ᠡᠵᠢ ᠦᠭᠡᠢ ᠡᠳᠦᠷ ᠢᠷᠡᠬᠦ ᠳᠤ
ᠨᠡᠶᠢᠲᠡᠯᠡᠭᠰᠡᠨ ᠴᠠᠭ᠄
2022/6/7
ᠰᠠᠯᠬᠢᠴᠢ    ᠳᠥᠷᠪᠡ ᠲᠠᠪᠤᠨ ᠨᠠᠰᠤᠲᠠᠢ ᠪᠠᠯᠴᠢᠷᠬᠠᠨ ᠦᠶ᠎ᠡ ᠠᠴᠠ ᠪᠠᠨ ᠯᠡ ᠦᠬᠦᠯ ᠤᠨ ᠲᠤᠬᠠᠢ ᠶᠠᠷᠢᠶ᠎ᠠ ᠰᠣᠨᠣᠰᠤᠭᠰᠠᠭᠠᠷ ᠢᠷᠡᠭᠰᠡᠨ ᠴᠦ ᠪᠡᠶ᠎ᠡ ᠰᠡᠳᠬᠢᠯ ᠢᠶᠠᠷ ᠢᠶᠠᠨ ᠮᠡᠳᠡᠷᠡᠭᠰᠡᠨ ᠮᠢᠨᠢ ᠶᠡᠭᠡ ᠬᠤᠵᠢᠮ ᠤᠨ ᠬᠡᠷᠡᠭ ᠠ᠋︕ ᠰᠠᠭᠠᠬᠠᠯᠲᠠ ᠶᠢᠨ ᠢᠶᠠᠨ ᠨᠠᠰᠤᠲᠠᠶᠢᠴᠤᠤᠯ ᠠᠴᠠ ᠬᠡᠨ ᠨᠢᠭᠡ ᠨᠢ ᠦᠭᠡᠢ ᠪᠣᠯᠤᠭᠰᠠᠨ ᠰᠤᠷᠠᠭ ᠲᠤᠭᠤᠯᠵᠤ᠂ ᠪᠤᠷᠬᠠᠨ ᠳᠠᠭᠠᠨ ᠵᠤᠯᠠ ᠪᠠᠷᠢᠬᠤ ᠡᠮᠡᠭᠡ ᠶᠢ ᠪᠠᠨ ᠬᠠᠷᠠᠭᠠᠳ ᠬᠡᠨᠡᠭ ᠴᠦ ᠦᠭᠡᠢ ᠥᠩᠭᠡᠷᠡᠵᠦ ᠪᠠᠶᠢᠭᠰᠠᠨ ᠬᠡᠦᠬᠡᠳ ᠤᠨ ᠴᠠᠭᠠᠬᠠᠨ ᠨᠠᠰᠤ ᠮᠢᠨᠢ︕ ᠦᠵᠡᠭᠳᠡᠬᠦ ᠪᠠᠨ ᠪᠣᠯᠢᠭᠰᠠᠨ ᠲᠡᠷᠡ ᠬᠥᠮᠥᠰ ᠢ ᠠᠶᠠᠨ ᠵᠢᠩ ᠰᠢᠤᠬᠠᠨ ᠶᠡᠭᠡ ᠯᠡ ᠬᠤᠯᠠ ᠶᠠᠭᠤᠮᠠᠨ ᠳᠤ ᠶᠠᠪᠤᠵᠤ ᠳ᠋ᠠ ᠭᠡᠵᠦ ᠪᠤᠳᠤᠳᠠᠭ ᠪᠠᠶᠢᠭᠰᠠᠨ᠃ ᠰᠤᠷᠭᠠᠭᠤᠯᠢ ᠰᠣᠶᠣᠯ ᠤᠨ ᠮᠥᠷ ᠬᠥᠭᠡᠭᠡᠵᠦ᠂ ᠬᠥᠮᠥᠨ ᠤ ᠵᠡᠷᠭᠡ ᠲᠠᠢ ᠪᠣᠯᠤᠭᠰᠠᠨ ᠬᠤᠶᠢᠨ᠎ᠠ ᠪᠠᠨ ᠴᠦ ᠮᠥᠨ ᠯᠡ ᠡᠶᠢᠮᠦ ᠭᠡᠨᠡᠬᠡᠨ ᠬᠡᠪ ᠢᠶᠠᠷ ᠢᠶᠠᠨ ᠪᠠᠶᠢᠯ᠎ᠠ᠃ ᠡᠵᠢ ᠶᠢ ᠪᠠᠨ ᠠᠯᠳᠠᠭᠰᠠᠨ ᠲᠡᠷᠡ ᠯᠠ ᠮᠥᠴᠡ ᠠᠴᠠ ᠦᠬᠦᠯ ᠢ ᠥᠷᠥ ᠵᠢᠷᠦᠬᠡ ᠪᠠᠷ ᠢᠶᠠᠨ ᠮᠡᠳᠡᠷᠡᠵᠦ᠂ ᠲᠡᠷᠡᠴᠢᠯᠡᠨ ᠲᠡᠭᠦᠨ ᠤ ᠶᠠᠮᠠᠷ ᠬᠡᠴᠡᠭᠦᠦ ᠬᠠᠷᠠᠰᠠᠯᠲᠠᠢ ᠶᠢ ᠣᠶᠢᠯᠠᠭᠠᠵᠤ ᠰᠢᠨᠠᠯᠤᠭᠰᠠᠨ ᠠ᠋︕ ᠭᠤᠨᠢᠭᠲᠤ ᠮᠡᠳᠡᠭᠡ ᠶᠢ ᠨᠠᠳᠠ ᠲᠤᠭᠤᠯᠭᠠᠬᠰᠠᠨ ᠲᠡᠷᠡ ᠨᠥᠬᠦᠷ ᠢ ᠴᠦ ᠰᠡᠳᠬᠢᠯ ᠳᠣᠲᠣᠷ᠎ᠠ ᠪᠠᠨ ᠦᠵᠡᠨ ᠶᠠᠳᠠᠭᠰᠠᠭᠠᠷ ᠰᠢᠤᠳᠠᠨ ᠬᠤᠯᠪᠣᠭᠠᠨ ᠠᠴᠠ ᠤᠲᠠᠰᠤ ᠵᠠᠯᠭᠠᠯ᠎ᠠ᠃ ᠬᠠᠷᠢᠭᠤ ᠨᠢ ᠢᠯᠭᠠᠭ᠎ᠠ ᠦᠭᠡᠢ ᠡᠮᠦᠨᠡᠬᠢ ᠲᠠᠢ ᠡᠭᠡᠭᠡ ᠠᠳᠠᠯᠢᠬᠠᠨ᠃ ᠬᠤᠳᠠᠯ ᠪᠢᠰᠢ ᠭᠡᠳᠡᠭ ᠨᠢ ᠲᠣᠳᠣᠷᠬᠠᠢ ᠪᠣᠯᠤᠭᠰᠠᠨ ᠴᠦ ᠰᠡᠳᠬᠢᠯ ᠮᠢᠨᠢ ᠬᠦᠯᠢᠶᠡᠵᠦ ᠴᠢᠳᠠᠬᠤ ᠦᠭᠡᠢ᠂ ᠠᠩᠬ᠎ᠠ ᠲᠤᠮᠳᠠᠳᠤ ᠶᠢᠨ ᠦᠶ᠎ᠡ ᠶᠢᠨ ᠲᠡᠷᠡ ᠬᠠᠮᠲᠤ ᠰᠤᠷᠤᠬᠴᠢ ᠪᠠᠨ ᠡᠭ᠍ᠳᠡᠭᠦᠴᠡᠭᠰᠡᠨ ᠬᠡᠪ ᠢᠶᠠᠷ ᠢᠶᠠᠨ — ᠲᠡᠷᠡ ᠯᠡ ᠡᠵᠢ ᠶᠢ ᠮᠢᠨᠢ ᠴᠠᠭᠠᠰᠢ ᠬᠠᠷᠠᠭᠤᠯᠴᠢᠬᠠᠭᠰᠠᠨ ᠶᠤᠮ ᠰᠢᠭ᠋ ᠰᠠᠨᠠᠵᠤ ᠶᠠᠪᠤᠯ᠎ᠠ᠃     ᠲᠤᠬᠠᠢ ᠶᠢᠨ ᠲᠡᠷᠡ ᠮᠥᠴᠡ ᠳᠤ ᠳᠡᠭᠡᠵᠦ ᠯᠡ ᠰᠠᠨᠠᠬᠤ ᠠᠴᠠ ᠥᠭᠡᠷ᠎ᠡ ᠠᠷᠭ᠎ᠠ ᠦᠭᠡᠢ᠃ ᠶᠠᠳᠠᠵᠤ ᠪᠢ ᠡᠵᠢ ᠶᠢᠨ ᠢᠶᠠᠨ ᠠᠮᠢ ᠦᠭᠡᠢ ᠪᠣᠯᠤᠭᠰᠠᠨ ᠴᠣᠭᠴᠠᠰ ᠢ ᠴᠦ ᠣᠯᠵᠤ ᠬᠠᠷᠠᠭ᠎ᠠ ᠦᠭᠡᠢ ᠶᠤᠮ ᠴᠢᠨᠢ᠂ ᠶᠠᠭᠠᠬᠢᠵᠤ ᠴᠦ ᠢᠲᠡᠭᠡᠨ᠎ᠡ ᠳ᠋ᠠ︕   ᠲᠡᠷᠭᠡ ᠣᠨᠤᠭ᠎ᠠ ᠣᠯᠬᠤ ᠭᠡᠵᠦ ᠮᠤᠩᠭᠢᠨᠠᠵᠤ ᠪᠠᠶᠢᠵᠤ᠂ ᠭᠤᠷᠪᠠᠨ ᠡᠳᠦᠷ ᠰᠠᠭᠠᠲᠠᠵᠤ ᠣᠴᠢᠬᠤ ᠳᠤ ᠪᠦᠭᠦ ᠶᠠᠭᠤᠮ᠎ᠠ ᠳᠠᠭᠤᠰᠴᠢᠬᠠᠭᠰᠠᠨ᠂ ᠪᠤᠶᠠᠨ ᠤ ᠴᠠᠢ ᠡᠨᠡ ᠲᠡᠷᠡ ᠭᠡᠳ ᠦᠢᠮᠡᠵᠦ ᠪᠠᠶᠢᠯ᠎ᠠ᠃ ᠲᠡᠨᠳᠡ ᠪᠠᠶᠢᠭᠰᠠᠨ ᠪᠦᠭᠦ ᠬᠥᠮᠥᠰ ᠥᠨᠳᠡᠯᠵᠡᠵᠦ᠂ ᠪᠤᠰᠬᠤ ᠨᠢ ᠪᠣᠰᠴᠤ᠂ ᠨᠠᠳᠠ ᠨᠠᠶᠢᠷ ᠲᠠᠯᠪᠢᠵᠤ᠂ ᠲᠠᠯ᠎ᠠ ᠵᠠᠰᠠᠭᠰᠠᠨ ᠨᠢ ᠠᠭᠤᠷ ᠠᠮᠢᠰᠬᠤᠯ ᠢ ᠤᠯᠠᠮ ᠯᠠ ᠬᠦᠢᠲᠡᠨ ᠴᠡᠪᠳᠡᠭ ᠪᠤᠯᠭᠠᠵᠤ ᠣᠷᠭᠢᠯ᠎ᠡ᠃ ᠶᠡᠷᠦ ᠶᠢᠨ ᠴᠠᠭ ᠲᠤ ᠳᠡᠮᠡᠢ ᠶᠠᠪᠤᠯᠴᠠᠳᠠᠭ ᠦᠭᠡᠢ᠂ ᠠᠮᠤᠷ ᠠᠰᠠᠭᠤᠭᠠᠳ᠂ ᠲᠣᠯᠣᠭᠠᠢ ᠳᠣᠬᠢᠭᠠᠳ ᠯᠠ ᠥᠩᠭᠡᠷᠡᠳᠡᠭ ᠬᠥᠮᠥᠰ ᠴᠦ ᠶᠡᠭᠡ ᠯᠠ ᠣᠶᠢᠷ᠎ᠠ ᠳᠣᠲᠣᠨᠣ ᠪᠣᠯᠴᠢᠬᠠᠭᠰᠠᠨ᠂ ᠠᠷᠭᠠᠳᠠᠵᠤ᠂ ᠬᠠᠯᠠᠮᠵᠢ ᠶᠢᠨ ᠦᠭᠡ ᠶᠠᠷᠢᠵᠠᠭᠠᠵᠤ ᠪᠠᠶᠢᠨ᠎ᠠ᠃ ᠲᠡᠳᠡᠨᠦᠰ ᠤᠨ ᠠᠷᠭᠠᠳᠠᠯ ᠨᠠᠳᠠ ᠶᠠᠮᠠᠷ ᠴᠦ ᠲᠠᠶᠢᠳᠬᠤᠷᠠᠯ ᠪᠣᠯᠤᠭᠰᠠᠨ ᠦᠭᠡᠢ᠃ ᠤᠯᠠᠮ ᠯᠠ ᠬᠤᠯᠠᠳᠠᠵᠤ ᠪᠤᠢ ᠶᠢ ᠮᠡᠳᠡᠷᠡᠯ᠎ᠡ᠃ ᠠᠷᠭᠠᠳᠠᠯ ᠨᠠᠳᠠ ᠭᠡᠳᠦ ᠠᠴᠠ ᠪᠠᠨ ᠢᠯᠡᠭᠦᠴᠡ ᠪᠠᠶᠢᠵᠠᠢ᠃ ᠨᠠᠮᠠᠶᠢ ᠬᠦᠨᠳᠦ ᠬᠡᠴᠡᠭᠦᠦ ᠪᠠᠶᠢᠳᠠᠯ ᠨᠥᠮᠥᠷᠴᠦ᠂ ᠨᠢᠳᠦᠨ ᠳᠤ ᠨᠢᠯᠪᠤᠰᠤ ᠡᠷᠭᠢᠭᠡᠳ ᠠᠪᠤᠭᠰᠠᠨ ᠪᠤᠯᠪᠠᠴᠤ ᠵᠣᠷᠢᠭ ᠢᠶᠠᠨ ᠪᠠᠷᠢᠵᠤ ᠳᠡᠰᠦᠯ᠎ᠡ᠃ ᠲᠦᠷᠦᠯ ᠨᠡᠷ᠎ᠡ ᠲᠠᠢ ᠠᠩᠭᠢ ᠡᠶᠢᠮᠦ ᠬᠥᠮᠥᠰ ᠲᠤ ᠥᠪᠡᠷ ᠤᠨ ᠮᠠᠭᠤ ᠪᠠᠨ ᠦᠵᠡᠭᠦᠯᠭᠦ ᠦᠭᠡᠢ ᠭᠡᠵᠦ ᠴᠢᠷᠮᠠᠶᠢᠯ᠎ᠠ᠃ ᠨᠢᠯᠪᠤᠰᠤ ᠪᠣᠯ ᠢᠴᠢᠭᠦᠷᠢ ᠭᠡᠵᠦ ᠦᠵᠡᠨ ᠶᠠᠳᠠᠳᠠᠭ ᠡᠲᠡᠭᠡᠳ ᠬᠠᠴᠢᠨ ᠠᠭᠠᠰᠢ ᠮᠠᠨᠢ ᠨᠠᠮᠠᠶᠢ ᠭᠠᠯ ᠰᠢᠲᠠᠭᠰᠠᠨ ᠣᠮᠤᠭ ᠢᠶᠠᠷ ᠳᠦᠭᠦᠷᠭᠡᠵᠦ᠂ ᠡᠵᠢ ᠶᠢ ᠪᠠᠨ ᠨᠡᠬᠡᠵᠦ᠂ ᠲᠡᠳᠡᠨᠦᠰ ᠲᠠᠢ ᠨᠢᠭᠡ ᠶᠢ ᠪᠠᠨ ᠦᠵᠡᠯᠴᠡᠵᠦ᠂ ᠨᠡᠬᠡᠢ ᠲᠦᠷᠡᠢ ᠳᠡᠭᠡᠨ ᠣᠷᠠᠯᠴᠠᠮᠠᠷ ᠰᠠᠨᠠᠭᠳᠠᠭᠰᠠᠨ᠃ ᠭᠡᠪᠡᠴᠦ ᠪᠢ ᠲᠡᠰᠦᠯ᠎ᠡ᠃ ᠡᠨᠡᠬᠡᠨ ᠮᠥᠴᠡ ᠳᠤ ᠬᠦᠯᠢᠴᠡᠯ ᠶᠠᠭᠤᠨ ᠠᠴᠠ ᠴᠦ ᠡᠷᠬᠢᠮ ᠠᠵᠢ᠃ ᠳᠡᠭᠡᠷ᠎ᠡ ᠠᠴᠠ ᠡᠵᠢ ᠶᠢᠨ ᠰᠦᠨᠡᠰᠦ ᠬᠠᠷᠠᠭᠠᠳ ᠵᠣᠪᠠᠴᠢᠬᠠᠨ᠎ᠠ ᠭᠡᠰᠡᠨ ᠨᠢᠭᠡᠨ ᠪᠤᠲᠤᠯ ᠴᠠᠬᠢᠯᠤᠭᠰᠠᠨ ᠤ ᠬᠢ᠃ ᠮᠢᠨᠤ ᠴᠢᠷᠠᠢ ᠶᠢᠨ ᠬᠤᠪᠢᠷᠠᠯ ᠢ ᠦᠵᠡᠵᠦ ᠭᠠᠷᠳᠠᠭ ᠭᠠᠭᠴᠠ ᠬᠥᠮᠥᠨ ᠡᠷᠭᠦᠮᠡᠯ ᠳᠡᠭᠦᠦ ᠮᠢᠨᠢ ᠪᠠᠶᠢᠵᠤ᠃ ᠨᠠᠳᠠ ᠦᠨᠡᠨ ᠴᠢᠷᠠᠢ ᠪᠠᠷ ᠢᠶᠠᠨ ᠬᠠᠷᠠᠭᠳᠠᠵᠤ᠂ ᠡᠪᠬᠡᠷᠡᠭᠰᠡᠨ ᠰᠡᠳᠬᠢᠯ ᠢ ᠮᠢᠨᠢ ᠤᠶᠠᠷᠠᠭᠠᠵᠤ ᠴᠢᠳᠠᠬᠤ ᠴᠣᠷᠢ ᠶᠢᠨ ᠭᠠᠭᠴᠠ ᠬᠥᠮᠥᠨ — ᠠᠷᠪᠠᠨ ᠳᠥᠷᠪᠡᠲᠡᠢ ᠡᠨᠡ ᠵᠢᠭᠠᠬᠠᠨ ᠥᠬᠢᠨ ᠁    ᠨᠠᠮᠠᠶᠢ ᠳᠠᠭᠠᠭᠤᠯᠵᠤ᠂ ᠡᠭᠦᠳᠡᠨ ᠤ ᠥᠷᠥᠭᠡᠨ ᠳᠤ ᠣᠷᠣᠯ᠎ᠠ᠃ ᠬᠠᠷᠰᠢᠨ ᠳᠤ ᠬᠢᠵᠦ᠂ ᠭᠦᠪᠡᠭᠡ ᠪᠠᠷ ᠨᠢ ᠬᠠᠳᠠᠭ ᠲᠤᠬᠤᠵᠤ᠂ ᠡᠮᠦᠨ᠎ᠡ ᠨᠢ ᠵᠤᠯᠠ ᠮᠠᠠᠳᠤᠭᠠᠭᠰᠠᠨ ᠡᠵᠢ ᠶᠢᠨ ᠪᠤᠲᠤᠭ ᠦᠭᠡᠢ ᠵᠢᠷᠤᠭ ᠬᠠᠮᠤᠭ ᠤᠨ ᠲᠦᠷᠦᠭᠦᠦ ᠨᠢᠳᠦᠨ ᠳᠤ ᠲᠤᠰᠤᠯ᠎ᠠ᠃ ᠭᠡᠷᠡᠴᠢ ᠪᠠᠷᠢᠮᠲᠠ ᠶᠤᠮ ᠤᠤ ᠦᠨᠡᠮᠯᠡᠬᠦ ᠳᠤ ᠦᠭᠳᠡᠭ ᠴᠡᠭᠡᠵᠢᠨ ᠪᠡᠶ᠎ᠡ ᠶᠢᠨ ᠲᠥᠪ ᠵᠢᠷᠤᠭ ᠢ ᠨᠢ ᠲᠣᠮᠣᠷᠠᠭᠤᠯᠵᠠᠢ᠃ ᠡᠭᠦᠳᠡᠨ ᠤ ᠡᠨᠡ ᠵᠢᠵᠢᠭᠬᠡᠨ ᠭᠡᠷ ᠲᠤ ᠡᠵᠢ ᠶᠢᠨ ᠵᠢᠷᠤᠭ ᠢ ᠲᠠᠯᠪᠢᠭᠰᠠᠨ ᠬᠠᠷᠰᠢ ᠲᠠᠢ ᠰᠢᠷᠡᠭᠡᠨ ᠠᠴᠠ ᠥᠭᠡᠷ᠎ᠡ ᠶᠠᠭᠤ ᠴᠦ ᠠᠯᠠᠭ᠎ᠠ᠃ ᠠᠯᠢ ᠪᠠᠶᠢᠭᠰᠠᠨ ᠪᠦᠭᠦᠳᠡ ᠶᠢ ᠨᠢ ᠭᠠᠳᠠᠭᠰᠢ ᠵᠥᠭᠡᠭᠡᠵᠦ᠂ ᠡᠭᠡᠭᠡ ᠯᠠ ᠮᠢᠨᠤ ᠰᠡᠳᠬᠢᠯ ᠰᠢᠭ ᠬᠤᠭᠤᠰᠤᠷᠠᠭᠤᠯᠵᠤ᠂ ᠡᠯᠦᠢ ᠬᠤᠯᠤᠢ ᠪᠣᠯᠭᠠᠵᠠᠢ᠃ ᠡᠵᠢ ᠶᠢᠨ ᠬᠠᠷᠰᠢ ᠲᠠᠢ ᠵᠢᠷᠤᠭ ᠢ ᠬᠠᠷᠠᠬᠤ ᠲᠠᠢ ᠵᠡᠷᠭᠡ ᠨᠢᠳᠦ ᠮᠢᠨᠢ ᠡᠷᠢᠶᠡᠯᠵᠡᠵᠦ᠂ ᠲᠣᠮᠣᠴᠤᠤᠯ ᠤᠨ ᠡᠮᠦᠨ᠎ᠡ ᠨᠡᠷᠡᠯᠬᠡᠵᠦ᠂ ᠤᠨᠠᠭᠠᠭ᠎ᠠ ᠦᠭᠡᠢ ᠪᠠᠷᠢᠵᠤ ᠴᠢᠳᠠᠭᠰᠠᠨ ᠨᠢᠯᠪᠤᠰᠤ ᠮᠢᠨᠢ ᠪᠠᠯᠴᠢᠷ ᠬᠡᠦᠬᠡᠳ ᠤᠨ ᠡᠮᠦᠨ᠎ᠡ ᠥᠪᠡᠷ ᠤᠨ ᠡᠷᠬᠡ ᠦᠭᠡᠢ ᠠᠰᠬᠠᠷᠠᠴᠢᠬᠠᠯ᠎ᠠ᠃ ︽ᠠᠬ᠎ᠠ ᠠ᠋︕ ᠲᠡᠰᠦᠭᠡᠴᠢ︕ ᠁︾ ᠭᠡᠵᠦ ᠭᠤᠶᠤᠨ᠎ᠠ᠃ ᠨᠢᠳᠤᠷᠭ᠎ᠠ ᠪᠠᠷ ᠢᠶᠠᠨ ᠨᠢᠳᠦ ᠪᠠᠨ ᠵᠦᠯᠭᠦᠵᠦ ᠱᠣᠭᠰᠢᠷᠠᠭᠰᠠᠭᠠᠷ᠂ ᠳᠡᠭᠦᠦ ᠶᠢᠨ ᠢᠶᠠᠨ ᠲᠣᠯᠣᠭᠠᠢ ᠶᠢ ᠢᠯᠢᠯ᠎ᠡ᠃ ᠨᠢᠯᠪᠤᠰᠤ ᠵᠤᠬᠰᠤᠬᠤ ᠶᠠᠩᠵᠤ ᠦᠭᠡᠢ ᠠᠰᠬᠠᠷᠠᠭᠠᠳ ᠯᠠ᠃ ᠶᠠᠭ ᠶᠣᠰᠣᠨ ᠳᠠᠭᠠᠨ ᠪᠢ᠂ ᠳᠡᠭᠦᠦ ᠪᠠᠨ ᠠᠷᠭᠠᠳᠠᠵᠤ ᠪᠠᠶᠢᠪᠠᠯ ᠳᠠᠭᠠᠷᠠᠨ᠎ᠠ᠃ ᠠᠷᠭᠠᠳᠠᠭᠤᠯᠵᠤ ᠪᠠᠶᠢᠳᠠᠭ ᠳᠠᠩᠴᠢ ᠳ᠋ᠠ᠂ ᠬᠤᠷᠢ ᠭᠠᠷᠴᠢᠬᠠᠭᠠᠳ︕ ᠭᠡᠰᠡᠨ ᠪᠡᠶ᠎ᠡ ᠪᠠᠨ ᠭᠤᠯᠣᠭᠰᠠᠨ ᠪᠤᠲᠤᠯ ᠲᠦᠷᠦᠭᠰᠡᠨ ᠬᠢᠷᠢ ᠨᠢ ᠪᠤᠯᠳᠠᠭ ᠦᠭᠡᠢ ᠠᠰᠬᠠᠷᠠᠭᠠᠳ ᠯᠠ ᠁ ︽ᠨᠠᠳᠠ ᠠᠴᠠ ᠬᠤᠶᠢᠰᠢ ᠴᠢ ᠭᠠᠭᠴᠠᠭᠠᠷᠳᠠᠨ᠎ᠠ ᠠ᠋︕ ᠴᠢᠮᠠᠶᠢ ᠠᠬ᠎ᠠ ᠳᠡᠭᠦᠦ ᠪᠠᠨ ᠭᠡᠵᠦ ᠬᠠᠷᠠᠵᠤ ᠬᠠᠨᠳᠤᠬᠤ ᠬᠥᠮᠥᠨ ᠬᠤᠪᠣᠷ ᠪᠤᠢ︕︾ ᠭᠡᠵᠦ ᠨᠢᠭᠡᠨ ᠴᠠᠭ ᠲᠤ ᠡᠵᠢ ᠶᠢᠨ ᠵᠠᠬᠢᠵᠤ ᠪᠠᠶᠢᠭᠰᠠᠨ ᠰᠠᠨᠠᠭᠠᠨ ᠳᠤ ᠪᠠᠭᠤᠯ᠎ᠠ᠃ ᠨᠢᠯᠬ᠎ᠠ ᠪᠠᠭ᠎ᠠ ᠨᠠᠰᠤᠨ ᠳᠤᠨᠢ ᠱᠣᠭᠯᠠᠵᠤ᠂ ᠣᠭᠢᠯᠠᠭᠤᠯᠵᠤ᠂ ᠦᠢᠯᠡ ᠶᠢ ᠨᠢ ᠦᠵᠡᠵᠦ ᠪᠠᠶᠢᠭᠰᠠᠨ ᠬᠢᠷᠢ ᠨᠢ ᠥᠭᠡᠷ᠎ᠡ ᠪᠤᠰᠤᠳ ᠠᠴᠠ ᠪᠠᠨ ᠢᠯᠡᠭᠦᠦ ᠨᠠᠳᠠᠳᠤ ᠡᠯᠢᠭᠡ ᠲᠠᠢ ᠪᠠᠶᠢᠳᠠᠭ ᠬᠠᠴᠢᠨ ᠯᠠ ᠬᠡᠦᠬᠡᠳ ᠶᠤᠮ᠃ ᠲᠡᠭᠡᠭᠡᠳ ᠪᠤᠲᠤᠬᠤ ᠳᠤ ᠡᠵᠢ ᠶᠢᠨ ᠰᠠᠨᠠᠭ᠎ᠠ ᠶᠡᠭᠡ ᠠᠯᠤᠰ ᠤᠨ ᠪᠠᠶᠢᠵᠤ ᠁ ᠡᠵᠢ ᠶᠢᠨ ᠵᠢᠷᠤᠭ ᠤᠨ ᠡᠮᠦᠨ᠎ᠡ ᠬᠦᠵᠢ ᠠᠰᠠᠭᠠᠵᠤ᠂ ᠪᠠᠰᠠ ᠨᠢᠭᠡ ᠵᠤᠯᠠ ᠮᠠᠠᠳᠤᠭᠠᠭᠠᠤᠨ᠂ ᠭᠤᠷᠪᠠ ᠲᠠᠭᠢᠵᠤ ᠰᠤᠨᠤᠵᠤ ᠮᠥᠷᠭᠦᠯ᠎ᠡ᠃ ᠭᠠᠵᠠᠷ ᠤᠰᠤ ᠭᠡᠰᠦᠭᠰᠡᠨ ᠤᠷᠢᠨ ᠴᠠᠭ ᠬᠢᠷᠢ ᠨᠢ ᠳᠠᠭᠠᠷᠠᠳᠠᠰᠤ ᠬᠦᠷᠴᠦ᠂ ᠪᠡᠶ᠎ᠡ ᠬᠦᠢᠲᠡ ᠣᠷᠭᠢᠨ᠎ᠠ᠃    ᠡᠵᠢ ᠡᠨᠡ ᠭᠡᠷ ᠲᠤ ᠡᠭᠦᠳᠡᠨ ᠡᠰᠡᠷᠭᠦᠯᠡᠵᠦ᠂ ᠬᠡᠷᠡᠮ ᠨᠠᠭᠠᠯᠳᠤᠭᠤᠯᠤᠭᠰᠠᠨ ᠣᠷᠣᠨ ᠳᠡᠭᠡᠷ᠎ᠡ᠂ ᠵᠦᠭᠡᠷ ᠴᠦ ᠦᠭᠡᠢ ᠦᠢᠯᠡ ᠣᠶᠣᠵᠤ ᠰᠠᠭᠤᠳᠠᠭ᠃ ᠮᠢᠨᠤ ᠪᠠᠷ᠎ᠠ ᠪᠠᠷ ︽ᠬᠦᠦ ᠮᠢᠨᠢ ᠭᠦᠷᠦᠭᠡᠳ ᠢᠷᠡᠪᠡ ᠤᠤ︕︾ ᠯᠡ ᠭᠡᠳᠡᠭ ᠰᠠᠨ᠃ ᠡᠵᠢ ᠶᠢᠨ ᠲᠡᠷᠡ ᠦᠭᠡ ᠰᠢᠭ ᠢᠯᠴᠢᠲᠡᠢ ᠳᠤᠯᠠᠭᠠᠬᠠᠨ᠂ ᠪᠦᠷ ᠴᠦ ᠬᠠᠯᠠᠭᠤᠬᠠᠨ ᠲᠡᠶᠢᠮᠦ ᠡᠭᠡᠯ ᠦᠭᠡᠰ ᠢ ᠠᠯᠢ ᠨᠢᠭᠡ ᠬᠠᠮᠢᠶᠠᠳᠠᠨ ᠰᠠᠳᠤᠨ ᠴᠦ ᠬᠡᠯᠡᠵᠦ ᠴᠢᠳᠠᠭ᠎ᠠ ᠦᠭᠡᠢ ᠪᠢᠯᠡ᠃ ᠣᠲᠤ ᠲᠡᠷᠡ ᠨᠠᠮᠠᠶᠢ ᠳᠤᠯᠠᠭᠠᠴᠠᠭᠤᠯᠳᠠᠭ ᠳᠣᠲᠣᠨᠣ ᠦᠭᠡᠰ ᠲᠤᠭᠤᠯᠳᠠᠬᠤ ᠪᠠᠨ ᠪᠣᠯᠢᠵᠠᠢ᠃ ᠲᠠᠭᠢᠭᠠᠳ ᠬᠡᠵᠢᠶ᠎ᠡ ᠴᠦ ᠣᠯᠵᠤ ᠰᠤᠨᠤᠰᠬᠤ ᠠᠴᠠ ᠥᠩᠭᠡᠷᠡᠵᠡᠢ᠃    ᠡᠵᠢ ᠶᠢ ᠳᠠᠭᠠᠭᠠᠳ ᠬᠡᠦᠬᠡᠳ ᠨᠠᠰᠤᠨ ᠤ ᠮᠢᠨᠢ ᠬᠤᠩᠭᠤᠷᠬᠠᠨ ᠡᠳᠦᠷ ᠤᠳ ᠥᠩᠭᠡᠷᠡᠵᠦ ᠣᠲᠤᠯ᠎ᠠ᠃ ᠬᠥᠯ ᠳᠤ ᠬᠡᠢ ᠣᠷᠣᠭᠰᠠᠨ ᠶᠤᠮ ᠰᠢᠭ᠋ ᠭᠦᠶᠦᠵᠦ ᠳᠡᠭᠳᠡᠵᠦ᠂ ᠪᠤᠳᠤᠬᠤ ᠰᠠᠨᠠᠬᠤ ᠶᠠᠭᠤ ᠴᠦ ᠦᠭᠡᠢ᠂ ᠰᠠᠨᠠᠭ᠎ᠠ ᠠᠮᠠᠷ ᠶᠠᠪᠤᠭᠰᠠᠨ ᠭᠡᠨᠡᠬᠡᠨ ᠬᠤᠩᠭᠤᠷ᠂ ᠳᠠᠩᠴᠢ ᠲᠣᠮᠤᠭ᠎ᠠ ᠦᠭᠡᠢ ᠨᠠᠰᠤ ᠮᠢᠨᠢ ᠡᠷᠭᠢᠯᠲᠡ ᠪᠤᠴᠠᠯᠲᠠ ᠦᠭᠡᠢ ᠶᠠᠪᠤᠵᠤ ᠣᠲᠤᠯ᠎ᠠ᠃ ᠪᠢ ᠬᠡᠦᠬᠡᠳ ᠪᠢᠰᠢ ᠪᠣᠯᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号