ᠵᠢᠥᠢ ᠴᠢᠥᠢ ︵且渠︶ ᠭᠡᠳᠡᠭ ᠾᠦᠩᠨᠦ ᠦᠭᠡ ᠶᠢᠨ ᠠᠪᠢᠶ᠎ᠠ ᠣᠳᠬ᠎ᠠ ᠶᠢ ᠲᠣᠷᠰᠢᠨ ᠲᠠᠶᠢᠯᠪᠣᠷᠢᠯᠠᠬᠤ ᠨᠢ
ᠨᠡᠶᠢᠲᠡᠯᠡᠭᠰᠡᠨ ᠴᠠᠭ᠄
2021/3/19
ᠣᠣᠬᠠᠨ · ᠬᠠᠭᠳᠠ ᠵᠣᠬᠢᠶᠠᠪᠠ ᠬᠢᠳᠠᠳ ᠤᠨ ᠬᠠᠮᠤᠭ ᠡᠷᠳᠡᠨ ᠤ ᠲᠡᠣᠬᠡᠨ ᠪᠢᠴᠢᠭ ᠪᠣᠯᠬᠤ ︽ᠰᠣᠳᠣᠷ ᠲᠡᠮᠳᠡᠭᠯᠡᠯ︾ ᠳᠤ ᠲᠡᠮᠳᠡᠭᠯᠡᠭᠰᠡᠨ ᠢᠶᠠᠷ ᠾᠦᠩᠨᠦ ᠲᠦᠷᠦ ᠳᠤ ᠲᠡᠭᠦᠨ ᠤ ᠵᠡᠭᠦᠨ ᠪᠠᠷᠠᠭᠤᠨ ᠮᠡᠷᠭᠡᠨ ᠸᠠᠩ᠂ ᠵᠡᠭᠦᠨ ᠪᠠᠷᠠᠭᠤᠨ ᠯᠣ᠋ ᠯᠢ ᠸᠠᠩ ᠤᠨ ᠡᠵᠡᠯᠡᠵᠦ ᠣᠯᠣᠰ ᠣᠷᠣᠨ ᠨᠢ ᠬᠠᠮᠤᠭ ᠶᠡᠭᠡ ᠪᠠᠶᠢᠵᠣ ᠁ ᠵᠡᠭᠦᠨ ᠪᠠᠷᠠᠭᠤᠨ ᠬᠤᠲᠣᠬᠤ ᠨᠢ ᠲᠦᠷᠦ ᠶᠢ ᠲᠦᠰᠢᠳᠡᠭ᠂ ᠪᠦᠬᠦ ᠬᠤᠷᠢᠨ ᠲᠦᠷᠪᠡᠨ ᠲᠡᠰ ᠤᠨ ᠲᠠᠷᠤᠭ᠎ᠠ ᠨᠣᠶᠠᠳ ᠨᠢ ᠪᠦᠷ ᠦᠪᠡᠷ ᠤᠨ ᠬᠠᠷᠢᠶᠠᠳᠣ ᠲᠣᠲᠣᠷᠠᠬᠢ ᠮᠢᠩᠭᠠᠳᠣ᠂ ᠵᠠᠭᠤᠳᠣ᠂ ᠠᠷᠪᠠᠳᠣ᠂ ᠦᠴᠦᠬᠡᠨ ᠸᠠᠩ᠂ ᠵᠠᠶᠢᠰᠠᠩ᠂ ᠳ᠋ᠦ᠋ ᠸᠧᠢ᠂ ᠳ᠋ᠠᠩ ᠬᠣ᠋ ︵ᠲᠣᠩᠬᠠᠶᠢᠳ︶᠂ ᠵᠢᠥᠢ ᠴᠢᠥᠢ ᠨᠡᠷ ᠢᠶᠠᠨ ᠲᠣᠮᠢᠯᠠᠬᠤ ᠡᠷᠬᠡ ᠲᠠᠢ ᠭᠡᠵᠡᠢ᠃ ︽ ᠶᠢᠨ ᠣᠯᠣᠰ ᠤᠨ ᠪᠢᠴᠢᠭ︾ ᠤᠨ ᠲᠦᠷᠪᠡᠨ ᠬᠠᠷᠢᠴᠣᠳ ᠤᠨ ᠴᠠᠳᠢᠭ ᠲᠤ 且渠 ᠶᠢ 沮渠 ᠭᠡᠵᠦ ᠪᠢᠴᠢᠵᠦ᠂ ᠪᠦ᠋ ᠣᠪᠣᠭᠳᠠᠨ ︵ᠰᠢᠥᠢ ᠪᠦ᠋ ᠣᠪᠣᠭᠳᠠᠨ᠂ ᠪᠠᠰᠠ ᠰᠢᠪᠸᠢ ᠣᠪᠣᠭᠳᠠᠨ ᠤ ᠲᠣᠪᠴᠢᠯᠠᠯ︶ ᠦᠶ᠎ᠡ ᠣᠯᠠᠷᠢᠨ ᠲᠠᠷᠣᠭᠠᠯᠠᠨ᠎ᠠ ᠭᠡᠵᠡᠢ᠃ ᠬᠤᠵᠢᠮ ᠤᠨ ᠬᠦᠮᠦᠰ ᠤᠨ ᠦᠵᠡᠬᠦ  ᠪᠠᠷ ᠵᠢᠥᠢ ᠴᠢᠥᠢ ᠶᠢ ᠪᠣᠯ ᠪᠣᠭᠳᠠ ᠴᠠᠨ ᠢᠥᠢ ︵冒顿︶ ᠶᠢᠨ ᠦᠶ᠎ᠡ ᠳᠤ ᠲᠠᠯᠪᠢᠭᠰᠠᠨ ᠲᠣᠮᠳᠠ ᠲᠣᠣᠷ᠎ᠠ ᠲᠡᠰ ᠤᠨ ᠴᠡᠷᠢᠭ ᠣᠳᠣᠷᠢᠳᠬᠤ ᠨᠣᠶᠠᠨ ᠮᠦᠨ᠂ ᠲᠡᠳᠡᠨᠡᠷ ᠲᠤ ᠲᠣᠭᠳᠠᠭᠰᠠᠨ ᠪᠠᠶᠢᠷᠢ ᠰᠠᠭᠤᠷᠢ ᠪᠠ ᠵᠡᠷᠭᠡ ᠲᠡᠰ ᠪᠠᠶᠢᠬᠤ ᠦᠭᠡᠢ᠂ ᠲᠣᠣᠷᠠᠬᠢ ᠬᠦᠮᠦᠨ ᠤ ᠬᠢᠨᠢ ᠣᠯᠠᠨ ᠴᠦᠬᠡᠨ ᠢᠶᠠᠷ ᠵᠡᠷᠭᠡ ᠲᠡᠰ ᠢ ᠨᠢ ᠲᠣᠭᠳᠠᠭᠠᠨ᠎ᠠ ᠭᠡᠪᠡ᠃ ᠬᠢᠳᠠᠳ ᠲᠡᠣᠬᠡ ᠰᠣᠷᠪᠣᠯᠵᠢ ᠠᠴᠠ ᠦᠵᠡᠪᠡᠯ ᠵᠢᠥᠢ ᠴᠢᠥᠢ ᠭᠡᠪᠡᠯ ᠾᠦᠩᠨᠦ ᠲᠦᠷᠦ ᠲᠣᠲᠣᠷᠠᠬᠢ ᠴᠠᠨ ᠢᠥᠢ ᠨᠡᠷ  ᠠᠴᠠ ᠭᠠᠳᠠᠨ᠎ᠠ᠂ ᠬᠠᠷᠢ ᠣᠪᠣᠭᠳᠠᠨ ᠤ ᠬᠦᠮᠦᠰ ᠢᠶᠠᠷ ᠪᠦᠷᠢᠯᠳᠦᠳᠡᠭ ᠲᠦᠰᠢᠮᠡᠯ ᠰᠠᠶᠢᠳ ᠤᠨ ᠦᠶ᠎ᠡ ᠣᠯᠠᠷᠢᠭᠰᠠᠨ ᠵᠡᠷᠭᠡ ᠲᠣᠰᠢᠶᠠᠯ ᠤᠨ ᠨᠡᠷ᠎ᠡ ᠴᠣᠯᠠ ᠪᠣᠯᠣᠨ᠎ᠠ᠃ ᠰᠢᠯᠳᠠᠭᠠᠨ ᠭᠡᠪᠡᠯ ᠾᠦᠩᠨᠦ ᠲᠦᠷᠦ ᠳᠤ ᠦᠨᠳᠦᠷ ᠵᠡᠷᠭᠡ ᠶᠢᠨ ᠸᠠᠩ ᠭᠦᠩ ᠮᠡᠳᠦ ᠶᠢᠨ ᠨᠣᠶᠠᠨ ᠵᠡᠷᠭᠡ ᠶᠢ ᠪᠣᠯ ᠪᠦᠷ ᠴᠠᠨ ᠢᠥᠢ ᠶᠢᠨ ᠬᠦᠪᠡᠭᠦᠳ ᠲᠡᠭᠦᠥ ᠨᠡᠷ ᠠᠴᠠ ᠪᠦᠷᠢᠯᠳᠣᠵᠣ ᠂ ᠬᠠᠷᠢ ᠣᠪᠣᠭᠳᠠᠨ ᠸᠠᠩ ᠤᠨ ᠵᠡᠷᠭᠡ ᠳᠤ ᠡᠷᠭᠦᠮᠵᠢᠯᠡᠬᠦ ᠦᠭᠡᠢ ᠬᠠᠳᠠᠭᠤ ᠲᠢᠭᠯᠢᠮ ᠲᠠᠢ ᠪᠠᠶᠢᠭᠰᠠᠨ ᠪᠣᠯᠬᠤᠷ ᠾᠦᠩᠨᠦ ᠲᠦᠷᠦ ᠳᠤ ᠵᠢᠥᠢ ᠴᠢᠥᠢ᠂ ᠬᠤᠲᠣᠬᠤ᠂ ᠲᠣᠩᠬᠠᠶᠢᠳ᠂ ᠢᠯᠳᠦᠨ ᠵᠡᠷᠭᠡ ᠶᠢᠨ ᠬᠠᠷᠢ ᠣᠪᠣᠭᠳᠠᠨ ᠢᠶᠠᠷ ᠲᠠᠷᠣᠭᠠᠯᠠᠭᠰᠠᠨ ᠲᠣᠮᠳᠠ ᠲᠣᠣᠷᠠᠳᠣ ᠲᠡᠰ ᠤᠨ ᠵᠡᠷᠭᠡ ᠳᠣᠰᠢᠶᠠᠯ ᠢ ᠴᠦ ᠪᠦᠷ ᠲᠠᠷᠣᠭᠠᠯᠠᠵᠣ ᠪᠠᠶᠢᠭ᠎ᠠ ᠬᠦᠮᠦᠰ ᠤᠨ ᠣᠪᠣᠭ ᠲᠦᠷᠦᠯ ᠲᠣᠲᠣᠷ᠎ᠠ ᠠᠴᠠ ᠦᠶ᠎ᠡ ᠣᠯᠠᠷᠢᠨ ᠵᠠᠯᠭᠠᠮᠵᠢᠯᠠᠬᠤ ᠵᠢᠷᠣᠮ ᠭᠤᠷᠢᠮ ᠲᠠᠢ ᠪᠠᠶᠢᠵᠠᠢ᠃ ᠬᠤᠵᠢᠮ ᠡᠨᠡᠬᠦ ᠨᠣᠶᠠᠨ ᠵᠡᠷᠭᠡ ᠶᠢᠨ ᠨᠡᠷᠡᠶᠢᠳᠦᠯ ᠠᠴᠠ ᠵᠢᠥᠢ ᠴᠢᠥᠢ ᠭᠡᠳᠡᠭ ᠣᠪᠣᠭ ᠰᠠᠯᠪᠣᠷᠢᠯᠠᠨ ᠭᠠᠷᠣᠭᠰᠠᠨ ᠶᠣᠮ᠃ ᠡᠶᠢᠮᠦ ᠠᠴᠠ ᠂ ᠵᠢᠥᠢ ᠴᠢᠥᠢ ᠭᠡᠪᠡᠯ ᠾᠦᠩᠨᠦ ᠲᠦᠷᠦ ᠶᠢᠨ ᠵᠡᠷᠭᠡ ᠲᠣᠰᠢᠶᠠᠯ ᠤᠨ ᠨᠡᠷ᠎ᠡ ᠪᠠᠶᠢᠬᠤ ᠳᠤ ᠪᠠᠰᠠ ᠾᠦᠩᠨᠦ ᠬᠦᠮᠦᠰ  ᠤᠨ ᠨᠢᠭᠡ ᠣᠪᠣᠭ ᠣᠭᠰᠠᠭ᠎ᠠ ᠶᠢᠨ ᠨᠡᠷᠡᠶᠢᠳᠦᠯ ᠴᠦ ᠪᠠᠶᠢᠵᠠᠢ᠃ ᠲᠣᠷᠣᠭᠰᠢ ᠵᠢᠥᠢ ᠴᠢᠥᠢ ᠭᠡᠳᠡᠭ ᠬᠤᠶᠠᠷ ᠬᠢᠳᠠᠳ ᠦᠰᠦᠭ ᠤᠨ ᠡᠷᠳᠡᠨ ᠤ ᠠᠪᠢᠶ᠎ᠠ ᠣᠳᠬ᠎ᠠ ᠶᠢ ᠲᠣᠪᠴᠢᠯᠠᠨ ᠰᠢᠨᠵᠢᠯᠡᠵᠣ ᠦᠵᠡᠶ᠎ᠡ᠃ 且 ︵ᠵᠢᠥᠢ︶᠄ ᠸᠢᠺᠢ ᠴᠢᠯᠦᠭᠡᠳᠦ ᠲᠣᠯᠢ᠄ 《 ᠭᠤᠸᠠᠩ ᠶᠦᠨ 》《 ᠵᠢᠢ ᠶᠦᠨ 》《 ᠶᠦᠨ ᠾᠦᠢ 》 ᠲᠣᠯᠢ ᠳᠤ 淺野切 ᠭᠡᠵᠦ᠂ 《 ᠵᠧᠩ ᠶᠦᠨ 》 ᠲᠣᠯᠢ ᠳᠤ 七野切 ᠭᠡᠳ ᠪᠦᠷ 跙 ᠠᠪᠢᠶ᠎ᠠ ᠲᠠᠢ ᠭᠡᠵᠡᠢ᠃ ᠪᠠᠰᠠ 《 ᠵᠢᠢ ᠶᠦᠨ 》《 ᠶᠦᠨ ᠾᠦᠢ 》《 ᠵᠧᠩ ᠶᠦᠨ 》 ᠲᠣᠯᠢ ᠨᠤᠭᠤᠳ ᠪᠦᠷ ᠨᠢᠭᠡᠨ ᠠᠳᠠᠯᠢ ᠪᠠᠷ 子余切 ᠭᠡᠵᠦ᠂ 疽 ᠪᠠᠷ ᠣᠩᠰᠢᠨ᠎ᠠ ᠭᠡᠵᠡᠢ᠃ ᠬᠢᠳᠠᠳ ᠬᠡᠯᠡᠨ ᠤ ᠯᠠᠲ᠋ᠢᠨ ᠭᠠᠯᠢᠭ ᠢᠶᠠᠷ qiě ︵ᠴᠢᠶᠧ︶᠂ jū ︵ᠵᠢᠥᠢ︶᠂ zǔ ︵ᠽᠦ᠋︶᠂ cú ︵ᠼᠦ᠋︶ ᠭᠡᠳᠡᠭ ᠣᠯᠠᠨ ᠠᠪᠢᠶ᠎ᠠ ᠲᠠᠢ ᠭᠡᠵᠡᠢ᠃ ᠶᠣᠸᠠᠢ ᠬᠡᠯᠡᠨ ᠤ ᠯᠠᠲ᠋ᠢᠨ ᠭᠠᠯᠢᠭ ᠨᠢ ce2᠂ ceoi᠂ zeoi1᠂ cou4 ᠵᠡᠷᠭᠡ ᠪᠣᠢ ᠭᠡᠪᠡ᠃ 且 ︵Jū︶ ᠶᠢᠨ ᠲᠣᠮᠳᠠᠳᠣ ᠡᠷᠳᠡᠨ ᠤ ᠠᠪᠢᠶ᠎ᠠ ᠨᠢ tsjo ᠭᠡᠵᠦ᠂ ᠲᠡᠭᠡᠳᠦ ᠡᠷᠳᠡᠨ ᠤ ᠠᠪᠢᠶ᠎ᠠ /*tsa/ ᠭᠡᠵᠦ᠂ 且 ︵Qiě︶ ᠶᠢᠨ ᠲᠣᠮᠳᠠᠳᠣ ᠡᠷᠳᠡᠨ ᠤ ᠠᠪᠢᠶ᠎ᠠ ᠶᠢ tshjæX ᠭᠡᠵᠦ᠂ ᠲᠡᠭᠡᠳᠦ ᠡᠷᠳᠡᠨ ᠤ ᠠᠪᠢᠶ᠎ᠠ ᠶᠢ /*tsʰaʔ ᠪᠣᠶᠣ {*[tsʰ]Aʔ}/ ᠭᠡᠵᠡᠢ᠃ ᠲᠣᠰ ᠦᠰᠦᠭ ᠤᠨ ᠶᠠᠫᠣᠨ ᠬᠡᠯᠡᠨ ᠳᠠᠬᠢ ᠠᠪᠢᠶᠠᠨ ᠣᠩᠰᠢᠯᠭ᠎ᠠ ᠨᠢ しゃ (sha) ᠪᠣᠯᠣᠨ しょ (sho) ᠭᠡᠵᠦ᠂ ᠺᠣᠷᠢᠶ᠎ᠠ ᠬᠡᠯᠡᠨ ᠳᠤ ᠠᠪᠢᠶᠠᠨ ᠣᠩᠰᠢᠯᠭ᠎ᠠ ᠨᠢ 차 (cha) ᠪᠣᠯᠣᠨ 저 (ce) ᠪᠠᠰᠠ 조 (co) ᠭᠡᠵᠡᠢ᠃ ᠸᠢᠶᠧᠲᠨᠠᠮ ᠬᠡᠯᠡᠨ ᠤ ᠠᠪᠢᠶ᠎ᠠ ᠨᠢ thả᠂ thư᠂ tồ᠂ và᠂ vã᠂ vả ᠮᠡᠳᠦ ᠣᠯᠠᠨ ᠵᠦᠢᠯ ᠪᠠᠶᠢᠭ᠎ᠠ ᠠᠵᠠᠢ᠃ ︽ᠬᠠᠨ ᠳ᠋ᠢᠶᠠᠨ ᠰᠦᠯᠵᠢᠶ᠎ᠡ︾᠄ ᠣᠳᠣ ᠦᠶ᠎ᠡ ᠶᠢᠨ ᠠᠪᠢᠶᠠᠨ ᠤ ᠯᠠᠲ᠋ᠢᠨ ᠭᠠᠯᠢᠭ qiě᠂ jū ᠭᠡᠵᠦ ᠬᠤᠶᠠᠷ ᠪᠠᠶᠢᠵᠣ᠂ ᠲᠡᠯᠡᠬᠡᠢ ᠨᠡᠶᠢᠳᠡ ᠶᠢᠨ ᠠᠪᠢᠶᠠᠨ ᠭᠠᠯᠢᠭ ᠢᠶᠠᠷ tɕʰiɛ˨˩˦᠂ tɕy˥ ᠭᠡᠵᠦ᠂ ᠲᠠᠩ ᠣᠯᠣᠰ ᠤᠨ ᠦᠶ᠎ᠡ ᠶᠢᠨ ᠠᠪᠢᠶ᠎ᠠ ᠨᠢ *tsiǎ ᠭᠡᠵᠡᠢ᠃ ᠶᠠᠫᠣᠨ ᠬᠡᠯᠡᠨ ᠤ ᠠᠪᠢᠶᠠᠨ ᠣᠩᠰᠢᠯᠭ᠎ᠠ ᠪᠠᠷ かつ᠂ katu ᠭᠡᠵᠦ᠂ ᠺᠣᠷᠢᠶ᠎ᠠ ᠬᠡᠯᠡᠨ ᠳᠤ CHA CE ᠭᠡᠵᠦ᠂ ᠸᠢᠶᠧᠲᠨᠠᠮ ᠬᠡᠯᠡᠨ ᠳᠤ thả ᠭᠡᠳᠡᠭ ᠭᠡᠵᠡᠢ᠃ ᠬᠢᠳᠠᠳ ᠬᠡᠯᠡᠨ ᠤ ᠨᠣᠳᠤᠭ ᠤᠨ ᠠᠪᠢᠶᠠᠨ ᠳᠤ ᠺᠧ ᠵᠢᠶᠠ ᠬᠡᠯᠡᠨ ᠤ ᠪᠣᠣ ᠠᠨ ᠠᠪᠢᠶᠠᠨ ᠳᠤ cia3᠂ ᠮᠸᠢ ᠰᠢᠶᠠᠨ ᠠᠪᠢᠶᠠᠨ ᠳᠤ cia3᠂ ᠬᠠᠢ ᠯᠣ᠋ ᠠᠪᠢᠶᠠᠨ ᠳᠤ cia3᠂ ᠺᠧ ᠵᠢᠶᠠ ᠠᠩᠭ᠍ᠯᠢ ᠲᠣᠯᠢᠨ ᠳᠤ cia3᠂ ᠳ᠋ᠦᠩ ᠭᠤᠸᠠᠨ ᠠᠪᠢᠶᠠᠨ ᠳᠤ cia3᠂ ᠱᠠ ᠲᠸᠥ ᠵᠢᠶᠣᠣ ᠠᠪᠢᠶᠠᠨ ᠳᠤ cia3 ᠺᠧ ᠵᠢᠶᠠ ᠬᠡᠯᠡᠨ ᠤ ᠯᠠᠲ᠋ᠢᠨ ᠭᠠᠯᠢᠭ  ᠲᠤ qia3᠂ ᠲᠠᠶᠢᠸᠠᠨ ᠤ ᠲᠦᠷᠪᠡᠨ ᠰᠢᠶᠠᠨ ᠢᠶᠠᠷ cia3 ᠭᠡᠳᠡᠭ ᠭᠡᠵᠡᠢ᠃ ᠶᠣᠸᠠᠢ ᠬᠡᠯᠡᠨ ᠳᠤ ᠪᠣᠯ ce2᠂ zeoi1᠂ zoeng1 ᠵᠡᠷᠭᠡ ᠪᠠᠶᠢᠵᠣ᠂ ᠴᠣᠣᠵᠸᠥ ᠬᠡᠯᠡᠨ ᠳᠤ cian2 (chhíaⁿ) ᠭᠡᠳᠡᠭ ᠭᠡᠵᠡᠢ᠃ ᠲᠡᠭᠡᠳᠦ ᠡᠷᠳᠡᠨ ᠤ ᠠᠪᠢᠶ᠎ᠠ ᠶᠢ shjaːʔ᠂ ʔsa ᠭᠡᠵᠦ ᠴᠢᠨ ᠠᠴᠠ ᠡᠮᠦᠨᠡᠬᠢ ᠠᠪᠢᠶ᠎ᠠ ᠠᠶᠠᠯᠭᠤ ᠶᠢᠨ ᠰᠢᠰᠲ᠋ᠧᠮ ᠳᠤ᠂ ᠠᠪᠢᠶ᠎ᠠ ᠨᠢ tsʰ ᠪᠣᠯᠣᠨ ts ᠪᠠᠶᠢᠵᠣ᠂ ᠠᠶᠠᠯᠭᠤ ᠨᠢ i̯ɔ᠂ ia᠂ jăɡ ᠵᠡᠷᠭᠡ ᠪᠣᠢ ᠭᠡᠵᠡᠢ᠃ ᠲᠣᠰ ᠦᠰᠦᠭ ᠤᠨ ᠡᠷᠳᠡᠨ ᠤ ᠠᠪᠢᠶ᠎ᠠ ᠶᠢ ᠬᠢᠳᠠᠳ ᠬᠡᠯᠡᠨ ᠳᠤ tsjo ᠭᠡᠵᠦ ᠣᠶᠢᠷᠠᠯᠴᠠᠭ᠎ᠠ ᠪᠠᠷ ᠵᠢᠶᠣᠣ ᠪᠣᠶᠣ ᠵᠣᠣ zho ︵ᠲᠦᠷᠪᠡᠳᠦᠭᠡᠷ ᠡᠭᠡᠰᠢᠭ︶ ᠵᠦᠭ ᠲᠤ ᠮᠠᠰᠢ ᠣᠶᠢᠷᠠᠬᠠᠨ ᠠᠪᠢᠶᠠᠯᠠᠵᠣ ᠪᠠᠶᠢᠭ᠎ᠠ᠃ 渠 ︵ᠴᠢᠥᠢ︶᠄ ᠸᠢᠺᠢ ᠴᠢᠯᠦᠭᠡᠳᠦ ᠲᠣᠯᠢ᠄ ᠣᠳᠣ ᠦᠶ᠎ᠡ ᠶᠢᠨ ᠠᠪᠢᠶ᠎ᠠ ᠨᠢ qú᠂ ᠲᠣᠮᠳᠠᠳᠣ ᠡᠷᠳᠡᠨ ᠤ ᠠᠪᠢᠶ᠎ᠠ ᠨᠢ gjo᠂ ᠲᠡᠭᠡᠳᠦ ᠡᠷᠳᠡᠨ ᠤ ᠠᠪᠢᠶ᠎ᠠ ᠨᠢ /*ɡa {*[ɡ](r)a}/᠃ ᠬᠢᠳᠠᠳ ᠬᠡᠯᠡᠨ ᠤ ᠯᠠᠲ᠋ᠢᠨ ᠭᠠᠯᠢᠭ ᠢᠶᠠᠷ qú ᠪᠣᠯᠣᠨ jù᠃ ᠶᠣᠸᠠᠢ ᠬᠡᠯᠡᠨ ᠤ ᠭᠠᠯᠢᠭ ᠢᠶᠠᠷ keoi4 ᠭᠡᠵᠡᠢ᠃ ᠶᠠᠫᠣᠨ ᠬᠡᠯᠡᠨ ᠤ ᠠᠪᠢᠶᠠᠨ ᠣᠩᠰᠢᠯᠭ᠎ᠠ ᠨᠢ きょ(kyo)᠃ ᠺᠣᠷᠢᠶ᠎ᠠ ᠬᠡᠯᠡᠨ ᠤ ᠠᠪᠢᠶᠠᠨ ᠣᠩᠰᠢᠯᠭ᠎ᠠ ᠨᠢ 거 (ke)᠂ ᠸᠢᠶᠧᠲᠨᠠᠮ ᠬᠡᠯᠡᠨ ᠳᠤ cừ᠂ cự᠂ gừa᠂ khờ ᠵᠡᠷᠭᠡ ᠣᠯᠠᠨ ᠠᠪᠢᠶ᠎ᠠ ᠲᠠᠢ ᠭᠡᠵᠡᠢ᠃ ︽ᠬᠠᠨ ᠳ᠋ᠢᠶᠠᠨ ᠰᠦᠯᠵᠢᠶ᠎ᠡ︾ ᠣᠳᠣ ᠦᠶ᠎ᠡ ᠶᠢᠨ ᠠᠪᠢᠶ᠎ᠠ qú᠂ jù᠃ 《 ᠱᠦᠸᠧ ᠸᠧᠨ ᠵᠢᠶᠧ ᠽᠢ ᠲᠣᠯᠢ 》᠄ 从水,榘省聲 ᠭᠡᠵᠡᠢ᠃ 【 ᠲᠠᠩ ᠶᠦᠨ 】彊魚切᠂ 【 ᠵᠢᠢ ᠶᠦᠨ 】【 ᠶᠦᠨ ᠾᠦᠢ 】【 ᠵᠧᠩ ᠶᠦᠨ 】 ᠵᠡᠷᠭᠡ ᠪᠦᠷ 求於切 ᠭᠡᠵᠦ ᠪᠦᠷ 蕖 ᠭᠡᠵᠦ ᠠᠪᠢᠶᠠᠯᠠᠨ᠎ᠠ ᠭᠡᠪᠡ᠃ ᠲᠠᠩ ᠣᠯᠣᠰ ᠤᠨ ᠦᠶ᠎ᠡ ᠶᠢᠨ ᠠᠪᠢᠶ᠎ᠠ ᠨᠢ ghio᠂ ᠶᠠᠫᠣᠨ ᠬᠡᠯᠡᠨ ᠤ ᠠᠪᠢᠶ᠎ᠠ ᠨᠢ きょ(kyo)᠂ ᠺᠣᠷᠢᠶ᠎ᠠ ᠬᠡᠯᠡᠨ ᠳᠤ KE 거᠂ ᠸᠢᠶᠧᠲᠨᠠᠮ ᠬᠡᠯᠡᠨ ᠳᠤ cừ ᠭᠡᠵᠡᠢ᠃ ᠬᠢᠳᠠᠳ ᠨᠣᠳᠤᠭ ᠤᠨ ᠠᠪᠢᠶᠠᠨ ᠳᠤ᠄ ᠺᠧ ᠵᠢᠶᠠ ᠬᠡᠯᠡᠨ ᠤ ᠭᠠᠯᠢᠭ ᠲᠤ ki2᠂ ᠲᠠᠶᠢᠸᠠᠨ ᠤ ᠲᠦᠷᠪᠡᠨ ᠰᠢᠶᠠᠨ ᠳᠤ ki2 ᠪᠣᠯᠣᠨ gi2᠂ ᠳ᠋ᠦᠩ ᠭᠤᠸᠠᠨ ᠠᠪᠢᠶᠠᠨ  ᠳᠤ ki2᠂ ᠬᠠᠢ ᠯᠣ᠋ ᠠᠪᠢᠶᠠᠨ ᠳᠤ ki2 ᠪᠣᠯᠣᠨ gi2᠂ ᠪᠣᠣ ᠠᠨ ᠠᠶᠠᠯᠭᠤ ᠳᠤ ki2᠂ ᠮᠸᠢ ᠰᠢᠶᠠᠨ ᠠᠶᠠᠯᠭᠤ  ᠳᠤ ki2 ᠭᠡᠵᠡᠢ᠃ ᠶᠣᠸᠠᠢ ᠬᠡᠯᠡᠨ ᠳᠤ keoi4 ᠭᠡᠪᠡ᠃ ᠲᠡᠭᠡᠳᠦ ᠡᠷᠳᠡᠨ ᠤ ᠠᠪᠢᠶ᠎ᠠ ᠨᠢ ɡa᠂ ᠡᠷᠳᠡᠮᠳᠡᠳ ᠤᠨ ᠰᠡᠷᠭᠦᠭᠡᠭᠰᠡᠨ ᠠᠪᠢᠶ᠎ᠠ gi̯wo᠂ ɡĭo᠂ ɡiɔ ᠵᠡᠷᠭᠡ ᠪᠣᠢ᠃ ᠴᠢᠨ ᠠᠴᠠ ᠡᠮᠦᠨᠡᠬᠢ ᠠᠪᠢᠶ᠎ᠠ ᠠᠶᠠᠯᠭᠤ ᠶᠢᠨ ᠰᠢᠰᠲ᠋ᠧᠮ ᠳᠤ᠄ ᠠᠪᠢᠶ᠎ᠠ ɡʰ ᠪᠣᠯᠣᠨ ɡ ᠃ ᠠᠶᠠᠯᠭᠤ i̯o᠂ ǐa᠂ jaɡ ᠵᠡᠷᠭᠡ ᠪᠣᠢ ᠭᠡᠵᠡᠢ᠃ ᠴᠢᠥᠢ ᠶᠢᠨ ᠠᠪᠢᠶ᠎ᠠ ᠨᠢ gi̯wo ᠪᠣᠶᠣ ɡĭɔ᠃ ᠮᠣᠩᠭᠤᠯ ᠬᠡᠯᠡᠨ ᠤ go ︵ᠲᠦᠷᠪᠡᠳᠦᠭᠡᠷ ᠡᠭᠡᠰᠢᠭ︶  ᠠᠴᠠ ᠣᠶᠢᠷᠠᠯᠴᠠᠭ᠎ᠠ ᠰᠣᠨᠣᠰᠳᠠᠨ᠎ᠠ᠃ 沮渠 ᠶᠢᠨ ᠡᠷᠳᠡᠨ ᠤ ᠠᠪᠢᠶᠠᠨ ᠤ ᠰᠡᠷᠭᠦᠭᠡᠯᠳᠡ᠄ ᠵᠠᠭᠤᠳ ︵dʒɔːt︶ ᠶᠢᠨ ᠡᠷᠳᠡᠨ ᠤ ᠠᠪᠢᠶ᠎ᠠ ᠪᠣᠯᠬᠤ dʒɔːgot ᠶᠢᠨ ᠬᠢᠳᠠᠳ ᠦᠰᠦᠭ ᠤᠨ ᠭᠠᠯᠢᠭᠴᠢᠯᠠᠯ ᠪᠣᠯᠣᠨ᠎ᠠ ᠭᠡᠵᠦ ᠲᠠᠭᠠᠮᠠᠭᠯᠠᠵᠣ ᠪᠠᠶᠢᠨ᠎ᠠ᠃ ᠲᠣᠰ ᠨᠡᠷ᠎ᠡ ᠦᠭᠡ ᠶᠢᠨ ᠠᠪᠢᠶᠠᠨ ᠤ ᠲᠣᠬᠠᠢ ︽ᠶᠡᠭᠡ ᠲᠠᠩ ᠤᠨ ᠪᠠᠷᠠᠭᠤᠨ ᠣᠷᠣᠨ ᠤ ᠲᠡᠮᠳᠡᠭᠯᠡᠯ︾ ᠨᠣᠮ ᠳᠤ ᠲᠠᠩ ᠰᠢᠥᠸᠠᠨ ᠽᠠᠩ ᠮᠠᠰᠢ ᠲᠣᠲᠣᠷᠬᠠᠢ ᠲᠠᠶᠢᠯᠪᠣᠷᠢ ᠬᠢᠭᠰᠡᠨ ᠶᠣᠮ᠃ ᠲᠣᠪᠴᠢᠯᠠᠨ ᠬᠠᠭᠤᠯᠠᠪᠠᠰᠣ ᠲᠣᠣᠷᠠᠬᠢ ᠮᠡᠳᠦ ᠄ ᠺᠢᠶᠠᠱᠠ ︵佉沙 ᠲᠠᠷᠣᠢ ᠣᠳᠣᠬᠢ 喀什︶ ᠣᠯᠣᠰ ᠠᠴᠠ ᠵᠡᠭᠦᠨ ᠡᠮᠦᠨᠡᠰᠢ ᠲᠠᠪᠣᠨ ᠵᠠᠭᠤ ᠭᠠᠷᠣᠢ ᠭᠠᠵᠠᠷ ᠶᠠᠪᠣᠪᠠᠰᠣ᠂ ᠵᠠᠭᠤᠭᠠᠳ ︵斫句迦︶ ᠣᠯᠣᠰ ᠲᠤ ᠬᠦᠷᠦᠨ᠎ᠡ᠃ ᠲᠣᠰ ᠣᠯᠣᠰ ᠢ ᠡᠷᠳᠡ ᠦᠶ᠎ᠡ  ᠳᠤ ᠵᠢᠥᠢ ᠴᠢᠥᠢ ᠬᠡᠮᠡᠳᠡᠭ ᠪᠠᠶᠢᠯᠤᠭ᠎ᠠ᠃ ᠵᠠᠭᠤᠭᠠᠳ ᠣᠯᠣᠰ ᠠᠴᠠ ᠵᠡᠭᠦᠨᠰᠢ ᠨᠠᠢᠮᠠᠨ ᠵᠠᠭᠤ ᠭᠠᠷᠣᠢ ᠭᠠᠵᠠᠷ ᠵᠠᠮᠨᠠᠪᠠᠰᠣ 瞿萨旦那 ︵ᠡᠷᠳᠡᠨ ᠤ ᠨᠡᠷ᠎ᠡ ᠨᠢ ᠬᠦᠰᠠᠨᠳᠠᠷᠢᠯ ᠭᠡᠵᠦ ᠲᠠᠩ ᠣᠯᠣᠰ ᠤᠨ ᠦᠶ᠎ᠡ ᠳᠤ ᠡᠨᠡᠳᠬᠡᠭᠴᠥᠳ ᠲᠡᠭᠦᠨ ᠢ ᠬᠦᠰᠠᠨᠳᠠᠨᠠ ᠭᠡᠳᠡᠭ ᠪᠣᠯᠵᠠᠢ᠃ ᠠᠳᠡ ᠲᠡᠭᠦᠨ ᠤ ᠡᠬᠢᠨ ᠤ ᠬᠦ᠊ ᠶᠢ ᠶᠡᠷᠦᠳᠡᠭᠡᠨ Hyu  ᠪᠠᠷ ᠠᠪᠢᠶᠠᠯᠠᠵᠣ ᠪᠠᠶᠢᠭᠰᠠᠨ ᠢᠶᠠᠨ ᠬᠤᠵᠢᠮ ᠾᠦᠩᠨᠦᠴᠦᠳ ᠰᠢᠭᠤᠳ ᠾᠢᠰ ᠳ᠋ᠠᠨ ᠭᠡᠵᠦ ᠨᠡᠷᠡᠶᠢᠳᠦᠨ᠂ ᠨᠣᠳᠤᠭ  ᠤᠨ ᠬᠦᠮᠦᠰ ᠨᠢ ᠬᠤᠲ᠋ᠠᠨ ᠭᠡᠳᠡᠭ ᠪᠣᠯᠪᠠ︶ ᠣᠯᠣᠰ ᠲᠤ ᠬᠦᠷᠦᠨ᠎ᠡ᠃ ᠬᠦᠰᠠᠨᠳᠠᠨᠠ ᠣᠯᠣᠰ ᠢ ᠡᠷᠳᠡ ᠦᠶ᠎ᠡ ᠳᠤ ᠾᠢᠶᠣᠰᠲ᠋ᠢᠶᠠᠨ ︵于阗᠂ ᠾᠢᠰ ᠲᠢᠶᠠᠨ᠂ ᠢᠥᠢ ᠲᠢᠶᠠᠨ︶ ᠬᠡᠮᠡᠳᠡᠭ ᠪᠦᠯᠦᠭᠡ ᠭᠡᠵᠡᠢ᠃ 斫句迦 ᠶᠢᠨ ᠣᠳᠣ ᠦᠶ᠎ᠡ ᠶᠢᠨ ᠠᠪᠢᠶ᠎ᠠ ᠨᠢ 斫zhuó᠂ 句gōu᠂ 迦jiā᠃ ᠭᠡᠪᠡᠴᠦ ᠲᠣᠮᠳᠠᠳᠣ ᠡᠷᠳᠡᠨ ᠤ ᠦᠶ᠎ᠡ᠂ ᠲᠠᠷᠣᠢ ᠲᠠᠩᠰᠤᠭ ᠯᠠᠮ᠎ᠠ ᠶᠢᠨ ᠲᠡᠷᠡ ᠦᠶ᠎ᠡ ᠳᠤ 斫 ᠶᠢᠨ ᠠᠪᠢᠶ᠎ᠠ ᠨᠢ jiɑk ᠪᠠᠶᠢᠵᠣ᠂ 句 ᠶᠢᠨ ᠠᠪᠢᠶ᠎ᠠ *giò ᠪᠠᠶᠢᠵᠣ᠂ 迦 ᠨᠢ ᠣᠶᠢᠷᠠᠯᠴᠠᠭ᠎ᠠ ᠪᠠᠷ ga ᠪᠣᠶᠣ gat ᠪᠠᠶᠢᠵᠠᠢ᠃ 斫 ᠶᠢᠨ ᠬᠢᠳᠠᠳ ᠬᠡᠯᠡᠨ ᠤ ᠣᠳᠣ ᠦᠶ᠎ᠡ ᠶᠢᠨ ᠨᠣᠳᠤᠭ ᠤᠨ ᠠᠪᠢᠶᠠᠨ ᠲᠠᠬᠢ ᠣᠩᠰᠢᠯᠭ᠎ᠠ ᠨᠢ ᠲᠠᠶᠢᠸᠠᠨ ᠤ ᠲᠦᠷᠪᠡᠨ ᠰᠢᠶᠠᠨ ᠳᠤ zok7᠂ ᠺᠧ ᠵᠢᠶᠠ ᠭᠠᠯᠢᠭ ᠲᠤ zog5᠂ ᠪᠣᠣ ᠠᠨ ᠠᠪᠢᠶᠠᠨ ᠳᠤ zok7᠂ ᠺᠧ ᠵᠢᠶᠠ ᠠᠩᠭ᠍ᠯᠢ ᠲᠣᠯᠢ ᠳᠤ zhok7 ᠭᠡᠵᠡᠢ᠃ ᠶᠣᠸᠠᠢ ᠬᠡᠯᠡᠨ ᠳᠤ zoek3 ᠭᠡᠳᠡᠭ ᠭᠡᠵᠡᠢ᠃ ᠡᠳᠡᠭᠡᠷ ᠢ ᠬᠠᠮᠳᠣᠷᠠᠭᠤᠯᠣᠨ ᠦᠵᠡᠪᠡᠯ 沮渠 ᠶᠢᠨ ᠲᠠᠩ ᠣᠯᠣᠰ ᠤᠨ ᠦᠶ᠎ᠡ ᠶᠢᠨ ᠠᠪᠢᠶ᠎ᠠ ᠬᠡᠯᠡᠯᠭᠡᠨ ᠦᠭᠡᠢ 斫句迦 ᠪᠠᠶᠢᠵᠣ᠂ ᠲᠠᠷᠣᠢ ᠣᠶᠢᠷᠠᠯᠴᠠᠭ᠎ᠠ ᠪᠠᠷ zho go gad ︵ᠵᠠᠭᠤᠭᠠᠳ ᠤᠨ ᠶᠠᠷᠢᠶᠠᠨ ᠤ ᠠᠪᠢᠶ᠎ᠠ︶ ᠪᠠᠶᠢᠵᠣ᠂ ᠾᠦᠩᠨᠦ ᠶᠢᠨ ᠦᠶ᠎ᠡ ᠶᠢᠨ ᠠᠪᠢᠶ᠎ᠠ 沮渠 ︵dʒɔːgo ᠪᠣᠶᠣ dʒɔːgot︶ ᠲᠠᠢ ᠦᠨᠳᠦᠰᠦᠨ ᠵᠦᠷᠢᠶ᠎ᠡ ᠦᠭᠡᠢ ᠭᠡᠵᠦ ᠬᠡᠯᠡᠵᠦ ᠪᠣᠯᠣᠨ᠎ᠠ᠃ ᠵᠦᠪᠬᠡᠨ 沮渠 ᠪᠣᠯ ᠲᠣᠬᠠᠢ ᠶᠢᠨ ᠦᠶ᠎ᠡ ᠶᠢᠨ ᠬᠠᠨ ᠣᠯᠣᠰ ᠤᠨ ᠬᠦᠮᠦᠰ  ᠤᠨ ᠡᠨᠡᠬᠦ ᠾᠦᠩᠨᠦ ᠦᠭᠡᠨ ᠤ ᠠᠪᠢᠶᠠᠨ ᠳᠤ ᠬᠢᠭᠰᠡᠨ ᠲᠣᠪᠴᠢᠯᠠᠭᠰᠠᠨ ᠣᠷᠴᠢᠭᠤᠯᠭ᠎ᠠ ᠭᠡᠬᠦ ᠳᠤ᠂ 斫句迦 ᠪᠣᠯ ᠪᠦᠳᠦᠨ ᠠᠪᠢᠶᠠᠨ ᠤ ᠣᠷᠴᠢᠭᠤᠯᠭ᠎ᠠ ᠪᠣᠯᠬᠤ ᠠᠵᠠᠢ᠃ ᠶᠠᠮᠠᠷ ᠪᠠᠶᠢᠭᠰᠠᠨ ᠴᠦ ᠲᠣᠰ ᠦᠭᠡ ᠪᠣᠯ ᠾᠦᠩᠨᠦ ᠶᠢᠨ ᠦᠶ᠎ᠡ ᠳᠤ ᠠᠩᠬᠠᠯᠠᠨ ᠨᠣᠶᠠᠨ ᠵᠡᠷᠭᠡ ᠶᠢᠨ ᠨᠡᠷᠡᠶᠢᠳᠦᠯ ᠪᠠᠶᠢᠭᠰᠠᠨ ᠵᠠᠭᠤᠳᠣ ᠶᠢᠨ ᠶᠠᠷᠢᠶᠠᠨ ᠤ ᠬᠡᠯᠪᠡᠷᠢ ᠪᠣᠯᠬᠤ ᠵᠠᠭᠤᠳ ᠠᠴᠠ ᠪᠠᠨ ᠠᠭᠠᠵᠢᠮ ᠢᠶᠠᠷ ᠬᠤᠪᠢᠷᠠᠵᠣ ᠣᠪᠣᠭ ᠠᠶᠢᠮᠠᠭ ᠤᠨ ᠨᠡᠷ᠎ᠡ ᠪᠣᠯᠵᠣ᠂ ᠨᠡᠩ ᠰᠡᠭᠦᠯᠡᠷᠬᠢ ᠲᠠᠩ ᠣᠯᠣᠰ ᠤᠨ ᠦᠶ᠎ᠡ ᠳᠤ ᠨᠢᠭᠡᠨ ᠣᠯᠣᠰ ᠤᠨ ᠨᠡᠷ᠎ᠡ ᠪᠠᠷ ᠲᠠᠩᠰᠤᠭ ᠯᠠᠮ᠎ᠠ ᠳᠤ ᠲᠡᠮᠳᠡᠭᠯᠡᠭᠳᠡᠨ ᠦᠯᠡᠳᠡᠵᠡᠢ᠃ ᠣᠳᠣ ᠦᠶ᠎ᠡ ᠶᠢᠨ ᠮᠣᠩᠭᠤᠯᠴᠣᠳ ᠲᠣᠲᠣᠷ᠎ᠠ ᠡᠨᠡᠬᠦ ᠣᠪᠣᠭ ᠴᠦ ᠮᠠᠰᠢ ᠲᠦᠭᠡᠮᠡᠯ ᠪᠠᠶᠢᠨ᠎ᠠ᠃ ᠦᠪᠦᠷ ᠠᠷᠣ ᠭᠡᠰᠡᠨ ᠦᠭᠡᠢ ᠲᠡᠯᠡᠬᠡᠢ ᠶᠢᠨ ᠮᠣᠩᠭᠤᠯᠴᠣᠳ ᠲᠣᠲᠣᠷ᠎ᠠ ᠲᠣᠰ ᠣᠪᠣᠭ ᠮᠠᠰᠢ ᠦᠷᠭᠡᠨ ᠢᠶᠠᠷ ᠲᠠᠷᠬᠠᠵᠣ ᠪᠠᠶᠢᠳᠠᠭ ᠶᠣᠮ᠃ ᠬᠡᠷᠪᠡ ᠪᠢᠳᠡ ᠮᠣᠩᠭᠤᠯ ᠣᠪᠣᠭ ᠣᠭᠰᠠᠭ᠎ᠠ ᠶᠢᠨ ᠲᠣᠬᠠᠢ ᠶᠠᠮᠠᠷ ᠨᠢᠭᠡᠨ ᠨᠣᠮ ᠢ ᠣᠷᠪᠠᠭᠤᠯᠣᠭᠰᠠᠭᠠᠷ ᠲᠣᠰ ᠣᠪᠣᠭ ᠡᠰᠡᠬᠦᠯ᠎ᠡ ᠲᠡᠭᠦᠨ ᠠᠴᠠ ᠰᠠᠯᠳᠠᠷᠯᠠᠨ ᠭᠠᠷᠣᠭᠰᠠᠨ ᠣᠶᠢᠷᠠᠯᠴᠠᠭ᠎ᠠ ᠣᠪᠣᠭ ᠲᠣᠩ ᠣᠯᠠᠨ ᠪᠠᠶᠢᠭ᠎ᠠ ᠶᠢ ᠣᠯᠵᠣ ᠦᠵᠡᠨ᠎ᠡ᠃ ᠵᠢᠱᠢᠶᠡᠯᠡᠪᠡᠯ ᠵᠠᠭᠤᠳ ᠭᠡᠳᠡᠭ ᠣᠪᠣᠭ ᠢ ᠡᠷᠳᠡ ᠰᠢᠭ ᠦᠶ᠎ᠡ ᠳᠤ ᠬᠢᠳᠠᠳ ᠦᠰᠦᠭ ᠢᠶᠠᠷ 扎兀惕᠂ 扎兀特 扎兀图 ᠭᠡᠬᠦ ᠪᠣᠶᠣ ᠪᠠᠰᠠ 扎古特 ᠭᠡᠵᠦ ᠪᠢᠴᠢᠵᠦ ᠪᠠᠶᠢᠭ᠎ᠠ ᠪᠠᠶᠢᠳᠠᠯ ᠦᠷᠬᠦᠯᠵᠢ ᠲᠣᠬᠢᠶᠠᠯᠳᠣᠬᠤ ᠶᠣᠮ᠃ ᠶᠠᠷᠢᠶᠠᠨ ᠤ ᠬᠡᠯᠨ ᠭᠡᠬᠦ ᠪᠣᠶᠣ ᠣᠳᠣ ᠦᠶ᠎ᠡ ᠶᠢᠨ ᠮᠣᠩᠭᠤᠯ ᠬᠡᠯᠡᠨ ᠳᠤ ᠡᠭᠦᠨ  ᠢ dʒɔː᠂ dʒɔːt ᠵᠡᠷᠭᠡ ᠪᠠᠷ ᠠᠪᠢᠶᠠᠯᠠᠨ᠎ᠠ᠃ ᠬᠠᠶᠠ ᠵᠠᠷᠢᠮ ᠭᠠᠵᠠᠷ ᠢᠶᠠᠷ ᠪᠠᠰᠠ ᠲᠡᠭᠦᠨ ᠤ ᠨᠡᠩ ᠡᠷᠳᠡᠨ ᠤ ᠠᠪᠢᠶ᠎ᠠ ᠪᠣᠯᠬᠤ dʒɔːgot ᠴᠦ ᠰᠣᠨᠣᠰᠳᠠᠳᠠᠭ ᠶᠣᠮ᠃ ᠮᠣᠩᠭᠤᠯ ᠬᠦᠮᠦᠨ ᠳᠤ ᠵᠠᠭᠤ ᠵᠠᠭᠤᠳ ᠪᠣᠶᠣ ᠵᠠᠭᠤᠳᠣ ᠭᠡᠳᠡᠭ ᠦᠭᠡ ᠶᠠᠮᠠᠷ ᠣᠬᠠᠭᠳᠠᠬᠤᠨ ᠲᠠᠢ ᠦᠭᠡ ᠪᠣᠯᠬᠤ ᠶᠢ ᠣᠨᠴᠠᠭᠠᠶᠢᠯᠠᠨ ᠲᠠᠶᠢᠯᠪᠣᠷᠢᠯᠠᠬᠤ ᠴᠢᠬᠤᠯᠠ ᠪᠠᠶᠢᠬᠤ ᠦᠭᠡᠢ᠃ ᠵᠦᠪᠬᠡᠨ ᠶᠠᠷᠢᠬᠤ ᠠᠴᠠ ᠡᠭᠦᠨ ᠠᠴᠠ ᠣᠯᠪᠠᠭ᠋ᠠᠯᠠᠨ ᠭᠠᠷᠣᠭᠰᠠᠨ dʒɔːn ᠪᠣᠶᠣ dʒɔː ᠶᠢᠨ ᠠᠷᠣ ᠳᠤ ᠪᠣᠰᠣᠳ ᠦᠭᠡ ᠵᠠᠯᠭᠠᠵᠣ ᠡᠭᠦᠰᠦᠭᠰᠡᠨ ᠮᠣᠩᠭᠤᠯ ᠣᠪᠣᠭ ᠠᠷᠪᠠ ᠬᠤᠷᠢ ᠪᠠᠷ ᠲᠣᠭᠠᠯᠠᠭᠳᠠᠬᠤ ᠣᠯᠠᠨ ᠪᠠᠶᠢᠭ᠎ᠠ ᠶᠣᠮ ᠭᠡᠳᠡᠭ ᠢ ᠶᠠᠷᠢᠵᠣ ᠡᠨᠡᠬᠦ ᠰᠡᠳᠦᠪ ᠢ ᠲᠡᠭᠦᠰᠭᠡᠶ᠎ᠡ᠃ ᠲᠡᠭᠡᠷ᠎ᠡ ᠬᠤᠭᠤᠴᠠᠭᠠᠨ ᠤ ᠰᠡᠳᠦᠪ ᠤᠨ ᠲᠠᠭᠠᠯᠳᠠ ᠵᠢᠷᠤᠭ᠄
ᠲᠠᠭᠠᠯᠳᠠ ᠵᠢᠷᠤᠭ ᠤᠨ ᠲᠦᠭᠦᠮ ᠲᠠᠶᠢᠯᠪᠣᠷᠢ᠄ ᠲᠣᠰ ᠵᠢᠷᠤᠭ ᠪᠣᠯ ᠴᠠᠭᠠᠨ ᠳ᠋ᠢ ᠭᠡᠬᠦ ᠪᠣᠶᠣ ᠪᠠᠰᠠ ᠣᠮᠠᠷᠠᠳᠣ ᠷᠦᠩ ᠭᠡᠳᠡᠭ ᠾᠦᠩᠨᠦ ᠬᠦᠮᠦᠨ ᠤ ᠨᠢᠭᠡᠨ ᠡᠷᠳᠡᠨ ᠤ ᠣᠯᠣᠰ ᠪᠣᠯᠬᠤ ᠵᠦᠩ ᠱᠠᠨ ᠣᠯᠣᠰ ᠤᠨ ᠸᠠᠩ ᠤᠨ ᠣᠩᠭᠤᠨ  ᠠᠴᠠ ᠢᠯᠡᠷᠡᠭᠰᠡᠨ ᠬᠦᠷᠡᠯ ᠰᠠᠪᠠ ᠪᠣᠯᠣᠨ᠎ᠠ᠃ ᠲᠡᠭᠦᠨ ᠤ ᠣᠨᠴᠠᠯᠢᠭ ᠭᠡᠪᠡᠯ ᠡᠷᠳᠡᠨ ᠤ ᠨᠡᠭᠦᠳᠡᠯᠴᠢᠳ ᠤᠨ ᠣᠷᠠᠯᠢᠭ  ᠢ ᠬᠠᠷᠠᠭᠤᠯᠣᠭᠰᠠᠨ ᠬᠤᠨᠳᠠᠭᠠᠨ ᠬᠡᠯᠪᠡᠷᠢ ᠶᠢᠨ ᠰᠠᠭᠤᠳᠠᠯ ᠲᠠᠢ ᠮᠦᠷᠳᠡᠭᠡᠨ᠂ ᠣᠯᠠᠩᠬᠢ ᠳᠤ ᠲᠡᠭᠡᠳᠦ ᠬᠠᠭᠠᠰ ᠲᠤᠨᠢ ᠴᠦ ᠡᠶᠢᠮᠦ ᠬᠦᠯ ᠲᠠᠢ ᠪᠠᠶᠢᠵᠣ᠂ ᠨᠡᠭᠡᠭᠡᠵᠦ ᠲᠠᠯᠪᠢᠪᠠᠯ ᠠᠳᠠᠯᠢ ᠬᠤᠶᠠᠷ ᠰᠠᠪᠠ ᠪᠠᠷ ᠬᠡᠷᠡᠭᠯᠡᠳᠡᠭ ᠠᠵᠠᠢ᠃ ᠭᠡᠶ᠎ᠡ ᠵᠠᠷᠢᠨ ᠨᠢ ᠭᠤᠣᠯ ᠬᠠᠭᠠᠰ ᠢᠶᠠᠷ ᠬᠤᠪᠢᠶᠠᠨ ᠨᠡᠭᠡᠭᠡᠵᠦ ᠪᠠᠶᠢᠬᠤ ᠳᠤ᠂ ᠵᠠᠷᠢᠮ ᠨᠢ ᠲᠡᠭᠡᠷᠡᠬᠢ ᠨᠢ ᠶᠡᠭᠡ ᠲᠣᠣᠷᠠᠬᠢ ᠨᠢ ᠪᠠᠭ᠎ᠠ ᠰᠢᠭ᠋ ᠪᠠᠶᠢᠳᠠᠭ ᠶᠣᠮ᠃ ᠡᠶᠢᠮᠦᠷᠬᠦ ᠮᠠᠶ᠋ᠢᠭ 12 ᠬᠦᠷᠡᠯ ᠦᠯᠡᠮᠵᠢ ᠲᠤᠭ᠎ᠠ ᠪᠠᠷ ᠢᠯᠡᠷᠡᠵᠡᠢ᠃ ᠵᠠᠷᠢᠮ ᠢ ᠨᠢ ᠬᠢᠳᠠᠳ ᠡᠷᠳᠡᠮᠳᠡᠳ ᠬᠦᠷᠡᠯ ᠬᠦᠯᠢᠰ ᠭᠡᠵᠦ ᠨᠡᠷᠡᠶᠢᠳᠦᠭᠰᠡᠨ ᠪᠣᠯᠪᠠᠴᠣ᠂ ᠬᠢᠳᠠᠳ ᠬᠦᠷᠡᠯ ᠬᠦᠯᠢᠰ ᠰᠢᠭ ᠲᠦᠷᠪᠡᠯᠵᠢᠨ ᠬᠡᠯᠪᠡᠷᠢ ᠲᠠᠢ᠂ ᠲᠦᠷᠪᠡᠨ ᠬᠦᠯ ᠲᠠᠢ ᠨᠢᠭᠡᠴᠦ ᠪᠠᠶᠢᠬᠤ ᠦᠭᠡᠢ ᠮᠦᠷᠳᠡᠭᠡᠨ ᠶᠡᠭᠡ ᠪᠠᠭ᠎ᠠ ᠪᠠᠷ ᠪᠦᠷ ᠬᠢᠳᠠᠳ ᠬᠦᠷᠡᠯ ᠬᠦᠯᠢᠰ ᠰᠢᠭ ᠲᠡᠶᠢᠮᠦ ᠲᠣᠮᠣ ᠪᠠᠶᠢᠬᠤ ᠦᠭᠡᠢ᠂ ᠣᠴᠢᠷ ᠨᠢ ᠡᠶᠢᠮᠦᠷᠬᠦ ᠰᠠᠪᠠ ᠪᠣᠯ ᠵᠦᠩ ᠱᠠᠨ ᠬᠦᠮᠦᠨ ᠤ ᠡᠳᠦᠷ ᠲᠣᠲᠣᠮ 12 ᠬᠡᠷᠡᠭᠯᠡᠭᠡᠨ ᠤ ᠰᠠᠪᠠ ᠪᠠᠶᠢᠵᠠᠢ᠃ ᠨᠦᠭᠦᠭᠡ ᠨᠢᠭᠡᠨ ᠲᠣᠪᠣᠶᠢᠮ᠎ᠠ ᠣᠨᠴᠠᠯᠢᠭ ᠭᠡᠪᠡᠯ ᠡᠳᠡᠭᠡᠷ ᠬᠦᠷᠡᠯ ᠰᠠᠪᠠ ᠲᠡᠭᠡᠷᠡᠬᠢ ᠬᠡ ᠣᠭᠠᠯᠵᠠ ᠨᠢ ᠪᠦᠷ ᠷᠧᠨᠸᠢ ᠭᠷᠦᠰᠠᠢ ᠶᠢᠨ ᠬᠡᠯᠡᠭᠰᠡᠨ ᠲᠠᠯ᠎ᠠ ᠨᠣᠳᠤᠭ ᠤᠨ ᠣᠷᠠᠯᠢᠭ ᠤᠨ ᠣᠨᠴᠠᠯᠢᠭ ᠪᠦᠬᠦᠢ ᠬᠡ ᠣᠭᠠᠯᠵᠠ ᠪᠣᠯᠣᠨ᠎ᠠ᠃ ᠲᠠᠷᠣᠢ ᠪᠦᠷ ᠡᠬᠢ ᠲᠡᠭᠦᠰᠭᠡᠯ ᠦᠭᠡᠢ ᠣᠷᠢᠶᠠᠩᠭᠤ  ᠶᠢᠨ ᠬᠡ ᠪᠣᠶᠣ ᠲᠡᠭᠡᠰᠦᠨ ᠬᠡ ᠣᠯᠠᠨ ᠪᠠᠶᠢᠳᠠᠭ᠂ ᠡᠨᠡᠬᠦ ᠬᠦᠷᠡᠯ ᠪᠣᠯ ᠲᠠᠯ᠎ᠠ ᠨᠣᠳᠤᠭ ᠤᠨ ᠨᠡᠭᠦᠳᠡᠯᠴᠢᠨ ᠠᠷᠠᠳ ᠤᠨ ᠡᠳᠦᠷ ᠲᠣᠲᠣᠮ ᠤᠨ ᠠᠮᠢᠳᠣᠷᠠᠯ ᠢᠶᠠᠷ ᠰᠡᠳᠦᠪᠯᠡᠭᠰᠡᠨ ᠠᠩ ᠠᠩᠨᠠᠯ᠂ ᠲᠠᠶᠢᠨ ᠪᠠᠶᠢᠯᠳᠣᠭᠠᠨ ᠤ ᠵᠢᠷᠤᠭ ᠬᠡ ᠨᠦᠭᠦᠳ  ᠢᠶᠠᠷ ᠭᠤᠣᠯᠯᠠᠵᠠᠢ᠃ ᠬᠠᠶᠠ ᠵᠠᠷᠢᠮ ᠬᠦᠷᠡᠯ ᠰᠠᠪᠠ ᠭᠤᠷᠪᠠᠨ ᠲᠠᠪᠬᠤᠷ ᠪᠠᠶᠢᠵᠣ᠂ ᠬᠠᠮᠤᠭ ᠲᠣᠣᠷ᠎ᠠ ᠲᠠᠪᠬᠤᠷᠭᠠᠨ ᠨᠢ ᠵᠣᠤᠬ᠎ᠠ ᠪᠠᠶᠢᠵᠣ᠂ ᠲᠡᠭᠦᠨ ᠲᠡᠭᠡᠷᠡᠬᠢ ᠨᠢ ᠨᠣᠭᠤᠭ᠎ᠠ ᠵᠠᠭᠤᠰᠢ ᠬᠢᠳᠡᠭ ᠲᠣᠭᠤᠭ᠎ᠠ ᠪᠠᠶᠢᠵᠣ᠂ ᠬᠠᠮᠤᠭ ᠲᠡᠭᠡᠷᠡᠬᠢ ᠨᠢ ᠵᠢᠵᠢᠭ ᠬᠡᠯᠪᠡᠷᠢ ᠶᠢᠨ ᠠᠶᠠᠭ᠎ᠠ ᠪᠣᠶᠣ ᠲᠠᠪᠠᠭ ᠪᠠᠶᠢᠳᠠᠭ᠃ ᠵᠦᠩ ᠱᠠᠨ ᠣᠯᠣᠰ ᠪᠣᠯ ᠣᠳᠣᠬᠢ ᠾᠧᠪᠸᠢ ᠮᠣᠵᠢ ᠪᠣᠯᠣᠨ ᠱᠠᠨ ᠰᠢ ᠮᠣᠵᠢ ᠶᠢᠨ ᠵᠠᠪᠰᠠᠷ ᠲᠤ ᠪᠠᠶᠢᠵᠣ ᠪᠠᠷᠤᠭ ᠲᠦᠷᠪᠡᠨ ᠵᠠᠭᠤ ᠭᠠᠷᠣᠢ ᠣᠨ ᠲᠣᠭᠳᠠᠨᠢᠵᠣ ᠪᠠᠶᠢᠭᠠᠳ ᠨᠡᠶᠢᠳᠡ ᠶᠢᠨ ᠣᠨ ᠲᠣᠭᠠᠯᠠᠯ ᠤᠨ ᠡᠮᠦᠨ᠎ᠡ ᠬᠤᠶᠠᠷ ᠵᠠᠭᠤ ᠶᠢᠷᠡᠭᠡᠳ ᠣᠨ ᠳᠤ ᠪᠠᠶᠢᠯᠳᠣᠭᠠᠨᠳᠣ ᠣᠯᠣᠰ ᠤᠨ ᠦᠶ᠎ᠡ ᠶᠢᠨ ᠵᠣᠣ ᠣᠯᠣᠰ ᠲᠤ ᠮᠦᠬᠦᠭᠡᠭᠳᠡᠵᠡᠢ᠃ ᠡᠨᠡ ᠬᠤᠭᠤᠴᠠᠭᠠᠨ ᠤ ᠰᠡᠳᠦᠪ ᠤᠨ ᠲᠠᠭᠠᠯᠳᠠ ᠵᠢᠷᠤᠭ᠄
ᠲᠠᠭᠠᠯᠳᠠ ᠵᠢᠷᠤᠭ ᠤᠨ ᠲᠦᠭᠦᠮ ᠲᠠᠶᠢᠯᠪᠣᠷᠢ᠄ ᠲᠣᠰ ᠪᠣᠯᠠᠰᠢ ᠠᠴᠠ ᠪᠠᠰᠠ ᠦᠯᠡᠮᠵᠢ ᠲᠣᠭᠠᠨ ᠤ ᠬᠠᠰ ᠡᠳ᠋ᠯᠡᠯ ᠭᠠᠷᠴᠠᠢ᠃ ᠨᠡᠶᠢᠳᠡ ᠲᠤᠭ᠎ᠠ ᠨᠢ ᠭᠤᠷᠪᠠᠨ ᠭᠠᠷᠣᠢ ᠪᠠᠶᠢᠵᠣ᠂ ᠣᠷᠠᠯᠠᠵᠣ ᠰᠡᠶᠢᠯᠪᠦᠷᠢᠯᠡᠭᠰᠡᠨ ᠨᠢ ᠮᠠᠰᠢ ᠭᠤᠶᠣ ᠬᠢᠴᠠ ᠲᠠᠢ ᠪᠠᠶᠢᠵᠣ᠂ ᠬᠠᠶ᠎ᠠ ᠵᠠᠷᠢᠮ ᠢ ᠨᠢ ᠶᠠᠮᠠᠷ ᠨᠡᠷᠡᠶᠢᠳᠦᠯ ᠦᠭᠬᠦ ᠶᠢ ᠮᠡᠳᠡᠬᠦ ᠦᠭᠡᠢ ᠬᠡᠮᠵᠢᠶᠡᠨ ᠳᠤ ᠬᠦᠷᠴᠡᠢ᠃ ᠲᠣᠰ ᠵᠢᠷᠤᠭ ᠲᠤ ᠪᠠᠶᠢᠭ᠎ᠠ ᠬᠠᠰ ᠴᠠᠭᠠᠷᠢᠭ ᠢ ᠶᠠᠭᠠᠬᠢᠵᠣ ᠨᠡᠷᠡᠶᠢᠳᠦᠬᠦ ᠨᠢᠭᠡᠳᠦᠯ ᠲᠠᠢ ᠨᠡᠷ᠎ᠡ ᠬᠠᠷᠬᠠᠨ ᠣᠯᠳᠠᠭ᠎ᠠ ᠦᠭᠡᠢ ᠪᠠᠶᠢᠭᠰᠠᠭᠠᠷ ᠶᠣᠮ᠃ ᠦᠵᠡᠭᠰᠡᠭᠡᠷ ᠮᠡᠳᠡᠭᠳᠡᠮ᠎ᠡ ᠲᠠᠯ᠎ᠠ ᠨᠣᠳᠤᠭ ᠤᠨ ᠣᠣᠷᠢᠶᠠᠩᠭᠤ ᠬᠡᠯᠪᠡᠷᠢ ᠶᠢᠨ ᠬᠡ ᠣᠭᠠᠯᠵᠠ ᠪᠣᠯᠣᠨ᠎ᠠ᠃ ᠪᠣᠰᠣᠳ ᠪᠠᠰᠠ ᠣᠯᠠᠨ ᠬᠠᠰ ᠡᠳ᠋ᠯᠡᠯ ᠪᠠᠶᠢᠪᠠᠴᠣ ᠬᠠᠮᠳᠣ ᠶᠢᠨ ᠣᠨᠴᠠᠯᠢᠭ ᠭᠡᠪᠡᠯ ᠪᠦᠷ ᠪᠠᠭᠠᠪᠳᠣᠷ ᠬᠡᠯᠪᠡᠷᠢ ᠪᠠᠷ ᠭᠤᠣᠯᠯᠠᠨ᠎ᠠ᠃ ᠬᠠᠮᠤᠭ ᠪᠠᠭ᠎ᠠ ᠨᠢ ᠵᠦᠪᠬᠡᠨ 1 *2cm ᠲᠡᠳᠦᠢ ᠪᠠᠶᠢᠵᠣ᠂ ᠵᠠᠷᠢᠮ ᠨᠢ ᠮᠠᠨ ᠤ ᠵᠢᠷ᠎ᠠ ᠲᠠᠯᠠᠭᠠᠳ ᠣᠨ ᠢᠶᠠᠷ ᠡᠩᠭᠡᠷ ᠲᠤ  ᠪᠠᠨ ᠵᠡᠭᠦᠵᠦ ᠪᠠᠶᠢᠭᠰᠠᠨ ᠮᠠᠣ ᠲᠡᠷᠢᠭᠦᠯᠡᠭᠴᠢ ᠶᠢᠨ ᠬᠦᠷᠦᠭ ᠲᠠᠢ ᠶᠠᠭ ᠠᠳᠠᠯᠢ ᠪᠠᠶᠢᠵᠠᠢ᠃ ᠪᠠᠰᠠ ᠵᠠᠷᠢᠮ ᠨᠢ ᠮᠦᠩᠭᠦ ᠪᠣᠶᠣ ᠬᠦᠷᠡᠯ ᠢᠶᠠᠷ ᠴᠢᠳᠬᠤᠭᠰᠠᠨ ᠴᠦ ᠪᠣᠢ᠃ ᠠᠷᠣ ᠲᠠᠯ᠎ᠠ ᠳᠤ ᠨᠢ ᠪᠦᠷ ᠵᠡᠭᠦᠥ ᠰᠦᠪᠡᠯᠡᠬᠦ ᠬᠠᠮᠠᠷ ᠲᠠᠢ ᠶᠣᠮ᠃ ᠣᠯᠠᠩᠬᠢ ᠬᠦᠷᠡᠯ ᠡᠳ᠋ᠯᠡᠯ ᠢ ᠨᠢ ᠨᠡᠷᠡᠶᠢᠳᠦᠵᠦ ᠴᠢᠳᠠᠭᠰᠠᠨ ᠦᠭᠡᠢ ᠪᠣᠯᠬᠤᠷ ᠬᠡᠯᠪᠡᠷᠢ ᠲᠦᠷᠰᠦ ᠪᠠᠷ ᠶᠠᠮᠠᠷ ᠬᠡᠯᠪᠡᠷᠢ  ᠶᠢᠨ ᠡᠳ᠋ ᠭᠡᠵᠦ ᠯᠡ ᠲᠠᠶᠢᠯᠪᠣᠷᠢᠯᠠᠵᠣ ᠪᠠᠶᠢᠨ᠎ᠠ᠃ ᠵᠢᠱᠢᠶᠡᠯᠡᠪᠡᠯ ᠮᠠᠨ ᠮᠣᠩᠭᠤᠯᠴᠣᠳ ᠮᠡᠳᠡᠳᠡᠭ ᠬᠦᠷᠡᠯ ᠢᠶᠠᠷ ᠴᠢᠳᠬᠤᠭᠰᠠᠨ ᠰᠦᠯᠳᠡ ᠶᠢ ᠬᠢᠳᠠᠳ ᠡᠷᠳᠡᠮᠳᠡᠳ ︽山形器︾ ᠭᠡᠵᠦ ᠯᠠ ᠨᠡᠷᠡᠶᠢᠳᠦᠭᠰᠡᠨ ᠪᠠᠶᠢᠨ᠎ᠠ᠃ ᠰᠦᠯᠳᠡ ᠭᠡᠪᠡᠯ ᠮᠣᠩᠭᠤᠯ ᠰᠣᠶᠣᠯ ᠲᠠᠢ ᠬᠦᠮᠦᠨ ᠳᠤ ᠲᠠᠶᠢᠯᠪᠣᠷᠢᠯᠠᠬᠤ ᠬᠡᠷᠡᠭ ᠦᠭᠡᠢ ᠦᠭᠡ ᠶᠣᠮ᠃ ᠡᠶᠢᠮᠦᠷᠬᠦ ᠰᠦᠯᠳᠡ ᠨᠢ ᠪᠦᠷ ᠣᠩᠬᠢ ᠲᠠᠢ᠂ ᠪᠠᠷᠤᠭ ᠣᠩᠬᠢ ᠲᠤᠨᠢ ᠮᠣᠳᠣᠨ ᠡᠰᠢ ᠲᠠᠭᠠᠷᠠᠭᠤᠯᠵᠣ᠂ ᠲᠡᠭᠡᠷ᠎ᠡ ᠨᠢ ᠬᠦᠬᠦᠯ ᠬᠢᠵᠦ ᠡᠷᠭᠦᠨ ᠶᠠᠪᠣᠬᠤ ᠡᠳ᠋ ᠪᠣᠯᠣᠯᠳᠠᠢ᠃ ᠣᠯᠠᠨ ᠲᠤᠭ᠎ᠠ ᠪᠠᠷ ᠢᠯᠡᠷᠡᠵᠡᠢ᠃ ᠵᠠᠷᠢᠮ ᠨᠢ ᠴᠣᠯᠣ ᠵᠡᠰ ᠢᠶᠠᠷ ᠴᠢᠳᠬᠤᠭᠰᠠᠨ ᠴᠦ ᠪᠠᠶᠢᠨ᠎ᠠ᠃ ᠡᠬᠦᠨ ᠠᠴᠠ ᠭᠠᠳᠠᠨ᠎ᠠ ᠪᠠᠰᠠ ᠬᠦᠷᠡᠯ ᠢᠶᠠᠷ ᠴᠢᠳᠬᠤᠨ ᠦᠢᠯᠡᠳᠦᠭᠰᠡᠨ ᠠᠷᠠᠰᠣᠨ ᠪᠦᠰᠡᠨ ᠤ ᠭᠤᠷᠬᠢ ᠰᠢᠯᠪᠢ ᠴᠦ ᠣᠯᠠᠨ ᠢᠯᠡᠷᠡᠵᠡᠢ᠃ ᠬᠤᠵᠢᠮ ᠬᠢᠳᠠᠳ ᠬᠦᠮᠦᠨ ᠤ ᠬᠠᠰ ᠪᠦᠰᠡᠨ ᠤ ᠭᠤᠷᠬᠢ ᠨᠢ ᠲᠠᠷᠣᠢ ᠡᠭᠦᠨ ᠢᠶᠠᠷ ᠦᠯᠢᠭᠡᠷ ᠪᠣᠯᠭᠠᠨ ᠬᠢᠭᠰᠡᠨ ᠪᠣᠯᠣᠯᠳᠠᠢ᠃ ᠲᠠᠭᠠᠯᠳᠠ ᠵᠢᠷᠤᠭ᠄ ᠡᠩᠭᠡᠷ ᠲᠤ ᠵᠡᠭᠦᠬᠦ ᠭᠤᠶᠣᠯᠠᠯ ᠠᠷᠣ ᠲᠠᠯ᠎ᠠ ᠳᠤ ᠨᠢ ᠵᠡᠭᠦᠥ ᠨᠢ ᠴᠦ ᠬᠠᠷᠠᠭᠳᠠᠵᠣ ᠪᠠᠶᠢᠨ᠎ᠠ᠃
ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号