| | 1. ᠨᠢᠴᠠᠯᠤᠭᠠᠳ ᠢᠳᠡᠬᠦ ᠨᠢ ᠡᠷᠡᠬᠦᠯ ᠮᠡᠨᠳᠣ ᠳᠤ ᠲᠤᠰᠠᠳᠠᠢ | ᠰᠠᠷᠢᠮᠰᠠᠭ ᠲᠤ ᠰᠠᠷᠢᠮᠰᠠᠭ ᠤᠨ ᠰᠢᠪᠳᠤᠷᠳᠤ ᠬᠦᠴᠢᠯ ᠪᠠ ᠰᠠᠷᠢᠮᠰᠠᠭ ᠤᠨ ᠢᠰᠬᠡᠬᠦᠷ ᠵᠡᠷᠬᠡ ᠪᠤᠳᠠᠰ | ᠠᠭᠤᠯᠤᠭᠳᠠᠳᠠᠭ ᠪᠤᠯᠬᠤᠷ᠂ ᠨᠢᠴᠠᠯᠤᠭᠰᠠᠨ ᠬᠤᠶᠢᠨ᠎ᠡ ᠡᠳᠡᠬᠡᠷ ᠨᠢ ᠬᠠᠷᠢᠯᠴᠠᠨ ᠠᠭᠤᠰᠤᠯᠳᠠᠵᠤ᠂ ᠬᠦᠮᠦᠨ ᠤ ᠪᠡᠶ᠎ᠡ ᠳᠤ | ᠠᠰᠢᠭᠳᠠᠢ ᠰᠠᠷᠢᠮᠰᠠᠭ ᠤᠨ ᠡᠯᠧᠮᠧᠨ᠋ᠲ ᠪᠤᠯᠳᠠᠭ ᠪᠠᠶᠢᠨ᠎ᠠ᠃ ᠬᠠᠮᠤᠭ ᠰᠠᠶᠢᠨ ᠨᠢ ᠰᠠᠷᠢᠮᠰᠠᠭ ᠢ ᠨᠢᠴᠠᠯᠤᠭᠠᠳ 10 — 15 | ᠮᠢᠨᠦ᠋ᠲ ᠲᠠᠯᠪᠢᠭᠰᠠᠨ ᠬᠤᠶᠢᠨ᠎ᠠ ᠢᠳᠡᠬᠦ ᠨᠢ ᠵᠦᠢᠳᠡᠢ᠃ | 2. ᠲᠦᠬᠦᠬᠡᠢ ᠪᠠᠷ ᠢᠳᠡᠬᠦ ᠨᠢ ᠣᠶᠢᠯᠡᠳᠦᠯ ᠰᠠᠶᠢᠨ | ᠰᠠᠷᠢᠮᠰᠠᠭ ᠢ ᠬᠠᠯᠠᠭᠠᠬᠤ ᠶᠠᠪᠤᠴᠠ ᠲᠤᠮᠳᠠ᠂ ᠪᠠᠺᠲ᠋ᠧᠷᠢ ᠲᠠᠷᠤᠬᠤ ᠣᠶᠢᠯᠡᠳᠦᠯ ᠲᠠᠢ ᠤᠷᠭᠠᠨᠢᠭ ᠬᠦᠬᠦᠷᠳᠣ | ᠨᠢᠬᠡᠳᠪᠤᠷᠢ ᠶᠢᠨ ᠠᠭᠤᠯᠤᠭᠳᠠᠴᠠ ᠨᠢ ᠠᠯᠭᠤᠷ ᠲᠤᠷᠤᠭᠰᠢᠯᠠᠵᠤ᠂ ᠭᠷᠡᠳᠦ᠋ᠰ ᠨᠢ ᠬᠡᠳᠦᠢ ᠦᠨᠳᠦᠷᠵᠢᠬᠦ ᠲᠤᠰᠤᠮ ᠲᠡᠳᠦᠢ | ᠲᠤᠷᠤᠭᠰᠢᠯᠠᠳᠠᠭ ᠪᠤᠯᠬᠤᠷ ᠰᠠᠷᠢᠮᠰᠠᠭ ᠢ ᠪᠤᠯᠭᠤᠭᠠᠳ ᠢᠳᠡᠬᠦ ᠨᠢ ᠪᠠᠺᠲ᠋ᠧᠷᠢ ᠠᠯᠠᠬᠤ ᠤᠶᠢᠯᠡᠳᠦᠯ ᠢᠶᠠᠷ ᠠᠨᠠᠢ ᠪᠠᠶᠢᠳᠠᠭ᠃ | ᠬᠡᠷ ᠲᠤ ᠰᠠᠷᠢᠮᠰᠠᠭ ᠬᠤᠯᠢᠭᠰᠠᠨ ᠬᠦᠢᠳᠡᠨ ᠵᠠᠭᠤᠰᠢ ᠬᠢᠵᠤ ᠢᠳᠡᠬᠦ᠂ ᠪᠠᠩᠰᠢ ᠢᠳᠡᠬᠦ ᠳᠤ ᠽᠦ᠋ ᠪᠠ ᠨᠢᠴᠠᠯᠤᠭᠰᠠᠨ ᠰᠠᠷᠢᠮᠰᠠᠭ | ᠲᠠᠢ ᠢᠳᠡᠬᠦ ᠨᠢ ᠪᠦᠷ ᠡᠷᠡᠬᠦᠯ ᠮᠡᠨᠳᠣ ᠳᠤ ᠲᠤᠰᠠᠳᠠᠢ ᠶᠤᠮ᠃ | 3.ᠲᠤᠭᠤᠭ᠎ᠠ ᠬᠡᠩᠰᠢᠬᠦᠯᠬᠦ ᠳᠤ ᠪᠠᠭ᠎ᠠ ᠬᠡᠮᠵᠢᠶᠡᠨ ᠤ ᠰᠢᠬᠢᠷ ᠬᠢᠪᠡᠯ ᠰᠠᠷᠢᠮᠰᠠᠭ ᠢ ᠬᠠᠮᠠᠭᠠᠯᠠᠳᠠᠭ ᠰᠠᠷᠢᠮᠰᠠᠭ ᠢᠶᠠᠷ | ᠲᠤᠭᠤᠭ᠎ᠠ ᠬᠡᠩᠰᠢᠬᠦᠯᠬᠦ ᠳᠤ ᠲᠤᠰᠤᠨ ᠤ ᠭᠷᠠᠳᠦ᠋ᠰ ᠢ ᠬᠡᠳᠦ ᠦᠨᠳᠦᠷ ᠪᠠᠶᠢᠯᠭᠠᠵᠤ ᠪᠤᠯᠬᠤ ᠦᠭᠡᠢ᠂ ᠬᠠᠭᠤᠷᠬᠤ ᠴᠠᠭ ᠨᠢ | ᠴᠦ ᠬᠡᠳᠦ ᠤᠷᠳᠤ ᠪᠠᠶᠢᠬᠤ ᠨᠢ ᠵᠤᠬᠢᠰ ᠦᠭᠡᠢ᠂ ᠰᠠᠷᠢᠮᠰᠠᠭ ᠢ ᠨᠢᠴᠠᠯᠤᠭᠠᠳ ᠲᠤᠭᠤᠭᠠᠨ ᠳᠤ ᠬᠢᠵᠤ᠂ ᠰᠢᠬᠢᠷᠯᠢᠭ ᠢᠳᠡᠬᠦ | ᠲᠤᠷᠠᠳᠠᠢ ᠬᠦᠮᠦᠰ ᠪᠠᠭ᠎ᠠ ᠬᠡᠮᠵᠢᠶᠡᠨ ᠤ ᠰᠢᠬᠢᠷ ᠨᠡᠮᠡᠵᠤ ᠪᠤᠯᠤᠨ᠎ᠠ᠂ ᠤᠴᠢᠷ ᠨᠢ ᠰᠢᠬᠢᠷ ᠨᠢ ᠰᠠᠷᠢᠮᠰᠠᠭ ᠲᠤ ᠬᠠᠮᠠᠭᠠᠯᠠᠯᠳᠠ | ᠶᠢᠨ ᠣᠶᠢᠯᠡᠳᠦᠯ ᠲᠠᠢ ᠪᠠᠶᠢᠵᠤ᠂ ᠦᠨᠳᠦᠷ ᠭᠷᠠᠳᠦ᠋ᠰ ᠤᠨ ᠰᠠᠷᠢᠮᠰᠠᠭ ᠲᠠᠬᠢ ᠡᠪᠳᠡᠯᠬᠡ ᠶᠢ ᠪᠠᠭᠠᠰᠬᠠᠳᠠᠭ᠃ | 4. ᠦᠩᠭᠡ ᠪᠠᠷ ᠨᠢ ᠬᠤᠪᠢᠶᠠᠬᠤ | ᠰᠠᠷᠢᠮᠰᠠᠭ ᠢ ᠭᠠᠳᠠᠷ ᠦᠩᠭᠡ ᠪᠠᠷ ᠨᠢ ᠴᠠᠭᠠᠨ ᠰᠠᠷᠢᠮᠰᠠᠭ᠂ ᠬᠦᠷᠢᠨ ᠰᠠᠷᠢᠮᠰᠠᠭ᠂ ᠬᠠᠷ᠎ᠠ ᠰᠠᠷᠢᠮᠰᠠᠭ ᠬᠡᠵᠤ | ᠬᠤᠪᠢᠶᠠᠵᠤ ᠪᠤᠯᠤᠨ᠎ᠠ᠂ ᠡᠬᠦᠨ ᠳᠤ ᠴᠠᠭᠠᠨ ᠰᠠᠷᠢᠮᠰᠠᠭ ᠪᠠ ᠬᠦᠷᠢᠨ ᠰᠠᠷᠢᠮᠰᠠᠭ ᠦᠷᠬᠦᠯᠵᠢ ᠤᠯᠵᠤ ᠬᠠᠷᠠᠭᠳᠠᠳᠠᠭ᠃ ᠴᠠᠭᠠᠨ | ᠪᠠ ᠬᠦᠷᠢᠨ ᠰᠠᠷᠢᠮᠰᠠᠭ ᠢ ᠬᠠᠷᠢᠴᠠᠭᠤᠯᠬᠤ ᠳᠤ ᠬᠦᠷᠢᠨ ᠰᠠᠷᠢᠮᠰᠠᠭ ᠨᠢ ᠢᠯᠡᠬᠦᠦ ᠬᠠᠰᠢᠭᠤᠨ ᠪᠠᠶᠢᠵᠤ᠂ ᠪᠠᠺᠲ᠋ᠧᠷᠢ ᠲᠠᠷᠤᠬᠤ | ᠬᠡᠮᠵᠢᠶ᠎ᠡ ᠨᠢ ᠴᠦ ᠢᠯᠡᠬᠦᠦ ᠪᠠᠶᠢᠳᠠᠭ᠃ |