ᠱᠠᠯᠠᠮ᠎ᠠ ᠶᠢᠨ ᠤᠪᠤᠭ᠎ᠠ ᠶᠢ ᠦᠨᠡᠨ ᠠᠮᠢᠳᠤ ᠬᠦᠮᠦᠨ ᠢᠶᠠᠷ ᠲᠠᠬᠢᠭᠰᠠᠨ ᠶᠤᠮ ᠪᠣᠯ ᠤᠤ︖
ᠨᠡᠶᠢᠲᠡᠯᠡᠭᠰᠡᠨ ᠴᠠᠭ᠄
2022/5/31
ᠴ᠊ · ᠰᠤᠳᠤᠨ   ᠲᠠᠪᠰᠢᠯᠳᠤ        ᠠᠯᠠᠱᠠ ᠪᠠᠷᠠᠭᠤᠨ ᠬᠤᠰᠢᠭᠤᠨ ᠤ ᠮᠠᠨᠳᠤᠯ ᠰᠤᠮᠤᠨ ᠤ ᠱᠠᠯᠠᠮ᠎ᠠ ᠭᠠᠴᠠᠭᠠᠨ ᠳᠤ ᠱᠠᠯᠠᠮ᠎ᠠ ᠶᠢᠨ ᠤᠪᠤᠭ᠎ᠠ ᠭᠡᠳᠡᠭ ᠨᠢᠭᠡᠨ ᠤᠪᠤᠭ᠎ᠠ ᠪᠠᠶᠢᠳᠠᠭ᠃ ᠡᠨᠡ ᠤᠪᠤᠭ᠎ᠠ ᠶᠢ ᠬᠠᠩᠰᠢ ᠶᠢᠨ ᠡᠳᠦᠷ ᠲᠠᠬᠢᠳᠠᠭ᠃ ᠨᠤᠳᠤᠭ ᠤᠨ ᠬᠦᠮᠦᠰ ᠪᠠᠰᠠ ᠲᠠᠶᠢᠨ ᠤ ᠤᠪᠤᠭ᠎ᠠ ᠪᠤᠶᠤ ᠬᠤᠮᠠᠬᠢ ᠶᠢᠨ ᠤᠪᠤᠭ᠎ᠠ ᠭᠡᠮᠡᠨ ᠨᠡᠷᠡᠯᠡᠳᠡᠭ ᠪᠦᠭᠡᠳ ᠠᠮᠢᠳᠤ ᠬᠦᠮᠦᠨ ᠢᠶᠠᠷ ᠲᠠᠬᠢᠭᠰᠠᠨ ᠭᠡᠯᠴᠡᠳᠡᠭ᠃
  —  ᠡ᠊ᠨᠳᠡ ᠠᠴᠠ ᠪᠠᠷᠠᠭᠤᠨ ᠡᠮᠤᠨᠡᠰᠢ ᠶᠠᠪᠤᠨ᠎ᠠ᠂ ᠬᠡᠰᠡᠭ ᠶᠠᠪᠤᠭᠠᠳ ᠨᠠᠷᠢᠬᠠᠨ ᠲᠤᠰᠤᠨ ᠵᠠᠮ ᠳᠤ ᠭᠠᠷᠤᠨ᠎ᠠ᠂ ᠡᠬᠦᠨ ᠢ ᠲᠠᠭᠠᠭᠠᠳ ᠬᠡᠰᠡᠭ  ᠶᠠᠪᠤᠪᠠᠯ ᠰᠢᠷᠤᠢ ᠶᠢᠨ ᠵᠠᠮ ᠰᠠᠯᠤᠨ᠎ᠠ᠂ ᠵᠠᠮ ᠤᠨ ᠵᠡᠬᠦᠨᠳᠡᠢ ᠬᠠᠵᠠᠭᠤᠬᠠᠨ ᠳᠤ ᠬᠤᠳᠳᠤᠭ ᠲᠤᠬᠢᠶᠠᠯᠳᠤᠨ᠎ᠠ᠂ ᠪᠠᠰᠠ ᠨᠢᠭᠡ ᠰᠢᠪᠠᠷ ᠪᠠᠶᠢᠰᠢᠩ ᠲᠠᠢ ᠠᠶᠢᠯ ᠬᠠᠷᠠᠭᠳᠠᠨ᠎ᠠ᠂ ᠡᠨᠡ ᠵᠠᠮ ᠢᠶᠠᠷ ᠢᠶᠠᠨ  ᠦᠷᠬᠦᠯᠵᠢᠯᠡᠨ ᠶᠠᠪᠤᠵᠦ ᠪᠠᠶᠢᠳᠠᠯ᠎ᠠ ᠵᠡᠬᠦᠨ ᠡᠮᠤᠨᠡᠳᠡᠢ ᠱᠠᠯᠠᠮ᠎ᠠ ᠶᠢᠨ ᠤᠪᠤᠭ᠎ᠠ ᠬᠠᠷᠠᠭᠳᠠᠨ᠎ᠠ ᠰᠢᠤ᠂ ᠤᠪᠤᠭ᠎ᠠ ᠶᠢ ᠴᠢᠭᠯᠡᠭᠰᠡᠨ ᠵᠠᠮ ᠢᠶᠠᠷ ᠶᠠᠪᠤᠭᠠᠳ ᠪᠠᠶᠢᠪᠠᠯ ᠬᠦᠷᠦᠭᠡᠳ ᠤᠴᠢᠴᠢᠬᠠᠨ᠎ᠠ ᠳ᠋ᠠ᠃   4 ᠰᠠᠷ᠎ᠠ ᠶᠢᠨ 5᠎ ᠤ ᠡᠳᠦᠷ᠂ ᠡᠨᠡ ᠡᠳᠦᠷ ᠪᠤᠯ ᠬᠠᠩᠰᠢ ᠶᠢᠨ ᠡᠳᠦᠷ ᠪᠤᠯᠤᠨ᠎ᠠ᠃ ᠬᠦᠮᠦᠰ ᠪᠦᠷ ᠴᠢᠯᠦᠭᠡ ᠲᠠᠯᠪᠢᠨ ᠠᠮᠠᠷᠠᠵᠦ᠂  ᠡᠪᠦᠭᠡ ᠲᠡᠭᠡᠳᠦᠰ᠂ ᠦᠩᠭᠡᠷᠡᠭᠰᠡᠨ ᠬᠦᠮᠦᠰ ᠤᠨ ᠢᠶᠠᠨ ᠱᠠᠷᠢᠯ ᠤᠨ ᠭᠠᠵᠠᠷ ᠲᠤ ᠶᠠᠪᠤᠬᠤ ᠪᠤᠶᠤ ᠲᠤᠬᠢᠳᠠᠢ ᠭᠠᠵᠠᠷ ᠢᠶᠠᠨ ᠤᠯᠵᠦ ᠬᠠᠩᠰᠢ ᠶᠢᠨ ᠡᠳᠦᠷ ᠤᠨ ᠤᠯᠠᠮᠵᠢᠯᠠᠯᠳᠦ ᠶᠤᠰᠤᠨ ᠢᠶᠠᠨ ᠬᠦᠢᠴᠡᠳᠭᠡᠵᠦ ᠪᠠᠶᠢᠭ᠎ᠠ ᠪᠠᠶᠢᠯᠬᠦᠢ᠃ ᠭᠡᠪᠡᠴᠦ ᠮᠠᠨ ᠤ ᠬᠠᠶᠢᠨ ᠰᠤᠷᠪᠤᠯᠵᠢᠯᠠᠬᠤ ᠪᠦᠯᠬᠦᠮ ᠤᠨ ᠬᠢᠨ ᠡᠨᠡ ᠪᠦᠬᠦᠨ ᠢ ᠤᠮᠠᠷᠳᠠᠨ ᠦᠷᠯᠦᠭᠡ ᠡᠷᠳᠡᠯᠡᠨ ᠪᠤᠰᠴᠦ ᠠᠶᠠᠨ ᠤ ᠵᠠᠮ ᠢᠶᠠᠨ ᠡᠯᠬᠦᠬᠦ ᠪᠤᠯᠤᠭᠰᠠᠨ ᠨᠢ ᠤᠴᠢᠷᠳᠠᠢ ᠪᠢᠯᠡ᠃ ᠪᠢᠳᠠ ᠤᠷᠢᠳᠦ ᠰᠦᠨᠢ ᠮᠠᠨᠳᠤᠯ ᠰᠤᠮᠤᠨ ᠤ ᠱᠠᠯᠠᠮ᠎ᠠ ᠭᠠᠴᠠᠭᠠᠨ ᠳᠤ ᠪᠠᠶᠢᠭ᠎ᠠ ᠲᠠᠪᠤᠨ ᠡᠷᠳᠡᠨᠢ ᠢᠩᠭᠡᠨ ᠰᠠᠭᠠᠯᠢ ᠶᠢᠨ ᠰᠠᠭᠤᠷᠢᠨ ᠳᠤ ᠢᠷᠡᠵᠦ ᠬᠤᠨᠤᠭᠯᠠᠵᠦ᠂ ᠦᠷᠯᠦᠭᠡ ᠪᠦᠷᠢᠨᠮᠦ᠋ᠩᠬᠡ ᠪᠠᠷ ᠵᠠᠮ ᠵᠢᠭᠠᠯᠭᠠᠨ ᠱᠠᠯᠠᠮ᠎ᠠ ᠶᠢᠨ ᠤᠪᠤᠭ᠎ᠠ ᠶᠢ ᠴᠢᠭᠯᠡᠯ᠎ᠡ᠃   ᠦᠨᠦᠳᠦᠷ ᠱᠠᠯᠠᠮ᠎ᠠ ᠶᠢᠨ ᠤᠪᠤᠭ᠎ᠠ ᠶᠢ ᠲᠠᠬᠢᠵᠦ ᠪᠠᠶᠢᠭ᠎ᠠ ᠶᠤᠮ᠃ ᠲᠡᠭᠷᠢ ᠨᠠᠮᠤᠭᠤᠬᠠᠨ᠂ ᠪᠠᠷᠠᠭᠤᠨ ᠬᠤᠶᠢᠨ᠎ᠠ ᠎ ᠠᠴᠠ ᠵᠦᠭᠡᠯᠡᠨ ᠰᠠᠯᠬᠢ ᠰᠡᠷ ᠰᠡᠷ ᠦᠯᠢᠶᠡᠵᠦ᠂ ᠬᠠᠩᠰᠢ ᠶᠢᠨ ᠡᠳᠦᠷ ᠲᠤᠭᠳᠠᠭᠤᠬᠠᠨ ᠪᠤᠯᠤᠯ᠎ᠠ᠃ ᠪᠢᠳᠠ ᠵᠠᠮ ᠲᠠᠭᠠᠤ ᠬᠤᠳᠳᠤᠭ᠂ ᠰᠢᠪᠠᠷ ᠪᠠᠶᠢᠰᠢᠩ ᠲᠠᠢ ᠠᠶᠢᠯ ᠢ ᠭᠠᠳᠤᠯᠤᠨ ᠶᠠᠪᠤᠵᠦ ᠪᠠᠶᠢᠳᠠᠯ᠎ᠠ ᠵᠡᠬᠦᠨ ᠡᠮᠤᠨᠡᠳᠡᠢ ᠬᠠᠷ᠎ᠠ ᠠᠭᠤᠯᠠ ᠬᠠᠷᠠᠭᠳᠠᠵᠦ ᠡᠨᠡ ᠬᠦ ᠬᠠᠷ᠎ᠠ ᠠᠭᠤᠯᠠ ᠶᠢᠨ ᠡᠮᠤᠨ᠎ᠡ ᠦᠵᠦᠭᠦᠷ ᠲᠠᠬᠢ ᠦᠨᠳᠦᠷ ᠤᠷᠤᠢ ᠳᠤ ᠤᠪᠤᠭ᠎ᠠ ᠰᠦᠨᠳᠡᠷᠯᠡᠨ ᠬᠦᠮᠦᠰ ᠤᠨ ᠪᠠᠷ᠎ᠠ ᠨᠠᠭᠠᠰᠢ ᠴᠠᠭᠠᠰᠢ ᠰᠦᠯᠵᠢᠯᠳᠦᠵᠦ ᠬᠠᠷᠠᠭᠳᠠᠯ᠎ᠠ᠃ ᠡᠨᠡ ᠪᠤᠯ ᠱᠠᠯᠠᠮ᠎ᠠ ᠶᠢᠨ ᠤᠪᠤᠭ᠎ᠠ ᠪᠤᠯᠤᠨ᠎ᠠ᠃ ᠠᠯᠠᠱᠠ ᠪᠠᠷᠠᠭᠤᠨ ᠬᠤᠰᠢᠭᠤᠨ ᠤ ᠮᠠᠨᠳᠤᠯ ᠰᠤᠮᠤᠨ ᠤ ᠱᠠᠯᠠᠮ᠎ᠠ ᠭᠠᠴᠠᠭᠠᠨ ᠳᠤ ᠬᠠᠷᠢᠶᠠᠯᠠᠭᠳᠠᠳᠠᠭ᠃ ᠵᠢᠯ ᠪᠤᠯᠭᠠᠨ ᠤ ᠬᠠᠩᠰᠢ ᠶᠢᠨ ᠡᠳᠦᠷ ᠠᠳᠡᠬᠢ ᠶᠢᠨ ᠤᠶᠢᠷ᠎ᠠ ᠬᠠᠪᠢ ᠶᠢᠨ ᠮᠠᠯᠴᠢᠳ ᠴᠤᠭᠯᠠᠷᠠᠨ ᠤᠪᠤᠭ᠎ᠠ ᠪᠠᠨ ᠲᠠᠬᠢᠭᠰᠠᠭᠠᠷ ᠤᠨ ᠤᠳᠠᠵᠠᠢ᠃ ᠡᠨᠡ ᠤᠪᠤᠭ᠎ᠠ ᠶᠢ ᠨᠤᠳᠤᠭ ᠤᠨ ᠬᠦᠮᠦᠰ ᠪᠠᠰᠠ ᠲᠠᠶᠢᠨ ᠤ ᠤᠪᠤᠭ᠎ᠠ ᠪᠤᠶᠤ ᠬᠤᠮᠠᠬᠢ ᠶᠢᠨ ᠤᠪᠤᠭ᠎ᠠ ᠭᠡᠮᠡᠨ ᠨᠡᠷᠡᠯᠡᠳᠡᠭ ᠪᠦᠭᠡᠳ ᠠᠮᠢᠳᠤ ᠬᠦᠮᠦᠨ ᠢᠶᠠᠷ ᠲᠠᠬᠢᠭᠰᠠᠨ ᠭᠡᠯᠴᠡᠳᠡᠭ᠃ ᠴᠤᠬᠤᠮ ᠶᠠᠭᠠᠬᠢᠭᠠᠳ ᠬᠠᠩᠰᠢ ᠶᠢᠨ ᠡᠳᠦᠷ ᠲᠠᠬᠢᠳᠠᠭ ᠤᠯᠠᠮᠵᠢᠯᠠᠯ ᠲᠠᠢ ᠪᠤᠯᠤᠭᠰᠠᠨ ᠶᠤᠮ ᠪᠤᠯ︖ ᠡᠨᠡ ᠨᠢ ᠦᠨᠡᠨ ᠠᠮᠢᠳᠤ ᠬᠦᠮᠦᠨ ᠢᠶᠠᠷ ᠲᠠᠬᠢᠭᠰᠠᠨ ᠲᠠᠢ ᠬᠤᠯᠪᠤᠭ᠎ᠠ ᠲᠠᠢ ᠪᠠᠶᠢᠳᠠᠭ ᠶᠤᠮ ᠪᠤᠯᠪᠠᠤ︖   ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠰᠤᠶᠤᠯ ᠲᠡᠤᠬᠡ ᠰᠤᠳᠤᠯᠬᠤ ᠤᠷᠳᠤᠨ ᠤ ᠰᠤᠳᠤᠯᠬᠤ ᠰᠠᠩᠴᠢ ᠴᠤᠭᠳᠦ ᠪᠠᠭᠰᠢ ᠪᠤᠯ ᠤᠳᠠᠭᠠᠨ ᠵᠢᠯ ᠠᠯᠠᠱᠠ ᠶᠢᠨ ᠰᠤᠶᠤᠯ ᠲᠡᠤᠬᠡ ᠶᠢ ᠰᠤᠳᠤᠯᠤᠭᠰᠠᠭᠠᠷ ᠢᠷᠡᠭᠰᠡᠨ ᠪᠦᠭᠡᠳ ᠲᠡᠤᠬᠡ ᠰᠤᠶᠤᠯ ᠤᠨ ᠰᠤᠳᠤᠯᠭᠠᠨ ᠤ ᠤᠯᠠᠨ ᠨᠤᠮ ᠰᠤᠳᠤᠷ ᠢ ᠵᠤᠬᠢᠶᠠᠨ ᠨᠠᠶᠢᠷᠠᠭᠤᠯᠵᠦ ᠬᠡᠪᠯᠡᠭᠰᠡᠨ ᠡᠷᠳᠡᠮᠳᠡᠨ ᠶᠤᠮ᠃ ᠴᠤᠭᠳᠦ ᠪᠠᠭᠰᠢ ᠤᠪᠤᠭᠠᠨ ᠳᠤ ᠭᠠᠷᠬᠤ ᠵᠠᠮ ᠵᠠᠭᠤᠷ᠎ᠠ ᠪᠢᠳᠠᠨ ᠳᠤ ᠡᠶᠢᠮᠦ ᠨᠢᠭᠡᠨ ᠦᠯᠢᠭᠡᠷ ᠢ ᠶᠠᠷᠢᠵᠦ ᠪᠢᠯᠡ᠃ ᠱᠠᠯᠠᠮ᠎ᠠ ᠶᠢᠨ ᠤᠪᠤᠭ᠎ᠠ ᠶᠢ ᠠᠮᠢᠳᠤ ᠬᠦᠮᠦᠨ ᠢᠶᠠᠷ ᠲᠠᠬᠢᠭᠰᠠᠨ ᠴᠡᠷᠢᠭ ᠲᠠᠶᠢᠨ ᠤ ᠤᠪᠤᠭ᠎ᠠ ᠭᠡᠵᠦ ᠬᠡᠯᠡᠳᠡᠭ᠃ ᠲᠤᠭ ᠲᠠᠬᠢᠬᠤ ᠳᠤ ᠵᠠᠪᠠᠯ ᠠᠮᠢᠳᠤ ᠬᠦᠮᠦᠨ ᠢᠶᠠᠷ ᠲᠠᠬᠢᠬᠤ ᠪᠦᠭᠡᠳ ᠠᠮᠢ ᠎ ᠪᠠᠨ ᠦᠭᠬᠦᠭᠰᠡᠨ ᠬᠦᠮᠦᠨ ᠨᠢ ᠵᠠᠪᠠᠯ ᠴᠡᠭᠡᠵᠢᠨ ᠠᠴᠠ ᠠᠪᠤᠭᠠᠳ ᠪᠢᠳᠡᠬᠦᠤ ᠤᠷᠤᠭ ᠰᠠᠬᠠᠯ ᠲᠠᠢ ᠬᠦᠮᠦᠨ ᠪᠠᠶᠢᠳᠠᠭ ᠶᠤᠰᠤ ᠲᠠᠢ ᠭᠡᠨ᠎ᠡ᠃ ᠠᠮᠢ ᠪᠠᠨ ᠦᠭᠬᠦ ᠬᠦᠮᠦᠨ ᠤ ᠬᠦᠯ ᠠᠴᠠ ᠨᠢ ᠡᠬᠢᠯᠡᠵᠦ ᠲᠤᠰᠤᠯᠠᠭᠰᠠᠨ ᠬᠦᠪᠦ᠋ᠩ ᠲᠡᠭᠡᠰᠦ ᠎ ᠪᠠᠷ ᠪᠡᠶ᠎ᠡ ᠶᠢ ᠨᠢ ᠤᠷᠢᠶᠠᠨ ᠪᠤᠭᠤᠵᠦ᠂ ᠴᠢᠰᠦ ᠶᠢ ᠨᠢ ᠦᠭᠡᠳᠡ ᠨᠢ ᠰᠢᠬᠠᠵᠦ ᠬᠠᠮᠤᠭ ᠰᠡᠬᠦᠯ ᠳᠤ ᠲᠤᠯᠤᠭᠠᠢ ᠶᠢ ᠎ ᠨᠢ ᠴᠪᠴᠢᠬᠤ ᠳᠤ ᠴᠢᠰᠦ ᠨᠢ ᠬᠡᠳᠦᠢ ᠦᠨᠳᠦᠷ ᠤᠶᠢᠬᠤ ᠪᠠᠷ ᠨᠢ ᠲᠠᠶᠢᠨ ᠤ ᠢᠯᠠᠵᠦ ᠢᠯᠠᠭᠳᠠᠬᠤ ᠶᠢ ᠪᠡᠯᠭᠡᠰᠢᠶᠡᠳᠡᠭ ᠪᠠᠶᠢᠵᠠᠢ᠃ ᠭᠡᠷᠪᠡ ᠡᠶᠢᠮᠦ ᠬᠦᠮᠦᠨ ᠬᠠᠶᠢᠭᠠᠳ ᠤᠯᠳᠠᠬᠤ ᠦᠭᠡᠢ ᠪᠤᠯ ᠦᠭᠡᠷ᠎ᠡ ᠠᠮᠢᠳᠠᠨ ᠠᠯᠠᠵᠦ ᠤᠷᠤᠯᠠᠭᠤᠯᠵᠦ ᠲᠠᠬᠢᠳᠠᠭ ᠶᠤᠰᠤ ᠪᠠᠰᠠ ᠪᠠᠶᠢᠵᠠᠢ᠃ ᠴᠢᠩ ᠤᠯᠤᠰ ᠤᠨ ᠡᠩᠭᠡ ᠠᠮᠤᠭᠤᠯᠠᠩ ᠬᠠᠭᠠᠨ ᠤ ᠲᠠᠪᠢᠨ ᠬᠤᠶᠠᠳᠤᠭᠠᠷ ᠤᠨ ︵1713 ᠤᠨ︶᠎ ᠳᠤ ᠠᠯᠠᠱᠠ ᠬᠤᠱᠤᠳ ᠤᠨ ᠨᠢᠭᠡᠳᠦᠭᠡᠷ ᠦᠶ᠎ᠡ ᠶᠢᠨ ᠨᠤᠶᠠᠨ ᠬᠤᠷᠤᠯᠠᠢ ᠶᠢᠨ ᠭᠤᠷᠪᠠᠳᠤᠭᠠᠷ ᠬᠦᠪᠡᠬᠦᠨ᠂ ᠮᠠᠨᠵᠦ ᠶᠢᠨ ᠬᠠᠭᠠᠨ ᠤ ᠬᠦᠷᠭᠡᠨ᠂ ᠵᠠᠰᠠᠭ ᠲᠦᠷᠦ ᠶᠢᠨ ᠪᠠᠶᠢᠯᠠ ᠠᠪᠤᠤ ᠨᠤᠶᠠᠨ ᠵᠦᠩᠭᠠᠷ ᠬᠠᠭᠠᠨᠳᠦ ᠤᠯᠤᠰ ᠤᠨ ᠲᠤᠪᠲᠤᠯᠤᠯᠳᠠ ᠶᠢ ᠰᠡᠷᠭᠡᠶᠢᠯᠡᠬᠦ ᠪᠠᠷ ᠲᠠᠶᠢᠨ ᠳᠤ ᠮᠤᠷᠳᠠᠬᠤ ᠳᠠᠭᠠᠨ ᠶᠠᠪᠠᠷᠠᠢ ᠶᠢᠨ ᠪᠠᠭ ᠤᠨ ᠬᠤᠮᠠᠬᠢ ᠎ ᠶᠢᠨ ᠭᠤᠤᠯ ᠤᠨ ᠬᠤᠶᠢᠳᠤ ᠲᠡᠭᠡᠷ᠎ᠡ ᠪᠠᠶᠢᠭ᠎ᠠ ᠡᠨᠡ ᠬᠦ ᠬᠠᠷ᠎ᠠ ᠠᠭᠤᠯᠠ ᠶᠢᠨ ᠤᠷᠤᠢ ᠲᠡᠭᠡᠷ᠎ᠡ ᠲᠤᠭ ᠢᠶᠠᠨ ᠲᠠᠬᠢᠬᠤ ᠎ ᠪᠠᠷ ᠪᠤᠯᠵᠦ ᠬᠦᠮᠦᠨ ᠬᠠᠶᠢᠵᠦ ᠪᠠᠶᠢᠳᠠᠯ᠎ᠠ ᠨᠢᠭᠡ ᠠᠷᠪᠠᠨ ᠭᠤᠷᠪᠠ ᠲᠦᠷᠪᠡᠨ ᠨᠠᠰᠤᠨ ᠤ ᠱᠠᠯᠠᠮ᠎ᠠ ᠭᠡᠳᠡᠭ ᠨᠡᠷ᠎ᠡ ᠲᠠᠢ ᠬᠡᠤᠭᠡᠳ ᠭᠠᠷᠴᠦ ᠢᠷᠡᠭᠡᠳ᠄ ︽ᠵᠠ᠂  ᠬᠤᠰᠢᠭᠤ ᠨᠤᠳᠤᠭ ᠤᠨ ᠠᠮᠤᠷ ᠲᠦᠪᠰᠢᠨ ᠤ ᠲᠦᠯᠦᠭᠡ ᠪᠢ ᠠᠮᠢ ᠪᠠᠨ ᠡᠷᠬᠦᠶ᠎ᠡ︾ ᠭᠡᠵᠦ ᠬᠡᠨ᠎ᠡ᠃ ᠲᠡᠷᠡ ᠨᠢ ᠬᠡᠳᠦᠶᠢᠪᠡᠷ ᠬᠡᠤᠭᠡᠳ ᠪᠠᠶᠢᠭᠰᠠᠨ ᠪᠤᠯᠪᠠᠴᠤ ᠰᠠᠬᠠᠯ ᠤᠷᠭᠤᠭᠰᠠᠨ ᠪᠠᠶᠢᠭᠰᠠᠨ ᠪᠤᠯᠬᠤᠷ ᠶᠤᠰᠤᠨ ᠳᠤ ᠨᠡᠶᠢᠴᠡᠵᠦ ᠲᠡᠷᠡ ᠬᠡᠤᠭᠡᠳ ᠢᠶᠠᠷ ᠲᠤᠭ ᠢᠶᠠᠨ ᠲᠠᠬᠢᠬᠤ ᠪᠠᠷ ᠪᠤᠯᠵᠦ᠂ ᠴᠠᠪᠴᠢᠬᠤ ᠳᠤ ᠴᠢᠰᠦ ᠎ ᠨᠢ ᠶᠡᠭᠡ ᠦᠨᠳᠦᠷ ᠲᠤ ᠭᠠᠷᠴᠤ ᠭᠡᠨ᠎ᠡ᠃ ᠡᠬᠦᠨ ᠳᠤ ᠤᠯᠠᠨ ᠢᠶᠠᠷ ᠢᠶᠠᠨ ᠶᠡᠭᠡ ᠪᠠᠶᠠᠷᠯᠠᠵᠦ ᠡᠨᠡ ᠤᠳᠠᠭᠠᠨ ᠤ ᠲᠠᠶᠢᠨ ᠳᠤ ᠬᠦᠮᠦᠨ ᠶᠡᠭᠡ ᠦᠷᠡᠭᠳᠡᠬᠦ ᠦᠭᠡᠢ ᠪᠠᠷ ᠢᠯᠡᠯᠳᠡ ᠤᠯᠬᠤ ᠶᠤᠮ ᠪᠠᠶᠢᠨ᠎ᠠ ᠭᠡᠵᠦ  ᠪᠡᠯᠭᠡᠰᠢᠶᠡᠭᠰᠡᠨ ᠭᠡᠨ᠎ᠡ᠃ ᠡᠬᠦᠨ ᠤ ᠰᠡᠬᠦᠯᠡᠷ ᠪᠠᠷᠠᠭᠤᠨ ᠪᠡᠶ᠎ᠡ ᠳᠤ ᠪᠠᠰᠠ ᠲᠠᠶᠢᠨ ᠪᠠᠶᠢᠯᠳᠤᠭᠠᠨ ᠡᠬᠦᠰᠦᠭᠡᠳ ᠪᠤᠯᠬᠤ ᠦᠭᠡᠢ ᠪᠤᠯᠬᠤᠷ ᠮᠠᠨᠵᠦ ᠎ ᠶᠢᠨ ᠬᠠᠭᠠᠨ ᠠᠯᠠᠱᠠ ᠠᠴᠠ ᠴᠡᠷᠢᠭ ᠲᠠᠳᠠᠵᠦ ᠭᠡᠨ᠎ᠡ᠃ ᠠᠪᠤᠤ ᠨᠤᠶᠠᠨ ᠤ ᠬᠦᠤ ᠯᠤᠪᠰᠠᠨᠳᠤᠷᠵᠢ ᠸᠠᠩ ᠦᠪᠡᠷ ᠤᠨ ᠪᠠᠶ᠎ᠠ ᠪᠠᠷ ᠢᠶᠠᠨ ᠴᠡᠷᠢᠭ ᠲᠠᠶᠢᠴᠢᠯᠠᠵᠦ ᠪᠠᠷᠠᠭᠤᠨᠰᠢ ᠶᠠᠪᠤᠬᠤ ᠳᠠᠭᠠᠨ ᠠᠪᠤ ᠶᠢᠨ ᠢᠶᠠᠨ ᠲᠤᠭ ᠲᠠᠬᠢᠭᠰᠠᠨ ᠡᠨᠡ ᠬᠦ ᠬᠠᠷ᠎ᠠ ᠠᠭᠤᠯᠠ ᠶᠢᠨ ᠤᠷᠤᠢ ᠲᠡᠭᠡᠷ᠎ᠡ ᠤᠪᠤᠭ᠎ᠠ  ᠪᠤᠰᠬᠠᠨ ᠲᠠᠬᠢᠵᠦ ᠴᠡᠷᠢᠭ ᠲᠠᠶᠢᠨ ᠤ ᠢᠯᠠᠯᠳᠠ ᠤᠯᠬᠤ ᠶᠢ ᠪᠡᠯᠭᠡᠰᠢᠶᠡᠭᠰᠡᠨ ᠭᠡᠳᠡᠭ᠃ ᠢᠩᠬᠢᠭᠡᠳ ᠬᠤᠵᠢᠮ ᠤᠨ ᠬᠦᠮᠦᠰ ᠡᠨᠡ ᠬᠦ ᠠᠭᠤᠯᠠ ᠶᠢ ᠱᠠᠯᠠᠮ᠎ᠠ ᠶᠢᠨ ᠠᠭᠤᠯᠠ᠂ ᠤᠪᠤᠭ᠎ᠠ ᠶᠢ ᠱᠠᠯᠠᠮ᠎ᠠ ᠶᠢᠨ ᠤᠪᠤᠭ᠎ᠠ ᠭᠡᠮᠡᠨ ᠨᠡᠷᠡᠯᠡᠭᠰᠡᠨ ᠭᠡᠳᠡᠭ᠃   ᠪᠢᠳᠠ ᠤᠪᠤᠭᠠᠨ ᠳᠤ ᠭᠠᠷᠴᠦ ᠠᠯᠤᠰ ᠢ ᠪᠠᠷᠠᠯᠠᠬᠤ ᠳᠤ ᠡᠮᠤᠨ᠎ᠡ ᠵᠠᠬ᠎ᠠ ᠪᠠᠷ ᠬᠠᠷ᠎ᠠ ᠲᠤᠯᠤᠭᠠᠢ ᠶᠢᠨ ᠡᠯᠡᠰᠦ ᠬᠦᠨᠳᠡᠯᠢᠰᠴᠤ ᠬᠤᠮᠠᠬᠢ ᠶᠢᠨ ᠭᠤᠤᠯ ᠤᠨ ᠠᠭᠤᠳᠠᠮ ᠴᠠᠶᠢᠳᠠᠮ ᠬᠦᠨᠳᠡᠢ ᠪᠠᠷ ᠠᠶᠢᠯ ᠤᠳ ᠤᠨ ᠪᠠᠷ᠎ᠠ ᠰᠦᠮᠡᠯᠵᠡᠨ᠂ ᠲᠡᠮᠡᠭᠡᠨ ᠰᠦᠷᠦᠭ ᠨᠠᠯᠠᠶᠢᠨ ᠪᠡᠯᠴᠢᠵᠦ ᠬᠠᠷᠠᠭᠳᠠᠨ᠎ᠠ᠃ ᠵᠡᠬᠦᠨ ᠬᠤᠶᠢᠰᠢ ᠯᠤᠩᠬᠤᠳᠤ ᠶᠢᠨ ᠠᠭᠤᠯᠠ᠂ ᠪᠤᠷᠭᠠᠰᠤᠳᠠᠢ ᠎ ᠶᠢᠨ ᠠᠭᠤᠯᠠ ᠮᠠᠨᠠᠨ ᠪᠤᠳᠠᠩ ᠤᠨ ᠲᠤᠮᠳᠠ ᠰᠦᠨᠳᠡᠷᠯᠡᠨ᠂ ᠬᠤᠶᠢᠰᠢ ᠪᠠᠨ ᠱᠠᠯᠠᠮ᠎ᠠ ᠶᠢᠨ ᠠᠭᠤᠯᠠ ᠦᠷᠬᠦᠯᠵᠢᠯᠡᠭᠡᠳ ᠰᠦᠷᠯᠢᠭ ᠰᠠᠶᠢᠬᠠᠨ ᠬᠠᠷᠠᠭᠳᠠᠨ᠎ᠠ ᠠᠵᠢ᠃ ᠡᠨᠡ ᠠᠭᠤᠯᠠ ᠪᠠ ᠤᠪᠤᠭ᠎ᠠ ᠶᠢᠨ ᠨᠡᠷ᠎ᠡ ᠶᠢᠨ ᠢᠷᠡᠯᠳᠡ ᠶᠢᠨ ᠲᠤᠬᠠᠢ ᠨᠤᠳᠤᠭ ᠤᠨ ᠬᠦᠮᠦᠰ ᠤᠨ ᠲᠤᠮᠳᠠ ᠤᠯᠠᠨ ᠦᠯᠢᠭᠡᠷ ᠲᠤᠮᠤᠭ ᠪᠤᠶᠤ ᠶᠠᠷᠢᠶ᠎ᠠ ᠤᠯᠠᠮᠵᠢᠯᠠᠭᠳᠠᠵᠦ ᠪᠠᠶᠢᠳᠠᠭ ᠠᠵᠤᠭᠤ᠃ ᠡᠨᠡ ᠠᠭᠤᠯᠠ ᠶᠢᠨ ᠦᠯᠭᠡᠨ ᠳᠤ ᠱᠠᠯᠠᠮ᠎ᠠ ᠶᠢᠨ ᠪᠦᠭᠡᠷᠡᠭ ᠭᠡᠳᠡᠭ ᠭᠠᠵᠠᠷ ᠪᠠᠶᠢᠳᠠᠭ᠃ ᠲᠡᠨᠳᠡ ᠤᠭ ᠲᠠᠭᠠᠨ ᠲᠠᠪᠤᠨ ᠲᠡᠮᠡᠭᠡ ᠲᠠᠢ᠂ ᠴᠦᠯᠢᠭᠢᠷ ᠴᠤᠬᠢᠵᠦ ᠢᠳᠡᠭᠡᠳ ᠠᠮᠢᠳᠤᠷᠠᠳᠠᠭ ᠨᠢᠭᠡᠨ ᠱᠠᠯᠠᠮ᠎ᠠ ᠭᠡᠳᠡᠭ ᠨᠡᠷ᠎ᠡ ᠲᠠᠢ ᠲᠡᠨᠦᠬᠦᠯ ᠬᠦᠮᠦᠨ ᠰᠠᠭᠤᠵᠦ ᠪᠠᠶᠢᠭᠰᠠᠨ ᠪᠤᠯᠬᠤᠷ ᠡᠨᠡ ᠠᠭᠤᠯᠠ ᠶᠢ ᠱᠠᠯᠠᠮ᠎ᠠ ᠶᠢᠨ ᠠᠭᠤᠯᠠ ᠭᠡᠮᠡᠨ ᠨᠡᠷᠡᠯᠡᠭᠰᠡᠨ ᠭᠡᠨ᠎ᠡ᠃ ᠪᠠᠰᠠ ᠨᠢᠭᠡᠨ ᠲᠤᠮᠤᠭ ᠶᠠᠷᠢᠶ᠎ᠠ ᠶᠢ ᠲᠤᠷᠠᠳᠪᠠᠯ ᠠᠪᠤᠤ ᠨᠤᠶᠠᠨ ᠵᠦᠩᠭᠠᠷ ᠬᠠᠭᠠᠨᠳᠦ ᠤᠯᠤᠰ ᠤᠨ ᠲᠤᠪᠲᠤᠯᠤᠯᠳᠠ ᠶᠢ ᠰᠡᠷᠭᠡᠶᠢᠯᠡᠬᠦ ᠪᠠᠷ ᠲᠠᠶᠢᠨ ᠳᠤ ᠮᠤᠷᠳᠠᠬᠤ ᠳᠠᠭᠠᠨ ᠡᠨᠡ ᠬᠦ ᠬᠠᠷ᠎ᠠ ᠠᠭᠤᠯᠠ ᠶᠢᠨ ᠤᠷᠤᠢ ᠲᠡᠭᠡᠷ᠎ᠡ ᠲᠤᠭ ᠢᠶᠠᠨ ᠲᠠᠬᠢᠵᠠᠢ᠃ ᠬᠠᠭᠠᠨ ᠤ ᠬᠠᠳᠠᠭᠤ ᠠᠯᠪᠠᠨ ᠳᠤ ᠲᠠᠳᠠᠭᠳᠠᠭᠰᠠᠨ ᠪᠤᠯᠬᠤᠷ ᠵᠠᠪᠠᠯ ᠢᠯᠠᠯᠳᠠ ᠤᠯᠬᠤ ᠶᠢ ᠪᠡᠯᠭᠡᠰᠢᠶᠡᠨ ᠡᠨᠡ  ᠠᠭᠤᠯᠠ ᠶᠢᠨ ᠤᠷᠤᠢ ᠲᠡᠭᠡᠷ᠎ᠡ ᠨᠦᠭᠡ ᠮᠠᠯᠳᠠᠵᠦ ᠨᠤᠮᠤ ᠰᠠᠭᠠᠳᠠᠭ ᠬᠤᠶᠠᠭᠯᠠᠭᠰᠠᠨ ᠱᠠᠯᠠᠮ᠎ᠠ ᠭᠡᠳᠡᠭ ᠬᠦᠮᠦᠨ ᠢ ᠮᠤᠷᠢ ᠤᠨᠤᠭᠤᠯᠤᠨ ᠲᠡᠷᠡ ᠬᠦ ᠨᠦᠭᠡᠨ ᠲᠤᠳᠤᠷ᠎ᠠ ᠵᠤᠭᠰᠤᠭᠠᠭᠠᠳ᠄ ︽ᠵᠠ᠂ ᠴᠢ ᠮᠠᠨ ᠤ ᠡᠵᠡᠨ ᠰᠦᠯᠳᠡ ᠪᠤᠯᠵᠦ᠂ ᠴᠡᠷᠢᠭ ᠲᠠᠶᠢᠨ ᠳᠤ ᠢᠯᠠᠯᠳᠠ ᠤᠯᠵᠦ ᠭᠠᠪᠢᠶ᠎ᠠ ᠪᠠᠶᠢᠭᠤᠯᠤᠨ ᠡᠩᠭᠡ ᠮᠡᠨᠳᠦ ᠪᠠᠷ ᠪᠤᠴᠠᠵᠦ ᠢᠷᠡᠬᠦ ᠶᠢ ᠦᠷᠦᠰᠢᠶᠡᠨ ᠪᠠᠳᠤᠯᠠᠳᠤᠭᠠᠢ︾ ᠭᠡᠮᠡᠨ ᠵᠠᠬᠢᠭᠠᠳ ᠲᠡᠭᠡᠷ᠎ᠡ ᠨᠢ ᠤᠪᠤᠭ᠎ᠠ ᠪᠤᠰᠬᠠᠵᠦ ᠲᠠᠬᠢᠭᠰᠠᠨ ᠠᠴᠠ ᠱᠠᠯᠠᠮ᠎ᠠ ᠶᠢᠨ ᠤᠪᠤᠭ᠎ᠠ ᠭᠡᠮᠡᠨ ᠨᠡᠷᠡᠯᠡᠭᠰᠡᠨ ᠴᠣ᠋ ᠭᠡᠨ᠎ᠡ᠃ ᠡᠬᠦᠨ ᠲᠠᠢ ᠠᠳᠠᠯᠢᠪᠳᠤᠷ ᠪᠠᠰᠠ ᠨᠢᠭᠡᠨ ᠦᠯᠢᠬᠡᠷ ᠶᠠᠷᠢᠶ᠎ᠠ ᠳᠤ ᠠᠯᠠᠱᠠ ᠨᠤᠶᠠᠨ ᠤ ᠴᠡᠷᠢᠭ ᠲᠤ ᠨᠢᠭᠡᠨ ᠱᠠᠯᠠᠮ᠎ᠠ ᠭᠡᠰᠡᠨ ᠨᠡᠷ᠎ᠡ ᠲᠠᠢ ᠴᠠᠭᠠᠨ ᠬᠠᠯᠢᠭᠤᠨ ᠮᠤᠷᠢ ᠲᠠᠢ ᠪᠠᠭᠠᠳᠤᠷ ᠪᠠᠶᠢᠭᠰᠠᠨ ᠭᠡᠨ᠎ᠡ᠃ ᠲᠡᠷᠡ ᠪᠠᠭᠠᠳᠤᠷ ᠡᠨᠡ ᠬᠠᠷ᠎ᠠ ᠠᠭᠤᠯᠠᠨ ᠲᠡᠭᠡᠷ᠎ᠡ ᠢᠷᠡᠴᠢᠭᠡᠭᠡᠳ᠄ ︽ᠡᠨᠡ ᠭᠠᠵᠠᠷ ᠶᠡᠭᠡ ᠦᠯᠵᠡᠢ ᠲᠠᠢ ᠰᠠᠶᠢᠬᠠᠨ ᠭᠠᠵᠠᠷ ᠪᠠᠶᠢᠨ᠎ᠠ᠂ ᠪᠢ ᠬᠤᠵᠢᠮ ᠡᠨᠡ ᠭᠠᠵᠠᠷ ᠲᠡᠭᠡᠷ᠎ᠡ ᠨᠠᠪᠳᠠᠭ ᠪᠤᠯᠵᠦ ᠰᠠᠭᠤᠶ᠎ᠠ︾ ᠭᠡᠵᠦ ᠬᠡᠯᠡᠭᠡᠳ ᠲᠠᠶᠢᠯᠠᠯᠳᠤᠭᠰᠠᠨ ᠳᠤ ᠶᠡᠭᠡ ᠢᠯᠠᠯᠳᠠ ᠤᠯᠵᠦ ᠲᠠᠶᠢᠰᠤᠨ ᠢᠶᠠᠨ ᠤᠭ ᠬᠤᠭ ᠦᠭᠡᠢ ᠤᠰᠠᠳᠬᠠᠭᠰᠠᠨ ᠭᠡᠨ᠎ᠡ᠃ ᠴᠠᠭᠠᠨ ᠬᠠᠯᠢᠭᠤᠨ ᠮᠤᠷᠢ ᠲᠠᠢ ᠱᠠᠯᠠᠮ᠎ᠠ ᠦᠬᠦᠬᠦᠯᠡᠷ ᠬᠦᠮᠦᠰ ᠲᠡᠬᠦᠨ ᠤ ᠬᠡᠯᠡᠭᠰᠡᠨ ᠢᠶᠠᠷ ᠨᠢ ᠱᠠᠯᠠᠮ᠎ᠠ ᠤᠨ ᠠᠭᠤᠯᠠᠨ ᠲᠡᠭᠡᠷ᠎ᠡ ᠨᠦᠭᠡ ᠮᠠᠯᠳᠠᠵᠦ ᠲᠡᠬᠦᠨ ᠢ ᠮᠤᠷᠢ ᠲᠠᠢ ᠨᠢ ᠬᠠᠮᠳᠦ ᠨᠦᠬᠡᠨ ᠲᠤᠳᠤᠷ᠎ᠠ ᠬᠢᠵᠦ ᠪᠤᠯᠠᠭᠠᠳ ᠲᠡᠭᠡᠷ᠎ᠡ ᠨᠢ ᠪᠦᠳᠦᠬᠦᠨ ᠤᠪᠤᠭ᠎ᠠ ᠪᠤᠰᠬᠠᠵᠦ ᠲᠠᠬᠢᠭᠠᠳ ᠪᠠᠭᠠᠳᠤᠷ ᠢ ᠲᠤᠷᠠᠰᠬᠠᠨ ᠠᠷᠠᠳ ᠢᠷᠭᠡᠳ ᠠᠮᠤᠭᠤᠯᠠᠩ ᠪᠠᠶᠢᠳᠤᠭᠠᠢ ᠭᠡᠮᠡᠨ ᠲᠡᠭᠷᠢ ᠭᠠᠵᠠᠷ ᠲᠤ ᠲᠠᠭᠠᠳᠬᠠᠳᠠᠭ ᠪᠤᠯᠤᠭᠰᠠᠨ ᠭᠡᠨ᠎ᠡ᠃ ᠡᠳᠡᠭᠡᠷ ᠦᠯᠢᠭᠡᠷ ᠲᠤᠮᠤᠭ ᠪᠤᠶᠤ ᠶᠠᠷᠢᠶ᠎ᠠ ᠳᠤ ᠠᠯᠠᠱᠠ ᠸᠠᠩ ᠴᠡᠷᠢᠭ ᠲᠠᠶᠢᠴᠢᠯᠠᠨ ᠵᠦᠩᠭᠠᠷ ᠬᠠᠭᠠᠨᠳᠦ ᠤᠯᠤᠰ ᠲᠠᠢ ᠲᠠᠶᠢᠯᠠᠯᠳᠤᠬᠤ ᠪᠠᠷ ᠶᠠᠪᠤᠬᠤ ᠳᠠᠭᠠᠨ ᠠᠳᠡ ᠲᠤᠭ ᠪᠠᠨ ᠲᠠᠬᠢᠵᠦ ᠤᠪᠤᠭ᠎ᠠ ᠪᠤᠰᠬᠠᠭᠰᠠᠨ ᠨᠢ ᠲᠤᠳᠤᠷᠬᠠᠢ ᠠᠵᠢ᠃   ᠤᠪᠤᠭᠠᠨ ᠲᠠᠬᠢᠯᠭ᠎ᠠ ᠵᠤᠷᠰᠢᠯ ᠶᠤᠰᠤᠭᠠᠷ ᠰᠠᠶᠢᠬᠠᠨ ᠶᠠᠪᠤᠭᠳᠠᠯ᠎ᠠ᠃ ᠪᠢᠳᠠ ᠡᠳᠡᠭᠡᠷ ᠤᠯᠠᠨ ᠤᠯᠠᠨ ᠦᠯᠢᠭᠡᠷ ᠲᠤᠮᠤᠭ ᠲᠤ ᠰᠤᠨᠢᠭᠤᠴᠢ ᠪᠤᠳᠤᠯ ᠲᠦᠷᠦᠭᠳᠡᠨ ᠨᠤᠳᠤᠭ ᠤᠨ ᠠᠬᠠᠮᠠᠳ ᠠᠴᠠ ᠯᠠᠪᠯᠠᠨ ᠠᠰᠠᠭᠤᠬᠤ ᠳᠤ᠄ ︽ᠪᠢᠳᠠᠨ ᠎ ᠢ ᠪᠠᠭ᠎ᠠ ᠪᠠᠶᠢᠬᠤ ᠳᠤ ᠶᠡᠬᠡᠴᠤᠤᠯ ᠢᠩᠬᠢᠵᠦ ᠬᠡᠯᠡᠭᠰᠡᠭᠡᠷ ᠢᠷᠡᠭᠰᠡᠨ ᠶᠤᠮ᠂ ᠡᠨᠡ ᠬᠦ ᠦᠯᠢᠭᠡᠷ ᠤᠴᠢᠷ ᠤᠳᠤ ᠪᠤᠯᠳᠠᠯ᠎ᠠ ᠤᠯᠠᠮᠵᠢᠯᠠᠭᠳᠠᠭᠰᠠᠭᠠᠷ ᠪᠠᠶᠢᠨ᠎ᠠ︾ ᠭᠡᠵᠦ ᠪᠠᠶᠢᠪᠠ᠃ ᠤᠶᠢᠷ᠎ᠠ ᠤᠷᠴᠢᠮ ᠤᠨ ᠮᠠᠯᠴᠢᠳ ᠤᠪᠤᠭᠠᠨ ᠳᠠᠭᠠᠨ ᠡᠪᠡᠳᠴᠢᠨ ᠵᠤᠪᠠᠯᠠᠩ ᠦᠭᠡᠢ ᠡᠩᠬᠡ ᠠᠮᠤᠭᠤᠯᠠᠩ᠂ ᠬᠤᠷ᠎ᠠ ᠪᠤᠷᠤᠭᠠᠨ ᠲᠠᠢ ᠦᠩ ᠰᠢᠮᠡᠯᠢᠭ ᠪᠠᠶᠢᠬᠤ ᠪᠠᠨ ᠲᠠᠭᠠᠳᠬᠠᠨ ᠵᠠᠯᠪᠠᠷᠢᠭᠰᠠᠨ ᠪᠠᠶᠢᠬ᠎ᠠ᠂ ᠬᠠᠩᠰᠢ ᠶᠢᠨ ᠡᠳᠦᠷ ᠤᠨ ᠶᠤᠰᠤ ᠭᠤᠷᠢᠮ ᠢᠶᠠᠷ ᠡᠪᠦᠭᠡ ᠲᠡᠭᠡᠳᠦᠰ ᠤᠨ ᠢᠶᠠᠨ ᠦᠯᠢᠭᠡᠷ ᠲᠤᠮᠤᠭ ᠲᠤ ᠶᠤᠰᠤᠴᠢᠯᠠᠨ ᠲᠠᠭᠠᠳᠬᠠᠭᠰᠠᠨ ᠪᠠᠶᠢᠬ᠎ᠠ᠃ ᠬᠠᠷᠢᠨ ᠪᠢᠳᠠᠨ ᠤ ᠰᠡᠳᠬᠢᠯ ᠳᠤ ᠡᠨᠡ ᠤᠪᠤᠭ᠎ᠠ ᠎ ᠶᠢ ᠶᠠᠭᠠᠬᠢᠭᠠᠳ ᠬᠠᠩᠰᠢ ᠶᠢᠨ ᠡᠳᠦᠷ ᠲᠠᠬᠢᠳᠠᠭ ᠶᠤᠮ︖ ᠠᠮᠢᠳᠤ ᠬᠦᠮᠦᠨ ᠢᠶᠠᠷ ᠲᠠᠬᠢᠯ᠎ᠠ ᠭᠡᠳᠡᠭ ᠦᠯᠢᠭᠡᠷ ᠶᠠᠷᠢᠶ᠎ᠠ ᠦᠨᠡᠨ ᠪᠤᠯᠪᠠᠤ︖ ᠭᠡᠰᠡᠨ ᠡᠭᠡᠳᠡᠷᠡᠭᠡ ᠲᠠᠶᠢᠯᠤᠭᠳᠠᠵᠦ ᠴᠢᠳᠠᠭ᠎ᠠ ᠦᠭᠡᠢ ᠪᠠᠶᠢᠯ᠎ᠠ᠃ ᠴᠤᠭᠳᠦ ᠪᠠᠭᠰᠢ᠄ ︽ᠠᠯᠠᠱᠠ ᠎ ᠳᠤ ᠨᠡᠯᠢᠶᠡᠳ ᠭᠡᠳᠦᠨ ᠤᠪᠤᠭ᠎ᠠ ᠶᠢ ᠠᠮᠢᠳᠤ ᠬᠦᠮᠦᠨ ᠢᠶᠠᠷ ᠲᠠᠬᠢᠭᠰᠠᠨ ᠭᠡᠳᠡᠭ ᠠᠮᠠᠨ ᠶᠠᠷᠢᠶ᠎ᠠ ᠪᠤᠶᠤ ᠦᠯᠢᠭᠡᠷ ᠲᠤᠮᠤᠭ ᠪᠠᠶᠢᠳᠠᠭ᠃ ᠭᠡᠳᠡᠯ᠎ᠡ ᠡᠳᠡᠭᠡᠷ ᠠᠮᠢᠳᠤ ᠬᠦᠮᠦᠨ ᠢᠶᠠᠷ ᠲᠠᠬᠢᠯ᠎ᠠ ᠭᠡᠳᠡᠭ ᠤᠪᠤᠭ᠎ᠠ ᠲᠤᠳᠤᠷ᠎ᠠ ᠭᠠᠭᠴᠠ ᠬᠦ ᠱᠠᠯᠠᠮ᠎ᠠ ᠶᠢᠨ ᠤᠪᠤᠭ᠎ᠠ ᠶᠢ ᠬᠠᠩᠰᠢ ᠶᠢᠨ ᠡᠳᠦᠷ ᠲᠠᠬᠢᠳᠠᠭ ᠨᠢ ᠪᠠᠰᠠ ᠤᠴᠢᠷᠳᠠᠢ ᠪᠠᠶᠢᠵᠦ ᠮᠡᠳᠡᠨ᠎ᠡ᠃ ᠠᠪᠤᠤ ᠨᠤᠶᠠᠨ ᠤ ᠦᠶ᠎ᠡ ᠳᠤ ᠲᠤᠭ ᠢᠶᠠᠨ ᠠᠮᠢᠳᠤ ᠬᠦᠮᠦᠨ ᠢᠶᠠᠷ ᠲᠠᠬᠢᠳᠠᠭ ᠶᠤᠰᠤ ᠪᠠᠶᠢᠭᠰᠠᠨ ᠭᠡᠳᠡᠭ᠃ ᠠᠯᠠᠱᠠᠴᠤᠳ ᠮᠠᠨᠵᠦ ᠶᠢ ᠲᠠᠭᠠᠭᠰᠠᠨ ᠠᠴᠠ ᠬᠤᠶᠢᠰᠢ ᠨᠢᠭᠡ ᠬᠡᠮᠵᠢᠶ᠎ᠡ ᠪᠠᠷ ᠬᠢᠳᠠᠳ ᠰᠤᠶᠤᠯ ᠬᠦᠷᠳᠡᠬᠦ ᠪᠤᠯᠵᠦ᠂ ᠬᠠᠩᠰᠢ ᠶᠢᠨ ᠡᠳᠦᠷ ᠡᠪᠦᠭᠡ ᠲᠡᠭᠡᠳᠦᠰ ᠪᠤᠶᠤ ᠦᠩᠭᠡᠷᠡᠭᠰᠡᠨ ᠬᠦᠮᠦᠰ ᠲᠡᠭᠡᠨ ᠶᠠᠭᠤᠮ᠎ᠠ ᠰᠢᠳᠠᠭᠠᠵᠦ᠂ ᠬᠡᠩᠰᠢᠬᠦᠤ ᠭᠠᠷᠭᠠᠳᠠᠭ ᠰᠤᠶᠤᠯ ᠨᠡᠪᠴᠢᠭᠰᠡᠨ ᠨᠢ ᠶᠠᠷᠢᠶᠠᠨ ᠦᠭᠡᠢ᠂ ᠢᠩᠬᠢᠭᠡᠳ ᠡᠨᠡ ᠤᠪᠤᠭ᠎ᠠ ᠶᠢ ᠬᠠᠩᠰᠢ ᠶᠢᠨ ᠡᠳᠦᠷ ᠲᠠᠬᠢᠬᠤ ᠪᠤᠯᠤᠭᠰᠠᠨ ᠪᠠᠶᠢᠵᠦ ᠮᠠᠭᠠᠳ︾ ᠭᠡᠵᠦ ᠪᠠᠶᠢᠯ᠎ᠠ᠃ ᠶᠠᠭᠤ ᠪᠤᠯᠤᠭᠰᠠᠨ ᠴᠤ ᠡᠳᠡᠭᠡᠷ ᠲᠤᠮᠤᠭ ᠶᠠᠷᠢᠶ᠎ᠠ ᠨᠤᠳᠤᠭ ᠤᠨ ᠤᠯᠠᠨ ᠤ ᠲᠤᠮᠳᠠ ᠦᠶ᠎ᠡ ᠤᠯᠠᠮᠵᠢᠯᠠᠨ ᠶᠠᠷᠢᠭᠳᠠᠭᠰᠠᠭᠠᠷ ᠡᠳᠦᠭᠡ ᠪᠤᠯᠬᠤ ᠳᠤ ᠭᠤᠷᠪᠠᠨ ᠵᠠᠭᠤᠭᠠᠳ ᠵᠢᠯ ᠪᠤᠯᠵᠡᠢ᠃ ᠡᠨᠡ ᠤᠪᠤᠭ᠎ᠠ ᠶᠢ ᠠᠯᠢ ᠡᠷᠳᠡ ᠬᠤᠰᠢᠭᠤ ᠲᠠᠮᠠᠭ᠎ᠠ ᠶᠢᠨ ᠶᠠᠮᠤᠨ ᠠᠴᠠ ᠲᠠᠬᠢᠵᠦ ᠪᠠᠶᠢᠭᠠᠳ ᠰᠡᠬᠦᠯᠡᠷ ᠨᠢ ᠶᠠᠪᠠᠷᠠᠢ ᠎ ᠶᠢᠨ ᠪᠠᠭ᠂ ᠮᠦᠩᠬᠦᠨᠪᠤᠯᠠᠭ ᠰᠤᠮᠤᠨ ︵ᠤᠳᠤ ᠮᠠᠨᠳᠤᠯ ᠰᠤᠮᠤ ᠲᠠᠢ ᠨᠡᠶᠢᠯᠡᠵᠡᠢ︶᠎ ᠠᠴᠠ ᠲᠠᠬᠢᠵᠦ᠂ ᠤᠳᠤ ᠱᠠᠯᠠᠮ᠎ᠠ ᠭᠠᠴᠠᠭᠠᠨ ᠤ ᠤᠶᠢᠷ᠎ᠠ ᠤᠷᠴᠢᠮ ᠤᠨ ᠮᠠᠯᠴᠢᠳ ᠠᠴᠠ ᠲᠠᠬᠢᠵᠦ ᠪᠠᠶᠢᠭ᠎ᠠ ᠶᠤᠮ ᠪᠠᠶᠢᠨ᠎ᠠ᠃   ᠦᠳᠡ ᠪᠤᠯᠵᠠᠢ᠂ ᠪᠤᠴᠠᠬᠤ ᠪᠤᠯᠤᠯ᠎ᠠ᠃ ᠪᠢᠳᠠᠨ ᠢ ᠠᠭᠤᠯᠠᠨ ᠠᠴᠠ ᠪᠠᠭᠤᠭᠠᠳ ᠡᠷᠬᠢᠨ ᠬᠠᠷᠠᠬᠤ ᠳᠤ ᠬᠦᠮᠦᠰ ᠮᠦᠨ ᠯᠠ ᠴᠤᠪᠤᠷᠠᠯᠳᠤᠨ‌ᠤᠪᠤᠭᠠᠨ ᠳᠠᠭᠠᠨ ᠰᠠᠴᠤᠯᠢ ᠪᠠᠨ ᠡᠷᠬᠦᠨ ᠬᠦᠵᠢ ᠰᠠᠩ ᠢᠶᠠᠨ ᠤᠭᠤᠬᠢᠭᠤᠯᠤᠨ ᠲᠠᠭᠠᠳᠬᠠᠵᠦ ᠬᠠᠷᠠᠭᠳᠠᠯ᠎ᠠ᠃ ᠱᠠᠯᠠᠮ᠎ᠠ ᠭᠡᠳᠡᠭ ᠪᠠᠭᠠᠳᠤᠷ ᠡᠷ᠎ᠡ ᠡᠨᠡ ᠤᠪᠤᠭᠠᠨ ᠲᠤᠤᠷ᠎ᠠ ᠦᠨᠢ ᠮᠦᠩᠭᠡ ᠨᠤᠶᠢᠷᠰᠤᠭᠰᠠᠭᠠᠷ ᠪᠠᠶᠢᠭ᠎ᠠ ᠴᠤ ᠪᠤᠯᠪᠠᠤ︖            
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号