ᠤᠷᠵᠢᠳᠤᠷ ᠪᠢᠴᠢᠭᠰᠡᠨ ᠰᠢᠯᠦᠭ ᠢᠶᠠᠨ  ᠲᠠᠭᠢᠵᠣ ᠨᠢᠭᠡ ᠤᠩᠰᠢᠬᠤ ᠳᠤ
ᠨᠡᠶᠢᠲᠡᠯᠡᠭᠰᠡᠨ ᠴᠠᠭ᠄
2022/6/7
ᠮᠠᠨᠳᠠ
ᠤᠯᠢᠭ ᠪᠣᠯᠤᠭᠰᠠᠨ ᠦᠭᠡᠰ ᠴᠡᠷᠢᠭ ᠰᠢᠭ ᠵᠣᠭᠰᠣᠭᠠᠳ ᠤᠷᠠᠵᠤ ᠬᠠᠶᠠᠭᠰᠠᠨ ᠬᠡᠳᠦᠨ ᠮᠥᠷ ᠢ ᠮᠢᠨᠢ ᠳᠠᠭᠤᠳᠠᠨ᠎ᠠ ᠰᠢᠨᠠᠯᠵᠤ ᠣᠯᠣᠭᠰᠠᠨ ᠰᠢᠯᠦᠭ ᠤᠨ ᠰᠠᠨᠠᠭ᠎ᠠ ᠱᠠᠯ ᠳᠡᠮᠡᠢ ᠪᠤᠳᠣᠬᠳᠠᠬᠤ ᠪᠠᠷ ᠦᠦᠷ ᠤᠨ ᠭᠡᠭᠡ ᠬᠠᠷᠠᠩᠭᠤᠢ ᠶᠢ ᠡᠪᠳᠡᠭᠦ ᠮᠡᠲᠦ ᠥᠪᠡᠷ ᠲᠤ ᠮᠢᠨᠢ ᠭᠠᠭᠴᠠᠬᠠᠨ ᠡ ᠡ᠊ᠩᠰᠡᠷᠡᠯ ᠬᠤᠴᠣᠷᠬᠤ ᠶᠤᠮ ᠨᠠᠪᠴᠢ ᠮᠣᠳᠣ᠂ ᠴᠠᠰᠤ ᠪᠣᠷᠤᠭ᠎ᠠ᠂ ᠭᠤᠨᠢᠭ ᠭᠠᠭᠴᠠᠭᠠᠷᠳᠠᠯ ᠨᠠᠳᠠ ᠳᠤ ᠰᠢᠨ᠎ᠡ ᠪᠠᠷ ᠮᠡᠳᠡᠷᠡᠭᠳᠡᠬᠦ ᠪᠤᠯᠪᠠᠴᠤ ᠬᠡᠵᠢᠶ᠎ᠡ ᠴᠤ ᠪᠢ ᠰᠢᠨ᠎ᠡ ᠪᠠᠶᠢᠯᠭᠠᠵᠤ ᠴᠢᠳᠠᠬᠤ ᠦᠭᠡᠢ ᠪᠠᠨ ᠪᠤᠳᠤᠬᠤ ᠳᠤ ᠤᠩᠰᠢᠭᠰᠠᠨ ᠬᠡᠳᠦᠨ ᠨᠣᠮ ᠥᠪᠡᠷ ᠢ ᠮᠢᠨᠢ ᠡᠯᠡᠭᠯᠡᠵᠦ ᠪᠡᠶ᠎ᠡ ᠪᠡᠶᠡᠨ ᠢᠶᠠᠨ ᠳᠡᠷᠡᠯᠡᠵᠦ ᠬᠡᠪᠲᠡᠨ᠎ᠡ ᠣᠷᠣᠨ ᠤ ᠲᠣᠯᠣᠭᠠᠢ ᠳᠤ ᠦᠨᠡᠰᠦᠨ ᠤ ᠴᠣᠬᠢᠭᠤᠷ ᠶᠠᠯ᠎ᠠ ᠬᠦᠯᠢᠶᠡᠵᠦ ᠴᠣᠩᠬᠤᠨ ᠤ ᠵᠠᠪᠰᠠᠷ ᠢᠶᠠᠷ ᠬᠤᠯᠠᠭᠠᠢ ᠰᠠᠯᠬᠢ ᠲᠠᠭᠤ ᠪᠠᠨ ᠬᠤᠷᠢᠶᠠᠵᠤ ᠳᠡᠭᠡᠪᠦᠷ ᠠᠴᠠ ᠳᠡᠭᠦᠵᠢᠯᠡᠭᠳᠡᠭᠰᠡᠨ ᠭᠡᠷᠡᠯ ᠥᠩᠭᠡ ᠪᠠᠨ ᠨᠢᠭᠤᠵᠤ ᠳᠡᠭᠡᠷ᠎ᠡ ᠠᠴᠠ ᠨᠢ ᠪᠠᠰᠠ ᠰᠡᠳᠬᠢᠯ ᠨᠠᠳᠠ ᠠᠴᠠ ᠤᠷᠪᠠᠨ᠎ᠠ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号