ᠮᠢᠨᠤ ᠨᠡᠷ᠎ᠡ ᠲᠠᠢ ᠭᠠᠭᠴᠠᠭᠠᠷᠳᠠᠯ
ᠨᠡᠶᠢᠲᠡᠯᠡᠭᠰᠡᠨ ᠴᠠᠭ᠄
2022/6/7
ᠲ᠊ · ᠨᠠᠶᠠᠨᠲᠠᠢ
ᠭᠠᠭᠴᠠ ᠮᠥᠷ ᠰᠢᠯᠦᠭ ᠮᠢᠨᠢ ᠭᠠᠭᠴᠠᠭᠠᠷᠳᠠᠯ ᠶᠤᠮ ᠭᠠᠭᠴᠠᠬᠠᠨ ᠵᠢᠷᠤᠭᠠᠰᠤ ᠡᠭᠦᠯᠡ ᠭᠠᠷᠪᠠ ᠭᠠᠳᠠᠭ᠎ᠠ ᠪᠣᠷᠤᠭ᠎ᠠ ᠵᠦᠰᠡᠷᠡᠵᠦ ᠡᠬᠢᠯᠡᠯ᠎ᠡ ᠶᠢᠷᠲᠢᠨᠴᠦ ᠭᠡᠵᠦ ᠠᠷᠭ᠎ᠠ ᠦᠭᠡᠢ ᠵᠢᠷᠤᠭᠠᠴᠢ ᠶᠤᠮ ᠠ᠋ ᠶᠠᠨᠲᠠᠢ ᠳᠦᠭᠦᠷᠡᠩ ᠪᠣᠷᠣᠭᠠᠨ ᠳᠤ ᠦᠵᠦᠭ ᠢᠶᠠᠨ ᠲᠦᠷᠦᠵᠤ ᠪᠢ ᠪᠠᠰᠠ ᠵᠢᠷᠤᠵᠤ ᠡᠬᠢᠯᠡᠯ᠎ᠡ᠂ ᠭᠠᠭᠴᠠᠭᠠᠷᠳᠠᠯ ᠢᠶᠠᠨ ᠁ ᠭᠠᠭᠴᠠ ᠲᠤᠰᠤᠯ ᠪᠡᠭᠡ ᠮᠢᠨᠢ ᠲᠥᠰᠥᠭᠡᠯᠡᠯ ᠶᠤᠮ ᠭᠠᠭᠴᠠᠬᠠᠨ ᠴᠡᠭ ᠲᠠᠯᠪᠢᠵᠤ ᠨᠡᠷ᠎ᠡ ᠬᠠᠳᠠᠪᠠ ᠭᠠᠭᠴᠠᠭᠠᠷᠳᠠᠯ ᠭᠡᠮᠡᠭᠦ ᠰᠢᠯᠦᠭ ᠲᠦᠷᠦᠯ᠎ᠡ ᠶᠢᠷᠲᠢᠨᠴᠦ ᠭᠡᠵᠦ ᠦᠨᠡᠬᠡᠷ ᠰᠢᠯᠦᠭᠴᠢ ᠶᠤᠮ ᠠ᠋ ᠨᠡᠷ᠎ᠡ ᠲᠠᠢ ᠮᠢᠨᠢ ᠢᠵᠢᠯᠬᠡᠨ ᠰᠢᠯᠦᠭ ᠲᠤ ᠳᠤᠷᠠᠯᠠᠵᠤ ᠪᠢ ᠪᠠᠰᠠ ᠪᠢᠴᠢᠵᠦ ᠦᠵᠡᠯ᠎ᠡ᠂ ᠭᠠᠭᠴᠠᠭᠠᠷᠳᠠᠯ ᠤᠨ ᠳᠡᠷᠭᠡᠳᠡ ᠁ ᠳᠦᠷᠪᠡᠨ ᠮᠥᠷᠲᠦ ᠲᠡᠷᠯᠡᠭᠰᠡᠨ ᠮᠢᠨᠢ ᠡᠷᠦᠭᠡ ᠶᠤᠮ ᠵᠡᠭᠦᠳᠦ ᠪᠠᠷ ᠢᠶᠠᠨ ᠭᠠᠷᠴᠤ ᠲᠠᠲᠠᠪᠠ ᠡᠪᠦᠷ ᠳᠦᠭᠦᠷᠡᠩ ᠤᠳᠤ ᠬᠥᠯᠪᠡᠷᠢᠯ᠎ᠡ ᠶᠢᠷᠲᠢᠨᠴᠦ ᠭᠡᠵᠦ ᠭᠡᠷᠡᠯ ᠲᠦᠭᠡᠭᠡᠭᠴᠢ ᠶᠤᠮ ᠠ᠋ ᠰᠠᠷᠠᠨ ᠤ ᠴᠠᠭᠠᠨ ᠭᠡᠭᠡᠨ ᠳᠤ ᠤᠷᠤᠭᠤᠯ ᠢᠶᠠᠨ ᠬᠦᠷᠭᠡᠵᠦ ᠪᠢ ᠪᠠᠰᠠ ᠡᠷᠬᠡᠯᠡᠵᠦ ᠨᠢᠯᠬᠠᠷᠠᠯ᠎ᠠ᠂ ᠭᠠᠭᠴᠠᠭᠠᠷᠳᠠᠯ ᠤᠨ ᠳᠤᠮᠳᠠ ᠁ ᠮᠥᠷᠥᠭᠡᠳᠦᠯ ᠤᠨ ᠴᠡᠩᠬᠡᠷ ᠵᠢᠷᠤᠭ ᠮᠢᠨᠢ ᠪᠣᠷᠣᠭᠠᠨ ᠶᠤᠮ ᠬᠦᠰᠡᠯ ᠢᠶᠠᠨ ᠨᠥᠮᠥᠷᠴᠦ ᠨᠣᠷᠪᠠ ᠬᠡᠬᠦᠳᠡᠭ ᠲᠡᠯᠡᠲᠡᠯ᠎ᠡ ᠰᠣᠯᠣᠩᠭ᠎ᠠ ᠲᠠᠲᠠᠯ᠎ᠠ ᠶᠢᠷᠲᠢᠨᠴᠦ ᠭᠡᠵᠦ ᠮᠢᠨᠤ ᠨᠡᠷ᠎ᠡ ᠲᠠᠢ ᠭᠠᠭᠴᠠᠭᠠᠷᠳᠠᠯ ᠶᠤᠮ ᠥᠪᠡᠷ ᠥᠪᠡᠷ ᠤᠨ ᠢᠶᠠᠨ ᠭᠡᠭᠡᠨ ᠶᠢᠷᠲᠢᠨᠴᠦ ᠪᠠᠷ ᠢᠶᠠᠨ ᠪᠢ ᠪᠠᠰᠠ ᠠᠶᠠᠯᠠᠵᠤ ᠶᠠᠪᠤᠯ᠎ᠠ᠂ ᠭᠠᠭᠴᠠᠭᠠᠷᠳᠠᠯ ᠲᠠᠢ ᠪᠠᠨ ᠬᠠᠮᠲᠤ ᠁
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号