ᠡᠳᠦᠷ ᠬᠤᠨᠤᠭ ᠤᠳ
ᠨᠡᠶᠢᠲᠡᠯᠡᠭᠰᠡᠨ ᠴᠠᠭ᠄
2022/6/7
ᠮᠠᠨᠳᠠ
ᠰᠠᠯᠬᠢᠨ ᠳᠤ ᠪᠢᠰᠢᠯᠭᠠᠵᠤ ᠪᠤᠢ ᠬᠤᠩᠬᠤᠨ ᠤ ᠬᠡᠯᠡ ᠰᠠᠷ᠎ᠠ ᠵᠢᠯ ᠥᠩᠭᠡᠷᠡᠵᠦ ᠤᠳᠬᠤ ᠶᠢ ᠵᠢᠷᠤᠬᠤ ᠰᠢᠭ᠋ ᠰᠠᠨᠠᠭᠠᠨ ᠳᠤ ᠦᠭᠡᠢ ᠪᠠᠶᠢᠬᠤ ᠳᠤ ᠡᠪᠡᠰᠦ ᠨᠣᠭᠤᠭ᠎ᠠ ᠤᠷᠭᠤᠵᠤ ᠰᠠᠶ᠋ᠢᠬᠠᠨ ᠤ ᠯᠠ ᠶᠤᠮ ᠰᠢᠭ᠋ ᠡᠳᠦᠷ ᠬᠤᠨᠤᠭ ᠤᠳ ᠬᠠᠭᠤᠴᠢᠷᠠᠨ᠎ᠠ ᠳᠤᠲᠠᠭᠤ ᠪᠣᠯᠤᠭᠰᠠᠨ ᠵᠢᠮᠢᠰ ᠭᠠᠵᠠᠷ ᠲᠤ ᠤᠨᠠᠬᠤ ᠰᠢᠭ᠋ ᠲᠠᠰᠤᠷᠠᠵᠤ ᠦᠯᠡᠳᠡᠭᠰᠡᠨ ᠭᠤᠨᠢᠭ ᠢᠶᠠᠨ ᠬᠡᠮᠨᠡᠵᠦ ᠲᠠᠯᠪᠢᠴᠢᠬᠠᠭᠠᠳ ᠲᠠᠭᠤ ᠦᠭᠡᠢ ᠰᠠᠭᠤᠵᠤ ᠦᠭᠡᠨ ᠳᠤ ᠨᠣᠷᠬᠤ ᠳᠠᠭᠠᠨ ᠲᠠᠰᠤᠳᠠᠵᠤ ᠠᠪᠤᠭᠰᠠᠨ ᠢᠨᠢᠶᠡᠳᠦ ᠪᠠᠷ ᠢᠶᠠᠨ ᠵᠠᠯᠭᠢᠨ᠎ᠠ ᠮᠥᠴᠢᠷ ᠢᠶᠠᠨ ᠣᠭᠲᠣᠯᠣᠭᠤᠯᠤᠭᠰᠠᠨ ᠮᠣᠳᠣᠨ ᠤ ᠠᠮᠢᠰᠬᠤᠭ᠎ᠠ ᠰᠢᠭ᠋ ᠮᠥᠷᠥᠭᠡᠳᠦᠯ ᠢᠶᠠᠨ ᠵᠢᠷᠦᠬᠡᠨ ᠳᠡᠭᠡᠨ ᠳᠠᠷᠤᠴᠢᠬᠠᠭᠠᠳ ᠮᠤᠤᠷ ᠤᠨ ᠨᠢᠳᠦ ᠰᠢᠭ ᠭᠡᠷᠡᠯ ᠤᠨ ᠳᠣᠣᠭᠤᠷ ᠠᠯᠬᠤᠬᠤ ᠳᠠᠭᠠᠨ ᠮᠦᠳᠭᠡᠨ ᠵᠠᠮᠬᠠᠷᠠᠬᠤ ᠰᠡᠭᠦᠳᠡᠷ ᠢᠶᠠᠨ ᠭᠡᠲᠡᠭᠦ ᠶᠤᠮ ᠲᠦᠷᠡᠶᠢᠪᠴᠢᠨ ᠤ ᠪᠠᠨ ᠳᠣᠲᠣᠷ᠎ᠠ ᠨᠠᠩᠭᠢᠨ ᠳᠤ ᠲᠦᠭᠦᠬᠡᠢ ᠳᠤᠷᠠᠳᠬᠠᠯ ᠢᠶᠠᠨ ᠵᠢᠷᠤᠭ ᠲᠠᠢ ᠬᠠᠮᠲᠤ ᠠᠪᠳᠠᠷ᠎ᠠ ᠶᠢᠨ ᠢᠷᠤᠭᠠᠷ ᠲᠤ ᠮᠠᠷᠲᠠᠭᠰᠠᠨ ᠰᠢᠭ᠋ ᠢᠶᠠᠨ ᠠᠬᠢᠭᠠᠳ ᠭᠠᠷᠭᠠᠬᠤ ᠦᠭᠡᠢ ᠣᠨᠢᠰᠤᠯᠠᠵᠤ ᠬᠠᠶᠠᠨ᠎ᠠ ᠰᠡᠯᠢᠨ ᠬᠤᠯᠠᠳᠬᠤ ᠵᠠᠪᠢ ᠶᠢ ᠰᠢᠷᠲᠡᠨ ᠰᠡᠳᠬᠢᠯ ᠤᠨ ᠭᠦᠨᠳᠡᠭᠦᠷᠢ ᠢᠶᠠᠨ ᠳᠠᠶᠢᠵᠤ ᠶᠠᠪᠤᠭᠤᠯᠴᠢᠬᠠᠭᠠᠳ ᠰᠡᠮᠭᠡᠨ ᠮᠡᠭᠰᠢᠭᠦ ᠵᠢᠭᠠᠰᠤᠨ ᠤ ᠭᠠᠰᠢᠭᠤᠳᠠᠯ ᠢ ᠤᠰᠤᠨ ᠤ ᠠᠷ ᠢᠶᠠᠷ ᠠᠷᠭᠠᠳᠠᠵᠤ ᠲᠠᠶᠢᠳᠬᠤᠷᠠᠭᠤᠯᠤᠨ᠎ᠠ ᠠᠰᠠᠷ ᠤᠨ ᠰᠢᠨᠠ ᠳᠤ ᠰᠢᠷᠭᠠᠯ ᠲᠤᠶᠠᠭ᠎ᠠ ᠲᠠᠲᠠᠬᠤ ᠳᠤ ᠠᠰᠤᠷᠤ ᠶᠡᠭᠡ ᠭᠠᠭᠴᠠᠭᠠᠷᠳᠠᠯ ᠳᠤ ᠨᠦᠮᠦᠷᠢᠭᠳᠡᠨ ᠠᠵᠢᠯ ᠠᠴᠠ ᠪᠠᠨ ᠬᠠᠷᠢᠳᠠᠭ ᠭᠤᠳᠤᠮᠵᠢᠨ ᠤ ᠮᠤᠬᠤᠷ ᠴᠤ ᠠᠷᠭ᠎ᠠ ᠦᠭᠡᠢ ᠯᠠ ᠲᠠᠨᠢᠯ ᠪᠤᠰᠤ ᠰᠠᠨᠠᠭᠳᠠᠨ᠎ᠠ ᠰᠠᠨᠠᠭᠠᠨ ᠳᠤ ᠦᠭᠡᠢ ᠪᠠᠶᠢᠬᠤ ᠳᠤ ᠡᠪᠡᠰᠦ ᠨᠣᠭᠤᠭ᠎ᠠ ᠤᠷᠭᠤᠵᠤ ᠰᠠᠶ᠋ᠢᠬᠠᠨ ᠤ ᠯᠠ ᠶᠤᠮ ᠰᠢᠭ᠋ ᠡᠳᠦᠷ ᠬᠤᠨᠤᠭ ᠤᠳ ᠬᠠᠭᠤᠴᠢᠷᠠᠨ᠎ᠠ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号