| | | ᠤᠶᠢᠷ᠎ᠠ ᠶᠢᠨ ᠡᠳᠦᠷ᠂ ᠠᠯᠠᠱᠠ ᠵᠡᠬᠦᠨ ᠬᠤᠰᠢᠭᠤᠨ ᠤ ᠨᠢᠭᠡᠨ ᠡᠮᠡᠭᠳᠡᠢ ᠪᠠᠶᠠᠨᠬᠤᠳᠠ ᠶᠢᠨ ᠲᠤᠷᠭᠤᠳ ᠵᠠᠮ | ᠤᠨ ᠬᠤᠶᠢᠳᠠᠢ ᠪᠠᠶᠢᠷᠢᠰᠢᠭ᠎ᠠ ᠠᠶᠠᠨᠴᠢᠳ ᠤᠨ ᠮᠠᠰᠢᠨ ᠲᠡᠷᠭᠡᠨ ᠦᠷᠳᠡᠭᠡᠨ ᠤ ᠬᠠᠵᠠᠭᠤ ᠳᠠᠬᠢ ᠤᠶᠢᠵᠢᠭᠤᠯᠤᠯᠳᠠ | ᠶᠢᠨ ᠲᠠᠯᠠᠪᠡᠢ ᠳᠤ ᠴᠠᠭᠠᠰᠤ ᠲᠦᠯᠡᠵᠦ ᠪᠠᠶᠢᠭᠠᠳ ᠭᠠᠯ ᠤᠨ ᠠᠶᠤᠯ ᠡᠬᠦᠰᠭᠡᠵᠡᠢ᠃ ᠭᠠᠯ ᠤᠨ ᠠᠶᠤᠯ ᠳᠤ ᠬᠦᠮᠦᠨ ᠤ | ᠠᠮᠢ ᠨᠠᠰᠤᠨ ᠤ ᠠᠳᠡᠯ ᠭᠠᠷᠤᠭᠰᠠᠨ ᠦᠭᠡᠢ ᠪᠤᠯᠪᠠᠴᠤ ᠲᠦᠯᠡᠭᠳᠡᠭᠰᠡᠨ ᠤᠶᠢᠵᠢᠭᠤᠯᠤᠯᠳᠠ ᠶᠢᠨ ᠲᠠᠯᠠᠪᠡᠢ ᠨᠢ 580 | ᠲᠡᠭᠰᠢ ᠲᠦᠷᠪᠡᠯᠵᠢᠨ ᠮᠧᠲᠷ ᠲᠤ ᠬᠦᠷᠴᠦ᠂ 74 ᠰᠠᠭᠤᠷᠢ ᠮᠤᠳᠤ ᠭᠠᠯ ᠳᠤ ᠰᠢᠳᠠᠭᠳᠠᠵᠦ᠂ ᠠᠷᠪᠠ ᠭᠠᠷᠤᠢ | ᠲᠦᠮᠡᠨ ᠲᠦᠬᠦᠷᠢᠭ ᠤᠨ ᠰᠤᠶᠢᠳᠦᠯ ᠭᠠᠷᠭᠠᠭᠰᠠᠨ ᠪᠠᠶᠢᠨ᠎ᠠ᠃ ᠵᠢᠯ ᠪᠤᠯᠭᠠᠨ ᠤ ᠬᠠᠩᠰᠢ ᠶᠢᠨ ᠡᠳᠦᠷ ᠪᠤᠯᠬᠤ ᠳᠤ | ᠪᠠᠶᠠᠨᠬᠤᠳᠠ ᠶᠢᠨ ᠤᠶᠢᠷ᠎ᠠ ᠵᠠᠭᠤᠷ᠎ᠠ ᠪᠠᠷ ᠦᠩᠭᠡᠷᠡᠭᠰᠡᠨ ᠬᠦᠮᠦᠰ ᠲᠡᠭᠡᠨ ᠴᠠᠭᠠᠰᠦ ᠲᠤᠶ᠋ᠢᠩ ᠰᠢᠳᠠᠭᠠᠬᠤ ᠬᠦᠮᠦᠰ | ᠲᠤᠩ ᠤᠯᠠᠨ ᠪᠠᠶᠢᠳᠠᠭ᠃ ᠲᠡᠬᠡᠬᠦᠯᠡᠷ ᠭᠠᠯ ᠤᠨ ᠠᠶᠤᠯ ᠠᠴᠠ ᠰᠡᠷᠬᠡᠶᠢᠯᠡᠬᠦ ᠨᠢ ᠰᠠᠭᠤᠭᠠᠯᠢ ᠠᠷᠠᠳ ᠤᠨ ᠠᠩᠬᠠᠷᠬᠤ | ᠴᠢᠬᠤᠯᠠᠳᠠᠢ ᠵᠤᠶᠢᠯ ᠪᠤᠯᠵᠦ ᠪᠤᠢ᠃ | ᠬᠠᠩᠰᠢ ᠶᠢᠨ ᠠᠮᠠᠷᠠᠯᠳᠠ ᠤᠳᠠᠯ ᠦᠭᠡᠢ ᠬᠦᠷᠴᠦ ᠢᠷᠡᠯ᠎ᠡ᠃ ᠠᠮᠠᠷᠠᠯᠳᠠ ᠶᠢᠨ ᠡᠳᠦᠷ ᠦᠩᠭᠡᠷᠡᠭᠰᠡᠨ ᠬᠦᠮᠦᠰ ᠲᠡᠭᠡᠨ | ᠴᠠᠭᠠᠰᠦ ᠲᠤᠶ᠋ᠢᠩ ᠲᠦᠯᠡᠬᠦ ᠨᠢ ᠤᠯᠠᠮᠵᠢᠯᠠᠯᠳᠤ ᠶᠤᠰᠤ ᠵᠠᠩᠰᠢᠯ ᠪᠤᠯᠪᠠᠴᠤ ᠶᠠᠭᠤᠮ᠎ᠠ ᠲᠦᠯᠡᠵᠦ ᠦᠬᠡᠶᠢᠳᠡᠭᠰᠡᠨ | ᠬᠦᠮᠦᠰ ᠢᠶᠠᠨ ᠭᠠᠰᠢᠭᠤᠳᠠᠬᠤ ᠳᠠᠭᠠᠨ ᠭᠠᠯ ᠤᠨ ᠠᠶᠤᠯ ᠠᠴᠠ ᠰᠡᠷᠬᠡᠶᠢᠯᠡᠬᠦ ᠨᠢ ᠮᠠᠰᠢ ᠴᠢᠬᠤᠯᠠ ᠪᠠᠶᠢᠨ᠎ᠠ᠃ | ᠬᠠᠤᠯᠢ ᠬᠡᠷᠡᠭᠵᠢᠬᠦᠯᠬᠦ ᠪᠠᠶᠢᠭᠤᠯᠤᠯᠭ᠎ᠠ ᠶᠢᠨ ᠬᠢᠨ ︽ᠬᠠᠩᠰᠢ ᠶᠢᠨ ᠡᠳᠦᠷ ᠴᠠᠭᠠᠰᠤ ᠲᠤᠶ᠋ᠢᠩ ᠲᠦᠯᠡᠬᠦ ᠨᠢ | ᠬᠤᠳᠠ ᠶᠢᠨ ᠦᠩᠭᠡ ᠦᠵᠡᠮᠵᠢ᠂ ᠠᠭᠤᠷ ᠠᠮᠢᠰᠬᠤᠯ ᠢ ᠨᠦᠯᠦᠭᠡᠯᠡᠬᠦ ᠪᠠᠷ ᠪᠠᠷᠠᠬᠤ ᠦᠭᠡᠢ ᠵᠢᠯ ᠪᠤᠯᠭᠠᠨ ᠨᠢᠵᠡᠭᠡᠳ | ᠲᠤᠭᠠᠨ ᠤ ᠭᠠᠯ ᠤᠨ ᠠᠳᠡᠯ ᠡᠬᠦᠰᠳᠡᠭ︾ ᠬᠡᠯᠡ᠃ ᠪᠢᠳᠠ ᠬᠠᠩᠰᠢ ᠶᠢᠨ ᠡᠳᠦᠷ ᠤᠨ ᠶᠤᠰᠤ ᠵᠢᠷᠤᠮ ᠢᠶᠠᠨ | ᠪᠤᠯᠪᠠᠰᠤᠨ᠂ ᠦᠭᠡᠷ᠎ᠡ ᠠᠷᠭ᠎ᠠ ᠮᠠᠶ᠋ᠢᠭ ᠢᠶᠠᠷ ᠦᠩᠭᠡᠷᠡᠬᠦᠯᠵᠦ ᠪᠤᠯᠬᠤ ᠶᠤᠮ᠃ ᠡᠨᠡᠬᠦ ᠪᠠᠶᠢᠭᠠᠯᠢ ᠤᠷᠴᠢᠨ ᠤ | ᠬᠠᠮᠠᠭᠠᠯᠠᠯᠳᠠ ᠲᠠᠢ ᠵᠤᠬᠢᠴᠠᠬᠤ ᠦᠭᠡᠢ ᠶᠤᠰᠤ ᠵᠠᠩᠰᠢᠯ ᠢ ᠦᠬᠡᠶᠢᠰᠬᠡᠵᠦ᠂ ᠬᠠᠶᠢᠷᠠᠳᠤ ᠬᠦᠮᠦᠰ ᠢᠶᠠᠨ ᠰᠡᠳᠬᠢᠯ | ᠳᠡᠭᠡᠨ ᠭᠠᠰᠢᠭᠤᠳᠠᠬᠤ᠂ ᠴᠡᠴᠡᠭ ᠬᠤᠸᠠᠷ ᠬᠦᠷᠭᠡᠬᠦ᠂ ᠨᠠᠰᠤ ᠪᠠᠷᠠᠭᠰᠠᠨ ᠬᠦᠮᠦᠰ ᠤᠨ ᠨᠡᠷ᠎ᠡ ᠪᠠᠷ ᠮᠤᠳᠤ ᠲᠠᠷᠢᠵᠦ | ᠲᠤᠷᠠᠰᠬᠠᠬᠤ ᠵᠡᠷᠭᠡ ᠠᠷᠭ᠎ᠠ ᠶᠢ ᠬᠡᠷᠡᠭᠯᠡᠵᠦ ᠪᠤᠯᠤᠨ᠎ᠠ᠃ | ᠭᠠᠯ ᠤᠨ ᠠᠶᠤᠯ ᠪᠤᠯ ᠬᠠᠮᠤᠭ ᠠᠴᠠ ᠠᠶᠤᠮᠰᠢᠭᠳᠠᠢ᠃ ᠨᠡᠩ ᠴᠦ ᠨᠠᠮᠤᠷ᠂ ᠡᠪᠦᠯ᠂ ᠬᠠᠪᠤᠷ ᠤᠨ ᠤᠯᠠᠷᠢᠯ | ᠪᠤᠯ ᠭᠠᠯ ᠤᠨ ᠠᠶᠤᠯ ᠡᠬᠦᠰᠬᠦ ᠠᠶᠤᠯᠳᠠᠢ ᠬᠤᠭᠤᠴᠠᠭ᠎ᠠ ᠶᠤᠮ᠃ ᠡᠪᠡᠰᠦ ᠨᠤᠭᠤᠭ᠎ᠠ ᠪᠦᠷ ᠬᠠᠳᠠᠵᠦ ᠦᠵᠢᠷᠡᠭᠰᠡᠨ | ᠤᠴᠢᠷ ᠠᠴᠠ ᠭᠠᠭᠴᠠ ᠰᠢᠷᠬᠡᠭ ᠡᠪᠡᠰᠦ ᠪᠤᠶᠤ ᠨᠠᠪᠴᠢᠨ ᠠᠴᠠ ᠭᠠᠯ ᠤᠨ ᠠᠶᠤᠯ ᠡᠬᠦᠰᠬᠦ ᠪᠤᠯᠤᠮᠵᠢᠳᠠᠢ᠃ ᠡᠶᠢᠮᠤ | ᠠᠴᠠ ᠡᠨᠡᠬᠦ ᠭᠠᠯ ᠤᠨ ᠠᠶᠤᠯ ᠠᠴᠠ ᠪᠢᠳᠠ ᠰᠤᠷᠭᠠᠮᠵᠢ ᠠᠪᠴᠦ ᠪᠤᠯᠤᠨ᠎ᠠ ᠰᠢᠤ︕ |