᠷᠭᠠᠭᠴᠢ᠂ ᠲᠠᠷᠣᠢ ᠣᠳᠣ ᠦᠶ᠎ᠡ ᠶᠢᠨ ᠬᠡᠯᠡᠨ ᠳᠤ ᠶᠠᠷᠭᠠᠴᠢᠨ ᠂刽子手︶᠂折溃真 ︵zhargojin︶ ᠲᠠᠷᠣᠢ ᠵᠠᠷᠭᠤᠴᠢᠨ ︵断事官︶᠂为贵人作食人为᠂附真 ︵boorjin ᠲᠠᠷᠣᠢ ᠪᠠᠭᠤᠷᠴᠢᠨ ᠪᠣᠶᠣ ᠲᠣᠭᠤᠭᠠᠴᠢᠨ︶ ᠣᠨᠴᠠ ᠵᠠᠷᠢᠮ ᠨᠢ ᠪᠠᠰᠠ ᠬᠢᠳᠠᠳ ᠮᠣᠩᠭᠤᠯ ᠬᠤᠯᠢᠯᠳᠣᠭᠰᠠᠨ ᠨᠡᠷ᠎ᠡ ᠦᠭᠡ ᠪᠠᠶᠢᠵᠠᠢ᠃ ᠵᠢᠱᠢᠶᠡᠯᠡᠪᠡᠯ᠂阿真厨 ᠭᠡᠳᠡᠭ ᠦᠭᠡ  ᠠᠴᠠ ᠦᠵᠡᠪᠡᠯ阿真︵ejin︶ ᠨᠢ ᠮᠣᠩᠭᠤᠯ ᠬᠡᠯᠡᠨ ᠤ ᠡᠵᠡᠨ ᠭᠡᠳᠡᠭ ᠦᠭᠡ ᠪᠠᠶᠢᠵᠣ᠂ 厨 ᠨᠢ ᠲᠣᠭᠤᠭᠠᠴᠢ ᠪᠣᠶᠣ ᠲᠣᠭᠤᠭᠠᠨ ᠭᠡᠷ ᠢ ᠵᠢᠭᠠᠵᠣ ᠪᠠᠶᠢᠨ᠎ᠠ᠃ ᠠᠳᠡ ᠬᠡᠯᠡᠯᠭᠡᠨ ᠦᠭᠡᠢ ᠬᠠᠭᠠᠨ ᠡᠵᠡᠨ ᠤ ᠬᠤᠭᠤᠯᠠᠨ ᠦᠷᠭᠦᠭᠡ ᠶᠢ ᠵᠢᠭᠠᠳᠠᠭ ᠲᠣᠰᠬᠠᠢ ᠨᠡᠷ᠎ᠡ ᠦᠭᠡ ᠠᠵᠠᠢ᠃ ᠲᠡᠭᠡᠷᠡᠬᠢ ᠵᠢᠱᠢᠶ᠎ᠡ ᠳᠤ ᠲᠣᠷᠠᠳᠣᠭᠰᠠᠨ ᠣᠯᠠᠩᠬᠢ ᠦᠭᠡ  ᠨᠢ ᠣᠳᠣ ᠦᠶ᠎ᠡ ᠶᠢᠨ ᠮᠣᠩᠭᠤᠯ ᠬᠡᠯᠡᠨ ᠳᠤ ᠴᠦ ᠬᠡᠷᠡᠭᠯᠡᠭᠰᠡᠭᠡᠷ ᠪᠠᠶᠢᠭ᠎ᠠ ᠦᠭᠡ ᠮᠦᠷᠳᠡᠭᠡᠨ᠂ ᠡᠷᠳᠡ ᠡᠳᠦᠬᠡ ᠶᠢᠨ ᠠᠪᠢᠶ᠎ᠠ ᠠᠶᠠᠯᠭᠤ ᠨᠢ ᠲᠡᠮᠡᠢ ᠶᠡᠭᠡ ᠬᠤᠪᠢᠷᠠᠯᠳᠠ ᠦᠭᠡᠢ᠂ ᠮᠠᠰᠢ ᠲᠣᠭᠳᠠᠪᠣᠷᠢ ᠲᠠᠢ ᠬᠡᠪ ᠢᠶᠠᠷ ᠪᠠᠶᠢᠭ᠎ᠠ ᠨᠢ ᠲᠣᠩ ᠭᠠᠶᠢᠬᠠᠮᠰᠢᠭ ᠲᠠᠢ ᠬᠡᠷᠡᠭ ᠶᠣᠮ᠃ ᠵᠣᠬᠢᠶᠠᠭᠴᠢ ᠮᠢᠨᠦ ᠮᠡᠳᠡᠳᠡᠭ ᠴᠦᠬᠡᠨ ᠬᠤᠶᠠᠷ ᠬᠡᠯᠡᠨ ᠳᠤ ᠡᠶᠢᠮᠦ ᠲᠣᠭᠳᠠᠪᠣᠷᠢ  ᠲᠠᠢ ᠬᠡᠯᠡ ᠭᠡᠵᠦ ᠦᠭᠡᠷ᠎ᠡ ᠪᠠᠶᠢᠭ᠎ᠠ ᠦᠭᠡᠢ᠃ ᠬᠡᠳᠦᠶᠢᠪᠡᠷ ᠵᠠᠷᠢᠮ ᠦᠭᠡᠰ ᠨᠢ ᠵᠢᠭᠠᠬᠠᠨ ᠠᠪᠢᠶᠠᠨ ᠤ ᠬᠤᠪᠢᠷᠠᠯᠳᠠ  ᠲᠠᠢ ᠪᠣᠯᠪᠠᠴᠣ᠃ ᠵᠦᠪᠬᠡᠨ ᠾᠦᠩᠨᠦ ᠰᠢᠶᠠᠨᠪᠸᠢ ᠬᠢᠳᠠᠨ ᠮᠣᠩᠭᠤᠯ ᠵᠡᠷᠭᠡ ᠬᠡᠯᠡᠨ ᠳᠠᠬᠢ ᠣᠯᠠᠨ ᠣᠯᠠᠨ ᠨᠣᠳᠤᠭ  ᠤᠨ ᠠᠪᠢᠶ᠎ᠠ ᠶᠢᠨ ᠵᠦᠷᠢᠶ᠎ᠡ ᠲᠡᠳᠦᠢ ᠭᠡᠵᠦ ᠦᠵᠡᠬᠦ ᠳᠤ ᠪᠣᠷᠣᠭᠤ ᠦᠭᠡᠢ ᠮᠡᠳᠦ ᠪᠠᠶᠢᠨ᠎ᠠ᠃      ᠲᠦᠭᠦᠮ ᠲᠠᠶᠢᠯᠪᠣᠷᠢ᠄    ①社崘 ᠲᠣᠰ ᠦᠰᠦᠭ ᠢ shè lún ᠭᠡᠵᠦ ᠣᠩᠰᠢᠬᠤ ᠦᠭᠡᠢ᠂ ᠬᠠᠷᠢᠨ tǔ lún ︵ᠲᠣᠯᠣᠨ︶ ᠭᠡᠵᠦ ᠣᠩᠰᠢᠳᠠᠭ ᠶᠣᠮ᠃社 ᠶᠢᠨ ᠡᠷᠳᠡᠨ ᠤ ᠠᠪᠢᠶ᠎ᠠ ᠠᠶᠠᠯᠭᠤ ᠳᠤ ᠲᠡᠭᠦᠨ ᠢ ᠪᠠᠰᠠ他魯切 ᠭᠡᠵᠦ ᠬᠡᠷᠴᠢᠨ ᠭᠠᠯᠢᠭᠴᠢᠯᠠᠨ土 ᠠᠪᠢᠶ᠎ᠠ ᠪᠠᠷ ᠣᠩᠰᠢᠨ᠎ᠠ ᠭᠡᠵᠦ ᠪᠣᠢ᠃ ᠡᠶᠢᠮᠦ ᠠᠴᠠ社崘 ᠭᠡᠪᠡᠯ ᠲᠣᠯᠣᠨ ᠭᠡᠳᠡᠭ ᠦᠭᠡ ᠶᠢ ᠬᠢᠳᠠᠳ ᠬᠡᠯᠡ ᠪᠠᠷ ᠠᠪᠢᠶᠠᠴᠢᠯᠠᠨ ᠣᠷᠴᠢᠭᠤᠯᠬᠤ ᠳᠤ ᠭᠠᠯᠢᠭᠴᠢᠯᠠᠭᠰᠠᠨ ᠦᠰᠦᠭ ᠪᠣᠯᠵᠣ ᠲᠠᠭᠠᠷᠠᠨ᠎ᠠ᠃ ᠲᠡᠭᠡᠪᠡᠯ ᠮᠣᠩᠭᠤᠯ ᠬᠡᠯᠡᠨ ᠳᠤ ᠲᠣᠯᠣᠨ ᠤ ᠣᠳᠣ ᠦᠶ᠎ᠡ ᠶᠢᠨ ᠠᠪᠢᠶ᠎ᠠ ᠨᠢ ᠲᠣᠯᠣᠩ ᠭᠡᠵᠦ᠂ ᠦᠷᠬᠦᠯᠵᠢ ᠦᠳᠡᠰᠢ ᠶᠢᠨ ᠲᠣᠯᠣᠩ ᠭᠡᠵᠦ ᠬᠤᠯᠪᠣᠨ ᠶᠠᠷᠢᠳᠠᠭ᠃ ᠲᠣᠯᠣᠨ ᠪᠣᠯ ᠡᠷᠳᠡ ᠦᠶ᠎ᠡ ᠳᠤ ᠣᠷᠣᠢ ᠪᠦᠷᠦᠢ  ᠶᠢᠨ ᠦᠶ᠎ᠡ ᠪᠠᠷ ᠲᠦᠷᠦᠭᠰᠡᠨ ᠬᠦᠮᠦᠨ ᠳᠤ ᠦᠭᠬᠦ ᠨᠡᠷ᠎ᠡ ᠦᠭᠡ ᠪᠠᠷ ᠬᠡᠷᠡᠭᠯᠡᠳᠡᠭ ᠪᠠᠶᠢᠵᠠᠢ᠃ ᠠᠳᠡ ᠦᠭᠦᠯᠡᠭᠳᠡᠨ ᠪᠠᠶᠢᠭ᠎ᠠ ᠲᠣᠯᠣᠨ ᠭᠡᠳᠡᠭ ᠬᠦᠮᠦᠨ ᠪᠣᠯ ᠷᠸᠣᠷᠠᠨ ᠤ ᠲᠡᠣᠬᠡᠨ ᠳᠤ ᠬᠠᠮᠤᠭ ᠠᠩᠬ᠎ᠠ ᠺᠠᠭᠠᠨ ᠴᠣᠯᠠ ᠶᠢ ᠵᠡᠭᠦᠭᠰᠡᠨ ᠡᠵᠡᠨ ᠬᠠᠭᠠᠨ ᠶᠣᠮ᠃ ᠲᠡᠭᠦᠨ ᠤ ᠬᠠᠭᠠᠨ ᠤ ᠬᠦᠨᠳᠦᠳᠭᠡᠯᠳᠦ ᠴᠣᠯᠠ ᠨᠢ丘豆伐可汗 ᠭᠡᠵᠦ ᠲᠣᠪᠠ ᠰᠢᠶᠠᠨᠪᠸᠢ ᠶᠢᠨ ᠪᠠᠶᠢᠭᠤᠯᠣᠭᠰᠠᠨ ᠸᠧᠢ ᠣᠯᠣᠰ ᠤᠨ ᠲᠡᠣᠬᠡᠨ ᠳᠤ ᠲᠡᠮᠳᠡᠭᠯᠡᠭᠳᠡᠨ ᠦᠯᠡᠳᠡᠵᠡᠢ᠃丘豆伐 ᠶᠢᠨ ᠣᠶᠢᠷᠠᠯᠴᠠᠭ᠎ᠠ ᠠᠪᠢᠶ᠎ᠠ ᠨᠢ kiu doː bha ᠪᠣᠶᠣ hiu doː bha ᠭᠡᠵᠦ ᠣᠳᠣ ᠦᠶ᠎ᠡ ᠶᠢᠨ ᠬᠤᠲᠤᠭ ᠭᠡᠳᠡᠭ ᠦᠭᠡ ᠮᠦᠨ᠃ ᠲᠣᠬᠠᠢ ᠶᠢᠨ ᠦᠶ᠎ᠡ ᠳᠤ ᠪᠠᠷᠤᠭ ᠬᠤᠲᠤᠬ᠎ᠠ ᠪᠣᠶᠣ ᠬᠤᠲᠣᠬᠤ ᠪᠠᠷ ᠠᠪᠢᠶᠠᠯᠠᠵᠣ ᠪᠠᠶᠢᠵᠠᠢ᠃ ᠬᠤᠲᠤᠭ ᠭᠡᠪᠡᠯ ᠲᠡᠭᠷᠢ ᠶᠢᠨ ᠬᠤᠲᠣᠭᠳᠣ᠂ ᠲᠡᠭᠷᠢ ᠠᠴᠠ ᠵᠠᠶᠠᠭᠠᠳᠣ᠂ ᠲᠡᠭᠷᠢ ᠠᠴᠠ ᠡᠰᠢᠳᠦ ᠭᠡᠳᠡᠭ ᠣᠳᠬ᠎ᠠ ᠪᠦᠬᠦᠢ ᠮᠣᠩᠭᠤᠯ ᠦᠭᠡ ᠪᠣᠯᠣᠨ᠎ᠠ᠃ ᠬᠢᠳᠠᠳ ᠬᠡᠯᠡᠨ ᠳᠤ ᠳᠣᠪᠴᠢᠯᠠᠨ ᠣᠷᠴᠢᠭᠤᠯᠪᠠᠯ天命 ᠭᠡᠳᠡᠭ ᠦᠭᠡ ᠪᠣᠯᠬᠤ ᠠᠵᠠᠢ᠃    ② ᠮᠣᠩᠭᠤᠯ ᠬᠡᠯᠡᠨ ᠳᠠᠬᠢ ᠠᠪᠢᠶ᠎ᠠ ᠰᠡᠯᠭᠦᠴᠡᠬᠦ ᠦᠵᠡᠭᠳᠡᠯ ᠤᠨ ᠲᠣᠬᠠᠢ ᠲᠦᠭᠦᠮ ᠶᠠᠷᠢᠪᠠᠯ᠂ ᠲᠡᠯᠡᠬᠡᠢ ᠶᠢᠨ ᠣᠯᠠᠨ ᠬᠡᠯᠡᠨ ᠳᠤ ᠠᠪᠢᠶ᠎ᠠ ᠰᠡᠯᠭᠦᠴᠡᠬᠦ ᠦᠵᠡᠭᠳᠡᠯ ᠲᠣᠩ ᠲᠦᠭᠡᠮᠡᠯ ᠪᠠᠶᠢᠳᠠᠭ ᠶᠣᠮ᠂ ᠡᠷᠳᠡᠮᠳᠡᠳ ᠤᠨ ᠲᠠᠶᠢᠯᠪᠣᠷᠢᠯᠠᠬᠤ ᠪᠠᠷ ᠶᠠᠮᠠᠷ ᠬᠡᠳᠦᠨ ᠠᠪᠢᠶᠠᠨ ᠤ ᠠᠪᠢᠶ᠎ᠠ ᠭᠠᠷᠭᠠᠬᠤ ᠣᠷᠣᠨ ᠨᠢ ᠣᠶᠢᠷᠠᠯᠴᠠᠭ᠎ᠠ ᠪᠣᠶᠣ ᠠᠪᠢᠶ᠎ᠠ ᠭᠠᠷᠭᠠᠬᠤ ᠠᠷᠭ᠎ᠠ ᠮᠠᠶ᠋ᠢᠭ ᠨᠢ ᠠᠳᠠᠯᠢᠪᠳᠣᠷ ᠠᠴᠠ ᠪᠣᠯᠵᠣ ᠠᠮᠠᠷᠬᠠᠨ ᠠᠪᠢᠶ᠎ᠠ ᠰᠡᠯᠭᠦᠴᠡᠨ᠎ᠡ ᠭᠡᠵᠡᠢ᠃ ᠭᠡᠪᠡᠴᠦ ᠪᠠᠰᠠ ᠣᠨᠴᠠᠭᠠᠢ ᠵᠠᠷᠢᠮ ᠪᠠᠶᠢᠳᠠᠯ ᠠᠴᠠ ᠪᠣᠯᠵᠣ ᠠᠪᠢᠶ᠎ᠠ ᠰᠡᠯᠬᠦᠴᠡᠬᠦ ᠶᠢ ᠦᠭᠡᠶᠢᠰᠭᠡᠬᠦ ᠦᠭᠡᠢ ᠭᠡᠵᠡᠢ᠃ ᠵᠣᠬᠢᠶᠠᠭᠴᠢ ᠶᠢᠨ ᠣᠶᠢᠯᠭᠠᠬᠤ ᠴᠦᠬᠡᠨ ᠬᠡᠳᠦᠨ ᠬᠡᠯᠡᠨ ᠳᠤ ᠪᠦᠷ ᠡᠶᠢᠮᠦᠷᠬᠦ ᠪᠠᠶᠢᠳᠠᠯ ᠣᠷᠣᠰᠢᠵᠣ ᠪᠠᠶᠢᠭ᠎ᠠ ᠶᠣᠮ᠃ ᠭᠡᠪᠡᠴᠦ ᠠᠯᠢᠨ  ᠨᠢ ᠴᠦ ᠮᠣᠩᠭᠤᠯ ᠬᠡᠯᠡ ᠮᠡᠳᠦ ᠡᠶᠢᠮᠦ ᠦᠷᠭᠡᠨ ᠬᠡᠪᠴᠢᠶᠡᠨ ᠳᠤ ᠴᠢᠯᠦᠭᠡ ᠲᠠᠢ ᠪᠠᠷ ᠠᠪᠢᠶ᠎ᠠ ᠰᠡᠯᠭᠦᠴᠡᠬᠦ ᠦᠵᠡᠭᠳᠡᠯ ᠬᠠᠷᠬᠠᠨ ᠬᠠᠷᠠᠭᠳᠠᠬᠤ ᠦᠭᠡᠢ᠃ ᠵᠢᠱᠢᠶᠡᠯᠡᠪᠡᠯ ᠮᠣᠩᠭᠤᠯ ᠬᠡᠯᠡᠨ ᠳᠤ᠂ a᠂ h᠂ g᠂ k ᠵᠡᠷᠭᠡ ᠶᠢᠨ ᠠᠪᠢᠶ᠎ᠠ ᠰᠡᠯᠭᠦᠴᠡᠬᠦ ᠪᠠᠶᠢᠳᠠᠯ ᠡᠷᠳᠡ ᠡᠳᠦᠬᠡ ᠶᠢᠨ ᠮᠣᠩᠭᠤᠯ ᠬᠡᠯᠡᠨ᠎ᠡ ᠪᠦᠷ ᠦᠷᠬᠦᠯᠵᠢ ᠲᠣᠬᠢᠶᠠᠯᠳᠣᠨ᠎ᠠ᠃ ᠨᠡᠩ n᠂ ng  ᠢ ᠬᠡᠯᠡᠬᠦ ᠬᠡᠷᠡᠭ ᠦᠭᠡᠢ᠂ ᠪᠣᠰᠣᠳ ᠭᠡᠶᠢᠭᠦᠯᠦᠭᠴᠢ ᠴᠦ ᠮᠠᠰᠢ ᠲᠦᠭᠡᠮᠡᠯ ᠲᠣᠬᠢᠶᠠᠯᠳᠣᠳᠠᠭ ᠶᠣᠮ᠃ ᠴᠦᠬᠡᠨ ᠬᠡᠳᠦᠨ ᠵᠢᠱᠢᠶ᠎ᠡ ᠶᠠᠷᠢᠪᠠᠯ᠂ ᠣᠰᠣ ︵oso︶ ᠶᠢ ᠪᠠᠷᠭᠤ ᠳᠤ oho ᠭᠡᠬᠦ᠂ ᠬᠠᠰᠢᠷ ︵hasir︶ ᠢ ᠬᠤᠷᠴᠢᠨ ᠤ ᠵᠠᠷᠢᠮ ᠨᠣᠳᠤᠭ ᠲᠤ ᠭᠠᠰᠢᠷ ︵gasir︶ ᠭᠡᠬᠦ᠂ ᠰᠠᠶᠢᠨ ︵sain︶ ᠢ ᠪᠣᠷᠢᠶᠠᠳ ᠲᠤ hain ᠭᠡᠬᠦ ᠵᠡᠷᠭᠡ ᠪᠣᠢ᠃ ᠠᠳᠡ ᠵᠦᠪᠬᠡᠨ ᠲᠣᠷᠠᠳᠣᠭᠰᠠᠨ ᠠᠰᠠᠭᠤᠳᠠᠯ ᠢᠶᠠᠨ ᠲᠠᠶᠢᠯᠪᠣᠷᠢᠯᠠᠬᠤ ᠶᠢᠨ ᠲᠦᠯᠦᠭᠡ ᠴᠦᠬᠡᠨ ᠬᠡᠳᠦᠨ ᠵᠢᠱᠢᠶ᠎ᠡ ᠲᠠᠲᠠᠭᠰᠠᠨ ᠲᠡᠳᠦᠢ᠂ ᠰᠣᠨᠢᠷᠬᠠᠯ ᠲᠠᠢ ᠬᠦᠮᠦᠰ ᠦᠪᠡᠷ ᠢᠶᠠᠨ ᠬᠦᠨᠵᠡᠭᠡᠶᠢᠷᠡᠨ ᠠᠩᠬᠠᠷᠣᠮᠣ᠃    ③ ᠲᠦᠷᠺ ᠬᠡᠯᠡᠨ ᠤ Qaghan ᠪᠣᠯᠣᠨ ᠦᠷᠳᠦ᠋ ᠬᠡᠯᠡᠨ ᠤ خان ᠤ ᠠᠪᠢᠶᠠᠯᠠᠭ᠎ᠠ ᠶᠢᠨ ᠲᠣᠬᠠᠢ ᠭᠡᠪᠡᠯ᠂ ᠵᠣᠬᠢᠶᠠᠭᠴᠢ ᠶᠢᠨ ᠨᠦᠬᠦᠴᠡᠯ ᠮᠡᠳᠡᠯᠭᠡ ᠶᠢᠨ ᠬᠢᠵᠠᠭᠠᠷ ᠠᠴᠠ ᠪᠣᠯᠵᠣ᠂ Qaghan ᠪᠣᠶᠣ خان ᠭᠡᠳᠡᠭ ᠦᠭᠡᠨ ᠶᠢ ᠲᠦᠷᠺ ᠦᠷᠳᠦ᠋ ᠨᠡᠷ ᠰᠢᠶᠠᠨᠪᠸᠢ᠂ ᠷᠸᠣᠷᠠᠨ ᠬᠦᠮᠦᠨ ᠠᠴᠠ ᠨᠡᠩ ᠡᠷᠳᠡ ᠦᠶ᠎ᠡ ᠡᠵᠡᠨ ᠬᠠᠭᠠᠨ  ᠤ ᠴᠣᠯᠠ ᠪᠠᠷ ᠲᠣᠰᠬᠠᠶᠢᠯᠠᠨ ᠬᠡᠷᠡᠭᠯᠡᠭᠰᠡᠨ ᠲᠡᠣᠬᠡᠨ ᠲᠡᠮᠳᠡᠭᠯᠡᠯ ᠢ ᠡᠷᠢᠵᠦ ᠣᠯᠣᠭᠰᠠᠨ ᠦᠭᠡᠢ᠃ ᠦᠷᠳᠦ᠋ ᠬᠡᠯᠡᠨ ᠤ خان ᠤ ᠠᠪᠢᠶᠠᠨ ᠤ ᠲᠣᠬᠠᠢ ᠵᠣᠬᠢᠶᠠᠭᠴᠢ ᠠᠴᠠ ︽ᠸᠢᠺᠢ ᠣᠷᠴᠢᠭᠤᠯᠭ᠎ᠠ︾ ᠪᠣᠯᠣᠨ ︽ᠪᠠᠢ ᠳᠤ ᠣᠷᠴᠢᠭᠤᠯᠭ᠎ᠠ︾ ᠳᠤ ᠨᠠᠷᠢᠪᠴᠢᠯᠠᠨ ᠬᠠᠷᠢᠴᠠᠭᠤᠯᠣᠨ ᠰᠣᠨᠣᠰᠴᠣ ᠦᠵᠡᠬᠦ ᠳᠤ ᠮᠦᠨ ᠮᠣᠩᠭᠤᠯ ᠬᠡᠯᠡᠨ ᠤ haan  ᠲᠠᠢ ᠮᠠᠰᠢ ᠠᠳᠠᠯᠢᠰᠢᠭ ᠠᠪᠢᠶᠠᠯᠠᠵᠣ ᠪᠠᠶᠢᠭ᠎ᠠ ᠶᠢ ᠣᠯᠵᠣ ᠠᠩᠬᠠᠷᠴᠠᠢ᠃ ᠲᠡᠳᠡ ᠪᠦᠷ ᠠᠳᠠᠯᠢ ᠪᠠᠷ ᠬᠠ ᠶᠢ ᠣᠷᠳᠣᠳᠬᠠᠯ ᠲᠠᠢ ᠣᠩᠰᠢᠵᠣ ᠪᠠᠶᠢᠨ᠎ᠠ᠃ ᠳ᠋ᠠᠩ ᠭᠠᠭᠴᠠ ᠡᠨᠡ ᠲᠠᠯ᠎ᠠ ᠠᠴᠠ ᠦᠵᠡᠪᠡᠯ haan ᠪᠣᠯᠣᠨ خان  ᠤ ᠢᠷᠡᠯᠳᠡ ᠢᠵᠢᠯ ᠭᠡᠳᠡᠭ ᠢ ᠬᠠᠷᠠᠭᠤᠯᠵᠣ ᠪᠠᠶᠢᠨ᠎ᠠ᠃ ᠭᠡᠪᠡᠴᠦ ᠣᠳᠣ ᠦᠶ᠎ᠡ ᠶᠢᠨ ᠫᠠᠺᠢᠰᠲ᠋ᠠᠨ ᠤ ᠦᠷᠳᠦ᠋ ᠬᠡᠯᠡᠨ  ᠳᠤ ᠲᠣᠰ ᠦᠭᠡ ᠶᠢ ᠬᠡᠷᠡᠭᠯᠡᠵᠦ ᠪᠠᠶᠢᠭ᠎ᠠ ᠪᠠᠶᠢᠳᠠᠯ ᠠᠴᠠ ᠦᠵᠡᠪᠡᠯ᠂ خان ᠢ ᠦᠷᠬᠦᠯᠵᠢ ᠬᠦᠮᠦᠨ ᠤ ᠣᠪᠣᠭ ᠨᠡᠷ᠎ᠡ ᠳᠤ ᠬᠡᠷᠡᠭᠯᠡᠬᠦ ᠨᠢ ᠣᠯᠠᠨ ᠰᠢᠭ᠋᠂ ᠭᠡᠶ᠎ᠡ ᠲᠣᠮᠳᠠᠳᠣ ᠠᠽᠢ ᠶᠢᠨ ᠮᠣᠩᠭᠤᠯᠴᠣᠳ ᠤᠨ ᠬᠤᠶᠢᠴᠢᠰ ᠴᠦ ᠭᠡᠰᠡᠨ ᠠᠳᠠᠯᠢ ᠪᠠᠷ ᠬᠠᠨ ᠭᠡᠳᠡᠭ ᠦᠭᠡ ᠶᠢ ᠣᠪᠣᠭ ᠨᠡᠷ᠎ᠡ ᠪᠣᠶᠣ ᠴᠣᠯᠠ ᠮᠢᠨᠳᠠᠭ ᠳᠤ ᠬᠡᠷᠡᠭᠯᠡᠬᠦ ᠨᠢ ᠣᠯᠠᠨ ᠪᠠᠶᠢᠳᠠᠭ᠂ ᠵᠢᠱᠢᠶᠡᠯᠡᠪᠡᠯ ᠮᠢᠷᠽᠠ · ᠬᠠᠨ᠂ ᠬᠠᠨ · ᠮᠢᠷᠽᠠ · ᠪᠠᠷᠣᠯᠠᠰ᠂ ᠲᠡᠮᠦᠷ · ᠬᠠᠨ · ᠬᠤᠲ᠋ᠣᠯᠤᠭ᠂ ᠰᠣᠯᠲ᠋ᠠᠨ · ᠬᠠᠨ · ᠮᠠᠬᠠᠮᠣᠳ᠋ ᠵᠡᠷᠭᠡ ᠲᠡᠣᠬᠡᠳᠦ ᠬᠦᠮᠦᠨ ᠤ ᠣᠪᠣᠭ ᠨᠡᠷ᠎ᠡ ᠳᠤ ᠪᠠᠶᠢᠳᠠᠭ ᠶᠣᠮ᠃ ᠪᠠᠰᠠ ᠲᠣᠮᠳᠠᠳᠣ ᠠᠽᠢ ᠳᠤ ᠪᠠᠶᠢᠭ᠎ᠠ ᠴᠢᠩᠬᠢᠰ ᠬᠠᠭᠠᠨ ᠤ ᠬᠤᠶᠢᠴᠢᠰ ᠴᠦ ᠬᠠᠨ ᠦᠰᠦᠭ ᠢᠶᠠᠷ ᠣᠪᠣᠭ ᠨᠡᠷ᠎ᠡ ᠪᠠᠨ ᠲᠣᠲᠣᠳᠬᠠᠬᠤ ᠦᠵᠡᠭᠳᠡᠯ ᠴᠦ ᠴᠦᠬᠡᠨ ᠦᠭᠡᠢ᠃    ᠭᠡᠶ᠎ᠡ haan ᠪᠣᠯᠣᠨ han ᠢ ᠨᠡᠩ ᠲᠣᠲᠣᠷᠬᠠᠶᠢᠯᠠᠨ ᠶᠠᠷᠢᠶ᠎ᠠ ᠭᠡᠪᠡᠯ ᠨᠡᠯᠢᠶᠡᠳ ᠪᠣᠳᠣᠯᠢᠶᠠᠨ ᠲᠠᠢ ᠬᠡᠷᠡᠭ ᠪᠣᠯᠣᠨ᠎ᠠ᠂ ᠵᠣᠬᠢᠶᠠᠭᠴᠢ ᠦᠪᠡᠷ ᠤᠨ ᠦᠵᠡᠯᠳᠡ ᠪᠠᠨ ᠲᠦᠭᠦᠮᠴᠢᠯᠡᠨ ᠶᠠᠷᠢᠪᠠᠯ᠂ haan ᠨᠢ ᠮᠣᠩᠭᠤᠯ ᠬᠡᠯᠡᠨ ᠤ ᠬᠠᠭᠠᠨ ᠪᠣᠶᠣ ᠺᠠᠭᠠᠨ ᠭᠡᠳᠡᠭ ᠦᠭᠡᠨ ᠤ ᠣᠶᠢᠷ᠎ᠠ ᠣᠷᠴᠢᠨ ᠦᠶ᠎ᠡ ᠶᠢᠨ ᠠᠪᠢᠶ᠎ᠠ ᠪᠠᠶᠢᠵᠣ᠂ han ᠨᠢ ᠮᠢᠨᠦ ᠡᠮᠦᠨ᠎ᠡ ᠨᠡᠶᠢᠳᠡᠯᠡᠵᠦ ᠦᠩᠭᠡᠷᠡᠭᠰᠡᠨ ᠵᠣᠬᠢᠶᠠᠯ ᠳᠤ ᠲᠣᠷᠠᠳᠣᠭᠰᠠᠨ ᠢᠶᠠᠷ᠂ ᠬᠢᠳᠠᠳ ᠬᠡᠯᠡᠨ ᠤ ᠣᠯᠣᠰ ᠤᠨ ᠸᠠᠩ ᠤᠨ ᠸᠠᠩ ︵王︶ ᠦᠰᠦᠭ ᠲᠠᠢ ᠬᠠᠷᠢᠨ ᠰᠢᠭᠤᠳ ᠬᠤᠯᠪᠣᠭ᠎ᠠ ᠲᠠᠢ ᠪᠠᠶᠢᠵᠣ ᠮᠡᠳᠡᠨ᠎ᠡ᠃ ᠬᠢᠳᠠᠳ ᠬᠡᠯᠡᠨ ᠤ ᠸᠠᠩ ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ ᠠᠴᠠ ᠦᠵᠡᠪᠡᠯ ᠦᠷᠦᠨᠡᠳᠦ ᠶᠢᠨ ᠬᠡᠯᠡᠨ ᠳᠠᠬᠢ ︽ᠣᠯᠣᠰ ᠤᠨ ᠸᠠᠩ︾ ᠭᠡᠳᠡᠭ ᠦᠭᠡ ᠶᠢᠨ Kings ︵ᠺᠢᠩ︶ ᠠᠪᠢᠶ᠎ᠠ ᠠᠴᠠ ᠣᠯᠪᠠᠭ᠎ᠠ ᠲᠠᠢ ᠰᠠᠨᠠᠭᠳᠠᠳᠠᠭ᠃ ᠮᠢᠨᠦ ᠦᠨᠳᠦᠰᠦᠯᠡᠯ ᠪᠣᠯ ᠬᠢᠳᠠᠳ ᠸᠠᠩ ᠦᠰᠦᠭ ᠤᠨ ᠲᠡᠭᠡᠳᠦ ᠡᠷᠳᠡᠨ ᠤ ᠠᠪᠢᠶ᠎ᠠ ᠠᠶᠠᠯᠭᠤ ᠪᠠ ᠣᠳᠣ ᠦᠶ᠎ᠡ ᠶᠢᠨ ᠨᠣᠳᠤᠭ ᠤᠨ ᠠᠪᠢᠶ᠎ᠠ ᠶᠢ ᠭᠦᠨᠵᠡᠭᠡᠶᠢᠷᠡᠨ ᠰᠣᠳᠣᠯᠪᠠᠯ ᠺᠢᠩ ᠠᠪᠢᠶ᠎ᠠ ᠲᠠᠢ ᠬᠤᠯᠪᠣᠭ᠎ᠠ ᠲᠠᠢ ᠦᠭᠡ ᠪᠣᠯᠬᠤ ᠨᠢ ᠮᠡᠳᠡᠭᠳᠡᠵᠦ ᠪᠠᠶᠢᠨ᠎ᠠ᠂ ᠲᠠᠷᠣᠢ ᠲᠡᠭᠡᠳᠦ ᠡᠷᠳᠡᠨ ᠤ ᠦᠶ᠎ᠡ ᠳᠤ ᠸᠠᠩ ᠦᠰᠦᠭ ᠢ ɢʷaŋ᠂ ɣiuaŋ᠂ ɡi̯waŋ ᠵᠡᠷᠭᠡ ᠪᠠᠷ ᠠᠪᠢᠶᠠᠯᠠᠨ᠎ᠠ ᠭᠡᠵᠦ ᠪᠣᠢ᠃ ᠡᠶᠢᠮᠦ ᠠᠴᠠ ᠺᠢᠩ ᠠᠴᠠ ɢʷaŋ ︵ᠭᠠᠩ︶ ᠪᠣᠶᠣ Giuang ︵ᠭᠢᠣᠸᠠᠩ︶ ᠵᠡᠷᠭᠡ ᠶᠢ ᠲᠠᠮᠵᠢᠨ᠂ ᠲᠠᠩ ᠣᠯᠣᠰ ᠤᠨ ᠦᠶ᠎ᠡ ᠶᠢᠨ ᠠᠪᠢᠶ᠎ᠠ ᠠᠶᠠᠯᠭᠤ ᠨᠢ *hiuɑng᠂ hiuɑ̀ng ᠪᠣᠯᠵᠣ᠂ ᠶᠣᠸᠠᠨ ᠤ ᠰᠡᠭᠦᠯᠴᠢ᠂ ᠮᠢᠩ ᠤᠨ ᠡᠬᠢᠨ ᠢᠶᠠᠷ ᠰᠠᠶ᠋ᠢ ᠣᠩ ᠪᠣᠯᠣᠨ ᠬᠡᠪᠰᠢᠭᠡᠳ᠂ ᠣᠳᠣ ᠦᠶ᠎ᠡ ᠳᠤ ᠰᠠᠶ᠋ᠢ ᠸᠠᠩ ᠭᠡᠵᠦ ᠨᠢᠭᠡᠳᠭᠡᠨ ᠲᠦᠷᠢᠮᠵᠢᠭᠦᠯᠵᠡᠢ ᠭᠡᠵᠦ ᠦᠵᠡᠬᠦ ᠪᠣᠯᠣᠮᠵᠢ ᠭᠠᠷᠣᠨ᠎ᠠ ᠃ ᠪᠠᠰᠠ ᠬᠢᠳᠠᠳ ᠤᠨ ᠡᠯ᠎ᠡ ᠨᠣᠳᠤᠭ ᠤᠨ ᠠᠪᠢᠶ᠎ᠠ ᠳᠤ ᠣᠳᠣ ᠴᠦ ᠬᠡᠳ ᠾᠢᠸᠠᠩ᠂ ᠾᠢᠥᠸᠠᠩ᠂ ᠭᠢᠥᠸᠠᠩ ︵Giowang︶ ᠬᠡᠪ ᠢᠶᠠᠷ ᠠᠪᠢᠶᠠᠯᠠᠭᠰᠠᠭᠠᠷ ᠪᠠᠶᠢᠭ᠎ᠠ ᠶᠣᠮ᠂ ᠣᠨᠴᠠ ᠵᠠᠷᠢᠮ ᠨᠢ ᠵᠢᠱᠢᠶᠡᠯᠡᠪᠡᠯ ᠶᠣᠸᠠᠢ ᠬᠡᠯᠡᠨ ᠤ ᠭᠸᠥ ᠯᠸᠥ ᠨᠣᠳᠤᠭ ᠤᠨ ᠠᠪᠢᠶᠠᠨ ᠳᠤ kuɔŋ ᠭᠡᠵᠦ ᠠᠪᠢᠶᠠᠯᠠᠨ᠎ᠠ ᠭᠡᠵᠦ ᠪᠣᠢ᠂ ᠲᠠᠷᠣᠢ ᠲᠡᠭᠦᠨ ᠤ ᠡᠬᠢᠨ ᠤ ᠠᠪᠢᠶ᠎ᠠ ᠨᠢ ᠮᠦᠨ k ᠪᠠᠶᠢᠭᠰᠠᠭᠠᠷ ᠠᠵᠠᠢ᠂ ᠡᠨᠡ ᠪᠣᠯ ᠵᠦᠪᠬᠡᠨ ᠨᠢᠭᠡ ᠶᠡᠷᠦ ᠶᠢᠨ ᠲᠣᠬᠢᠶᠠᠯᠳᠣᠯ ᠪᠢᠰᠢ ᠪᠣᠯᠣᠯᠳᠠᠢ᠃ ᠪᠠᠰᠠ ᠬᠢᠳᠠᠳ ᠤᠨ ᠬᠠᠮᠤᠭ ᠡᠷᠳᠡᠨ ᠤ ᠲᠣᠯᠢ ᠪᠢᠴᠢᠭ ᠲᠤ ᠲᠣᠭᠠᠴᠠᠭᠳᠠᠬᠤ ᠭᠤᠸᠠᠩ ᠶᠦᠨ ᠮᠡᠳᠦ ᠲᠣᠯᠢ ᠪᠢᠴᠢᠭ  ᠨᠦᠭᠦᠳ ᠲᠤ ᠲᠣᠰ ᠦᠰᠦᠭ ᠤᠨ ᠠᠪᠢᠶ᠎ᠠ ᠶᠢ 雨方切 ᠪᠣᠶᠣ于放切 ᠬᠡᠵᠦ ᠬᠡᠷᠴᠢᠨ ᠭᠠᠯᠢᠭᠴᠢᠯᠠᠨ᠎ᠠ ᠭᠡᠵᠦ ᠪᠣᠢ᠃ ᠲᠡᠭᠡᠳᠦ ᠡᠷᠳᠡ ᠦᠶ᠎ᠡ ᠠᠴᠠ ᠲᠣᠮᠳᠠᠳᠣ ᠵᠠᠭᠤᠨ ᠪᠣᠯᠳᠠᠯ᠎ᠠ 雨 ᠪᠣᠶᠣ于 ᠦᠰᠦᠭ  ᠤᠨ ᠡᠬᠢᠨ ᠤ ᠠᠪᠢᠶᠠᠯᠠᠪᠣᠷᠢ ᠨᠢ ᠦᠨᠡᠬᠡᠷ ᠪᠦᠷ ᠣᠶᠢᠷᠠᠯᠴᠠᠭ᠎ᠠ ᠪᠠᠷ h ᠪᠠᠶᠢᠵᠠᠢ᠃ ᠡᠭᠦᠨ ᠢ ᠦᠨᠳᠦᠰᠦᠯᠡᠪᠡᠯ ᠲᠣᠮᠳᠠᠳᠣ ᠵᠠᠭᠤᠨ ᠪᠣᠯᠳᠠᠯ᠎ᠠ王 ᠦᠰᠦᠭ ᠢ ᠣᠶᠢᠷᠠᠯᠴᠠᠭ᠎ᠠ ᠪᠠᠷ ᠪᠦᠷ *hiuɑng ᠪᠣᠶᠣ hiuɑ̀ng ᠭᠡᠵᠦ ᠠᠪᠢᠶᠠᠯᠠᠵᠣ ᠪᠠᠶᠢᠪᠠ ᠭᠡᠳᠡᠭ ᠲᠠᠩ ᠣᠯᠣᠰ ᠤᠨ ᠦᠶ᠎ᠡ ᠶᠢᠨ ᠠᠪᠢᠶ᠎ᠠ ᠠᠶᠠᠯᠭᠤ ᠨᠢ ᠦᠨᠡᠨ ᠬᠡᠷᠡᠭ ᠶᠣᠮ᠃ ᠲᠡᠭᠡᠳᠦ ᠡᠷᠳᠡᠨ ᠤ ᠦᠶ᠎ᠡ ᠳᠤ ᠺᠢᠩ ︵Kings︶ ᠭᠡᠳᠡᠭ ᠦᠭᠡ ᠮᠣᠩᠭᠤᠯ ᠬᠡᠯᠡᠨ ᠳᠤ ᠣᠷᠣᠬᠤ ᠳᠠᠭᠠᠨ᠂ ᠬᠠᠩ ᠪᠣᠶᠣ ᠬᠠᠨ ᠪᠣᠯᠣᠭᠰᠠᠨ ᠪᠣᠯᠪᠠᠣ ᠭᠡᠵᠦ ᠪᠣᠳᠣᠨᠠᠮ᠃ ᠶᠠᠭ ᠡᠶᠢᠮᠦ ᠠᠴᠠ ᠬᠢᠳᠠᠳ ᠬᠦᠮᠦᠰ ᠴᠦ ᠲᠡᠭᠦᠨ ᠢ ɢʷaŋ᠂ ɣiuaŋ᠂ ɡi̯waŋ ᠭᠡᠵᠦ ᠠᠪᠢᠶᠠᠯᠠᠵᠣ ᠪᠠᠶᠢᠭᠰᠠᠨ ᠪᠣᠯᠬᠤᠷ᠂ ᠡᠳᠡ ᠬᠤᠶᠠᠭᠤᠯᠠ ᠶᠡᠬᠡᠯ᠎ᠡ ᠣᠶᠢᠷᠬᠠᠨ ᠠᠪᠢᠶ᠎ᠠ ᠲᠠᠢ ᠲᠣᠯᠠ᠂ ᠬᠢᠳᠠᠳ ᠲᠡᠣᠬᠡᠨ ᠳᠤ ᠾᠦᠩᠨᠦ ᠶᠢᠨ ᠬᠠᠨ ᠪᠣᠶᠣ ᠬᠠᠩ ᠭᠡᠳᠡᠭ ᠬᠠᠭᠠᠨ  ᠤ ᠬᠦᠪᠡᠭᠦᠳ ᠢ ᠰᠢᠭᠤᠳ ᠬᠢᠳᠠᠳ ᠬᠡᠯᠡᠨ ᠳᠤ ᠬᠡᠷᠡᠭᠯᠡᠬᠦ ɢʷaŋ᠂ ɣiuaŋ᠂ ɡi̯waŋ ᠵᠡᠷᠭᠡ ᠠᠪᠢᠶ᠎ᠠ ᠪᠠᠷ ᠠᠪᠢᠶᠠᠯᠠᠭᠰᠠᠨ ᠬᠡᠷᠡᠭ ᠭᠡᠵᠦ ᠦᠵᠡᠵᠦ ᠪᠠᠶᠢᠨ᠎ᠠ᠃ ᠲᠡᠶᠢᠮᠦ ᠪᠢᠰᠢ ᠪᠣᠯ ᠬᠠᠭᠠᠨ ᠢ ᠨᠢ ᠴᠠᠨ ᠢᠥᠥᠢ ᠭᠡᠵᠦ ᠠᠪᠢᠶᠠᠴᠢᠯᠠᠨ ᠣᠷᠴᠢᠭᠤᠯᠣᠭᠠᠳ᠂ ᠬᠠᠨ ᠬᠦᠪᠡᠭᠦᠳ ᠢ ᠨᠢ ᠸᠠᠩ ᠭᠡᠵᠦ ᠬᠢᠳᠠᠳ ᠬᠡᠯᠡ ᠪᠠᠷ ᠨᠡᠷᠡᠶᠢᠳᠦᠬᠦ ᠪᠣᠯᠣᠯᠴᠠᠭ᠎ᠠ ᠪᠠᠶᠢᠵᠣ ᠪᠣᠯᠣᠨ᠎ᠠ ᠦᠦ︖ᠰᠣᠨᠢᠷᠬᠠᠯ ᠲᠠᠢ ᠨᠦᠬᠦᠳ ᠦᠷᠬᠦᠯᠵᠢᠯᠡᠨ ᠬᠦᠨᠵᠡᠭᠡᠶᠢᠷᠡᠨ ᠣᠷᠣᠯᠳᠣᠵᠣ ᠪᠣᠯᠣᠨ᠎ᠠ᠃      ④ ᠣᠯᠠᠨ ᠵᠦᠢᠯ ᠤᠨ ᠠᠪᠢᠶᠠᠨ ᠭᠠᠯᠢᠭ ᠤᠨ ᠪᠣᠳᠣᠯᠢᠶᠠᠨ ᠲᠠᠢ ᠪᠠᠶᠢᠳᠠᠯ ᠤᠨ ᠲᠣᠬᠠᠢ ᠲᠦᠭᠦᠮ ᠶᠠᠷᠢᠬᠤ ᠨᠢ᠄ ᠣᠳᠣ ᠲᠡᠯᠡᠬᠡᠢ ᠲᠠᠬᠢᠨ ᠢᠶᠠᠷ ᠢᠶᠠᠨ ᠪᠦᠷ ᠭᠤᠣᠯᠳᠠᠭᠤ ︽ᠲᠡᠯᠡᠬᠡᠢ ᠨᠡᠶᠢᠳᠡ ᠶᠢᠨ ᠠᠪᠢᠶᠠᠨ ᠭᠠᠯᠢᠭ︾ ᠢ ᠬᠡᠷᠡᠭᠯᠡᠵᠦ ᠪᠠᠶᠢᠭ᠎ᠠ ᠪᠣᠯᠪᠠᠴᠣ᠂ ᠣᠳᠣ ᠦᠶ᠎ᠡ ᠳᠤ ᠬᠡᠷᠡᠭᠯᠡᠵᠦ ᠪᠠᠶᠢᠭ᠎ᠠ ᠶᠠᠮᠠᠷᠪᠠ ᠨᠢᠭᠡᠨ ᠵᠦᠢᠯ ᠤᠨ ᠠᠪᠢᠶᠠᠨ ᠭᠠᠯᠢᠭ ᠨᠢ ᠪᠦᠷ ᠪᠦᠷᠢᠨ ᠲᠡᠭᠦᠯᠳᠡᠷ ᠶᠠᠭᠤᠮ᠎ᠠ ᠪᠣᠯᠵᠣ ᠴᠢᠳᠠᠭᠠᠳᠣᠢ ᠶᠣᠮ᠃ ᠵᠦᠪᠬᠡᠨ ᠮᠠᠨ ᠤ ᠣᠯᠠᠨ ᠬᠡᠷᠡᠭᠯᠡᠳᠡᠭ ᠲᠡᠯᠡᠬᠡᠢ ᠨᠡᠶᠢᠳᠡ  ᠶᠢᠨ ᠠᠪᠢᠶᠠᠨ ᠭᠠᠯᠢᠭ ᠤᠨ ᠶᠦᠨᠢᠺᠣᠳ᠋ ᠠᠴᠠ ᠦᠵᠡᠪᠡᠯ᠂ ᠡᠨᠡᠬᠦ ᠠᠪᠢᠶᠠᠨ ᠭᠠᠯᠢᠭ ᠨᠡᠶᠢᠳᠡ ᠨᠢᠭᠡ ᠵᠠᠭᠤ ᠲᠠᠯᠠᠨ ᠨᠠᠢᠮᠠᠨ ᠺᠣᠳ᠋ᠯᠠᠭᠰᠠᠨ ᠦᠰᠦᠭ ᠲᠠᠢ ᠪᠠᠶᠢᠳᠠᠯ᠎ᠠ᠂ ᠪᠠᠰᠠ ᠦᠷᠭᠡᠳᠭᠡᠯ ᠬᠡᠰᠡᠭ ᠭᠡᠵᠦ᠂ ᠬᠡᠳᠦᠶᠢᠪᠡᠷ ᠡᠮᠦᠨᠡᠬᠢ ᠲᠠᠢ ᠪᠠᠨ ᠲᠠᠪᠬᠤᠷᠳᠠᠵᠣ ᠪᠠᠶᠢᠭ᠎ᠠ ᠬᠡᠰᠡᠭ ᠪᠠᠶᠢᠳᠠᠭ ᠪᠣᠯᠪᠠᠴᠣ᠂ ᠪᠠᠰᠠ ᠶᠡᠷᠢᠨ ᠨᠠᠢᠮᠠᠨ ᠺᠣᠳ᠋ᠯᠠᠭᠰᠠᠨ ᠦᠰᠦᠭ ᠲᠠᠢ ᠪᠠᠶᠢᠭ᠎ᠠ ᠶᠣᠮ᠃ ᠡᠭᠦᠨ ᠢ ᠲᠣᠲᠣᠷ᠎ᠠ ᠠᠴᠠ ᠲᠡᠯᠡᠬᠡᠢ ᠶᠢᠨ ᠣᠯᠠᠩᠬᠢ ᠬᠡᠯᠡ ᠨᠦᠭᠦᠳ ᠦᠪᠡᠷ ᠤᠨ ᠬᠡᠯᠡᠨ ᠳᠡᠭᠡᠨ ᠭᠦᠢᠴᠡᠳ ᠲᠣᠬᠢᠷᠠᠭᠰᠠᠨ ᠴᠦᠬᠡᠨ ᠬᠡᠰᠡᠭ ᠢ ᠰᠣᠩᠭᠤᠨ ᠬᠡᠷᠡᠭᠯᠡᠳᠡᠭ ᠠᠵᠠᠢ᠃ ᠵᠢᠱᠢᠶᠡᠯᠡᠪᠡᠯ᠄ ᠬᠢᠳᠠᠳ ᠬᠡᠯᠡ ᠪᠣᠯ ᠵᠦᠪᠬᠡᠨ ᠲᠡᠭᠦᠨ ᠤ ᠲᠣᠲᠣᠷ᠎ᠠ ᠠᠴᠠ ᠭᠤᠴᠢ ᠭᠠᠷᠣᠶᠢᠬᠠᠨ ᠢ ᠰᠣᠩᠭᠤᠨ ᠠᠪᠴᠣ ᠣᠯᠠᠷᠢᠭᠤᠯᠣᠨ ᠭᠡᠷᠡᠭᠯᠡᠵᠦ᠂ ᠬᠢᠳᠠᠳ ᠬᠡᠯᠡᠨ  ᠤ ᠯᠠᠲ᠋ᠢᠨ ᠭᠠᠯᠢᠭ ᠤᠨ ᠠᠪᠢᠶ᠎ᠠ ᠶᠢ ᠲᠣᠲᠣᠷᠬᠠᠶᠢᠯᠠᠵᠣ ᠪᠠᠶᠢᠭ᠎ᠠ ᠶᠣᠮ᠃ ᠲᠡᠯᠡᠬᠡᠢ ᠨᠡᠶᠢᠳᠡ ᠶᠢᠨ ᠠᠪᠢᠶᠠᠨ ᠭᠠᠯᠢᠭ ᠬᠡᠳᠦᠶᠢᠪᠡᠷ ᠡᠶᠢᠮᠦ ᠣᠯᠠᠨ ᠪᠠᠶᠢᠪᠠᠴᠣ᠂ ᠮᠦᠨ ᠲᠡᠯᠡᠬᠡᠢ ᠶᠢᠨ ᠣᠯᠠᠨ ᠬᠡᠯᠡ ᠠᠶᠠᠯᠭᠤ ᠶᠢ ᠭᠦᠢᠴᠡᠳ ᠲᠡᠮᠳᠡᠭᠯᠡᠵᠦ ᠬᠦᠷᠬᠦ ᠦᠭᠡᠢ ᠪᠣᠯᠬᠤᠷ᠂ ᠬᠦᠮᠦᠰ ᠨᠡᠩ ᠪᠣᠳᠣᠯᠢᠶᠠᠨ ᠲᠠᠢ ᠠᠪᠢᠶᠠᠨ ᠭᠠᠯᠢᠭ ᠡᠭᠦᠳᠦᠨ ᠬᠡᠷᠡᠭᠯᠡᠵᠦ ᠪᠠᠶᠢᠨ᠎ᠠ᠃ ᠵᠢᠱᠢᠶᠡᠯᠡᠪᠡᠯ ᠲᠠᠩ ᠢᠶᠠᠷ ᠭᠠᠯᠢᠭᠴᠢᠯᠠᠬᠤ ᠭᠡᠳᠡᠯ᠎ᠡ᠂ ᠲᠠᠪᠬᠤᠷᠯᠠᠨ ᠭᠠᠯᠢᠭᠴᠢᠯᠠᠬᠤ ᠭᠡᠵᠦ᠂ ᠪᠠᠰᠠ ᠴᠢᠮᠡᠨ ᠭᠠᠯᠢᠭᠴᠢᠯᠠᠬᠤ ᠭᠡᠵᠦ ᠶᠠᠩᠵᠣ ᠶᠢᠨ ᠣᠯᠠᠨ ᠵᠦᠢᠯ ᠪᠠᠶᠢᠳᠠᠭ ᠶᠣᠮ᠃ ᠪᠠᠰᠠ ᠵᠠᠷᠢᠮ ᠨᠢ ᠲᠣᠰ ᠠᠪᠢᠶᠠᠨ ᠤ ᠪᠠᠨ ᠠᠪᠢᠶ᠎ᠠ ᠭᠠᠷᠭᠠᠵᠣ ᠪᠠᠶᠢᠭ᠎ᠠ ᠣᠷᠣᠨ ᠪᠠᠶᠢᠷᠢ ᠶᠢ ᠦᠨᠳᠦᠰᠦᠯᠡᠨ᠂ ᠬᠠᠷᠠᠭᠠᠯᠵᠠᠭᠰᠠᠨ ᠭᠠᠯᠢᠭ ᠢᠶᠠᠨ ᠶᠡᠭᠡ ᠪᠢᠴᠢᠯᠭᠡ  ᠪᠠᠷ ᠪᠢᠴᠢᠬᠦ᠂ ᠪᠠᠭ᠎ᠠ ᠪᠢᠴᠢᠯᠭᠡ ᠪᠠᠷ ᠪᠢᠴᠢᠬᠦ᠂ ᠡᠮᠦᠨᠡᠰᠢ ᠬᠠᠷᠠᠭᠤᠯᠣᠨ ᠪᠢᠴᠢᠬᠦ᠂ ᠠᠷᠣᠨᠰᠢ ᠬᠠᠷᠠᠭᠤᠯᠣᠨ ᠪᠢᠴᠢᠬᠦ᠂ ᠲᠡᠭᠡᠭᠰᠢ ᠬᠠᠷᠠᠭᠤᠯᠣᠨ ᠪᠢᠴᠢᠬᠦ᠂ ᠲᠣᠷᠣᠭᠰᠢ ᠬᠠᠷᠠᠭᠤᠯᠣᠨ ᠪᠢᠴᠢᠬᠦ ᠵᠡᠷᠭᠡ ᠵᠦᠢᠯ ᠵᠢᠰᠦᠮ ᠤᠨ ᠠᠷᠭ᠎ᠠ ᠪᠦᠷ ᠪᠠᠶᠢᠳᠠᠭ᠃ ᠪᠠᠰᠠ ᠲᠡᠭᠡᠷ᠎ᠡ ᠨᠢ ᠲᠡᠮᠳᠡᠭ ᠨᠡᠮᠡᠬᠦ᠂ ᠲᠣᠣᠷ᠎ᠠ ᠨᠢ ᠲᠡᠮᠳᠡᠭ ᠨᠡᠮᠡᠬᠦ᠂ ᠵᠡᠷᠭᠡ ᠠᠷᠭ᠎ᠠ ᠠᠪᠴᠢᠯ ᠢ ᠪᠦᠷ ᠬᠡᠷᠡᠭᠯᠡᠳᠡᠭ ᠠᠵᠠᠢ᠃ ᠢᠩᠭᠢᠭᠡᠳ ᠪᠠᠰᠠ ᠬᠦᠷᠦᠯᠴᠡᠬᠦ ᠦᠭᠡᠢ ᠦᠶ᠎ᠡ ᠳᠤ ᠵᠠᠷᠢᠮ ᠨᠢᠭᠡ ᠦᠰᠦᠭ ᠤᠨ ᠰᠢᠰᠲ᠋ᠧᠮ᠂ ᠵᠢᠱᠢᠶᠡᠯᠡᠪᠡᠯ ᠡᠷᠳᠡᠨ ᠤ ᠷᠣᠮ ᠦᠰᠦᠭ ᠪᠣᠶᠣ ᠭᠷᠧᠭ ᠦᠰᠦᠭ ᠵᠡᠷᠭᠡ ᠶᠢ ᠰᠢᠭᠤᠳ ᠣᠷᠣᠭᠤᠯᠣᠨ ᠬᠡᠷᠡᠭᠯᠡᠬᠦ ᠦᠵᠡᠭᠳᠡᠯ ᠪᠦᠷ ᠪᠠᠶᠢᠭ᠎ᠠ ᠠᠵᠠᠢ᠃ ᠡᠶᠢᠮᠦ ᠠᠴᠠ ᠲᠣᠰᠬᠠᠶᠢᠯᠠᠨ ᠡᠭᠦᠨ ᠤ ᠲᠣᠬᠠᠢ ᠣᠷᠣᠯᠳᠣᠯᠭ᠎ᠠ ᠦᠭᠡᠢ ᠪᠢᠳᠡᠨᠡᠷ᠂ ᠲᠡᠭᠦᠨ ᠤ ᠠᠪᠢᠶ᠎ᠠ ᠠᠶᠠᠯᠭᠤ ᠶᠢ ᠲᠣᠭᠤᠷᠠᠳᠠᠯ᠎ᠠ ᠶᠠᠷᠢᠵᠣ ᠲᠠᠶᠢᠯᠪᠣᠷᠢᠯᠠᠵᠣ ᠪᠠᠶᠢᠳᠣᠭᠠᠢ᠂ ᠵᠦᠪ ᠰᠠᠶᠢᠬᠠᠨ ᠬᠡᠷᠡᠭᠯᠡᠵᠦ ᠴᠦ ᠴᠢᠳᠠᠬᠤ ᠦᠭᠡᠢ ᠨᠢ ᠮᠡᠳᠡᠭᠡᠵᠢ ᠶᠢᠨ ᠬᠡᠷᠡᠭ ᠶᠣᠮ᠃ ᠶᠠᠭ ᠡᠶᠢᠮᠦ ᠰᠢᠯᠳᠠᠭᠠᠨ ᠠᠴᠠ ᠪᠣᠯᠵᠣ᠂ ᠵᠣᠬᠢᠶᠠᠭᠴᠢ  ᠠᠴᠠ ᠦᠪᠡᠷ ᠤᠨ ᠵᠣᠬᠢᠶᠠᠯ ᠲᠣᠲᠣᠷᠠᠬᠢ ᠾᠦᠩᠨᠦ ᠦᠭᠡ ᠬᠡᠯᠡ ᠲᠠᠢ ᠬᠤᠯᠪᠣᠭᠳᠠᠯ ᠲᠠᠢ ᠨᠡᠷᠡᠰ ᠦᠭᠡ ᠶᠢᠨ ᠣᠯᠠᠩᠬᠢ ᠨᠢ ᠪᠦᠷ ᠡᠷᠳᠡᠨ ᠤ ᠬᠢᠳᠠᠳ ᠦᠰᠦᠭ ᠠᠴᠠ ᠢᠷᠡᠯᠳᠡ ᠲᠠᠢ ᠪᠣᠯᠬᠤᠷ᠂ ᠡᠳᠡᠭᠡᠷ ᠬᠢᠳᠠᠳ ᠦᠰᠦᠭ ᠤᠨ ᠡᠷᠳᠡᠨ ᠤ ᠠᠪᠢᠶ᠎ᠠ ᠠᠶᠠᠯᠭᠤ ᠶᠢ ᠲᠡᠮᠳᠡᠭᠯᠡᠭᠰᠡᠨ ᠣᠣᠯ ᠭᠠᠯᠢᠭ ︵ᠡᠨᠡᠬᠦ ᠭᠠᠯᠢᠭ ᠲᠣᠲᠣᠷ᠎ᠠ ᠨᠢ ᠴᠦ ᠬᠡᠳᠦᠨ ᠵᠦᠢᠯ  ᠤᠨ ᠠᠳᠠᠯᠢ ᠪᠣᠰᠣ ᠭᠠᠯᠢᠭ ᠬᠠᠷᠠᠭᠳᠠᠵᠣ ᠪᠠᠶᠢᠭ᠎ᠠ ᠲᠦᠯᠦᠪᠳᠡᠢ︶ ᠢ ᠨᠢᠭᠡᠴᠦ ᠦᠭᠡᠷᠡᠴᠢᠯᠡᠯ ᠦᠭᠡᠢ ᠬᠡᠷᠡᠭᠯᠡᠭᠰᠡᠨ  ᠠᠴᠠ ᠭᠠᠳᠠᠨ᠎ᠠ᠂ ᠦᠪᠡᠷ ᠤᠨ ᠬᠠᠮᠤᠭ ᠲᠦᠭᠦᠮ ᠭᠡᠵᠦ ᠰᠠᠨᠠᠭᠳᠠᠭᠰᠠᠨ ᠣᠳᠣ ᠦᠶ᠎ᠡ ᠶᠢᠨ ᠬᠢᠳᠠᠳ ᠦᠰᠦᠭ ᠤᠨ ᠯᠠᠲ᠋ᠢᠨ ᠭᠠᠯᠢᠭ ᠢ ᠵᠢᠭᠡᠯᠡᠨ ᠵᠠᠷᠢᠮ ᠦᠭᠡ ᠶᠢ ᠭᠠᠯᠢᠭᠴᠢᠯᠠᠨ ᠢᠯᠡᠳᠭᠡᠬᠦ ᠪᠠᠷ ᠣᠷᠣᠯᠳᠣᠵᠠᠢ᠃ ᠬᠡᠳᠦᠶᠢᠪᠡᠷ ᠺᠢᠷᠢᠯ ᠭᠠᠯᠢᠭ ᠢ ᠣᠷᠣᠭᠤᠯᠣᠨ ᠬᠡᠷᠡᠭᠯᠡᠶ᠎ᠡ ᠭᠡᠵᠦ ᠰᠠᠨᠠᠭᠰᠠᠨ ᠪᠣᠯᠪᠠᠴᠣ᠂ ᠺᠢᠷᠢᠯ ᠦᠰᠦᠭ ᠲᠤ ᠪᠣᠯᠪᠠᠰᠣᠷᠠᠩᠭᠤᠢ ᠪᠢᠰᠢ ᠲᠣᠯᠠ ᠬᠡᠷᠡᠭᠯᠡᠵᠦ ᠴᠢᠳᠠᠭᠰᠠᠨ ᠦᠭᠡᠢ ᠲᠠᠯᠪᠢᠪᠠ᠃ ᠡᠶᠢᠮᠦ ᠠᠴᠠ ᠦᠵᠡᠬᠦ ᠮᠡᠷᠭᠡᠳ ᠵᠠᠯᠠᠷᠠᠭᠤᠯᠣᠨ ᠦᠵᠡᠮᠦ ᠭᠡᠵᠦ ᠬᠦᠰᠡᠶ᠎ᠡ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号