ᠲᠡᠮᠡᠭᠡᠨ ᠤ ᠨᠢᠳᠦ ᠪᠣᠯᠣᠨ ᠭᠠᠳᠠᠷ ᠪᠠᠶᠢᠳᠠᠯ ᠢᠶᠠᠷ ᠨᠢ ᠨᠠᠰᠤ ᠶᠢ ᠨᠢ ᠮᠡᠳᠡᠭᠦ ᠤᠬᠠᠭᠠᠨ
ᠨᠡᠶᠢᠲᠡᠯᠡᠭᠰᠡᠨ ᠴᠠᠭ᠄
2022/6/7
ᠭᠤ᠊ · ᠲᠦᠭᠵᠢᠷᠵᠠᠪ ᠮᠥᠩᠬᠡᠵᠢᠷᠭᠠᠯ'     ᠨᠢᠳᠦ ᠪᠠᠷ ᠨᠢ ᠨᠠᠰᠤ ᠶᠢ ᠨᠢ ᠮᠡᠳᠡᠭᠦ   ᠲᠡᠮᠡᠭᠡᠨ ᠤ ᠨᠢᠳᠦ ᠶᠢ ᠨᠢ ᠬᠠᠷᠠᠵᠤ ᠨᠠᠰᠤ ᠶᠢ ᠨᠢ ᠮᠡᠳᠡᠭᠦ ᠭᠡᠳᠡᠭ ᠨᠢ ᠲᠤᠶᠢᠯ ᠤᠨ ᠪᠤᠳᠤᠯᠢᠶᠠᠨ ᠲᠠᠢ ᠨᠢᠭᠡ ᠵᠦᠢᠯ ᠤᠨ ᠮᠡᠷᠭᠡᠵᠢᠯ ᠤᠨ ᠴᠢᠨᠠᠷ ᠲᠠᠢ ᠠᠰᠠᠭᠤᠳᠠᠯ ᠪᠤᠯᠬᠤ ᠪᠠᠷ ᠪᠠᠷᠠᠬᠤ ᠦᠭᠡᠢ ᠲᠤᠶᠢᠯ ᠤᠨ ᠲᠤᠷᠰᠢᠯᠭ᠎ᠠ ᠲᠠᠢ ᠲᠡᠮᠡᠭᠡᠴᠢᠨ ᠬᠥᠮᠥᠨ ᠤ ᠦᠵᠡᠵᠦ ᠭᠠᠷᠳᠠᠭ ᠶᠠᠪᠤᠳᠠᠯ ᠶᠤᠮ᠃ ᠭᠡᠲᠡᠯ᠎ᠡ ᠠᠯᠠᠱᠠ ᠲᠡᠮᠡᠭᠡᠴᠢᠳ ᠲᠡᠮᠡᠭᠡᠨ ᠤ ᠨᠢᠳᠦ ᠶᠢ ᠬᠠᠷᠠᠮᠠᠭᠴᠠ ᠪᠠᠨ ᠬᠡᠳᠦᠨ ᠨᠠᠰᠤᠲᠠᠢ ᠲᠡᠮᠡᠭᠡ ᠪᠠᠶᠢᠨ᠎ᠠ ᠭᠡᠵᠦ ᠲᠠᠨᠢᠳᠠᠭ ᠨᠢ ᠪᠠᠰᠠ ᠨᠢᠭᠡ ᠬᠠᠴᠢᠨ ᠰᠣᠨᠢᠷᠬᠠᠯᠲᠠᠢ ᠲᠡᠮᠡᠭᠡ ᠮᠠᠯᠵᠢᠬᠤ ᠰᠣᠶᠣᠯ ᠤᠨ ᠪᠦᠷᠢᠯᠳᠦᠭᠦᠨ ᠪᠤᠯᠬᠤ ᠶᠤᠮ᠃ ᠲᠡᠭᠡᠵᠤ ᠢᠩᠭᠢᠵᠦ ᠮᠡᠳᠡᠳᠡᠭ ᠭᠡᠵᠦ ᠣᠨᠣᠯᠰᠢᠭᠤᠯᠣᠨ ᠲᠠᠶᠢᠯᠪᠤᠷᠢᠯᠠᠬᠤ ᠬᠥᠮᠥᠨ ᠣᠯᠳᠠᠳᠠᠭ ᠦᠭᠡᠢ ᠪᠣᠯᠬᠤᠷ ᠪᠢᠳᠠ ᠵᠥᠪᠭᠡᠨ ᠠᠯᠠᠱᠠ ᠨᠤᠲᠤᠭ ᠲᠤ ᠡᠶᠢᠮᠦ ᠨᠢᠭᠡ ᠵᠦᠢᠯ ᠤᠨ ᠰᠠᠶᠢᠬᠠᠨ ᠰᠣᠶᠣᠯ ᠪᠠᠶᠢᠳᠠᠭ ᠭᠡᠵᠦ ᠲᠡᠮᠳᠡᠭᠯᠡᠬᠦ ᠲᠡᠳᠦᠢ ᠪᠣᠯᠵᠤ ᠪᠠᠶᠢᠨ᠎ᠠ᠃ ᠡᠭᠦᠨ ᠠᠴᠠ ᠨᠢᠭᠡ ᠬᠤᠶᠠᠷ ᠢ ᠵᠢᠱᠢᠶ᠎ᠡ ᠪᠤᠯᠭᠠᠵᠤ ᠳᠤᠷᠠᠳᠪᠠᠯ᠄ ᠲᠡᠮᠡᠭᠡᠨ ᠤ ᠨᠢᠳᠦ ᠶᠢ ᠨᠢ ᠬᠠᠷᠠᠵᠤ ᠨᠠᠰᠤ ᠶᠢ ᠨᠢ ᠮᠡᠳᠡᠭᠦ ᠭᠡᠳᠡᠭ ᠨᠢ ᠲᠡᠮᠡᠭᠡᠨ ᠤ ᠬᠠᠷᠠᠭ᠎ᠠ ᠳᠤ ᠬᠥᠮᠥᠨ ᠠᠮᠢᠲᠠᠨ ᠤ ᠲᠤᠰᠤᠭᠳᠠᠬᠤ ᠳᠦᠷᠰᠦ ᠪᠠᠶᠢᠳᠠᠯ᠂ ᠥᠨᠳᠥᠷ ᠪᠣᠭᠤᠨᠢ ᠪᠠᠷ ᠨᠢ ᠲᠡᠮᠡᠭᠡᠨ ᠤ ᠨᠠᠰᠤ ᠶᠢ ᠪᠠᠷᠤᠭᠴᠠᠭᠠᠯᠠᠬᠤ ᠶᠢ ᠬᠡᠯᠡᠳᠡᠭ᠃ ᠶᠠᠮᠠᠷ ᠨᠢᠭᠡᠨ ᠬᠥᠮᠥᠨ ᠠᠮᠢᠳᠠᠨ ᠲᠡᠮᠡᠭᠡᠨ ᠤ ᠡᠮᠦᠨ᠎ᠡ ᠠᠯᠳᠠ ᠭᠠᠷᠤᠢ ᠵᠠᠶᠢᠲᠠᠢ ᠵᠣᠭᠰᠣᠭᠠᠳ ᠬᠠᠷᠠᠬᠤ ᠳᠤ ᠳᠥᠷᠪᠡ ᠠᠴᠠ ᠠᠷᠪᠠᠨ ᠨᠠᠰᠤᠨ ᠤ ᠵᠠᠯᠠᠭᠤ ᠲᠡᠮᠡᠭᠡᠨ ᠤ ᠬᠡᠦᠬᠡᠨ ᠬᠠᠷᠠᠭᠠᠨ ᠤ ᠭᠤᠣᠯ ᠳᠤᠮᠳᠠ ᠨᠢ ᠪᠦᠬᠦᠯᠢ ᠪᠠᠷ ᠢᠶᠠᠨ ᠲᠣᠳᠣ ᠬᠠᠷᠠᠭᠳᠠᠳᠠᠭ︔ ᠠᠷᠪᠠᠨ ᠨᠠᠰᠤᠨ ᠠᠴᠠ ᠳᠡᠭᠡᠭᠰᠢ ᠨᠠᠰᠤ ᠲᠠᠢ ᠲᠡᠮᠡᠭᠡᠨ ᠤ ᠬᠡᠦᠬᠡᠨ ᠬᠠᠷᠠᠭᠠᠨ ᠤ ᠳᠣᠲᠣᠷ᠎ᠠ ᠨᠢ ᠶᠡᠬᠡᠩᠬᠢ ᠬᠠᠭᠠᠰ ᠬᠠᠷᠠᠭᠳᠠᠬᠤ ᠪᠥᠭᠡᠳ ᠲᠡᠮᠡᠭᠡᠨ ᠤ ᠨᠢᠳᠦᠨ ᠴᠡᠴᠡᠭᠡᠢ ᠶᠢᠨ ᠳᠣᠣᠷ᠎ᠠ ᠲᠠᠯ᠎ᠠ ᠳᠤᠨᠢ ᠳᠡᠪᠢᠭᠦᠷ ᠬᠡᠯᠪᠡᠷᠢᠲᠡᠢ ᠠᠲᠤᠷᠢᠶ᠎ᠠ ᠢᠯᠠᠷᠠᠭᠦ ᠦᠵᠡᠭᠳᠡᠯ ᠭᠠᠷᠳᠠᠬ᠂ ᠲᠡᠮᠡᠭᠡᠨ ᠤ ᠨᠠᠰᠤ ᠬᠥᠭᠰᠢᠷᠡᠬᠦ ᠲᠤᠳᠤᠮ ᠬᠡᠦᠬᠡᠨ ᠬᠠᠷᠠᠭ᠎ᠠ ᠳᠤᠨᠢ ᠲᠤᠰᠬᠤ ᠳᠦᠷᠢ ᠶᠢᠨ ᠬᠡᠮᠵᠢᠶ᠎ᠡ ᠨᠢ ᠤᠯᠠᠮ ᠢᠶᠠᠷ ᠪᠠᠭᠠᠰᠴᠤ ᠪᠠᠯᠠᠷᠬᠠᠢ ᠪᠤᠯᠳᠠᠭ ᠭᠡᠬᠦ ᠪᠤᠶᠤ ᠠᠷᠪᠠᠨ ᠭᠤᠷᠪᠠ ᠠᠴᠠ ᠠᠷᠪᠠᠨ ᠵᠢᠷᠭᠤᠭᠠᠨ ᠨᠠᠰᠤ ᠲᠠᠢ ᠲᠡᠮᠡᠭᠡᠨ ᠤ ᠬᠡᠦᠬᠡᠨ ᠬᠠᠷᠠᠭ᠎ᠠ ᠳᠤ ᠬᠥᠮᠥᠨ ᠤ ᠪᠡᠶ᠎ᠡ ᠶᠢᠨ ᠪᠡᠯᠬᠡᠭᠦᠰᠦ ᠠᠴᠠ ᠳᠡᠭᠡᠭᠰᠢᠬᠢ ᠬᠡᠰᠡᠭ ᠨᠢ ᠦᠵᠡᠭᠳᠡᠵᠦ᠂ ᠳᠣᠣᠷ᠎ᠠ ᠬᠡᠰᠡᠭ ᠨᠢ ᠲᠣᠳᠣ ᠦᠵᠡᠭᠳᠡᠬᠦ ᠦᠭᠡᠢ ᠪᠤᠯᠳᠠᠭ᠃ ᠠᠷᠪᠠᠨ ᠲᠤᠯᠤᠭ᠎ᠠ ᠠᠴᠠ ᠠᠷᠪᠠᠨ ᠨᠠᠢᠮᠠᠨ ᠨᠠᠰᠤ ᠲᠠᠢ ᠲᠡᠮᠡᠭᠡᠨ ᠤ ᠬᠡᠦᠬᠡᠨ ᠬᠠᠷᠠᠭᠠᠨ ᠳᠤ ᠬᠥᠮᠥᠨ ᠤ ᠲᠤᠰᠬᠤ ᠳᠦᠷᠢ ᠴᠡᠭᠡᠵᠢᠨ ᠪᠡᠶ᠎ᠡ ᠯᠠ ᠲᠣᠳᠣ ᠦᠵᠡᠭᠳᠡᠵᠦ᠂ ᠠᠷᠪᠠ ᠶᠢᠰᠦ ᠠᠴᠠ ᠬᠤᠷᠢᠨ ᠨᠠᠰᠤ ᠲᠠᠢ ᠲᠡᠮᠡᠭᠡᠨ ᠤ ᠬᠡᠦᠬᠡᠨ ᠬᠠᠷᠠᠭᠠᠨ ᠳᠤ ᠬᠥᠮᠥᠨ ᠤ ᠲᠤᠰᠬᠤ ᠳᠦᠷᠢ ᠬᠦᠵᠦᠭᠦᠦ ᠲᠣᠯᠣᠭᠠᠢ ᠯᠠ ᠦᠯᠡᠳᠡᠵᠦ᠂ ᠬᠤᠷᠢᠨ ᠨᠢᠭᠡ ᠠᠴᠠ ᠳᠡᠭᠡᠭᠰᠢ ᠨᠠᠰᠤ ᠲᠠᠢ ᠲᠡᠮᠡᠭᠡᠨ ᠤ ᠬᠡᠦᠬᠡᠨ ᠬᠠᠷᠠᠭᠠᠨ ᠳᠤ ᠬᠥᠮᠥᠨ ᠤ ᠲᠤᠰᠬᠤ ᠳᠦᠷᠢ ᠵᠥᠪᠭᠡᠨ ᠲᠣᠯᠣᠭᠠᠢ ᠶᠢᠨ ᠬᠠᠭᠠᠰ ᠦᠯᠡᠳᠡᠵᠦ᠂ ᠲᠡᠮᠡᠭᠡ ᠬᠥᠭᠰᠢᠷᠡᠬᠦ ᠲᠤᠳᠤᠮ ᠬᠠᠷᠠᠭ᠎ᠠ ᠨᠢ ᠴᠠᠶᠢᠵᠤ ᠴᠠᠭᠠᠨ ᠲᠣᠯᠪᠤ ᠰᠠᠭᠤᠬᠤ ᠵᠡᠷᠭᠡ ᠦᠵᠡᠭᠳᠡᠯ ᠲᠠᠢ ᠪᠠᠶᠢᠳᠠᠭ᠃     ᠭᠠᠳᠠᠷ ᠪᠠᠶᠢᠳᠠᠯ ᠢᠶᠠᠷ ᠨᠢ ᠨᠠᠰᠤ ᠶᠢ ᠨᠢ ᠮᠡᠳᠡᠭᠦ    ᠲᠡᠮᠡᠭᠡ ᠶᠢ ᠭᠠᠳᠠᠷ ᠪᠠᠶᠢᠳᠠᠯ ᠢᠶᠠᠷ ᠨᠢ ᠨᠠᠰᠤ ᠶᠢ ᠨᠢ ᠮᠡᠳᠡᠭᠦ ᠭᠡᠳᠡᠭ ᠨᠢ ᠲᠡᠮᠡᠭᠡᠨ ᠤ ᠥᠰᠦᠯᠲᠡ ᠪᠤᠶᠢᠵᠢᠯᠳᠠ ᠶᠢ ᠳᠠᠭᠠᠯᠳᠤᠨ ᠬᠤᠪᠢᠷᠠᠳᠠᠭ ᠭᠠᠳᠠᠷ ᠪᠠᠶᠢᠳᠠᠯ ᠢᠶᠠᠷ ᠨᠢ ᠨᠠᠰᠤ ᠶᠢ ᠪᠠᠷᠤᠭᠴᠠᠭᠠᠯᠠᠬᠤ ᠶᠢ ᠬᠡᠯᠡᠵᠦ ᠪᠤᠢ᠃ ᠲᠡᠮᠡᠭᠡᠨ ᠤ ᠥᠰᠦᠯᠲᠡ ᠪᠤᠶᠢᠵᠢᠯᠳᠠ ᠶᠢᠨ ᠬᠤᠪᠢᠷᠠᠯᠲᠠ ᠶᠢ ᠳᠠᠭᠠᠯᠳᠤᠨ ᠭᠠᠳᠠᠷ ᠳᠦᠷᠰᠦ ᠨᠢ ᠴᠦ ᠶᠡᠬᠡᠬᠡᠨ ᠬᠤᠪᠢᠷᠠᠯᠲᠠ ᠭᠠᠷᠳᠠᠭ᠃ ᠵᠢᠱᠢᠶᠡᠯᠡᠪᠡᠯ᠄    ᠪᠣᠲᠣᠭᠤᠨ ᠤ ᠲᠣᠯᠣᠭᠠᠢ ᠨᠢ ᠲᠣᠮᠣ᠂ ᠮᠠᠩᠨᠠᠢ ᠨᠢ ᠲᠤᠪᠤᠭᠤᠷ᠂ ᠪᠦᠭᠦ ᠨᠢ ᠪᠠᠭ᠎ᠠ᠂ ᠴᠡᠭᠡᠵᠢ ᠨᠢ ᠭᠦᠶᠦᠬᠡᠨ᠂ ᠬᠥᠯ ᠨᠢ ᠤᠷᠳᠤ᠂ ᠳᠠᠯᠤ ᠪᠠᠷ ᠢᠶᠠᠨ ᠢᠪᠴᠤᠤ᠂ ᠰᠡᠭᠡᠷ ᠨᠢ ᠥᠨᠳᠥᠷ ᠪᠠᠶᠢᠳᠠᠭ᠃ ᠪᠣᠲᠣᠭᠤ ᠦᠷᠭᠦᠯᠵᠢ ᠲᠣᠯᠣᠭᠠᠢ ᠬᠦᠵᠦᠭᠦᠦ ᠪᠠᠨ ᠳᠡᠭᠡᠷ᠎ᠡ ᠡᠷᠭᠦᠵᠦ ᠶᠠᠪᠤᠳᠠᠭ ᠪᠥᠭᠡᠳ ᠤᠷᠤᠭᠤᠯ ᠬᠤᠩᠰᠢᠶᠠᠷ ᠨᠢ ᠴᠡᠮᠴᠡᠭᠡᠷ ᠴᠡᠪᠡᠷ᠂ ᠠᠯᠬᠤᠵᠤ ᠭᠢᠰᠭᠢᠭᠦ ᠨᠢ ᠳᠡᠭᠵᠢᠨ ᠴᠣᠪᠣᠭᠤ ᠪᠠᠶᠢᠳᠠᠭ᠃   ᠲᠣᠷᠤᠮ ᠤᠨ ᠪᠡᠶ᠎ᠡ ᠶᠢᠨ ᠶᠡᠭᠡ ᠪᠠᠭ᠎ᠠ ᠨᠢ ᠲᠡᠩᠴᠡᠭᠦᠨ᠂ ᠲᠦᠷᠪᠠᠨ ᠮᠥᠴᠢ ᠨᠢ ᠤᠷᠳᠤ᠂ ᠤᠭᠤᠴᠠ ᠪᠠᠷ ᠢᠶᠠᠨ ᠥᠨᠳᠥᠷ᠂ ᠲᠣᠯᠣᠭᠠᠢ ᠨᠢ ᠪᠠᠭ᠎ᠠ᠂ ᠨᠣᠣᠰᠣ ᠨᠤᠤᠯᠤᠭᠤᠷ ᠨᠢ ᠨᠠᠷᠢᠯᠢᠭ ᠵᠥᠭᠡᠯᠡᠨ᠂ ᠬᠥᠳᠡᠯᠵᠦ ᠪᠠᠷᠢᠬᠤ ᠨᠢ ᠬᠤᠷᠳᠤᠨ ᠱᠠᠯᠠᠮᠠᠭᠠᠢ ᠪᠠᠶᠢᠳᠠᠭ᠃    ᠭᠤᠨ᠎ᠠ᠂ ᠳᠥᠨ᠎ᠡ ᠶᠢᠨ ᠪᠡᠶ᠎ᠡ ᠨᠢ ᠣᠬᠤᠷ᠂ ᠲᠦᠷᠪᠠᠨ ᠮᠥᠴᠢ ᠨᠢ ᠤᠷᠳᠤ᠂ ᠨᠢᠳᠦᠨ ᠤᠬᠤᠷᠬᠠᠢ ᠨᠢ ᠮᠢᠬᠠᠯᠢᠭ ᠳᠦᠭᠦᠷᠡᠩ᠂ ᠬᠤᠩᠰᠢᠶᠠᠷ ᠨᠢ ᠱᠥᠪᠥᠭᠡᠷ᠂ ᠲᠠᠷᠭᠤ ᠬᠦᠴᠦ ᠰᠠᠶᠢᠲᠠᠢ ᠦᠶ᠎ᠡ ᠳᠤ ᠪᠦᠭᠦ ᠨᠢ ᠰᠡᠷᠡᠭᠡᠯᠡᠭᠰᠡᠨ ᠪᠠᠶᠢᠳᠠᠭ᠃    ᠨᠠᠰᠤ ᠭᠦᠢᠴᠡᠭᠰᠡᠨ ᠲᠡᠮᠡᠭᠡᠨ ᠤ ᠥᠰᠦᠯᠲᠡ ᠪᠤᠶᠢᠵᠢᠯᠳᠠ ᠨᠢ ᠭᠦᠢᠴᠡᠭᠰᠡᠨ ᠲᠤᠯᠠ ᠪᠡᠶ᠎ᠡ ᠨᠢ ᠳᠣᠷᠪᠢᠯᠢᠭ᠂ ᠪᠤᠯᠴᠢᠩ ᠮᠢᠬ᠎ᠠ ᠨᠢ ᠳᠦᠭᠦᠷᠡᠩ᠂ ᠠᠷᠠᠰᠤ ᠨᠢ ᠵᠤᠵᠠᠭᠠᠨ ᠮᠥᠷᠲᠡᠭᠡᠨ ᠬᠠᠷᠢᠮᠠᠬᠠᠢ ᠴᠢᠨᠠᠷ ᠢᠶᠠᠷ ᠰᠠᠶᠢᠨ ᠪᠠᠶᠢᠳᠠᠭ᠃   ᠬᠥᠭᠰᠢᠨ ᠲᠡᠮᠡᠭᠡ ᠪᠣᠯ ᠲᠣᠯᠣᠭᠠᠢ ᠨᠢ ᠪᠦᠳᠦᠭᠦᠨ᠂ ᠨᠢᠳᠦᠨ ᠴᠡᠭᠴᠡᠭᠡᠢ ᠳᠤᠨᠢ ᠴᠠᠭᠠᠨ ᠲᠣᠯᠪᠤ ᠰᠠᠭᠤᠵᠤ᠂ ᠤᠷᠤᠭᠤᠯ ᠨᠢ ᠤᠨᠵᠢᠢᠵᠤ᠂ ᠠᠷᠠᠰᠤ ᠮᠢᠬ᠎ᠠ ᠨᠢ ᠰᠤᠯᠠᠷᠠᠵᠤ᠂ ᠴᠤᠭ ᠰᠦᠯᠳᠡ ᠨᠢ ᠮᠠᠭᠤᠳᠠᠭᠰᠠᠨ ᠪᠠᠶᠢᠳᠠᠭ ᠪᠥᠭᠡᠳ ᠬᠥᠮᠥᠰᠬᠡ ᠰᠠᠬᠠᠯ ᠨᠢ ᠴᠠᠶᠢᠵᠤ᠂ ᠬᠥᠯ ᠤᠨ ᠦᠶ᠎ᠡ ᠨᠢ ᠪᠠᠨᠳᠠᠶᠢᠵᠤ᠂ ᠴᠠᠭᠠᠨ ᠨᠣᠣᠰᠣ ᠤᠷᠭᠤᠭᠰᠠᠨ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号