ᠭᠠᠷ ᠤᠲᠠᠰᠦᠨ ᠤ ᠪᠠᠨ ᠲᠤᠲᠤᠷᠠᠬᠢ ︽ᠬᠤᠯᠠᠭᠠᠶᠢᠴᠢ︾᠎ ᠶᠢ ᠰᠡᠷᠭᠡᠶᠢᠯᠡᠭᠡᠷᠡᠢ
ᠨᠡᠶᠢᠲᠡᠯᠡᠭᠰᠡᠨ ᠴᠠᠭ᠄
2022/11/14
      ᠲᠠ ᠮᠡᠲᠡᠬᠦ ᠦᠭᠡᠢ ᠪᠠᠶᠢᠵᠤ ᠮᠡᠲᠡᠨ᠎ᠡ᠄ ᠵᠢᠷᠤᠭ ᠭᠤᠶᠤᠯᠠᠬᠤ ᠨᠢᠭᠡ ᠵᠦᠭᠡᠯᠡᠨ       ᠬᠡᠷᠡᠭᠰᠡᠯ ᠬᠠᠷᠢᠨ ᠴᠢᠨᠤ ᠤᠲᠠᠰᠦ ᠨᠡᠪᠲᠡᠷᠡᠭᠰᠡᠨ ᠳᠡᠮᠲᠡᠭᠯᠡᠯ ᠢ ᠠᠪᠬᠤ ᠪᠠᠷ ᠱᠠᠭᠠᠷᠲᠠᠭᠰᠠᠨ ᠪᠠᠶᠢᠵᠤ ᠮᠡᠲᠡᠨ᠎ᠡ︔ ᠨᠢᠭᠡᠨ ᠳᠡᠦᠬᠡᠨ ᠦᠯᠢᠭᠡᠷ ᠤᠩᠰᠢᠬᠤ ᠵᠦᠭᠡᠯᠡᠨ ᠬᠡᠷᠡᠭᠰᠡᠯ ᠨᠢ ᠴᠢᠨᠤ ᠤᠲᠤ ᠪᠠᠶᠢᠭ᠎ᠠ ᠭᠠᠵᠠᠷ ᠢ ᠳᠡᠮᠲᠡᠭᠯᠡᠴᠢᠭᠰᠡᠨ ᠪᠠᠶᠢᠵᠤ ᠮᠡᠲᠡᠨ᠎ᠡ᠃ ᠤᠯᠠᠮ ᠤᠯᠠᠮ ᠢᠶᠠᠷ ᠳᠦᠭᠡᠮᠡᠯᠵᠢᠵᠦ       ᠪᠠᠶᠢᠭ᠎ᠠ ᠤᠶᠤᠨᠴᠢᠷ ᠭᠠᠷ ᠤᠲᠠᠰᠦ᠂ ᠦᠢ ᠤᠯᠠᠨ ᠬᠡᠷᠡᠭᠯᠡᠬᠡᠨ ᠤ ᠵᠦᠭᠡᠯᠡᠨ ᠬᠡᠷᠡᠭᠰᠡᠯ ᠨᠢ ᠪᠢᠲᠠ ᠳᠤ ᠰᠤᠨᠢᠷᠬᠠᠯ ᠪᠠᠭ᠋ᠠᠷᠬᠠᠯ ᠢ ᠡᠳ᠋ᠯᠡᠬᠦᠯᠵᠦ ᠪᠠᠶᠢᠬᠤ ᠶᠢᠨ ᠵᠡᠷᠭᠡ ᠳᠤ ᠰᠠᠨᠠᠭᠠᠨ ᠳᠤ ᠦᠭᠡᠢ ᠬᠤᠭᠤᠷᠤᠨᠳᠦ ᠬᠠᠷᠢᠨ ᠮᠠᠨ ᠤ ᠪᠠᠶᠢᠭ᠎ᠠ ᠤᠷᠤᠨ ᠪᠠᠶᠢᠷᠢ᠂ ᠮᠡᠲᠡᠭᠡ ᠨᠡᠪᠲᠡᠷᠡᠬᠦ ᠬᠠᠶ᠋ᠢᠭ᠂ ᠴᠠᠬᠢᠮ ᠴᠢᠮᠡᠭᠡ᠂ ᠴᠢᠨᠠᠭᠰᠢᠯᠠᠪᠠᠯ ᠭᠠᠷ ᠤᠲᠠᠰᠦ ᠬᠡᠷᠡᠭᠯᠡᠬᠦ ᠳᠠᠳᠬᠠᠯ ᠢ ᠡᠵᠡᠮᠰᠢᠭᠰᠡᠨ ᠪᠠᠶᠢᠵᠤ ᠮᠡᠲᠡᠨ᠎ᠡ᠃       ᠰᠦᠯᠵᠢᠶᠠᠨ ᠦᠷᠲᠡᠭᠡᠨ ᠤ ᠨᠠᠶᠢᠷᠠᠭᠤᠯᠤᠭᠴᠢ ᠵᠢᠭᠠᠯ ᠰᠢᠶᠧ ᠨᠢᠭᠡ ᠤᠲᠠᠭ᠎ᠠ ᠰᠠᠨᠠᠮᠰᠠᠷ ᠦᠭᠡᠢ ᠪᠠᠷ ᠭᠠᠷ ᠤᠲᠠᠰᠦᠨ ᠎ ᠤ ᠪᠠᠨ ᠤᠷᠤᠨ ᠪᠠᠶᠢᠷᠢ ᠲᠤᠭᠲᠠᠭᠠᠬᠤ ᠳᠦᠬᠦᠬᠡᠷᠤᠮᠵᠢ ᠶᠢ ᠨᠡᠭᠡᠭᠡᠵᠦ ᠦᠵᠡᠭᠡᠳ᠂ ᠳᠡᠬᠦᠨ ᠤ ᠡᠳᠦᠷ ᠪᠦᠷᠢ ᠠᠵᠢᠯ ᠳᠤ ᠶᠠᠪᠤᠬᠤ ᠵᠠᠮ ᠳᠠᠭᠠᠨ ᠨᠠᠭᠠᠳᠲᠠᠭ ︽ᠳᠠᠷᠪᠤᠰ ᠬᠡᠷᠴᠢᠬᠦ︾ ᠲᠤᠭᠯᠠᠭᠠᠮ ᠨᠢ ᠬᠠᠷᠢᠨ ᠳᠡᠬᠦᠨ ᠤ ᠶᠠᠪᠤᠭ᠎ᠠ ᠤᠷᠤᠨ ᠪᠠᠶᠢᠷᠢ ᠶᠢ ᠴᠠᠭ ᠢᠮᠠᠭᠲᠠ ᠮᠦᠷᠲᠡᠨ ᠭᠡᠲᠡᠵᠦ ᠪᠠᠶᠢᠬᠤ ᠶᠢ ᠤᠯᠵᠤ ᠮᠡᠲᠡᠵᠡᠢ᠃       ᠳᠠᠷᠠ ᠬᠡᠯᠡᠭᠰᠡᠨ ᠨᠢ᠄ ︽ᠭᠠᠵᠠᠷ ᠤᠨ ᠵᠢᠷᠤᠭ᠂ ᠠᠶᠠᠯᠠᠯ ᠵᠠᠮᠴᠢᠯᠠᠭᠴᠢ᠂ ᠪᠦᠯᠬᠦᠮ ᠢᠶᠠᠷ ᠬᠤᠲᠠᠯᠳᠤᠨ ᠠᠪᠬᠤ ᠵᠡᠷᠭᠡ ᠎ ᠳᠤ ᠤᠷᠤᠨ ᠪᠠᠶᠢᠷᠢ ᠲᠤᠭᠲᠠᠭᠠᠬᠤ ᠶᠢ ᠱᠠᠭᠠᠷᠲᠠᠬᠤ ᠨᠢ ᠤᠶᠢᠯᠠᠭᠠᠮᠵᠢᠲᠠᠢ ᠬᠡᠷᠡᠭ᠂ ᠭᠡᠪᠡᠴᠦ ᠳᠠᠷᠪᠤᠰ ᠬᠡᠷᠴᠢᠬᠦ ᠳᠤᠭᠯᠠᠭᠠᠮ᠂ ᠨᠤᠮ ᠤᠩᠰᠢᠬᠤ ᠵᠦᠭᠡᠯᠡᠨ ᠲᠤᠨᠤᠭ᠂ ᠬᠦᠮᠦᠨ ᠤ ᠳᠤᠯᠤᠭᠠᠢ ᠶᠢᠨ ᠰᠡᠬᠦᠲᠡᠷ ᠤᠨ ᠵᠦᠭᠡᠯᠡᠨ ᠲᠤᠨᠤᠭ᠂ ᠭᠤᠶᠤ ᠵᠢᠷᠤᠭ ᠦᠢᠯᠡᠳᠬᠦ ᠬᠡᠷᠡᠭᠰᠡᠯ ᠵᠡᠷᠭᠡ ᠳᠤ ᠮᠢᠨᠦ ᠤᠷᠤᠨ ᠪᠠᠶᠢᠷᠢ ᠶᠢ ᠲᠤᠭᠲᠠᠭᠠᠬᠤ ᠬᠡᠷᠡᠭᠴᠡᠭᠡ ᠪᠠᠶᠢᠨ᠎ᠠ ᠤᠤ︖︾ ᠭᠡᠵᠡᠢ᠃ ᠡᠳᠡᠭᠡᠷ ᠵᠦᠭᠡᠯᠡᠨ ᠬᠡᠷᠡᠭᠰᠡᠯ ᠢ ᠲᠠᠭᠠᠷᠠᠭᠤᠯᠬᠤ ᠦᠶ᠎ᠡ ᠳᠤ ᠡᠷᠭᠡ ᠤᠯᠭᠤᠬᠤ ᠳᠤᠬᠠᠢ ᠰᠠᠨᠠᠭᠤᠯᠤᠭᠰᠠᠨ ᠵᠦᠢᠯ ᠪᠠᠶᠢᠬᠤ ᠡᠰᠡᠬᠦ ᠶᠢ ᠲᠠᠷᠠ ᠨᠢᠭᠡᠨᠳᠡ ᠮᠠᠷᠲᠠᠵᠠᠢ᠃        ᠰᠠᠨᠠᠭᠤᠯᠤᠭᠰᠠᠨ ᠵᠦᠢᠯ ᠪᠠᠶᠢᠬᠤ ᠪᠠᠷ ᠪᠤᠲᠤᠭᠰᠠᠨ ᠴᠦ ᠮᠠᠰᠢ ᠤᠯᠠᠨ ᠬᠡᠷᠡᠭᠯᠡᠭᠴᠢᠳ ᠳᠡᠬᠦᠨ ᠢ ᠶᠡᠭᠡ ᠠᠩᠬᠠᠷᠤᠭᠰᠠᠨ ᠦᠭᠡᠢ᠃ ᠵᠦᠭᠡᠯᠡᠨ ᠬᠡᠷᠡᠭᠰᠡᠯ ᠲᠠᠭᠠᠷᠠᠭᠤᠯᠬᠤ ᠦᠶ᠎ᠡ ᠳᠤ ᠶᠡᠷᠦ ᠳᠡᠭᠡᠨ᠄ ᠳᠤᠰ ᠵᠦᠭᠡᠯᠡᠨ ᠬᠡᠷᠡᠭᠰᠡᠯ ᠢ ᠲᠠᠭᠠᠷᠠᠭᠤᠯᠪᠠᠯ ᠭᠠᠷ ᠤᠲᠠᠰᠦᠨ ᠲᠤᠲᠤᠷ᠎ᠠ ᠪᠠᠶᠢᠭ᠎ᠠ ᠮᠡᠲᠡᠭᠡ ᠨᠡᠪᠲᠡᠷᠡᠬᠦ ᠬᠠᠶ᠋ᠢᠭ᠂ GPS ᠵᠡᠷᠭᠡ ᠮᠡᠲᠡᠭᠡ ᠵᠠᠩᠬᠢ ᠶᠢ ᠭᠠᠲᠠᠭᠰᠢ ᠮᠡᠲᠡᠭᠲᠡᠬᠦ ᠪᠤᠯᠤᠨ᠎ᠠ ᠭᠡᠰᠡᠨ ᠰᠠᠨᠠᠭᠤᠯᠤᠮᠵᠢ ᠳᠤ ᠤᠴᠠᠷᠠᠲᠠᠭ᠂ ᠡᠬᠦᠨ ᠢ ᠨᠢ ᠵᠦᠪᠰᠢᠶᠡᠷᠡᠬᠦ ᠦᠭᠡᠢ ᠪᠤᠯ ᠵᠦᠭᠡᠯᠡᠨ ᠬᠡᠷᠡᠭᠰᠡᠯ ᠢ ᠲᠠᠭᠠᠷᠠᠭᠤᠯᠵᠤ ᠴᠢᠲᠠᠬᠤ ᠦᠭᠡᠢ ᠪᠤᠯᠲᠠᠭ᠃ ︽ᠨᠢᠭᠡ ᠡᠷᠭᠡ ᠶᠢᠨ ᠬᠢᠵᠠᠭᠠᠷ ᠤᠨ ᠤᠴᠢᠷ ᠠᠴᠠ ᠪᠤᠯᠵᠤ ᠵᠦᠭᠡᠯᠡᠨ ᠬᠡᠷᠡᠭᠰᠡᠯ ᠲᠠᠭᠠᠷᠠᠭᠤᠯᠬᠤ ᠪᠠᠨ ᠪᠤᠯᠢᠴᠢᠬᠠᠵᠤ ᠪᠤᠯᠬᠤ ᠦᠭᠡᠢ ᠪᠢᠵᠠ ᠳ᠋ᠠ︾ ᠭᠡᠵᠤ ᠲᠢᠶᠠᠨᠵᠢᠨ ᠶᠡᠭᠡ ᠰᠤᠷᠭᠠᠭᠤᠯᠢ ᠶᠢᠨ ᠵᠦᠭᠡᠯᠡᠨ ᠬᠡᠷᠡᠭᠰᠡᠯ ᠤᠨ ᠲᠡᠭᠡᠲᠤ       ᠰᠤᠷᠭᠠᠭᠤᠯᠢ ᠶᠢᠨ ᠭᠤᠷᠪᠠᠲᠤᠭᠠᠷ ᠠᠩᠬᠢ ᠶᠢᠨ ᠰᠤᠷᠤᠭᠴᠢ ᠴᠧᠨ ᠷᠦ᠋ ᠢ ᠬᠡᠯᠡᠵᠡᠢ ᠃ ᠭᠡᠪᠡᠴᠦ ᠳᠡᠬᠦᠨ ᠤ ᠭᠠᠷ ᠤᠲᠠᠰᠦᠨ ᠳᠤ ᠮᠠᠰᠢ ᠤᠯᠠᠨ ᠵᠠᠷ ᠳᠤᠶᠢᠯ ᠤᠨ ᠤᠨᠤᠪᠴᠢᠲᠠᠢ ᠤᠷᠤᠵᠤ ᠪᠠᠶᠢᠬᠤ ᠪᠤᠯᠬᠤᠷ ᠳᠡᠬᠦᠨ ᠤ ᠭᠠᠷ ᠤᠲᠠᠰᠦᠨ ᠳᠤ ᠪᠠᠶᠢᠭ᠎ᠠ ᠬᠤᠪᠢ ᠶᠢᠨ ᠨᠢᠭᠤᠴᠠ ᠨᠢ ᠯᠡᠪᠡᠷᠡᠭᠰᠡᠨ ᠪᠠᠶᠢᠬᠤ ᠭᠡᠵᠤ ᠲᠠᠷᠠ ᠰᠡᠵᠢᠭᠯᠡᠵᠦ ᠪᠠᠶᠢᠨ᠎ᠠ       ᠭᠠᠷ ᠤᠲᠠᠰᠦᠨ ᠤ ᠠᠮᠤᠷ ᠳᠦᠪᠰᠢᠨ ᠤ ᠨᠢᠭᠡᠨ ᠺᠤᠮᠫᠠᠨᠢ ᠶᠢᠨ ᠨᠡᠶᠢᠲᠡᠯᠡᠭᠰᠡᠨ ᠮᠡᠲᠡᠬᠦᠯᠦᠯᠲᠡ ᠠᠴᠠ ᠦᠵᠡᠪᠡᠯ᠂ ᠭᠠᠷ ᠤᠲᠠᠰᠦ ᠬᠡᠷᠡᠭᠯᠡᠭᠴᠢᠳ ᠤᠨ ᠬᠤᠪᠢ ᠶᠢᠨ ᠨᠢᠭᠤᠴᠠ ᠵᠠᠲᠠᠷᠠᠬᠤ ᠶᠠᠪᠤᠲᠠᠯ ᠤᠯᠠᠮ ᠬᠡᠴᠡᠬᠦᠦ ᠪᠤᠯᠵᠤ ᠪᠠᠶᠢᠨ᠎ᠠ᠂ ᠬᠤᠪᠢ ᠬᠦᠮᠦᠨ ᠤ ᠮᠡᠲᠡᠭᠡ ᠵᠠᠩᠬᠢ ᠶᠢᠨ ᠠᠮᠤᠷ ᠳᠦᠪᠰᠢᠨ ᠨᠢ ᠤᠲᠤᠬᠠᠨ ᠤ ᠭᠠᠷ ᠤᠲᠠᠰᠦ ᠬᠡᠷᠡᠭᠯᠡᠭᠴᠢᠳ ᠲᠤ ᠲᠤᠯᠭᠠᠷᠠᠵᠤ ᠪᠠᠶᠢᠭ᠎ᠠ ᠭᠤᠤᠯ ᠰᠦᠷᠲᠡᠬᠦᠯᠦᠯ ᠤᠨ ᠨᠢᠭᠡ ᠪᠤᠯᠵᠠᠢ᠃        ᠸᠢᠷᠦ᠋ᠰ ᠲᠠᠷᠤᠬᠤ ᠰᠢᠰᠲ᠋ᠧᠮ ᠢ ᠬᠡᠷᠡᠭᠯᠡᠨ ᠪᠠᠶᠢᠴᠠᠭᠠᠨ ᠴᠡᠪᠡᠷᠯᠡᠵᠦ ᠪᠤᠯᠬᠤ ᠬᠤᠪᠢ ᠶᠢᠨ ᠨᠢᠭᠤᠴᠠ ᠬᠤᠯᠠᠭᠠᠶᠢᠯᠠᠬᠤ ᠮᠠᠭᠤ ᠰᠠᠨᠠᠭᠠᠲᠤ ᠵᠦᠭᠡᠯᠡᠨ ᠬᠡᠷᠡᠭᠰᠡᠯ ᠲᠠᠢ ᠬᠠᠷᠢᠴᠠᠭᠤᠯᠪᠠᠯ᠂ ᠤᠯᠠᠮ      ᠎ ᠠᠴᠠ ᠤᠯᠠᠮ ᠤᠯᠠᠰᠢᠷᠠᠵᠤ ᠪᠠᠶᠢᠭ᠎ᠠ ︽ᠬᠡᠳᠦ ᠠᠷᠪᠢᠨ ᠡᠷᠭᠡ ᠤᠯᠭᠤᠬᠤ ᠶᠢ ᠱᠠᠭᠠᠷᠲᠠᠬᠤ︾ ᠵᠢᠩᠬᠢᠨᠢ ᠵᠦᠭᠡᠯᠡᠨ ᠬᠡᠷᠡᠭᠰᠡᠯ ᠨᠢ ᠬᠡᠷᠡᠭᠯᠡᠭᠴᠢᠳ ᠢ ᠰᠡᠷᠭᠡᠶᠢᠯᠡᠬᠦ ᠶᠢᠨ ᠠᠷᠭ᠎ᠠ ᠦᠭᠡᠢ       ᠪᠤᠯᠭᠠᠵᠤ ᠪᠠᠶᠢᠨ᠎ᠠ᠃ ᠵᠢᠱᠢᠶᠠᠯᠠᠪᠠᠯ᠂ ᠷᠧᠨ ᠷᠧᠨ ᠰᠦᠯᠵᠢᠶᠠᠨ ᠤ ᠭᠠᠷ ᠤᠲᠠᠰᠦᠨ ᠎ ᠤ ᠬᠡᠷᠡᠭᠯᠡᠭᠴᠢᠳ ᠤᠨ ᠤᠲᠠᠰᠦ ᠨᠡᠪᠲᠡᠷᠡᠭᠰᠡᠨ ᠳᠡᠮᠲᠡᠭᠯᠡᠯ ᠢ ᠳᠤᠰ ᠰᠦᠯᠵᠢᠶᠠᠨ ᠦᠷᠲᠡᠭᠡ ᠡᠵᠡᠮᠰᠢᠵᠦ ᠪᠤᠯᠲᠠᠭ᠂ ᠰᠦᠯᠵᠢᠶ᠎ᠠ ᠎ ᠪᠠᠷ ᠲᠠᠮᠵᠢᠭᠤᠯᠤᠭᠰᠠᠨ ᠴᠠᠬᠢᠮ ᠮᠡᠲᠡᠭᠡ ᠶᠢᠨ ᠠᠭᠤᠯᠭ᠎ᠠ ᠶᠢ ᠰᠦᠯᠵᠢᠶᠠᠨ ᠦᠷᠲᠡᠭᠡ ᠮᠡᠲᠡᠵᠦ ᠪᠤᠯᠲᠠᠭ᠂ ᠪᠢᠴᠢᠯ ᠮᠡᠲᠡᠭᠡ ᠎ ᠶᠢᠨ ︽ᠰᠠᠵᠢᠯᠠᠭᠤᠯᠤᠯᠲᠠ︾ ᠭᠡᠲᠡᠭ ᠳᠤᠭᠯᠠᠭᠠᠮ ᠨᠢ ᠭᠠᠷ       ᠤᠲᠠᠰᠦ ᠬᠡᠷᠡᠭᠯᠡᠭᠴᠢ ᠶᠢᠨ ᠤᠷᠤᠨ ᠪᠠᠶᠢᠷᠢ ᠶᠢ ᠤᠨᠤᠪᠴᠢᠲᠠᠢ ᠪᠠᠷ ᠮᠡᠲᠡᠭᠡᠯᠡᠲᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号