ᠪᠦᠰᠡᠭᠦᠢ ᠵᠠᠶᠠᠭᠠᠨ ᠤ ᠲᠤᠤᠯᠢ
ᠨᠡᠶᠢᠲᠡᠯᠡᠭᠰᠡᠨ ᠴᠠᠭ᠄
2022/5/31
ᠭᠤᠸ᠎ᠠ    ᠠᠮᠢᠳᠤᠷᠠᠯ ᠭᠡᠳᠡᠭ ᠠᠯᠳᠠᠬᠠᠨ ᠬᠤᠷᠣᠮ᠂ ᠵᠢᠷᠭᠠᠯ ᠵᠣᠪᠠᠯᠠᠩ ᠢ ᠮᠥᠷᠥᠭᠡᠳᠦᠯ ᠢᠶᠠᠷ ᠬᠡᠯᠬᠢᠭᠰᠡᠨ ᠢᠷᠠᠭᠤᠬᠠᠨ ᠲᠤᠤᠯᠢᠰ᠂ ᠵᠢᠷ ᠤᠨ ᠠᠭᠠᠳ ᠵᠢᠷ ᠤᠨ ᠥᠩᠭᠡ ᠪᠠᠷ ᠪᠢᠴᠢᠭᠳᠡᠭᠰᠡᠭᠡᠷ ᠁ ᠮᠥᠷᠥᠭᠡᠳᠦᠯ ᠭᠡᠳᠡᠭ ᠬᠤᠯᠠ ᠶᠢᠨ ᠠᠶᠠᠨ᠂ ᠠᠮᠢᠳᠤᠷᠠᠯ ᠲᠡᠮᠡᠴᠡᠯ ᠢ ᠵᠣᠷᠢᠭ ᠢᠶᠠᠷ ᠬᠤᠯᠪᠣᠭᠰᠠᠨ ᠲᠣᠷᠭᠠᠨ ᠡᠭᠡᠰᠢᠭᠯᠡᠩ᠂ ᠵᠢᠷᠦᠬᠡᠨ ᠤ ᠭᠦᠨ ᠳᠤ ᠬᠠᠩᠭᠢᠨᠠᠮᠤᠢ᠃ ᠡᠭᠡᠯ ᠵᠢᠷ᠂ ᠡᠰᠡᠨᠢᠯ ᠠᠮᠢᠳᠤᠷᠠᠯ᠂ ᠬᠦᠰᠡᠯ ᠮᠥᠷᠥᠭᠡᠳᠦᠯ ᠪᠣᠯ ᠹᠠᠨ ᠭᠠᠷᠸ᠎ᠠ ᠶᠢᠨ ᠵᠢᠷᠦᠬᠡᠨ ᠲᠣᠯᠲᠣ ᠮᠥᠨ᠃    ᠹᠠᠨ ᠭᠠᠷᠸ᠎ᠠ ᠪᠣᠯ ᠲᠡᠭᠷᠢ ᠠᠵᠤ ᠠᠬᠤᠢ ᠮᠡᠷᠭᠡᠵᠢᠯ ᠤᠨ ᠨᠡᠭᠡᠭᠡᠯᠲᠡ ᠶᠢᠨ ᠤᠷᠤᠨ ᠤ ᠲᠡᠭᠷᠢ ᠡᠯᠡᠰᠦ ᠪᠠᠯᠭᠠᠰᠤᠨ ᠎ ᠤ ᠲᠡᠮᠡᠭᠡᠨ ᠠᠭᠤᠯᠠ ᠭᠠᠴᠠᠭ᠎ᠠ ᠪᠠᠷ ᠨᠤᠲᠤᠭᠲᠠᠢ ᠮᠠᠯᠴᠢᠨ ᠶᠤᠮᠰᠠᠨ᠃ ᠠᠪᠤ ᠡᠵᠢ ᠠᠴᠠ ᠠᠬ᠎ᠠ ᠳᠡᠭᠦᠦ ᠨᠠᠢᠮᠠᠭᠤᠯᠠ ᠵᠠᠶᠠᠭᠠᠵᠤ᠂ ᠭᠡᠷ ᠤᠨ ᠠᠮᠢᠳᠤᠷᠠᠯ ᠲᠠᠭᠠᠷᠠᠤᠬᠠᠨ ᠪᠠᠶᠢᠭᠰᠠᠨ ᠠᠴᠠ ᠲᠡᠷᠡᠪᠡᠷ ᠠᠩᠬ᠎ᠠ ᠲᠤᠮᠳᠠᠳᠦ ᠪᠠᠨ ᠲᠡᠭᠦᠰᠦᠭᠡᠳ ᠰᠤᠷᠭᠠᠭᠤᠯᠢ ᠰᠣᠶᠣᠯ ᠤᠨ ᠮᠥᠷ ᠢᠶᠠᠨ ᠵᠣᠭᠰᠣᠵᠤ ᠡᠪᠡᠳᠴᠢᠲᠡᠢ ᠡᠵᠢ ᠪᠠᠨ ᠬᠠᠷᠠᠭᠠᠯᠵᠠᠨ᠂ ᠠᠷᠤ ᠭᠡᠷ ᠲᠡᠭᠡᠨ ᠲᠡᠮ ᠲᠤᠰᠠ ᠪᠣᠯᠵᠤ ᠲᠠᠪᠤᠨ ᠬᠤᠰᠢᠭᠤ ᠮᠠᠯ ᠢᠶᠠᠨ ᠮᠠᠯᠯᠠᠵᠤ ᠠᠮᠢᠳᠤᠷᠠᠵᠠᠢ᠃ ᠬᠤᠷᠢ ᠶᠢᠰᠦᠲᠡᠢ ᠳᠠᠭᠠᠨ ᠮᠠᠯᠵᠢᠬᠤ ᠶᠢ ᠵᠣᠭᠰᠣᠭᠠᠵᠤ ᠪᠡᠯᠴᠢᠭᠡᠷ ᠢ ᠰᠡᠷᠭᠦᠭᠡᠬᠦ ᠲᠦᠷᠤ ᠶᠢᠨ ᠪᠣᠳᠣᠯᠭ᠎ᠠ ᠪᠠᠷ ᠬᠤᠳᠡ ᠳᠤ ᠢᠷᠡᠵᠦ ᠰᠢᠨ᠎ᠡ ᠠᠮᠢᠳᠤᠷᠠᠯ ᠤᠨ ᠠᠶᠠᠨ ᠢᠶᠠᠨ ᠡᠬᠢᠯᠡᠭᠦᠯᠦᠭᠰᠡᠨ ᠪᠠᠶᠢᠨ᠎ᠠ᠃    ᠰᠤᠮᠤ ᠪᠠᠯᠭᠠᠰᠤᠨ ᠳᠤ ᠠᠮᠢᠳᠤᠷᠠᠵᠤ ᠪᠠᠶᠢᠭᠰᠠᠨ ᠹᠠᠨ ᠭᠠᠷᠸ᠎ᠠ ᠳᠤ ᠠᠪᠴᠤ ᠬᠡᠯᠡᠪᠡᠯ ᠪᠠᠶᠠᠨᠬᠤᠲᠠ ᠭᠡᠳᠡᠭ ᠲᠣᠮᠣ ᠬᠤᠳᠡ ᠪᠠᠶᠢᠵᠤ ᠪᠢᠯᠡ᠃ ᠪᠠᠶᠢᠬᠤ ᠬᠡᠳᠦᠨ ᠮᠥᠩᠭᠦ ᠪᠠᠨ ᠠᠪᠤᠭᠠᠳ ᠬᠤᠳᠡ ᠳᠤ ᠠᠮᠢᠳᠤᠷᠠᠯ ᠢᠶᠠᠨ ᠲᠠᠭᠢᠨ ᠡᠬᠢᠯᠡᠭᠦᠯᠦᠨ᠎ᠡ ᠭᠡᠳᠡᠭ ᠨᠢ ᠳᠡᠮᠡᠢ ᠬᠡᠳᠦᠨ ᠬᠤᠨᠤᠭ ᠨᠣᠮ ᠤᠨ ᠬᠠᠭᠤᠳᠠᠰᠤ ᠰᠡᠬᠦᠭᠡ ᠦᠭᠡᠢ ᠮᠠᠯᠴᠢᠨ ᠬᠥᠮᠥᠨ ᠳᠤ ᠠᠪᠴᠤ ᠬᠡᠯᠡᠪᠡᠯ ᠭᠢᠯᠪᠡᠷ ᠪᠤᠰᠤ ᠶᠠᠪᠤᠳᠠᠯ ᠰᠠᠨ᠃ ᠬᠤᠳᠠ ᠭᠠᠵᠠᠷ ᠭᠡᠳᠡᠭ ᠴᠢᠨᠢ ᠬᠥᠳᠡᠯᠪᠡᠯ ᠮᠥᠩᠭᠦ᠂ ᠥᠪᠡᠷ ᠤᠨ ᠠᠮᠢᠳᠤᠷᠠᠯ ᠢᠶᠠᠨ ᠠᠷᠭᠠᠴᠠᠭᠠᠨ᠎ᠠ ᠭᠡᠳ ᠲᠡᠷᠡ ᠱᠠᠬᠠᠢ ᠭᠤᠳᠤᠯ ᠤᠨ ᠤᠯᠠ ᠪᠠᠨ ᠡᠯᠡᠭᠡᠲᠡᠯ᠎ᠡ ᠭᠦᠶᠦᠵᠦ ᠬᠥᠯᠥᠰᠦᠨ ᠠᠵᠢᠯ ᠡᠷᠢᠵᠡᠢ᠃ ᠲᠡᠭᠡᠭᠡᠳ ᠺᠠᠢ ᠶᠤᠸᠠᠨ ᠳᠤ ᠬᠤᠪᠴᠠᠰᠤ ᠬᠤᠳᠠᠯᠳᠤᠳᠠᠭ ᠠᠵᠢᠯ ᠣᠯᠣᠭᠠᠳ ᠬᠤᠲᠠ ᠶᠢᠨ ᠳᠡᠪᠵᠢᠶᠡᠨ ᠳᠤ ᠲᠡᠭᠦᠨ ᠤ ᠶᠠᠭᠠᠷᠠᠯᠲᠠᠢ ᠠᠮᠢᠳᠤᠷᠠᠯ ᠨᠢ ᠡᠬᠢᠯᠡᠭᠰᠡᠨ ᠪᠠᠶᠢᠨ᠎ᠠ᠃ ᠡᠶᠢᠨᠬᠦ ᠶᠠᠭᠠᠷᠠᠯ ᠵᠦᠳᠡᠷᠡᠯ ᠤᠨ ᠳᠤᠮᠳᠠ ᠨᠢᠭᠡ ᠮᠡᠳᠡᠬᠦᠨ᠎ᠡ ᠲᠠᠪᠤᠨ ᠵᠢᠯ ᠢᠶᠠᠨ ᠤᠷᠤᠰᠤᠭᠰᠠᠨ ᠤᠰᠤ ᠰᠢᠭ᠋ ᠥᠩᠭᠡᠷᠡᠨ ᠣᠳᠴᠠᠢ᠃ ᠬᠡᠳᠦᠶᠢᠪᠡᠷ ᠬᠥᠯᠥᠰᠦ ᠣᠯᠭᠤᠮᠵᠢ ᠨᠡᠯᠢᠶᠡᠳ ᠭᠠᠶᠢᠭᠤᠢ ᠪᠠᠶᠢᠭᠰᠠᠨ ᠴᠤ ᠬᠥᠮᠥᠨ ᠤ ᠰᠢᠨᠠᠭᠠᠨ ᠠᠴᠠ ᠠᠶᠠᠭ᠎ᠠ ᠪᠠᠨ ᠲᠣᠰᠣᠨ᠎ᠠ ᠭᠡᠭᠴᠢ ᠲᠡᠶᠢᠮᠦ ᠯᠡ ᠭᠢᠯᠪᠠᠷ ᠶᠠᠪᠤᠳᠠᠯ ᠪᠤᠰᠤ ᠠᠵᠢ᠃ ᠬᠡᠵᠢᠶ᠎ᠡ ᠨᠢᠭᠡ ᠡᠳᠦᠷ ᠥᠪᠡᠷ ᠢᠶᠠᠨ ᠡᠵᠡᠨ ᠮᠡᠳᠡᠵᠦ ᠶᠠᠭᠤᠮ᠎ᠠ ᠬᠢᠳᠡᠭ ᠪᠣᠯ ᠠ᠋ ᠭᠡᠬᠦ ᠪᠤᠳᠦᠯ ᠬᠠᠶᠠ ᠬᠠᠶᠠ ᠲᠠᠷᠢᠬᠢᠨ ᠳᠤᠨᠢ ᠡᠷᠭᠢᠯᠳᠦᠨ᠎ᠡ᠃ ᠪᠤᠰᠤᠳ ᠲᠤ ᠬᠦᠯᠢᠶᠡᠰᠦᠯᠡᠭᠳᠡᠬᠦ ᠦᠭᠡᠢ ᠭᠡᠰᠡᠨ ᠡᠨᠡ ᠪᠤᠳᠦᠯ ᠨᠢ ᠲᠡᠭᠦᠨ ᠢ ᠦᠢᠯᠡᠰ ᠪᠦᠲᠦᠭᠡᠬᠦ ᠵᠠᠮ ᠥᠭᠡᠳᠡ ᠬᠥᠲᠥᠯᠥᠭᠰᠡᠨ ᠪᠠᠶᠢᠪᠠ᠃ ᠲᠠᠪᠤᠨ ᠵᠢᠯ ᠬᠤᠪᠴᠠᠰᠤ ᠬᠤᠳᠠᠯᠳᠤᠭᠰᠠᠨ ᠥᠩᠭᠡᠷᠡᠯᠲᠡ ᠲᠡᠭᠦᠨ ᠳᠤ ᠰᠢᠨ᠎ᠡ ᠠᠮᠢᠳᠤᠷᠠᠯ ᠠᠪᠴᠢᠷᠠᠭᠰᠠᠨ ᠠᠴᠠ ᠭᠠᠳᠠᠨ᠎ᠠ ᠨᠠᠨᠳᠢᠨ ᠲᠤᠷᠰᠢᠯᠭ᠎ᠠ ᠦᠯᠡᠳᠡᠭᠡᠪᠡ᠃ ᠲᠡᠭᠡᠭᠡᠳ ᠲᠡᠷᠡ ᠬᠡᠦᠬᠡᠳ ᠤᠨ ᠬᠤᠪᠴᠠᠰᠤᠨ ᠳᠡᠯᠭᠡᠭᠦᠷ ᠡᠷᠭᠢᠯᠡᠭᠦ ᠪᠠᠷ ᠲᠣᠭᠲᠠᠵᠠᠢ᠃ ᠬᠡᠳᠦᠶᠢᠪᠡᠷ ᠠᠳᠠᠯᠢᠬᠠᠨ ᠬᠤᠪᠴᠠᠰᠤ ᠬᠤᠳᠠᠯᠳᠤᠬᠤ ᠠᠵᠢᠯ ᠪᠠᠶᠢᠭᠰᠠᠨ ᠴᠤ ᠬᠡᠦᠬᠡᠳ ᠤᠨ ᠬᠤᠪᠴᠠᠰᠤ ᠬᠤᠳᠠᠯᠳᠤᠬᠤ ᠨᠢ ᠲᠣᠮᠣᠴᠤᠤᠯ ᠤᠨ ᠬᠤᠪᠴᠠᠰᠤ ᠬᠤᠳᠠᠯᠳᠤᠬᠤ ᠲᠠᠢ ᠢᠯᠭᠠᠭ᠎ᠠ ᠲᠠᠢ ᠵᠦᠢᠯ ᠵᠥᠩᠳᠡᠭᠡᠨ᠃ ᠰᠠᠶ᠋ᠢ ᠡᠵᠡᠩᠨᠡᠵᠦ ᠡᠭᠢᠯᠡᠭᠦ ᠳᠤ ᠳᠡᠯᠭᠡᠭᠦᠷ ᠢᠶᠠᠷ ᠥᠩᠭᠡᠶᠢᠵᠦ ᠬᠠᠷᠠᠬᠤ ᠬᠥᠮᠥᠨ ᠳᠡᠮᠡᠢ ᠦᠭᠡᠢ ᠮᠥᠷᠲᠡᠭᠡᠨ ᠬᠤᠪᠴᠠᠰᠤᠨ ᠤ ᠬᠡᠪ ᠮᠠᠶ᠋ᠢᠭ ᠴᠤ ᠵᠠᠬ᠎ᠠ ᠳᠡᠯᠭᠡᠭᠦᠷ ᠤᠨ ᠱᠠᠭᠠᠷᠳᠠᠯᠭ᠎ᠠ ᠠᠴᠠ ᠬᠤᠴᠤᠷᠤᠭᠰᠠᠨ ᠨᠢ ᠢᠯᠡᠳᠳᠡ ᠮᠡᠳᠡᠭᠳᠡᠵᠦ ᠪᠠᠶᠢᠵᠠᠢ᠃ ᠬᠠᠭᠠᠰ ᠤᠨ ᠵᠢᠯ ᠤᠨ ᠪᠠᠷᠢᠮᠲᠠᠯᠠᠯ ᠢᠶᠠᠷ ᠡᠵᠡᠩᠨᠡᠯᠲᠡ ᠶᠢᠨ ᠠᠷᠭ᠎ᠠ ᠪᠠᠷᠢᠯ᠂ ᠬᠤᠪᠴᠠᠰᠤᠨ ᠵᠠᠭᠪᠤᠷ ᠢᠶᠠᠨ ᠰᠢᠨᠡᠳᠬᠡᠭᠰᠡᠨ ᠠᠴᠠ ᠠᠭᠠᠵᠢᠮ ᠢᠶᠠᠷ ᠵᠠᠬ᠎ᠠ ᠳᠡᠯᠭᠡᠭᠦᠷ ᠤᠨ ᠥᠷᠢᠰᠦᠯᠳᠦᠭᠡᠨ ᠳᠤ ᠬᠥᠯ ᠲᠣᠭᠲᠠᠵᠤ᠂ ᠲᠡᠭᠦᠨ ᠤ ᠣᠷᠣᠭᠤᠯᠤᠭᠰᠠᠨ ᠪᠠᠷᠠᠭ᠎ᠠ ᠨᠢ ᠴᠤ ᠡᠳᠦᠷ ᠠᠴᠠ ᠡᠳᠦᠷ ᠬᠡᠷᠡᠭᠯᠡᠭᠴᠢ ᠶᠢᠨ ᠲᠠᠭᠠᠰᠢᠶᠠᠯ ᠢ ᠣᠯᠵᠤ ᠡᠬᠢᠯᠡᠭᠰᠡᠨ ᠪᠠᠶᠢᠯ᠎ᠠ᠃    ᠬᠥᠮᠥᠨ ᠤ ᠠᠮᠢᠳᠤᠷᠠᠯ ᠤᠨ ᠵᠠᠮ ᠭᠡᠳᠡᠭ ᠰᠢᠯᠤᠭᠤᠨ ᠱᠤᠭᠤᠮ ᠪᠢᠰᠢ᠂ ᠶᠡᠷᠦᠨᠢ ᠡᠩᠬᠦᠯ ᠳᠤᠩᠬᠤᠯ ᠢᠶᠠᠷ ᠳᠦᠭᠦᠷᠴᠦ ᠪᠠᠶᠢᠳᠠᠭ ᠢ ᠬᠡᠨ ᠪᠦᠭᠦᠨ ᠣᠶᠢᠯᠠᠭᠠᠨ᠎ᠠ᠃ ᠭᠡᠨᠡᠳᠲᠡ ᠶᠢᠨ ᠲᠦᠢᠳᠬᠡᠷ ᠬᠢᠵᠢᠭ ᠲᠡᠷᠡᠴᠢᠯᠡᠨ ᠰᠦᠯᠵᠢᠶᠡᠨ ᠤ ᠠᠷᠠᠯᠵᠢᠶ᠎ᠠ ᠲᠡᠭᠦᠨ ᠳᠤ ᠶᠡᠬᠡᠬᠡᠨ ᠨᠥᠯᠥᠭᠡ ᠠᠪᠴᠢᠷᠠᠵᠠᠢ᠃ ᠡᠨᠡᠬᠦ ᠨᠥᠯᠥᠭᠡᠨ ᠳᠤ ᠲᠡᠷᠡ ᠠᠷᠭ᠎ᠠ ᠪᠤᠰᠤ ᠬᠤᠪᠴᠠᠰᠤᠨ ᠳᠡᠯᠭᠡᠭᠦᠷ ᠢᠶᠠᠨ ᠬᠠᠭᠠᠬᠤ ᠪᠣᠯᠣᠯ᠎ᠠ᠃ ᠵᠦᠭᠡᠷ ᠰᠠᠭᠤᠵᠤ ᠴᠢᠳᠠᠳᠠᠭ ᠦᠭᠡᠢ ᠲᠡᠷᠡ ᠮᠠᠨᠢ ᠶᠠᠭᠤ ᠨᠢᠭᠡᠨ ᠢ ᠭᠢᠶ᠎ᠠ ᠭᠡᠵᠦ ᠪᠤᠳᠤᠵᠦ ᠪᠠᠶᠢᠲᠠᠯ᠎ᠠ ᠡᠭᠡᠴᠢ ᠨᠢ ᠲᠡᠭᠦᠨ ᠳᠤ᠂ ᠢᠯᠪᠢᠨ ᠵᠠᠰᠠᠬᠤ ᠦᠷᠦᠭᠡ ᠡᠷᠭᠢᠯᠡᠪᠡᠯ ᠶᠠᠮᠠᠷ ᠪᠤᠢ ᠭᠡᠰᠡᠨ ᠰᠠᠨᠠᠭᠤᠯᠭ᠎ᠠ ᠥᠭᠴᠡᠢ᠃ ᠡᠭᠡᠴᠢ ᠶᠢᠨ ᠬᠢᠨ ᠰᠠᠨᠠᠭᠤᠯᠭ᠎ᠠ ᠥᠪᠡᠷ ᠤᠨ ᠬᠢᠨᠢ ᠪᠤᠳᠦᠯ ᠲᠠᠢ ᠶᠠᠪ ᠴᠠᠪ ᠨᠡᠶᠢᠯᠡᠵᠡᠢ᠃ ᠤᠴᠢᠷ ᠨᠢ ᠬᠢᠵᠢᠭ ᠠᠴᠠ ᠪᠣᠯᠵᠤ᠂ ᠬᠥᠮᠥᠰ ᠪᠡᠶ᠎ᠡ ᠶᠢᠨ ᠡᠷᠡᠭᠦᠯ ᠮᠡᠨᠳᠦ ᠪᠠᠨ ᠨᠡᠩ ᠠᠩᠬᠠᠷᠴᠤ ᠡᠬᠢᠯᠡᠭᠰᠡᠨ ᠪᠠᠶᠢᠨ᠎ᠠ᠃ ᠲᠡᠷᠡᠴᠢᠯᠡᠨ ᠢᠯᠪᠢᠨ ᠵᠠᠰᠠᠬᠤ ᠠᠵᠢᠯ ᠨᠢ ᠪᠡᠯᠡ ᠤᠷᠤᠭᠤᠯᠤᠯᠳᠡ ᠬᠠᠷᠢᠴᠠᠩᠭᠤᠢ ᠪᠠᠭ᠎ᠠ ᠮᠥᠷᠲᠡᠭᠡᠨ ᠥᠪᠡᠷ ᠤᠨ ᠬᠤᠶᠠᠷ ᠬᠡᠦᠬᠡᠳ ᠪᠣᠯᠣᠨ ᠠᠷᠤ ᠭᠡᠷ ᠢᠶᠠᠨ ᠴᠤ ᠬᠠᠷᠠᠭᠠᠯᠵᠠᠨ ᠳᠣᠳᠣᠮᠳᠠᠵᠤ ᠳᠡᠶᠢᠯᠦᠨ᠎ᠡ᠃ ᠢᠯᠪᠢᠨ ᠵᠠᠰᠠᠬᠤ ᠦᠷᠤᠭᠡ ᠡᠷᠬᠢᠯᠡᠭᠦ ᠪᠤᠳᠣᠯ ᠡᠶᠢᠨᠬᠦ ᠤᠭᠤᠷᠠᠭ ᠲᠠᠷᠢᠬᠢᠨ ᠳᠤᠨᠢ ᠤᠷᠭᠤᠵᠤ ᠡᠬᠢᠯᠡᠪᠡᠢ᠃ ᠶᠠᠭᠤ ᠨᠢᠭᠡᠨ ᠢ ᠰᠠᠨᠠᠪᠠᠯ ᠲᠡᠷᠡ ᠳᠣᠣᠷ᠎ᠠ ᠨᠢ ᠭᠦᠢᠴᠡᠭᠡᠳᠡᠭ ᠹᠠᠨ ᠭᠠᠷᠸ᠎ᠠ ᠠᠪᠤᠨ ᠳᠣᠣᠷ᠎ᠠ ᠪᠠᠨ ᠢᠯᠪᠢᠨ ᠵᠠᠰᠠᠬᠤ ᠮᠡᠷᠭᠡᠵᠢᠯ ᠰᠤᠷᠤᠯᠴᠠᠵᠦ ᠡᠬᠢᠯᠡᠪᠡ᠃ 2020 ᠣᠨ ᠳᠤ ᠲᠡᠭᠦᠨ ᠤ ︽ᠹᠠᠨ ᠹᠠᠨ ᠢᠯᠪᠢᠨ ᠵᠠᠰᠠᠬᠤ ᠲᠥᠪ︾ ᠡᠭᠦᠳᠡ ᠪᠠᠨ ᠨᠡᠭᠡᠭᠡᠵᠦ ᠡᠷᠦᠭᠡ ᠪᠠᠨ ᠰᠡᠬᠦᠵᠦ ᠲᠡᠷᠡᠪᠡᠷ ᠬᠤᠶᠠᠳᠠᠭᠢ ᠤᠳᠠᠭᠠᠨ ᠤ ᠦᠢᠯᠡᠰ ᠤᠨ ᠠᠶᠠᠨ ᠤ ᠵᠠᠮ ᠢᠶᠠᠨ ᠡᠯᠭᠦᠪᠡ᠃    ᠠᠷᠠᠯᠵᠢᠶ᠎ᠠ ᠮᠠᠶᠢᠮᠠᠢ ᠬᠢᠨ᠎ᠡ ᠭᠡᠳᠡᠭ ᠨᠢ ᠲᠡᠷᠡ ᠴᠢᠭ ᠢᠶᠠᠷ ᠢᠶᠠᠨ ᠤᠬᠠᠭᠠᠨ ᠪᠣᠳᠣᠯᠭ᠎ᠠ᠂ ᠥᠪᠡᠷᠮᠢᠴᠡ ᠰᠡᠳᠬᠢᠬᠦᠢ ᠂ ᠵᠠᠬ᠎ᠠ ᠳᠡᠯᠭᠡᠭᠦᠷ ᠢ ᠠᠵᠢᠬᠤ ᠭᠢᠷᠠᠬᠠᠢ ᠬᠠᠷᠠᠴᠠ ᠲᠠᠢ ᠪᠠᠶᠢᠵᠤ ᠲᠠᠭᠠᠷᠠᠨ᠎ᠠ᠃ ᠶᠡᠷᠦᠨᠢ ᠹᠠᠨ ᠭᠠᠷᠸ᠎ᠠ ᠪᠠᠭ᠎ᠠ ᠠᠴᠠ ᠪᠠᠨ ᠠᠷᠠᠯᠵᠢᠶ᠎ᠠ ᠮᠠᠶᠢᠮᠠᠢ ᠬᠢᠬᠦ ᠳᠡᠭᠡᠨ ᠳᠠᠳᠮᠠᠭᠠᠢ᠃ ᠠᠷᠪᠠᠨ ᠬᠡᠳᠦᠲᠡᠢ ᠪᠠᠶᠢᠬᠤ ᠳᠠᠭᠠᠨ ᠲᠡᠷᠡ ᠨᠠᠭᠠᠳᠤᠮ ᠤᠨ ᠬᠤᠷᠠᠯ ᠵᠡᠷᠭᠡ ᠨᠠᠶᠢᠷ ᠴᠤᠭᠯᠠᠭᠠᠨ ᠪᠤᠯᠬᠤ ᠳᠤ ᠳᠡᠯᠭᠡᠭᠦᠷ ᠠᠴᠠ ᠤᠰᠤ ᠤᠮᠳᠠᠭᠠᠨ ᠢ ᠬᠢᠮᠳᠠ ᠪᠠᠷ ᠣᠷᠣᠭᠤᠯᠤᠭᠠᠳ᠂ ᠪᠤᠷᠭᠠᠰᠤᠨ ᠰᠠᠭᠰᠤᠨ ᠳᠤ ᠬᠢᠭᠡᠳ ᠬᠤᠷᠠᠯ ᠤᠨ ᠲᠠᠯᠠᠪᠤᠷ ᠢᠶᠠᠷ ᠬᠡᠰᠦᠵᠦ ᠭᠠᠷ ᠵᠠᠷᠤᠯᠭ᠎ᠠ ᠪᠠᠨ ᠣᠯᠵᠤ ᠶᠠᠪᠤᠳᠠᠭ ᠪᠠᠶᠢᠭᠰᠠᠨ ᠭᠡᠳᠡᠭ᠃ ᠢᠯᠪᠢᠨ ᠵᠠᠰᠠᠬᠤ ᠦᠷᠦᠭᠡ ᠨᠢ ᠰᠠᠶ᠋ᠢᠬᠠᠨ ᠡᠭᠦᠳᠡ ᠪᠠᠨ ᠨᠡᠭᠡᠭᠡᠬᠦ ᠳᠤ ᠵᠣᠴᠢᠨ ᠳᠡᠮᠡᠢ ᠠᠷᠪᠢᠨ ᠪᠠᠶᠢᠭᠰᠠᠨ ᠦᠭᠡᠢ ᠴᠤ ︽ᠤᠯᠡᠨ ᠵᠢᠯ︾ ᠠᠷᠠᠯᠵᠢᠶ᠎ᠠ ᠮᠠᠶᠢᠮᠠᠢ ᠬᠢᠵᠦ ᠪᠠᠶᠢᠭᠰᠠᠨ ᠪᠠᠶᠠᠯᠢᠭ ᠲᠤᠷᠰᠢᠯᠭ᠎ᠠ᠂ ᠠᠮᠢᠳᠤᠷᠠᠯ ᠤᠨ ᠬᠠᠲᠠᠭᠤ ᠳᠠᠪᠠᠭ᠎ᠠ ᠶᠢ ᠲᠤᠭᠤᠷᠢᠬᠤ ᠪᠢᠰᠢ ᠲᠤᠭᠤᠯᠵᠤ ᠭᠠᠷᠳᠠᠭ ᠬᠠᠲᠠᠭᠤ ᠶᠤᠰᠤ ᠲᠡᠭᠦᠨ ᠢ ᠢᠯᠪᠢᠨ ᠵᠠᠰᠠᠬᠤ ᠵᠠᠮ ᠳᠤ ᠮᠠᠰᠢ ᠲᠥᠷᠭᠡᠨ ᠣᠷᠣᠭᠤᠯᠤᠭᠰᠠᠨ ᠪᠠᠶᠢᠨ᠎ᠠ᠃ ︽ᠡᠨᠡ ᠬᠤᠶᠠᠷ ᠵᠢᠯ ᠤᠨ ᠴᠢᠷᠮᠠᠶᠢᠯᠭ᠎ᠠ ᠪᠠᠷ ᠲᠠᠮᠵᠢᠨ ᠮᠢᠨᠤ ᠡᠨᠡ ᠵᠢᠭᠠᠬᠠᠨ ᠦᠢᠯᠡᠰ ᠴᠤ ᠵᠠᠮ ᠳᠠᠭᠠᠨ ᠣᠷᠣᠵᠤ᠂ ᠣᠳᠣ ᠥᠪᠡᠷ ᠤᠨ ᠭᠡᠰᠡᠨ ᠪᠠᠶᠢᠩᠭᠤ ᠶᠢᠨ ᠬᠡᠷᠡᠭᠯᠡᠭᠴᠢ ᠲᠠᠢ ᠪᠣᠯᠵᠤ᠂ ᠤᠷᠤᠯᠭ᠎ᠠ ᠴᠤ ᠶᠡᠭᠡ ᠲᠣᠭᠲᠠᠭᠤᠨ ᠪᠠᠶᠢᠨ᠎ᠠ︾ ᠭᠡᠵᠦ ᠹᠠᠨ ᠭᠠᠷᠸ᠎ᠠ ᠢᠨᠢᠶᠡᠮᠰᠦᠭᠯᠡᠨ ᠤᠴᠢᠷᠯᠠᠨ᠎ᠠ᠃     ︽ᠵᠦᠭᠡᠷ ᠰᠠᠭᠤᠬᠤ ᠪᠠᠷ ᠵᠦᠯᠭᠦᠵᠦ ᠰᠠᠭᠤ︾ ᠭᠡᠳᠡᠭᠴᠢᠯᠡᠨ ᠶᠡᠷᠦᠨᠢ ᠠᠮᠢᠳᠤᠷᠠᠵᠤ ᠯᠡ ᠪᠠᠶᠢᠪᠠᠯ ᠤᠷᠤᠯᠳᠦᠵᠦ ᠪᠠᠶᠢᠬᠤ ᠯᠡ ᠤᠴᠢᠷᠲᠠᠢ᠂ ᠤᠷᠤᠯᠳᠦᠵᠦ ᠪᠠᠶᠢᠪᠠᠯ ᠨᠢᠭᠡ ᠶᠠᠭᠤᠮ᠎ᠠ ᠪᠦᠲᠦᠨ᠎ᠠ᠃ ᠶᠡᠷᠦ ᠠᠴᠠ ᠵᠦᠭᠡᠷ ᠰᠠᠭᠤᠵᠤ ᠴᠢᠳᠠᠳᠠᠭ ᠦᠭᠡᠢ ᠲᠡᠷᠡ ᠢᠯᠪᠢᠨ ᠵᠠᠰᠠᠬᠤ ᠦᠷᠦᠭᠡ ᠡᠷᠭᠢᠯᠡᠭᠦ ᠶᠢᠨ ᠳᠠᠭᠠᠤ ᠪᠠᠰᠠ ᠡᠨᠡ ᠲᠡᠷᠡ ᠶᠢ ᠤᠷᠤᠯᠳᠦᠵᠦ ᠤᠷᠤᠯᠭ᠎ᠠ ᠪᠠᠨ ᠨᠡᠮᠡᠭᠳᠡᠭᠦᠯᠵᠦ ᠰᠠᠭᠤᠨ᠎ᠠ᠂ ᠲᠡᠷᠡ ᠨᠢᠳᠤᠨᠤᠨ ᠵᠢᠯ ᠠᠴᠠ ᠡᠬᠢᠯᠡᠨ ᠸᠢᠴᠠᠲ ᠢᠶᠠᠷ ᠯᠠᠵᠤᠤ ᠶᠢᠨ ᠨᠤᠬᠤᠰᠢ ᠬᠤᠳᠠᠯᠳᠤᠵᠤ ᠡᠬᠢᠯᠡᠭᠰᠡᠨ ᠪᠠᠶᠢᠨ᠎ᠠ᠃ ︽ᠯᠠᠵᠤᠤ ᠶᠢᠨ ᠨᠤᠬᠤᠰᠢ ᠶᠢᠨ ᠠᠷᠠᠯᠵᠢᠶ᠎ᠠ ᠰᠠᠨᠠᠭᠠᠨ ᠠᠴᠠ ᠭᠠᠳᠠᠭᠤᠷ ᠮᠠᠰᠢ ᠰᠠᠶᠢᠨ᠃ ᠥᠨᠥᠳᠥᠷ ᠪᠢ ᠨᠢᠭᠡ ᠡᠳᠦᠷ ᠲᠤ ᠲᠠᠪᠢᠨ ᠯᠣᠩᠬᠤ ᠯᠠᠵᠤᠤ ᠶᠢᠨ ᠨᠤᠬᠤᠰᠢ ᠬᠤᠳᠠᠯᠳᠤᠵᠠᠢ ᠁︾ ᠭᠡᠵᠦ ᠶᠠᠷᠢᠬᠤ ᠳᠤ ᠹᠠᠨ ᠭᠠᠷᠸ᠎ᠠ ᠶᠢᠨ ᠴᠢᠷᠠᠢ ᠳᠡᠭᠡᠷ᠎ᠡ ᠵᠢᠷᠭᠠᠯ ᠤᠨ ᠮᠦᠰᠢᠶᠡᠳᠦ ᠲᠣᠳᠣᠷᠠᠨ᠎ᠠ᠃ ᠥᠪᠡᠷ ᠤᠨ ᠠᠵᠢᠯ ᠦᠢᠯᠡᠰ ᠠᠷᠤ ᠭᠡᠷ ᠬᠤᠶᠠᠷ ᠤᠨ ᠬᠤᠭᠤᠷᠣᠨᠳᠤ ᠰᠢᠭᠤᠷᠬᠠᠶᠢᠯᠠᠭᠰᠠᠨ ᠶᠠᠭᠠᠷᠠᠯᠲᠠᠢ ᠪᠥᠭᠡᠳ ᠵᠢᠷᠭᠠᠯᠲᠠᠢ ᠡᠳᠦᠷ ᠬᠤᠨᠤᠭ ᠨᠢ ᠲᠡᠭᠦᠨ ᠤ ᠰᠢᠨ᠎ᠡ ᠴᠠᠭ ᠦᠶ᠎ᠡ ᠶᠢᠨ ᠡᠮᠡᠭᠲᠡᠶᠢᠴᠦᠳ ᠤᠨ ᠢᠷᠠᠭᠤ ᠬᠠᠭᠤᠳᠠᠰᠤ ᠶᠢ ᠪᠢᠴᠢᠭᠯᠡᠨ᠎ᠡ᠃ ᠡᠨᠡ ᠪᠣᠯ ᠳᠠᠷᠤᠢ ᠹᠠᠨ ᠭᠠᠷᠸ᠎ᠠ ᠶᠢᠨ ᠠᠮᠢᠳᠤᠷᠠᠯ ᠲᠡᠮᠡᠴᠡᠯ᠂ ᠪᠦᠰᠡᠭᠦᠢ ᠵᠠᠶᠠᠭᠠᠨ ᠤ ᠲᠤᠤᠯᠢ ᠪᠠᠶᠢᠯᠲᠠᠢ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号