ᠬᠦᠷᠮᠡᠳᠦ ᠶᠢᠨ ᠠᠭᠤᠢ
ᠨᠡᠶᠢᠲᠡᠯᠡᠭᠰᠡᠨ ᠴᠠᠭ᠄
2022/5/31
ᠠᠶᠠᠨ ᠤ ᠵᠤᠭᠤᠭ — ᠬᠠᠳᠠᠨ ᠤ ᠡᠷᠢᠯ             ᠦᠩᠭᠡᠷᠡᠭᠰᠡᠨ ᠳᠤ ᠨᠢᠭᠡᠨ ᠠᠩᠴᠢᠨ ᠶᠠᠪᠠᠷᠠᠢ ᠠᠭᠤᠯᠠᠨ ᠳᠤ ᠠᠪᠠᠯᠠᠨ ᠶᠠᠪᠤᠵᠦ ᠪᠠᠶᠢᠭᠠᠳ ᠠᠭᠤᠯᠠᠨ ᠡᠩᠭᠡᠷ ᠎ ᠲᠤ ᠵᠤᠭᠰᠤᠵᠦ ᠪᠠᠶᠢᠭᠰᠠᠨ ᠠᠷᠭᠠᠯᠢ ᠶᠢ ᠤᠯᠵᠦ ᠦᠵᠡᠭᠡᠳ ᠤᠶᠢᠷᠠᠳᠴᠦ ᠤᠴᠢᠨ ᠫᠤᠤᠳᠠᠶ᠎ᠠ ᠭᠡᠵᠦ ᠪᠠᠶᠢᠳᠠᠯ᠎ᠠ ᠲᠡᠷᠡ ᠠᠷᠭᠠᠯᠢ ᠶᠢᠨ ᠲᠡᠷᠭᠡᠳᠡᠬᠢ ᠬᠠᠳᠠᠨ ᠠᠭᠤᠢ ᠠᠴᠠ ᠨᠢᠭᠡᠨ ᠯᠠᠮᠠ ᠪᠠᠳᠢᠷ ᠤᠨ ᠠᠶᠠᠭ᠎ᠠ ᠪᠠᠷᠢᠨ ᠭᠠᠷᠴᠦ ᠢᠷᠡᠭᠡᠳ ᠦᠨᠦ ᠠᠷᠭᠠᠯᠢ ᠶᠢᠨ ᠰᠦ ᠶᠢ ᠨᠢ ᠰᠠᠭᠠᠵᠦ ᠠᠪᠤᠭᠠᠳ ᠠᠭᠤᠢ ᠳᠠᠭᠠᠨ ᠪᠤᠴᠠᠵᠦ ᠤᠷᠤᠬᠤ ᠶᠢ ᠦᠵᠡᠭᠡᠳ ᠶᠡᠭᠡ ᠯᠠ ᠰᠤᠨᠢᠷᠬᠠᠨ ︽ᠡᠨᠡ ᠴᠢᠨᠢ ᠬᠤᠪᠢᠯᠭᠠᠨ ᠪᠠᠶᠢᠭᠰᠠᠨ ᠴᠤ ᠶᠤᠮ ᠤᠤ︖︾ ᠭᠡᠵᠦ ᠰᠦᠰᠦᠭᠯᠡᠨ ᠫᠤᠤᠳᠠᠬᠤ ᠪᠠᠨ ᠪᠤᠯᠢᠵᠦ ᠭᠡᠨ᠎ᠡ᠃       ᠡᠨᠡ ᠪᠤᠯ ᠬᠦᠷᠮᠡᠳᠦ ᠶᠢᠨ ᠠᠭᠤᠢ ᠶᠢᠨ ᠲᠤᠬᠠᠢ ᠨᠢᠭᠡᠨ ᠦᠯᠢᠭᠡᠷ ᠪᠤᠯᠬᠤ ᠶᠤᠮ᠃ ᠮᠠᠨ ᠤ ᠠᠶᠠᠨ ᠤ ᠪᠦᠯᠬᠦᠮ 4 ᠰᠠᠷ᠎ᠠ ᠶᠢᠨ 6᠎ ᠤ ᠡᠳᠦᠷ ᠤᠨ ᠦᠳᠡ ᠶᠢᠨ ᠦᠶ᠎ᠡ ᠪᠠᠷ ᠡᠨᠡᠬᠦ ᠦᠯᠢᠭᠡᠷ ᠲᠤᠮᠤᠭᠳᠦ ᠬᠠᠳᠠᠨ ᠠᠭᠤᠢ ᠶᠢ ᠬᠠᠶᠢᠨ ᠰᠤᠷᠪᠤᠯᠵᠢᠯᠠᠬᠤ ᠪᠠᠷ ᠬᠦᠷᠮᠡᠳᠦ ᠶᠢᠨ ᠰᠦᠮ᠎ᠡ ᠳᠤ ᠢᠷᠡᠵᠦ ᠪᠢᠯᠡ᠃ ᠰᠦᠮ᠎ᠡ ᠶᠢᠨ ᠭᠡᠰᠬᠦᠢ ᠰᠤ᠋ ᠳ᠋ᠡᠶᠡᠨ ᠴᠢᠶᠠᠩ ᠪᠢᠳᠠᠨ ᠢ ᠤᠭᠳᠤᠨ ᠠᠪᠴᠣ ᠦᠯᠢᠭᠡᠷ ᠲᠤᠮᠤᠭ ᠬᠠᠭᠤᠴᠢᠯᠠᠯ᠎ᠠ᠃ ᠬᠡᠳᠦᠶᠢᠪᠡᠷ ᠨᠠᠰᠤᠨ ᠰᠡᠬᠦᠳᠡᠷ ᠨᠠᠶᠠ ᠶᠢ ᠲᠦᠬᠦᠭᠰᠡᠨ ᠪᠤᠯᠪᠠᠴᠤ ᠪᠡᠶ᠎ᠡ ᠴᠢᠬᠢᠷᠠᠭ᠂ ᠤᠬᠠᠭᠠᠨ ᠰᠠᠷᠠᠭᠤᠯ᠂ ᠮᠤᠩᠭᠤᠯ ᠦᠭᠡ ᠶᠢ ᠤᠷᠤᠰᠤᠮ᠎ᠠ ᠰᠠᠶᠢᠬᠠᠨ ᠶᠠᠷᠢᠨ᠎ᠠ ᠃ ᠠᠷᠪᠠᠨ ᠬᠡᠳᠤᠳᠠᠢ ᠳᠡᠭᠡᠨ ᠡᠨᠡ ᠨᠤᠳᠤᠭ ᠲᠤ ᠢᠷᠡᠵᠦ ᠠᠶᠢᠯ ᠭᠡᠷ ᠪᠤᠰᠬᠠᠨ ᠦᠷ᠎ᠡ ᠰᠠᠳᠤᠨ ᠵᠠᠶᠠᠭᠠᠵᠠᠢ᠃ ᠪᠢᠳᠠ ᠨᠠᠰᠤᠳᠠᠨ ᠲᠠᠢ ᠵᠤᠭᠤᠭ ᠲᠡᠯᠭᠡᠨ ᠡᠨᠡ ᠨᠤᠳᠤᠭ ᠤᠨ ᠦᠯᠢᠭᠡᠷ ᠲᠤᠮᠤᠭ ᠢ ᠨᠡᠯᠢᠶᠡᠳ ᠤᠶᠢᠯᠠᠭᠠᠯ᠎ᠠ᠃       ᠵᠡᠬᠦᠨ ᠬᠡᠶᠢᠳ ᠤᠨ ᠬᠠᠷᠢᠶᠠᠳᠦ ᠰᠦᠮ᠎ᠡ ᠪᠤᠯᠬᠤ ᠬᠦᠷᠮᠡᠳᠦ ᠶᠢᠨ ᠰᠦᠮ᠎ᠡ ᠶᠢ ᠪᠠᠰᠠ ᠠᠭᠤᠢ ᠶᠢᠨ ᠰᠦᠮ᠎ᠡ ᠭᠡᠳᠡᠭ᠃ ᠪᠠᠳᠠᠢ ᠶᠢᠨ ᠵᠢᠷᠠᠨ ᠤ ᠡᠯᠡᠰᠤᠨ ᠤ ᠵᠡᠬᠦᠨ ᠲᠠᠯ᠎ᠠ ᠳᠤ ᠮᠦᠷᠦ ᠵᠡᠷᠭᠡᠴᠡᠨ ᠰᠦᠨᠳᠡᠷᠯᠡᠭᠰᠡᠨ ᠶᠠᠪᠠᠷᠠᠢ ᠠᠭᠤᠯᠠ ᠎ ᠶᠢᠨ ᠲᠤᠮᠳᠠ ᠬᠡᠰᠡᠭ ᠤᠨ ᠡᠮᠤᠨ᠎ᠡ ᠡᠩᠭᠡᠷ ᠲᠠᠬᠢ ᠬᠠᠪᠢᠷᠭ᠎ᠠ ᠪᠤᠯᠠᠭ ᠭᠡᠮᠡᠬᠦ ᠭᠠᠵᠠᠷ ᠲᠤ ᠪᠠᠶᠢᠷᠢᠰᠢᠵᠦ᠂ ᠬᠦᠷᠮᠡᠳᠦ ᠎ ᠶᠢᠨ ᠠᠭᠤᠢ ᠨᠢ ᠰᠦᠮ᠎ᠡ ᠠᠴᠠ ᠬᠤᠶᠢᠰᠢ ᠵᠢᠷᠭᠤᠭᠠᠨ ᠵᠠᠭᠤ ᠰᠢᠬᠠᠮ ᠮᠧᠲᠷ ᠵᠠᠶᠢᠳᠠᠢ ᠲᠠᠢ ᠬᠦᠨ ᠠᠰᠬ᠎ᠠ ᠠᠭᠤᠯᠠᠨ ᠵᠢᠯᠠᠭ᠎ᠠ ᠳᠤ ᠪᠠᠶᠢᠳᠠᠭ ᠠᠵᠢ᠃ ᠨᠤᠳᠤᠭ ᠤᠨ ᠬᠦᠮᠦᠰ ᠪᠠᠰᠠ ᠬᠠᠪᠢᠷᠭ᠎ᠠ ᠪᠤᠯᠠᠭ ᠤᠨ ᠬᠠᠳᠠᠨ ᠠᠭᠤᠢ ᠭᠡᠵᠦ ᠨᠡᠷᠡᠯᠡᠳᠡᠭ᠃ ᠬᠦᠷᠮᠡᠳᠦ ᠭᠡᠳᠡᠭ ᠨᠡᠷ᠎ᠡ ᠶᠢᠨ ᠢᠷᠡᠯᠳᠡ ᠶᠢᠨ ᠲᠤᠬᠠᠢ ᠭᠡᠪᠡᠯ ᠨᠤᠳᠤᠭ ᠤᠨ ᠬᠦᠮᠦᠰ ᠤᠨ ᠤᠯᠠᠮᠵᠢᠯᠠᠯ ᠶᠠᠷᠢᠶ᠎ᠠ ᠪᠠᠷ ᠪᠤᠯ ᠨᠢᠭᠡᠨ ᠬᠦᠷᠮ᠎ᠡ ᠬᠤᠪᠴᠠᠰᠤ ᠠᠴᠠ ᠢᠷᠡᠭᠰᠡᠨ ᠭᠡᠨ᠎ᠡ᠃ ᠡᠷᠳᠡ ᠦᠶ᠎ᠡ ᠳᠤ ᠪᠠᠭᠠᠳᠤᠷ ᠬᠠᠷ᠎ᠠ ᠵᠠᠩᠵᠣᠨ ᠲᠠᠶᠢᠰᠤᠨ ᠳᠤ ᠪᠦᠰᠡᠯᠡᠭᠳᠡᠵᠦ ᠤᠷᠠᠨ ᠠᠷᠭ᠎ᠠ ᠪᠠᠷ ᠪᠦᠰᠡᠯᠡᠯᠳᠡ ᠶᠢ ᠰᠢᠪᠳᠤᠯᠵᠦ ᠭᠠᠷᠤᠭᠠᠳ ᠡᠨᠡ ᠠᠭᠤᠯᠠ ᠎ ᠶᠢᠨ ᠵᠡᠬᠦᠨ ᠲᠠᠯ᠎ᠠ ᠶᠢᠨ ᠭᠤᠤᠯ ᠤᠨ ᠠᠮᠠ ᠪᠠᠷ ᠭᠠᠷᠴᠦ ᠶᠠᠪᠤᠬᠤ ᠳᠠᠭᠠᠨ ᠦᠪᠡᠷ ᠤᠨ ᠵᠢᠩᠰᠠ ᠲᠠᠢ ᠮᠠᠯᠠᠭᠠᠢ᠂ ᠬᠦᠷᠮ᠎ᠡ ᠪᠠᠨ ᠲᠠᠯᠪᠢᠨ ᠲᠠᠬᠢᠵᠦ᠄ ︽ᠬᠢᠴᠢᠨᠡᠨ ᠶᠡᠭᠡ ᠲᠠᠶᠢᠨ ᠪᠤᠯᠤᠭᠰᠠᠨ ᠴᠤ ᠬᠦᠮᠦᠨ ᠤ ᠦᠷ᠎ᠡ ᠪᠤᠤ ᠲᠠᠰᠤᠷᠠᠳᠤᠭᠠᠢ᠂ ᠬᠢᠴᠢᠨᠡᠨ ᠶᠡᠭᠡ ᠭᠠᠩ ᠪᠤᠯᠤᠭᠰᠠᠨ ᠴᠤ ᠮᠠᠯ ᠤᠨ ᠦᠷ᠎ᠡ ᠪᠤᠤ ᠲᠠᠰᠤᠷᠠᠳᠤᠭᠠᠢ︾ ᠭᠡᠵᠦ ᠢᠷᠦᠭᠡᠭᠡᠳ ᠶᠠᠪᠤᠵᠠᠢ ᠭᠡᠨ᠎ᠡ᠃ ᠵᠠᠷᠢᠮ ᠦᠯᠢᠬᠡᠷ ᠲᠤᠮᠤᠭ ᠲᠤ ᠯᠢᠭᠳᠡᠨ ᠬᠤᠳᠤᠭᠳᠤ ᠬᠠᠭᠠᠨ ᠪᠠᠷᠠᠭᠤᠨᠰᠢ ᠬᠦᠬᠡᠨᠠᠭᠤᠷ ᠎ ᠲᠤ ᠶᠠᠪᠤᠬᠤ ᠵᠠᠮ ᠳᠠᠭᠠᠨ ᠠᠳᠡ ᠰᠠᠭᠠᠳᠠᠵᠦ ᠬᠦᠷᠮ᠎ᠡ ᠪᠠᠨ ᠲᠠᠶᠢᠯᠵᠦ ᠲᠠᠯᠪᠢᠭᠠᠳ ᠶᠠᠪᠤᠭᠰᠠᠨ ᠭᠡᠮᠡᠨ ᠶᠠᠷᠢᠵᠦ ᠪᠤᠢ᠃ ᠴᠤᠬᠤᠮ ᠪᠠᠭᠠᠳᠤᠷ ᠬᠠᠷ᠎ᠠ ᠵᠠᠩᠵᠣᠨ ᠴᠤ ᠪᠤᠯᠤᠭ᠂ ᠯᠢᠭᠳᠡᠨ ᠬᠤᠳᠤᠭᠳᠤ ᠬᠠᠭᠠᠨ ᠴᠤ ᠪᠤᠯᠤᠭ᠂ ᠨᠢᠭᠡᠨ ᠪᠠᠭᠠᠳᠤᠷ ᠡᠷ᠎ᠡ ᠠᠳᠡ ᠬᠦᠷᠮ᠎ᠡ ᠪᠠᠨ ᠲᠠᠶᠢᠯᠵᠦ ᠲᠠᠯᠪᠢᠭᠠᠳ ᠶᠠᠪᠤᠭᠰᠠᠨ ᠦᠯᠢᠭᠡᠷ ᠲᠤᠮᠤᠭ ᠠᠴᠠ ᠡᠰᠢᠯᠡᠵᠦ ᠬᠦᠷᠮᠡᠳᠦ ᠶᠢᠨ ᠰᠦᠮ᠎ᠡ᠂ ᠬᠦᠷᠮᠡᠳᠦ ᠶᠢᠨ ᠠᠭᠤᠢ᠂ ᠬᠦᠷᠮᠡᠳᠦ ᠶᠢᠨ ᠭᠤᠤᠯ ᠭᠡᠮᠡᠨ ᠨᠡᠷᠡᠯᠡᠬᠦ ᠪᠤᠯᠤᠭᠰᠠᠨ ᠪᠠᠶᠢᠨ᠎ᠠ᠃       ᠪᠢᠳᠠ ᠰᠦᠮ᠎ᠡ ᠶᠢᠨ ᠪᠠᠷᠠᠭᠤᠨᠳᠠᠢ ᠬᠠᠵᠠᠭᠤᠬᠠᠨ ᠳᠤ ᠪᠠᠶᠢᠭ᠎ᠠ ᠠᠭᠤᠯᠠᠨ ᠵᠢᠯᠠᠭ᠎ᠠ ᠶᠢ ᠦᠭᠰᠦᠵᠦ ᠠᠭᠤᠢ ᠶᠢ ᠴᠢᠭᠯᠡᠯ᠎ᠡ᠃ ᠵᠢᠯᠠᠭ᠎ᠠ ᠶᠢᠨ ᠬᠤᠶᠠᠷ ᠲᠠᠯ᠎ᠠ ᠶᠢᠨ ᠠᠭᠤᠯᠠ ᠬᠠᠳᠠ ᠶᠠᠪᠤᠬᠤ ᠲᠤᠳᠤᠮ ᠦᠨᠳᠦᠷᠵᠢᠨ ᠡᠭ᠍ᠴᠡ ᠠᠰᠬ᠎ᠠ ᠪᠤᠯᠵᠦ ᠲᠡᠮᠡᠢ ᠶᠠᠪᠤᠯ ᠦᠭᠡᠢ ᠦᠨᠳᠦᠷ ᠠᠭᠤᠯᠠᠨ ᠤ ᠬᠠᠳᠠᠨ ᠮᠤᠬᠤᠷ ᠲᠤ ᠲᠤᠯᠵᠦ ᠤᠴᠢᠬᠤ ᠳᠤ ᠠᠭᠤᠢ ᠳᠤ ᠭᠠᠷᠬᠤ ᠡᠭ᠍ᠴᠡ ᠨᠠᠷᠢᠬᠠᠨ ᠱᠠᠳᠤ ᠨᠢᠳᠤᠨ ᠳᠤ ᠲᠤᠳᠤᠷᠠᠵᠦ᠂ ᠱᠠᠳᠤ ᠶᠢ ᠲᠠᠭᠠᠨ ᠬᠠᠷᠠᠬᠤ ᠳᠤ ᠠᠭᠤᠢ ᠳᠤ ᠤᠴᠢᠬᠤ ᠬᠠᠳᠠᠨ ᠬᠦᠨᠳᠡᠢ ᠶᠢᠨ ᠠᠮᠠ ᠬᠠᠷᠠᠭᠳᠠᠪᠠ᠃ ᠡᠨᠡ ᠠᠮᠠ ᠪᠠᠷ ᠰᠢᠷᠭᠤᠨ ᠲᠡᠭᠡᠭᠰᠢ ᠭᠠᠷᠪᠠᠯ ᠰᠠᠶ᠋ᠢ ᠠᠭᠤᠢ ᠶᠢ ᠤᠯᠵᠦ ᠬᠠᠷᠠᠨ᠎ᠠ ᠰᠢᠤ ᠭᠡᠮᠡᠨ ᠴᠤᠭᠳᠦ ᠪᠠᠭᠰᠢ ᠶᠠᠷᠢᠵᠦ ᠪᠠᠶᠢᠯ᠎ᠠ᠃ ᠠᠭᠤᠢ ᠭᠠᠵᠠᠷ ᠠᠴᠠ ᠲᠡᠭᠡᠭᠰᠢ ᠪᠠᠷᠤᠭ ᠲᠦᠴᠢᠭᠡᠳ ᠮᠧᠲᠷ ᠤᠨ ᠦᠨᠳᠦᠷ ᠲᠤ ᠪᠠᠶᠢᠵᠦ᠂ ᠠᠭᠤᠢ ᠳᠤ ᠭᠠᠷᠬᠤ ᠵᠠᠮ ᠨᠢ ᠦᠩᠭᠡᠷᠡᠭᠰᠡᠨ ᠳᠤ ᠠᠭᠤᠯᠠᠨ ᠬᠠᠵᠠᠭᠤ ᠶᠢ ᠵᠠᠰᠠᠨ ᠴᠢᠯᠠᠭᠤ ᠪᠠᠷ ᠱᠠᠳᠤ ᠲᠡᠪᠢᠰᠴᠦ ᠪᠠᠶᠢᠭᠰᠠᠨ ᠪᠤᠯᠤᠯᠳᠠᠢ᠂ ᠤᠳᠤ ᠨᠢᠭᠡᠨᠳᠡ ᠡᠪᠳᠡᠢ ᠰᠠᠶᠢᠬᠠᠨ ᠵᠠᠰᠠᠵᠦ ᠬᠠᠰᠢᠯᠭ᠎ᠠ ᠲᠠᠢ ᠱᠦᠢᠨᠢ ᠱᠠᠳᠤ ᠪᠤᠯᠭᠠᠭᠰᠠᠨ ᠪᠦᠭᠡᠳ ᠠᠪᠠᠷᠢᠬᠤ ᠳᠤ ᠡᠭ᠍ᠴᠡ ᠪᠠᠷᠳᠠᠭ᠎ᠠ ᠲᠠᠢ ᠪᠤᠯᠬᠤᠷ ᠲᠤᠰᠬᠠᠶᠢᠯᠠᠨ ᠲᠠᠳᠠᠵᠦ ᠪᠠᠷᠢᠬᠤ ᠲᠡᠭᠡᠰᠦ ᠪᠡᠯᠡᠳᠭᠡᠵᠡᠢ᠃ ᠶᠡᠷᠤᠨᠢ ᠤᠯᠠᠩᠬᠢ ᠰᠦᠮ᠎ᠡ ᠬᠡᠶᠢᠳ ᠤᠨ ᠭᠠᠵᠠᠷ ᠲᠤ ᠠᠭᠤᠢ ᠪᠠᠶᠢᠳᠠᠭ ᠪᠦᠭᠡᠳ ᠬᠤᠪᠢ ᠬᠤᠪᠢᠨ ᠤ ᠪᠠᠨ ᠦᠯᠢᠭᠡᠷ ᠲᠤᠮᠤᠭ᠂ ᠬᠠᠴᠢᠨ ᠭᠠᠶᠢᠬᠠᠮᠰᠢᠭ ᠲᠠᠢ ᠪᠠᠶᠢᠳᠠᠭ ᠶᠤᠮ᠃ ᠬᠦᠷᠮᠡᠳᠦ ᠶᠢᠨ ᠠᠭᠤᠢ ᠎ ᠶᠢᠨ ᠬᠠᠴᠢᠷᠬᠠᠭᠤᠰᠢᠳᠠᠢ ᠰᠠᠨᠠᠭᠳᠠᠭᠰᠠᠨ ᠵᠦᠢᠯ ᠭᠡᠪᠡᠯ ᠡᠨᠡ ᠠᠭᠤᠢ ᠳᠤ ᠭᠠᠷᠬᠤ ᠳᠤ ᠵᠠᠪᠠᠯ ᠨᠢᠭᠡᠨ ᠬᠠᠳᠠᠨ ᠬᠦᠨᠳᠡᠢ ᠎ ᠠᠴᠠ ᠲᠡᠭᠡᠭᠰᠢ ᠴᠤᠭᠤᠯᠤᠭᠰᠠᠨ ᠨᠦᠭᠡ ᠬᠡᠮᠡᠷ ᠠᠮᠠ ᠪᠠᠷ ᠰᠢᠷᠭᠤᠵᠦ ᠭᠠᠷᠤᠭᠠᠳ ᠰᠠᠶ᠋ᠢ ᠠᠭᠤᠢ ᠳᠤ ᠬᠦᠷᠳᠡᠭ ᠠᠵᠢ᠃ ᠪᠢᠳᠠ ᠠᠭᠤᠢ ᠳᠤ ᠭᠠᠷᠬᠤ ᠱᠠᠳᠤ ᠶᠢ ᠠᠪᠠᠷᠢᠵᠦ ᠲᠠᠭᠤᠰᠬᠤ ᠳᠤ ᠨᠢᠭᠡᠨ ᠬᠠᠳᠠᠨ ᠬᠦᠨᠳᠡᠢ ᠲᠤᠬᠢᠶᠠᠵᠦ᠂ ᠡᠨᠡᠬᠦ ᠬᠠᠳᠠᠨ ᠬᠦᠨᠳᠡᠢ ᠶᠢᠨ ᠤᠷᠤᠢ ᠳᠤ ᠪᠠᠶᠢᠭ᠎ᠠ ᠵᠦᠪᠬᠡᠨ ᠨᠢᠭᠡ ᠯᠡ ᠬᠦᠮᠦᠨ ᠰᠢᠷᠭᠤᠵᠦ ᠭᠠᠷᠬᠤ ᠨᠦᠬᠡᠨ ᠠᠮᠠ ᠪᠠᠷ ᠮᠠᠴᠤᠨ ᠭᠠᠷᠬᠤ ᠳᠤ ᠬᠠᠵᠠᠭᠤᠬᠠᠨ ᠪᠠᠷᠠᠭᠤᠨ ᠡᠮᠤᠨ᠎ᠡ ᠲᠠᠯ᠎ᠠ ᠳᠤ ᠠᠭᠤᠢ ᠶᠢᠨ ᠠᠮᠠ ᠬᠠᠷᠠᠭᠳᠠᠯ᠎ᠠ᠃ ᠠᠭᠤᠢ ᠶᠢᠨ ᠠᠮᠠ ᠨᠢ ᠵᠡᠬᠦᠨ ᠬᠤᠶᠢᠰᠢ ᠬᠠᠨᠳᠤᠵᠦ᠂ ᠡᠰᠡᠷᠬᠦ ᠲᠠᠯ᠎ᠠ ᠳᠤᠨᠢ ᠠᠰᠠᠷ ᠤᠨ ᠨᠠᠷᠠᠪᠴᠢ ᠬᠡᠮᠡᠷᠬᠡᠨ ᠪᠠᠷ᠎ᠠ ᠬᠠᠷᠠᠬᠤ ᠲᠠᠶᠢᠰᠠ ᠲᠠᠢ ᠪᠠᠶᠢᠵᠦ᠂ ᠡᠬᠦᠨ ᠠᠴᠠ ᠲᠤᠭᠤᠭᠰᠢ ᠡᠭ᠍ᠴᠡ ᠠᠰᠬ᠎ᠠ ᠬᠠᠳᠠᠨ ᠠᠭᠤᠯᠠ ᠪᠠᠶᠢᠭ᠎ᠠ ᠠᠵᠢ᠃ ᠪᠢᠳᠠ ᠲᠦᠯᠬᠢᠬᠦᠷ ᠢᠶᠠᠷ ᠠᠭᠤᠢ ᠶᠢᠨ ᠡᠬᠦᠳᠡ ᠶᠢ ᠨᠡᠭᠡᠭᠡᠵᠦ ᠲᠤᠳᠤᠭᠰᠢ ᠤᠷᠤᠯ᠎ᠠ᠃ ᠠᠭᠤᠢ ᠶᠢᠨ ᠲᠤᠳᠤᠷᠠᠬᠢ ᠵᠠᠢ ᠨᠢ ᠪᠠᠷᠤᠭ ᠨᠢᠭᠡ ᠴᠡᠭᠡᠵᠢᠨ ᠭᠡᠷ ᠤᠨ ᠬᠢᠷᠢᠳᠡᠢ᠂ ᠲᠤᠳᠤᠷ᠎ᠠ ᠨᠢ ᠪᠤᠷᠬᠠᠨ ᠤ ᠬᠦᠷᠦᠭ᠂ ᠨᠤᠮ ᠪᠢᠰᠢᠯᠭᠠᠬᠤ ᠰᠢᠷᠡᠭᠡ᠂ ᠤᠷᠤ ᠰᠠᠭᠤᠳᠠᠯ᠂ ᠬᠡᠩᠭᠡᠷᠭᠡ ᠴᠠᠩ᠂ ᠵᠤᠯᠠ ᠬᠦᠵᠢ ᠪᠦᠷᠢᠨ ᠲᠦᠬᠦᠭᠡᠷᠦᠨ ᠲᠠᠯᠪᠢᠵᠡᠢ᠃ ᠠᠭᠤᠢ ᠶᠢᠨ ᠬᠠᠨ᠎ᠠ ᠨᠢ ᠴᠢᠯᠠᠭᠤ ᠪᠠᠷ ᠪᠦᠷᠢᠯᠳᠦᠵᠦ᠂ ᠤᠳᠠᠭᠠᠨ ᠵᠢᠯ ᠤᠨ ᠤᠳᠤᠭᠠᠨ ᠳᠤ ᠬᠠᠷᠠᠯᠠᠭᠰᠠᠨ ᠠᠴᠠ ᠦᠵᠡᠬᠦ ᠳᠤ ᠬᠦᠮᠦᠨ ᠤᠷᠤᠩᠨᠠᠨ ᠰᠠᠭᠤᠵᠦ ᠪᠠᠶᠢᠭᠰᠠᠨ ᠢ ᠭᠡᠷᠡᠴᠢᠯᠡᠨ᠎ᠡ ᠠᠵᠢ᠃       ᠶᠡᠷᠤᠨᠢ ᠮᠤᠩᠭᠤᠯ ᠤᠷᠤᠨ ᠤ ᠭᠠᠵᠠᠷ ᠤᠰᠤᠨ ᠳᠤ ᠦᠯᠢᠭᠡᠷ ᠲᠤᠮᠤᠭ ᠲᠠᠢ ᠪᠠᠶᠢᠳᠠᠭ ᠪᠦᠭᠡᠳ ᠡᠨᠡ ᠨᠢ ᠪᠦᠷ ᠤᠷᠤ ᠲᠠᠢ ᠪᠠᠶᠢᠵᠦ᠂ ᠦᠶ᠎ᠡ ᠶᠢᠨ ᠦᠶ᠎ᠡ ᠠᠷᠠᠳ ᠤᠨ ᠠᠮᠠᠨ ᠶᠠᠷᠢᠶ᠎ᠠ ᠪᠠᠷ ᠲᠠᠮᠵᠢᠭᠳᠠᠨ ᠤᠯᠠᠮᠵᠢᠯᠠᠭᠳᠠᠭᠰᠠᠭᠠᠷ ᠪᠠᠶᠢᠳᠠᠭ᠃ ᠲᠡᠤᠬᠡ ᠰᠤᠳᠤᠷ ᠢ ᠡᠷᠬᠢᠬᠦᠯᠪᠡᠰᠦ 1840 ᠤᠨ ᠤ ᠦᠶ᠎ᠡ ᠪᠠᠷ ᠪᠠᠷᠠᠭᠤᠨ ᠲᠦᠪᠡᠳ ᠤᠨ ᠤᠷᠤᠨ ᠤ ᠤᠶᠢᠽᠠᠩ ᠬᠡᠮᠡᠬᠦ ᠭᠠᠵᠠᠷ ᠤᠨ ᠲᠢᠶᠡᠨᠴᠢ ᠱᠠᠪᠷᠤᠩ ᠪᠤᠯᠬᠤ ᠠᠭᠸᠠᠩᠳᠠᠰᠢᠵᠠᠮᠰᠦ ︵ᠠᠯᠠᠱᠠ ᠳᠠᠬᠢ ᠨᠢᠭᠡᠳᠦᠭᠡᠷ ᠲᠦᠷᠢ ︶ ᠭᠡᠳᠡᠭ ᠨᠢᠭᠡᠨ ᠯᠠᠮᠠ ᠠᠯᠠᠱᠠ ᠳᠤ ᠢᠷᠡᠵᠦ ᠡᠨᠡᠬᠦ ᠠᠭᠤᠢ ᠳᠤ ᠰᠠᠭᠤᠵᠦ ᠠᠷᠪᠠᠭᠠᠳ ᠵᠢᠯ ᠨᠤᠮ ᠪᠢᠰᠢᠯᠭᠠᠯ ᠬᠢᠵᠡᠢ᠃ ᠶᠠᠪᠠᠷᠠᠢ ᠠᠭᠤᠯᠠᠨ ᠳᠤ ᠶᠡᠷᠦ ᠠᠴᠠ ᠪᠠᠨ ᠠᠷᠭᠠᠯᠢ ᠤᠭᠠᠯᠵᠠ ᠠᠷᠪᠢᠨ ᠪᠦᠭᠡᠳ ᠡᠨᠡ ᠬᠠᠳᠠᠨ ᠠᠭᠤᠢ ᠳᠤ ᠵᠤᠨ ᠎ ᠳᠠᠭᠠᠨ ᠰᠡᠬᠦᠳᠡᠷᠯᠡᠵᠦ ᠡᠪᠤᠯ ᠳᠡᠭᠡᠨ ᠨᠦᠮᠦᠷᠢᠳᠦᠳᠡᠭ ᠪᠠᠶᠢᠭᠰᠠᠨ ᠲᠤᠯᠠ ᠠᠭᠤᠢ ᠳᠤ ᠰᠠᠭᠤᠭᠰᠠᠨ ᠯᠠᠮᠠ ᠠᠷᠭᠠᠯᠢ ᠰᠠᠭᠠᠵᠦ ᠦᠯ ᠬᠤᠭᠤᠯᠠ ᠪᠠᠨ ᠵᠠᠯᠭᠠᠳᠠᠭ ᠪᠠᠶᠢᠭᠰᠠᠨ ᠨᠢ ᠲᠠᠮᠵᠢᠭ ᠦᠭᠡᠢ᠃ ᠦᠯᠢᠭᠡᠷ ᠲᠤ ᠭᠠᠷᠳᠠᠭ ᠠᠷᠭᠠᠯᠢ ᠰᠠᠭᠠᠭᠠᠳ ᠠᠭᠤᠢ ᠳᠠᠭᠠᠨ ᠪᠤᠴᠠᠨ ᠤᠷᠤᠭᠰᠠᠨ ᠯᠠᠮᠠ ᠨᠢ ᠠᠭᠸᠠᠩᠳᠠᠰᠢᠵᠠᠮᠰᠦ ᠪᠠᠶᠢᠭᠰᠠᠨ ᠭᠡᠮᠡᠨ ᠵᠠᠷᠢᠮ ᠨᠣᠮ ᠰᠤᠳᠤᠷ ᠲᠤ ᠪᠢᠴᠢᠵᠦ ᠪᠤᠢ᠃ ᠠᠭᠸᠠᠩᠳᠠᠰᠢᠵᠠᠮᠰᠦ ᠤᠷᠤᠨ ᠨᠤᠳᠤᠭ ᠤᠨ ᠨᠤᠶᠠᠨ ᠲᠦᠰᠢᠮᠡᠯ ᠪᠤᠯᠤᠨ ᠮᠦᠷᠬᠦᠯᠴᠢᠨ ᠎ ᠤ ᠲᠡᠮᠵᠢᠯᠭᠡ ᠶᠢ ᠤᠯᠵᠦ᠂ 1860 ᠤᠨ ᠤ ᠦᠶ᠎ᠡ ᠪᠠᠷ ᠠᠯᠠᠱᠠ ᠬᠤᠱᠤᠳ ᠬᠤᠰᠢᠭᠤᠨ ᠤ ᠵᠠᠰᠠᠭ ᠤᠨ ᠭᠠᠵᠠᠷ ᠎ ᠤᠨ ᠵᠦᠪᠰᠢᠶᠡᠷᠡᠯ ᠢᠶᠠᠷ ᠦᠭᠯᠢᠭᠡ ᠶᠢᠨ ᠡᠵᠡᠳ ᠤᠨ ᠲᠡᠮᠵᠢᠯᠭᠡ ᠳᠤ ᠲᠦᠰᠢᠭᠯᠡᠨ ᠱᠠᠳᠤᠪᠳᠠᠷᠵᠢᠯᠢᠩ ᠭᠡᠮᠡᠬᠦ ᠰᠦᠮ᠎ᠡ ᠎ ᠶᠢ ᠪᠠᠶᠢᠭᠤᠯᠤᠭᠰᠠᠨ ᠨᠢ ᠤᠳᠤ ᠶᠢᠨ ᠬᠦᠷᠮᠡᠳᠦ ᠶᠢᠨ ᠰᠦᠮ᠎ᠡ ᠪᠤᠯᠬᠤ ᠶᠤᠮ᠃ ᠠᠭᠸᠠᠩᠳᠠᠰᠢᠵᠠᠮᠰᠦ ᠪᠠᠷᠠᠭᠤᠨ ᠲᠦᠪᠡᠳ ᠤᠨ ᠤᠷᠤᠨ ᠠᠴᠠ ᠳ᠋ᠠᠮᠵᠢᠨ ︵ᠲᠠᠮᠵᠢᠨ︶ ᠪᠤᠷᠬᠠᠨ ᠢ ᠵᠠᠯᠠᠵᠦ ᠬᠦᠷᠮᠡᠳᠦ ᠶᠢᠨ ᠠᠭᠤᠢ ᠶᠢᠨ ᠭᠤᠤᠯ ᠰᠢᠳᠦᠭᠡᠨ ᠪᠤᠯᠭᠠᠵᠦ᠂ ᠦᠷᠯᠦᠭᠡ ᠪᠤᠯᠭᠠᠨ ᠵᠢᠰᠠ ᠤᠩᠰᠢᠵᠦ᠂ ᠰᠠᠷ᠎ᠠ ᠪᠤᠯᠭᠠᠨ ᠤ ᠰᠢᠨ᠎ᠡ ᠶᠢᠨ ᠬᠤᠶᠠᠷ ᠲᠤ ᠲᠠᠬᠢᠯᠭ᠎ᠠ ᠬᠢᠵᠦ᠂ ᠤᠳᠤ ᠪᠤᠯᠳᠠᠯ᠎ᠠ ᠦᠷᠬᠦᠯᠵᠢᠯᠡᠭᠰᠡᠭᠡᠷ ᠪᠤᠢ᠃ ᠠᠭᠸᠠᠩᠳᠠᠰᠢᠵᠠᠮᠰᠦ ᠶᠢᠨ ᠲᠦᠷᠢ ᠤᠳᠤ ᠨᠢᠭᠡᠨᠳᠡ ᠵᠠᠯᠭᠠᠮᠵᠢᠯᠠᠭᠳᠠᠭᠠᠳ ᠲᠠᠪᠤᠳᠤᠭᠠᠷ ᠲᠦᠷᠢ ᠪᠤᠯᠤᠭᠠᠳ ᠪᠠᠶᠢᠭ᠎ᠠ ᠶᠤᠮ ᠪᠠᠶᠢᠨ᠎ᠠ᠃       ᠣᠳᠣ ᠬᠦᠷᠮᠡᠳᠦ ᠶᠢᠨ ᠠᠭᠤᠢ᠂ ᠬᠥᠷᠮᠡᠳᠦ ᠶᠢᠨ ᠰᠦᠮ᠎ᠡ ᠨᠢ ᠠᠯᠠᠱᠠ ᠪᠠᠷᠠᠭᠤᠨ ᠬᠤᠰᠢᠭᠤᠨ ᠤ ᠰᠤᠶᠤᠯ ᠲᠡᠤᠬᠡ᠂ ᠦᠵᠡᠮᠵᠢ ᠶᠢᠨ ᠭᠠᠶᠢᠬᠠᠮᠰᠢᠭᠳᠦ ᠤᠷᠤᠨ ᠤ ᠨᠢᠭᠡ ᠪᠤᠯᠵᠦ ᠬᠤᠯᠠ ᠤᠶᠢᠷ᠎ᠠ ᠶᠢᠨ ᠵᠤᠴᠢᠨ ᠢᠶᠠᠨ ᠤᠭᠳᠤᠭᠰᠠᠭᠠᠷ ᠠᠵᠢ᠃            
           
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号