| ᠤᠳᠤ ᠠᠯᠪᠠᠨ ᠬᠡᠷ ᠲᠤ ᠰᠠᠭᠤᠵᠤ ᠠᠵᠢᠯᠯᠠᠳᠠᠭ ᠬᠦᠮᠦᠰ ᠤᠨ 90% ᠨᠢ ᠴᠦᠮ ᠬᠦᠵᠦᠬᠦᠤ ᠰᠡᠬᠡᠷ ᠤᠨ | ᠠᠰᠠᠭᠤᠳᠠᠯ ᠲᠠᠢ᠃ ᠡᠨᠡ ᠨᠢ ᠭᠤᠤᠯᠳᠠᠭᠤ ᠤᠷᠳᠤ ᠬᠤᠭᠤᠴᠠᠭ᠎ᠠ ᠪᠠᠷ ᠨᠢᠬᠡᠯᠡ ᠬᠡᠪ ᠢᠶᠠᠷ ᠰᠠᠭᠤᠭᠰᠠᠨ ᠠᠴᠠ ᠪᠤᠯᠵᠤ | ᠬᠦᠵᠦᠬᠦᠨ ᠤ ᠬᠡᠰᠡᠭ ᠲᠤ ᠰᠦᠨ ᠬᠦᠴᠢᠯ ᠤᠪᠤᠭᠠᠷᠠᠵᠤ᠂ ᠴᠢᠰᠤᠨ ᠤ ᠡᠷᠬᠢᠯᠳᠡ ᠶᠢ ᠨᠦᠯᠦᠬᠡᠯᠡᠭᠰᠡᠨ ᠠᠴᠠ ᠪᠤᠯᠪᠠ᠃ | ᠬᠦᠩᠬᠡᠨ ᠪᠠᠶᠢᠳᠠᠯ ᠲᠠᠢ ᠨᠢ ᠬᠦᠵᠦᠬᠦᠤ ᠰᠡᠬᠡᠷ ᠰᠢᠷᠬᠢᠷᠡᠨ ᠡᠪᠡᠳᠴᠦ᠂ ᠬᠦᠨᠳᠤᠷᠡᠭᠰᠡᠬᠡᠷ ᠲᠤᠯᠤᠭᠠᠢ ᠲᠦᠢᠨᠠᠷᠡᠨ ᠡᠪᠡᠳᠬᠦ | ᠪᠠᠶᠢᠳᠠᠯ ᠢᠯᠡᠷᠡᠳᠡᠭ᠃ ᠬᠦᠵᠦᠬᠦᠤ ᠰᠡᠬᠡᠷ ᠤᠨ ᠡᠪᠡᠳᠴᠢᠨ ᠢ ᠤᠷᠢᠳᠴᠢᠯᠠᠨ ᠰᠡᠷᠬᠡᠶᠢᠯᠡᠬᠦ ᠳᠤ ᠶᠠᠭᠤᠨ ᠤ ᠡᠮᠤᠨ᠎ᠠ ᠲᠡᠬᠦᠨ ᠤ | ᠪᠤᠢ ᠪᠤᠯᠤᠭᠰᠠᠨ ᠰᠢᠯᠳᠠᠭᠠᠨ ᠢ ᠮᠡᠳᠡᠵᠤ ᠠᠪᠬᠤ ᠴᠢᠬᠤᠯᠠᠳᠠᠢ᠃ | ᠬᠦᠵᠦᠬᠦᠤ ᠰᠡᠬᠡᠷ ᠤᠨ ᠡᠪᠡᠳᠴᠢᠨ ᠪᠤᠢ ᠪᠤᠯᠤᠭᠰᠠᠨ ᠰᠢᠯᠳᠠᠭᠠᠨ ᠢ ᠲᠤᠳᠤᠭᠠᠳᠤ ᠶᠢᠨ ᠰᠢᠯᠳᠠᠭᠠᠨ ︵ᠪᠠᠶ᠎ᠠ ᠶᠢᠨ | ᠰᠢᠯᠳᠠᠭᠠᠨ︶ ᠪᠠ ᠭᠠᠳᠠᠭᠠᠳᠤ ᠶᠢᠨ ᠰᠢᠯᠳᠠᠭᠠᠨ ︵ᠲᠦᠷᠬᠡᠨ ᠴᠢᠨᠠᠷᠳᠠᠢ ᠰᠢᠷᠬᠠᠳᠤᠯ︶ ᠬᠡᠮᠡᠨ ᠬᠤᠶᠠᠷ ᠵᠦᠢᠯ ᠬᠤᠪᠢᠶᠠᠵᠤ᠂ | ᠲᠤᠳᠤᠭᠠᠳᠤ ᠰᠢᠯᠳᠠᠭᠠᠨ ᠪᠤᠯ ᠬᠦᠵᠤᠬᠦᠤ ᠰᠡᠬᠡᠷ ᠤᠨ ᠡᠪᠡᠳᠴᠢᠨ ᠪᠤᠢ ᠪᠤᠯᠤᠭᠰᠠᠨ ᠤ ᠰᠠᠭᠤᠷᠢ ᠮᠦᠨ᠃ ᠡᠪᠡᠳᠴᠢᠨ ᠪᠤᠢ | ᠪᠤᠯᠤᠭᠰᠠᠨ ᠰᠢᠯᠳᠠᠭᠠᠨ ᠢ ᠲᠤᠳᠤᠯᠠᠭᠰᠠᠨ ᠬᠤᠶᠢᠨ᠎ᠠ ᠲᠠᠬᠢᠨ ᠡᠪᠡᠳᠴᠢᠨ ᠤ ᠪᠠᠶᠢᠳᠠᠯ ᠳᠠᠭᠠᠨ ᠵᠤᠬᠢᠴᠠᠭᠤᠯᠤᠨ ᠠᠨᠠᠭᠠᠵᠤ᠂ | ᠦᠷᠬᠦᠯᠵᠢ ᠬᠦᠵᠤᠬᠦᠤ ᠰᠡᠬᠡᠷ ᠤᠨ ᠡᠷᠡᠬᠦᠯᠵᠢᠯ ᠤᠨ ᠲᠠᠮᠢᠷ ᠬᠢᠵᠤ᠂ ᠠᠮᠢᠳᠤᠷᠠᠯ ᠤᠨ ᠵᠢᠵᠢᠭ ᠰᠠᠵᠢᠭ ᠵᠦᠢᠯ ᠠᠴᠠ ᠭᠠᠷᠳᠠᠨ | ᠤᠷᠤᠪᠠᠯ ᠬᠦᠵᠤᠬᠦᠤ ᠰᠡᠬᠡᠷ ᠤᠨ ᠡᠪᠡᠳᠴᠢᠨ ᠢ ᠠᠷᠢᠯᠭᠠᠵᠤ ᠲᠠᠶᠢᠯᠬᠦ ᠶᠤᠮ᠃ ᠲᠤᠳᠤᠭᠠᠳᠤ ᠰᠢᠯᠳᠠᠭᠠᠨ ᠳᠤ ᠭᠤᠷᠪᠠᠨ ᠲᠠᠯ᠎ᠠ | ᠪᠤᠢ᠃ | ᠨᠢᠬᠡ᠂ ᠨᠠᠰᠤ ᠵᠢᠯ ᠤᠨ ᠰᠢᠯᠳᠠᠭᠠᠨ᠃ ᠮᠠᠰᠢ ᠤᠯᠠᠨ ᠬᠦᠵᠤᠬᠦᠤ ᠰᠡᠬᠡᠷ ᠤᠨ ᠡᠪᠡᠳᠴᠢᠨ ᠨᠢ ᠨᠠᠰᠤ ᠵᠢᠯ ᠯᠤᠭ᠎ᠠ | ᠨᠢᠬᠳᠠ ᠬᠠᠷᠢᠴᠠᠭ᠎ᠠ ᠲᠠᠢ᠃ ᠵᠢᠱᠢᠶᠡᠯᠡᠪᠡᠯ ᠬᠦᠵᠦᠬᠦᠨ ᠤ ᠶᠠᠰᠤ ᠤᠪᠤᠶᠢᠯᠳᠠ ᠨᠢ ᠵᠠᠯᠠᠭᠤᠴᠤᠳ ᠲᠤ ᠤᠨᠤᠭᠳᠠᠳᠠᠭ᠃ | ᠤᠴᠢᠷ ᠡᠨᠡᠬᠦ ᠬᠤᠭᠤᠴᠠᠭᠠᠨ ᠳᠤ ᠶᠠᠰᠤᠨ ᠳᠠᠬᠢ ᠤᠰᠤᠨ ᠤ ᠠᠭᠤᠯᠤᠭᠳᠠᠴᠠ ᠨᠡᠯᠢᠶᠡᠳ ᠦᠨᠳᠤᠷ ᠪᠠᠶᠢᠵᠤ᠂ ᠬᠠᠷᠢᠮᠠᠬᠠᠢ | ᠴᠢᠨᠠᠷ ᠨᠢ ᠴᠢᠩᠭ᠎ᠠ ᠪᠠᠶᠢᠳᠠᠭ ᠪᠤᠯᠬᠤᠷ ᠰᠢᠷᠬᠡᠭᠯᠢᠭ ᠡᠳ᠋ ᠤᠨ ᠴᠠᠭᠠᠷᠢᠭ ᠡᠪᠳᠡᠭᠳᠡᠭᠰᠡᠬᠡᠷ ᠶᠠᠰᠤᠯᠢᠭ ᠡᠳ᠋ ᠨᠢ ᠲᠤᠳᠤᠭᠠᠳᠤ ᠶᠢᠨ | ᠲᠠᠷᠤᠯᠳᠠ ᠠᠴᠠ ᠪᠤᠯᠤᠭᠠᠳ ᠭᠠᠳᠠᠭᠰᠢ ᠤᠪᠤᠶᠢᠳᠠᠭ᠃ | ᠨᠠᠰᠤᠳᠠᠶᠢᠴᠤᠳ ᠤᠨ ᠶᠠᠰᠤᠨ ᠳᠠᠬᠢ ᠤᠰᠤᠨ ᠤ ᠠᠭᠤᠯᠤᠭᠳᠠᠴᠠ ᠨᠡᠯᠢᠶᠡᠳ ᠴᠦᠬᠡᠨ᠂ ᠲᠤᠳᠤᠭᠠᠳᠤ ᠲᠠᠷᠤᠯᠳᠠ | ᠨᠡᠯᠢᠶᠡᠳ ᠰᠤᠯᠠ᠂ ᠬᠠᠷᠢᠮᠠᠬᠠᠢ ᠴᠢᠨᠠᠷ ᠢᠶᠠᠷ ᠴᠦ ᠪᠠᠷᠤᠭᠳᠠᠢ ᠪᠠᠶᠢᠳᠠᠭ ᠪᠤᠯᠬᠤᠷ ᠰᠢᠷᠬᠡᠭᠯᠢᠭ ᠡᠳ᠋ ᠤᠨ ᠴᠠᠭᠠᠷᠢᠭ ᠨᠢ | ᠡᠪᠳᠡᠭᠳᠡᠭᠰᠡᠨ ᠴᠦ ᠶᠠᠰᠤᠯᠢᠭ ᠡᠳ᠋ ᠨᠢ ᠪᠠᠷᠤᠭ ᠲᠠᠢ ᠳᠤ ᠤᠪᠤᠶᠢᠳᠠᠭ ᠦᠬᠡᠢ᠃ | ᠬᠤᠶᠠᠷ᠂ ᠠᠵᠢᠯ ᠦᠢᠯᠡᠰ᠃ ᠠᠵᠢᠯ ᠦᠢᠯᠡᠰ ᠬᠡᠳᠦ᠋ᠢᠪᠡᠷ ᠬᠦᠮᠦᠨ ᠤ ᠪᠠᠶ᠎ᠠ ᠶᠢᠨ ᠲᠤᠳᠤᠭᠠᠳᠤ ᠶᠢᠨ ᠰᠢᠯᠳᠠᠭᠠᠨ | ᠪᠢᠰᠢ ᠪᠤᠯᠪᠠᠴᠦ ᠲᠡᠷᠡ ᠨᠢ ᠲᠤᠳᠤᠭᠠᠳᠤ ᠰᠢᠯᠳᠠᠭᠠᠨ ᠵᠢᠴᠢ ᠬᠦᠵᠤᠬᠦᠤ ᠰᠡᠬᠡᠷ ᠤᠨ ᠡᠪᠡᠳᠴᠢᠨ ᠢ ᠡᠬᠦᠰᠬᠡᠬᠦ ᠲᠠᠢ ᠨᠢᠭᠳᠠ | ᠬᠠᠷᠢᠴᠠᠭ᠎ᠠ ᠲᠠᠢ᠃ ᠵᠢᠱᠢᠶᠡᠯᠡᠪᠡᠯ ᠤᠷᠳᠤ ᠬᠤᠭᠤᠴᠠᠭ᠎ᠠ ᠪᠠᠷ ᠰᠢᠷᠡᠭᠡ ᠡᠯᠢᠬᠡᠳᠡᠨ ᠠᠵᠢᠯᠯᠠᠳᠠᠭ ᠦᠰᠦᠭ ᠴᠤᠬᠢᠬᠴᠢ᠂ | ᠨᠢᠭᠳᠠᠯᠠᠨ ᠪᠤᠳᠤᠭᠴᠢ ᠶᠢᠨ ᠰᠢᠷᠡᠬᠡᠨ ᠤ ᠦᠨᠳᠤᠷ ᠪᠤᠭᠤᠨᠢ ᠨᠢ ᠵᠤᠬᠢᠰ ᠦᠬᠡᠢ ᠪᠤᠯ ᠬᠦᠵᠦᠬᠦᠤ ᠰᠡᠬᠡᠷ ᠤᠨ ᠡᠪᠡᠳᠴᠢᠨ ᠳᠤ | ᠠᠮᠠᠷᠬᠠᠨ ᠨᠠᠷᠪᠡᠭᠳᠡᠳᠡᠭ᠃ ᠲᠠᠮᠨᠠᠬᠤ᠂ ᠡᠷᠬᠦᠬᠦ᠂ ᠰᠢᠳᠠᠬᠦ ᠮᠡᠳᠤ ᠶᠢᠨ ᠬᠦᠨᠳᠤ ᠬᠦᠳᠡᠯᠮᠤᠷᠢ ᠶᠢᠨ ᠠᠵᠢᠯᠴᠢᠳ ᠤᠨ ᠬᠦᠴᠦ | ᠵᠠᠷᠤᠬᠤ ᠨᠢ ᠵᠤᠬᠢᠰ ᠦᠬᠡᠢ ᠪᠤᠯᠪᠠᠯ ᠪᠠᠰᠠ ᠬᠦᠵᠦᠬᠦᠤ ᠰᠡᠬᠡᠷ ᠪᠤᠶᠤ ᠨᠢᠷᠤᠭᠤ ᠶᠠᠰᠤᠨ ᠤ ᠡᠪᠡᠳᠴᠢᠨ ᠳᠤ ᠠᠮᠠᠷᠬᠠᠨ | ᠨᠡᠷᠪᠡᠭᠳᠡᠳᠡᠭ ᠶᠤᠮ᠃ | ᠭᠤᠷᠪᠠ᠂ ᠪᠡᠶ᠎ᠡ ᠶᠢᠨ ᠪᠠᠶᠢᠳᠠᠯ᠃ ᠪᠠᠶ᠎ᠠ ᠮᠠᠬᠠᠪᠤᠳ ᠴᠢᠬᠢᠷᠠᠭ ᠪᠤᠯ ᠪᠤᠯᠴᠢᠩ ᠨᠢ ᠬᠦᠴᠦᠳᠠᠢ ᠪᠠᠶᠢᠵᠤ᠂ ᠭᠠᠳᠠᠨᠠᠬᠢ | ᠲᠠᠷᠤᠯᠳᠠ ᠪᠠ ᠬᠦᠢᠳᠡᠨ ᠬᠠᠯᠠᠭᠤᠨ ᠢ ᠬᠦᠯᠢᠴᠡᠬᠦ ᠴᠢᠳᠠᠪᠤᠷᠢ ᠪᠠᠷ ᠴᠢᠩᠭ᠎ᠠ ᠪᠤᠯᠬᠤᠷ ᠠᠮᠠᠷᠬᠠᠨ ᠬᠦᠵᠤᠬᠦᠤ ᠰᠡᠬᠡᠷ ᠤᠨ | ᠡᠪᠡᠳᠴᠢᠨ ᠳᠤ ᠨᠡᠷᠪᠡᠭᠳᠡᠬᠦ ᠦᠬᠡᠢ᠃ ᠲᠠᠶᠢᠮᠤ ᠪᠢᠰᠢ ᠪᠤᠯ ᠦᠶ᠎ᠠ ᠬᠡᠰᠢᠬᠦᠤ ᠠᠮᠠᠷᠬᠠᠨ ᠮᠤᠯᠳᠤᠷᠠᠳᠠᠭ ᠶᠤᠮ᠃ ᠵᠢᠱᠢᠶᠡᠯᠡᠪᠡᠯ | ᠪᠠᠶ᠎ᠠ ᠶᠢᠨ ᠪᠠᠶᠢᠳᠠᠯ ᠠᠨᠠᠢ ᠰᠢᠬ ᠪᠠᠶᠢᠳᠠᠭ ᠨᠠᠰᠤᠳᠠᠶᠢᠴᠤᠳ ᠵᠠᠩᠬᠢᠨᠠᠵᠤ ᠰᠡᠷᠢᠬᠦᠳᠡᠭᠰᠡᠨ ᠠᠴᠠ ᠪᠤᠯᠵᠤ ᠬᠦᠵᠦᠬᠦᠤ | ᠰᠡᠬᠡᠷ ᠤᠨ ᠡᠪᠡᠳᠴᠢᠨ ᠳᠤ ᠨᠠᠷᠪᠡᠭᠳᠡᠬᠡᠳ ᠬᠦᠵᠦᠬᠦᠤ ᠰᠡᠬᠡᠷ ᠬᠠᠳᠠᠭᠤᠷᠠᠨ ᠡᠪᠡᠳᠴᠦ᠂ ᠮᠦᠷᠤ ᠲᠠᠯᠤ ᠡᠪᠡᠳᠤᠳᠡᠭ ᠶᠤᠮ᠃ | ᠭᠠᠳᠠᠭᠠᠳᠤ ᠰᠢᠯᠳᠠᠭᠠᠨ ᠳᠤ ᠬᠤᠶᠠᠷ ᠲᠠᠯ᠎ᠠ ᠪᠤᠢ᠃ | ᠨᠢᠬᠡ᠂ ᠲᠤᠯᠤᠭᠠᠢ᠂ ᠬᠦᠵᠦᠬᠦᠤ ᠪᠠ ᠮᠦᠷᠤ ᠶᠢᠨ ᠰᠢᠷᠬᠠᠳᠤᠯ᠃ ᠵᠠᠷᠢᠮ ᠭᠠᠳᠠᠷ ᠰᠢᠷᠬ᠎ᠠ ᠶᠢ ᠬᠦᠮᠦᠰ ᠲᠠᠮᠡᠢ | ᠤᠪᠠᠶᠢᠯᠠᠳᠠᠭ ᠦᠬᠡᠢ᠃ ᠵᠢᠱᠢᠶᠡᠯᠡᠪᠡᠯ ᠲᠠᠷᠬᠡᠨ ᠳᠤ ᠰᠠᠭᠤᠭᠠᠳ ᠲᠤᠭᠬᠢᠵᠤ᠂ ᠲᠡᠷᠬᠡ ᠲᠤᠷᠮᠤᠰᠯᠠᠬᠤ ᠦᠶᠡᠰ ᠲᠤᠯᠤᠭᠠᠢ | ᠬᠡᠨᠡᠳᠳᠡ ᠠᠷᠤᠨᠰᠢ ᠬᠡᠳᠡᠶᠢᠬᠦ ᠨᠢ ᠬᠦᠵᠤᠬᠦᠤ ᠰᠡᠬᠡᠷ ᠢ ᠰᠢᠷᠬᠠᠳᠤᠭᠤᠯᠵᠤ ᠮᠡᠳᠡᠨ᠎ᠠ᠃ ᠨᠢᠯᠬ᠎ᠠ ᠬᠡᠤᠬᠡᠳ ᠤᠨ ᠬᠦᠵᠦᠬᠦᠨ ᠤ | ᠪᠤᠯᠴᠢᠩ ᠲᠠᠮᠡᠢ ᠬᠦᠭᠵᠢᠬᠡᠳᠤᠢ ᠪᠤᠯᠬᠤᠷ ᠬᠡᠳᠤ ᠡᠷᠳᠡ ᠲᠠᠪᠡᠷᠢᠵᠤ ᠪᠤᠰᠬᠠᠬᠤ ᠪᠤᠶᠤ ᠲᠡᠪᠡᠷᠢᠬᠦ ᠠᠷᠭ᠎ᠠ ᠬᠡᠯᠪᠡᠷᠢ ᠲᠠᠭᠠᠷᠠᠬᠤ | ᠦᠬᠡᠢ ᠪᠤᠯ ᠪᠠᠰᠠ ᠬᠦᠵᠦᠬᠦᠤ ᠰᠡᠬᠡᠷ ᠢ ᠨᠢ ᠰᠢᠷᠬᠠᠳᠤᠭᠤᠯᠵᠤ ᠮᠡᠳᠡᠳᠡᠭ᠃ | ᠬᠤᠶᠠᠷ᠂ ᠠᠮᠢᠳᠤᠷᠠᠯ ᠤᠨ ᠲᠤᠮᠳᠠᠬᠢ ᠬᠦᠳᠡᠯᠤᠯ ᠪᠠᠶᠢᠳᠠᠯ᠃ ᠤᠳᠤ ᠶᠢᠨ ᠬᠦᠮᠦᠰ ᠠᠵᠢᠯ ᠠᠮᠢᠳᠤᠷᠠᠯ ᠤᠨ ᠲᠤᠮᠳᠠ | ᠪᠠᠨ ᠺᠤᠮᠫᠢᠦ᠋ᠲ᠋ᠧᠷ ᠵᠠᠷᠤᠬᠤ ᠳᠠᠭᠠᠨ ᠡᠪ ᠦᠬᠡᠢ ᠰᠠᠭᠤᠬᠤ᠂ ᠬᠡᠪᠳᠡᠬᠡᠳ ᠨᠤᠮ ᠦᠵᠡᠬᠦ᠂ ᠶᠠᠳᠠᠷᠠᠭᠰᠠᠨ ᠦᠶ᠎ᠠ ᠳᠤ ᠲᠠᠷᠬᠡ | ᠪᠠᠷᠢᠬᠤ᠂ ᠱᠠᠹᠠ ᠲᠠᠬᠡᠷ᠎ᠠ ᠪᠠᠨ ᠤᠨᠳᠠᠬᠤ ᠵᠡᠷᠬᠡ ᠨᠢ ᠴᠦᠮ ᠬᠦᠵᠦᠬᠦᠤ ᠰᠡᠬᠡᠷ ᠢ ᠬᠦᠨᠳᠤ ᠨᠤᠴᠢᠳᠠᠢ ᠨᠦᠯᠦᠬᠡᠯᠡᠳᠡᠭ | ᠲᠦᠷᠪᠡᠨ ᠰᠢᠯᠳᠠᠭᠠᠨ ᠪᠤᠯᠵᠤ ᠪᠤᠢ᠃ ᠡᠬᠦᠨ ᠢ ᠤᠯᠠᠩᠬᠢ ᠬᠦᠮᠦᠰ ᠬᠠᠷᠢᠨ ᠲᠠᠮᠡᠢ ᠠᠩᠬᠠᠷᠳᠠᠭ ᠦᠬᠡᠢ ᠶᠤᠮ᠃ | ᠠᠮᠢᠳᠤᠷᠠᠯ ᠤᠨ ᠵᠢᠵᠢᠭ ᠰᠠᠵᠢᠬ ᠵᠦᠢᠯ ᠠᠴᠠ ᠭᠠᠷᠳᠠᠨ ᠬᠦᠵᠦᠬᠦᠤ ᠰᠡᠬᠡᠷ ᠤᠨ ᠡᠪᠡᠳᠴᠢᠨ ᠢ ᠤᠷᠢᠳᠴᠢᠯᠠᠨ ᠰᠡᠷᠬᠡᠶᠢᠯᠡᠬᠦ | ᠴᠢᠬᠤᠯᠠᠳᠠᠢ᠃ | ᠨᠢᠬᠡ᠂ ᠠᠮᠠᠷᠠᠬᠤ ᠪᠠ ᠠᠵᠢᠯᠯᠠᠬᠤ ᠲᠠᠯ᠎ᠠ ᠶᠢᠨ ᠮᠠᠭᠤ ᠲᠠᠳᠬᠠᠯ ᠢᠶᠠᠨ ᠵᠠᠯᠠᠷᠠᠭᠤᠯᠤᠨ ᠬᠦᠵᠦᠬᠦᠨ ᠤ ᠬᠡᠰᠡᠭ ᠤᠨ | ᠶᠠᠳᠠᠷᠠᠭ᠎ᠠ ᠶᠢ ᠪᠠᠭᠠᠰᠬᠠᠵᠤ᠂ ᠤᠷᠳᠤ ᠬᠤᠭᠤᠴᠠᠭ᠎ᠠ ᠪᠠᠷ ᠲᠧᠯᠸᠢᠰ ᠱᠠᠭᠠᠢᠢᠬᠤ ᠪᠤᠶᠤ ᠤᠷᠳᠤ ᠬᠤᠭᠤᠴᠠᠭ᠎ᠠ ᠪᠠᠷ ᠲᠤᠯᠤᠭᠠᠢ | ᠪᠦᠬᠦ᠋ᠢᠨ ᠠᠵᠢᠯᠯᠠᠵᠤ ᠪᠤᠯᠬᠤ ᠦᠬᠡᠢ᠃ ᠠᠵᠢᠯᠯᠠᠬᠤ ᠦᠶ᠎ᠠ ᠳᠡᠭᠡᠨ ᠤᠷᠳᠤ ᠬᠤᠭᠤᠴᠠᠭ᠎ᠠ ᠪᠠᠷ ᠨᠢᠬᠡᠯᠡ ᠬᠡᠪ ᠢᠶᠠᠷ ᠰᠠᠭᠤᠵᠤ | ᠪᠤᠯᠬᠤ ᠦᠬᠡᠢ᠃ ᠤᠷᠳᠤ ᠬᠤᠭᠤᠴᠠᠭ᠎ᠠ ᠪᠠᠷ ᠰᠢᠷᠡᠭᠡ ᠡᠯᠢᠬᠡᠳᠡᠨ ᠠᠵᠢᠯᠯᠠᠬᠤ ᠵᠢᠴᠢ ᠤᠷᠳᠤ ᠬᠤᠭᠤᠴᠠᠭ᠎ᠠ ᠪᠠᠷ ᠲᠤᠯᠤᠭᠠᠢ | ᠪᠦᠬᠦ᠋ᠢᠨ ᠠᠵᠢᠯᠯᠠᠬᠤ ᠨᠢ ᠬᠦᠵᠦᠬᠦᠤ ᠰᠡᠬᠡᠷ ᠤᠨ ᠹᠢᠽᠢᠤᠯᠦᠬᠢ ᠶᠢᠨ ᠮᠤᠷᠦ᠋ᠢᠯᠳᠠ ᠶᠢ ᠡᠪᠳᠡᠵᠤ᠂ ᠬᠦᠵᠦᠬᠦᠤ ᠰᠡᠬᠡᠷ ᠤᠨ | ᠹᠢᠽᠢᠤᠯᠦᠬᠢ ᠶᠢᠨ ᠮᠤᠷᠦ᠋ᠢᠯᠳᠠ ᠬᠡᠳᠡᠷᠬᠦ ᠪᠠᠨ ᠮᠤᠷᠦ᠋ᠢᠵᠤ ᠮᠡᠳᠡᠳᠡᠭ᠃ ᠡᠶᠢᠮᠤ ᠠᠴᠠ ᠠᠵᠢᠯᠯᠠᠬᠤ ᠴᠠᠭ ᠲᠠᠭᠠᠨ ᠴᠦ | ᠲᠤᠭᠳᠠᠭᠰᠠᠨ ᠬᠤᠭᠤᠴᠠᠭ᠎ᠠ ᠲᠠᠢ ᠪᠠᠷ ᠠᠮᠠᠷᠠᠰᠬᠢᠬᠦ ᠶᠢᠨ ᠬᠠᠮᠳᠤ ᠲᠤᠯᠤᠭᠠᠢ ᠪᠠᠨ ᠡᠷᠬᠦᠬᠦ ᠮᠡᠳᠤ ᠪᠠᠷ ᠵᠢᠭᠠᠬᠠᠨ ᠬᠦᠳᠡᠯᠬᠡᠬᠡᠨ | ᠬᠢᠪᠡᠯ ᠰᠠᠶᠢᠨ᠃ ᠺᠤᠮᠫᠢᠦ᠋ᠲ᠋ᠧᠷ ᠢᠶᠠᠷ ᠠᠵᠢᠯᠯᠠᠳᠠᠭ ᠬᠦᠮᠦᠰ ᠤᠨ ᠬᠦᠵᠦᠬᠦᠤ ᠰᠡᠬᠡᠷ ᠨᠢ ᠤᠷᠳᠤ ᠬᠤᠭᠤᠴᠠᠭ᠎ᠠ ᠪᠠᠷ ᠨᠢᠬᠡᠯᠡ | ᠪᠠᠶᠢᠳᠠᠯ ᠳᠤ ᠤᠷᠤᠰᠢᠳᠠᠭ ᠪᠤᠯᠬᠤᠷ ᠬᠦᠵᠦᠬᠦᠨ ᠤ ᠪᠤᠯᠴᠢᠩ ᠶᠠᠳᠠᠷᠠᠨ ᠰᠢᠷᠬᠠᠳᠤᠵᠤ ᠮᠡᠳᠡᠬᠦ ᠶᠤᠮ᠃ ᠡᠳᠤᠷ ᠪᠦᠷᠢ 1 ᠴᠠᠭ | ᠠᠵᠢᠯᠯᠠᠪᠠᠯ ᠬᠦᠳᠡᠯᠦᠯ ᠪᠠᠶᠢᠳᠠᠯ ᠢᠶᠠᠨ ᠬᠤᠪᠢᠷᠠᠭᠤᠯᠬᠤ ᠶᠢᠨ ᠬᠠᠮᠳᠤ ᠵᠦᠢ ᠵᠤᠬᠢᠰᠳᠠᠢ ᠪᠠᠷ ᠬᠦᠳᠡᠯᠬᠡᠬᠡᠨ ᠬᠢᠬᠦ ᠪᠠᠷ ᠲᠠᠮᠵᠢᠨ | ᠬᠦᠵᠦᠬᠦᠨ ᠤ ᠪᠤᠯᠴᠢᠩ ᠤᠨ ᠴᠢᠰᠤᠨ ᠤ ᠬᠠᠩᠭᠠᠯᠭ᠎ᠠ ᠶᠢ ᠪᠠᠳᠤᠯᠠᠵᠤ᠂ ᠬᠠᠷᠢᠮᠠᠬᠠᠢ ᠴᠢᠨᠠᠷ ᠢ ᠨᠢ ᠨᠡᠮᠡᠭᠳᠡᠬᠦᠯᠦᠨ ᠬᠡᠳᠤ | ᠶᠠᠳᠠᠷᠠᠭᠰᠠᠨ ᠠᠴᠠ ᠪᠤᠯᠵᠤ ᠰᠢᠷᠬᠠᠳᠤᠬᠤ ᠶᠢ ᠰᠡᠷᠬᠡᠶᠢᠯᠡᠬᠦ ᠴᠢᠬᠤᠯᠠᠳᠠᠢ᠃ | ᠬᠤᠶᠠᠷ᠂ ᠤᠨᠳᠠᠬᠤ ᠳᠠᠭᠠᠨ ᠪᠠᠶ᠎ᠠ ᠶᠢᠨ ᠪᠠᠶᠢᠳᠠᠯ ᠢᠶᠠᠨ ᠰᠠᠶᠢᠬᠠᠨ ᠲᠤᠬᠢᠷᠠᠭᠤᠯᠵᠤ᠂ ᠲᠤᠬᠢᠳᠠᠢ ᠲᠡᠷᠡ ᠶᠢ | ᠰᠤᠩᠭᠤᠬᠤ ᠬᠡᠷᠡᠭᠳᠠᠢ᠃ ᠤᠨᠳᠠᠬᠤ ᠳᠠᠭᠠᠨ ᠲᠠᠬᠡᠭᠰᠢ ᠬᠠᠨᠳᠤᠬᠤ ᠬᠡᠯᠪᠡᠷᠢ ᠪᠠᠷ ᠭᠤᠤᠯ ᠪᠤᠯᠭᠠᠨ ᠬᠠᠵᠠᠭᠤᠯᠠᠬᠤ ᠪᠠᠷ ᠲᠠᠳ᠋ | ᠪᠤᠯᠭᠠᠪᠠᠯ ᠵᠤᠬᠢᠨ᠎ᠠ᠃ ᠬᠠᠵᠠᠭᠤᠯᠠᠵᠤ ᠬᠡᠪᠳᠡᠬᠦ ᠳᠡᠭᠡᠨ ᠬᠤᠶᠠᠷ ᠬᠦᠯ ᠢᠶᠠᠨ ᠵᠢᠭᠠᠬᠠᠨ ᠠᠳᠤᠷᠢᠭᠤᠯᠪᠠᠯ ᠰᠠᠶᠢᠨ᠃ ᠡᠯᠢᠬᠡᠳᠡᠨ | ᠤᠨᠳᠠᠬᠤ᠂ ᠬᠠᠭᠠᠰ ᠡᠯᠢᠬᠡᠳᠡ ᠤᠨᠳᠠᠬᠤ᠂ ᠲᠠᠬᠡᠷ᠎ᠠ ᠲᠤᠤᠷ᠎ᠠ ᠪᠠᠶ᠎ᠠ ᠴᠦᠮ ᠠᠳᠤᠷᠢᠭᠤᠯᠤᠨ ᠤᠨᠳᠠᠬᠤ ᠵᠡᠷᠬᠡ ᠨᠢ ᠴᠦᠮ | ᠰᠠᠶᠢᠨ ᠤᠨᠳᠠᠯᠭ᠎ᠠ ᠪᠢᠰᠢ᠃ ᠴᠠᠭ ᠲᠠᠷᠤᠢ ᠳᠤᠨᠢ ᠵᠠᠯᠠᠷᠠᠭᠤᠯᠬᠤ ᠬᠡᠷᠡᠭᠳᠠᠢ᠃ ᠤᠨᠳᠠᠬᠤ ᠳᠠᠭᠠᠨ ᠲᠤᠯᠤᠭᠠᠢ ᠪᠠᠨ ᠲᠡᠷᠡ ᠶᠢᠨ | ᠢᠶᠠᠨ ᠭᠤᠤᠯ ᠳᠤ ᠲᠠᠯᠪᠢᠵᠤ᠂ ᠭᠠᠷ ᠤᠨ ᠠᠯᠠᠭ᠎ᠠ ᠶᠢᠨ ᠬᠡᠮᠵᠢᠶ᠎ᠠ ᠲᠠᠢ ᠪᠠᠨ ᠲᠠᠩᠴᠡᠭᠰᠡᠨ ᠦᠨᠳᠤᠷ ᠢᠶᠠᠷ ᠲᠡᠷᠡ ᠰᠤᠩᠭᠤᠪᠠᠯ | ᠰᠠᠶᠢᠨ᠃ ᠬᠡᠬᠦ ᠳᠡᠭᠡᠨ ᠬᠡᠳᠤ ᠬᠠᠳᠠᠭᠤ ᠲᠠᠷᠡ ᠶᠢ ᠰᠤᠩᠭᠤᠵᠤ ᠪᠤᠯᠬᠤ ᠦᠬᠡᠢ᠃ ᠤᠨᠳᠠᠬᠤ ᠦᠶᠡᠰ ᠲᠠᠷᠡ ᠪᠠᠨ ᠡᠮᠡᠬᠡᠯ ᠤᠨ | ᠬᠡᠯᠪᠡᠷᠢ ᠲᠠᠢ ᠪᠤᠯᠭᠠᠪᠠᠯ ᠰᠠᠶᠢᠨ᠃ | ᠭᠤᠷᠪᠠ᠂ ᠲᠠᠭᠠᠷᠠᠵᠤ ᠵᠠᠩᠬᠢᠨᠠᠬᠤ ᠠᠴᠠ ᠰᠡᠷᠬᠡᠶᠢᠯᠡᠨ᠎ᠠ᠃ ᠲᠠᠭᠠᠷᠠᠵᠤ ᠵᠠᠩᠬᠢᠨᠠᠪᠠᠯ ᠪᠤᠯᠴᠢᠩ ᠤᠨ ᠰᠤᠨᠤᠯᠳᠠ | ᠲᠠᠬᠡᠭᠰᠢᠯᠡᠵᠤ᠂ ᠬᠠᠷᠢᠮᠠᠬᠠᠢ ᠴᠢᠨᠠᠷ ᠢᠶᠠᠨ ᠠᠯᠳᠠᠬᠤ ᠪᠤᠯᠬᠤᠷ ᠠᠮᠠᠷᠬᠠᠨ ᠰᠢᠷᠬᠠᠳᠤᠳᠠᠭ᠃ ᠡᠨᠡ ᠨᠢ ᠪᠠᠰᠠ ᠬᠦᠵᠤᠬᠦᠤ | ᠰᠡᠬᠡᠷ ᠤᠨ ᠲᠠᠷᠤᠯᠳᠠ ᠶᠢᠨ ᠬᠦᠴᠦ ᠶᠢ ᠨᠡᠮᠡᠭᠳᠡᠬᠦᠯᠦᠨ ᠮᠡᠳᠡᠷᠡᠯ ᠤᠨ ᠤᠭ ᠤᠨ ᠲᠠᠷᠤᠯᠳᠠ ᠶᠢ ᠨᠡᠮᠡᠭᠳᠡᠬᠦᠯᠳᠡᠭ᠃ ᠲᠠᠭᠠᠷᠠᠵᠤ | ᠵᠠᠩᠬᠢᠨᠠᠪᠠᠯ ᠮᠡᠳᠡᠷᠡᠯ ᠤᠨ ᠤᠭ ᠤᠨ ᠡᠷᠬᠢᠨ ᠲᠤᠭᠤᠷᠢᠨ ᠳᠠᠬᠢ ᠦᠷᠪᠢᠰᠤᠯ ᠢ ᠠᠬᠠᠳᠠᠭᠤᠯᠵᠤ ᠮᠡᠳᠡᠨ᠎ᠠ᠃ | ᠲᠦᠷᠪᠡ᠂ ᠡᠪᠡᠳᠴᠢᠨ ᠤ ᠪᠠᠶᠢᠳᠠᠯ ᠬᠦᠩᠬᠡᠨ ᠪᠤᠯ ᠡᠮᠴᠢ ᠶᠢᠨ ᠵᠢᠯᠦᠭᠤᠳᠤᠯᠭ᠎ᠠ ᠪᠠᠷ ᠤᠷᠤ ᠲᠠᠬᠡᠷ᠎ᠠ ᠪᠠᠨ | ᠬᠡᠪᠳᠡᠬᠡᠳ ᠠᠮᠠᠷᠠᠬᠤ᠂ ᠬᠦᠵᠦᠬᠦᠤ ᠪᠠᠨ ᠤᠷᠢᠶᠠᠨ ᠠᠯᠢ ᠴᠢᠳᠠᠬᠤ ᠪᠠᠷ ᠬᠦᠳᠡᠯᠬᠡᠬᠦ ᠦᠬᠡᠢ ᠪᠠᠶᠢᠬᠤ᠂ ᠦᠷᠪᠢᠰᠤᠯ ᠢ | ᠨᠠᠮᠳᠠᠭᠠᠬᠤ ᠡᠮ ᠤᠤᠭᠤᠬᠤ ᠪᠤᠶᠤ ᠴᠢᠰᠤ ᠬᠦᠶᠦᠯᠬᠡᠨ ᠬᠠᠪᠤᠳᠠᠷ ᠢ ᠠᠷᠢᠯᠭᠠᠬᠤ ᠡᠪᠡᠰᠤᠨ ᠡᠮ ᠤᠤᠭᠤᠬᠤ᠂ ᠹᠢᠽᠢᠺ ᠤᠨ | ᠵᠠᠰᠠᠯᠳᠠ ᠬᠢᠬᠦ ᠵᠡᠷᠬᠡ ᠪᠠᠷ ᠡᠮᠨᠡᠵᠤ ᠪᠤᠯᠳᠠᠭ᠃ ᠬᠦᠵᠦᠬᠦᠤ ᠰᠡᠬᠡᠷ ᠢᠶᠠᠨ ᠰᠤᠩᠭᠠᠬᠤ ᠶᠢ ᠬᠡᠷ ᠲᠡᠭᠡᠨ ᠬᠢᠵᠤ ᠪᠤᠯᠤᠨ᠎ᠠ᠃ | ᠬᠡᠬᠦ ᠳᠡᠭᠡᠨ ᠡᠮᠴᠢ ᠠᠴᠠ ᠠᠷᠭ᠎ᠠ ᠤᠬᠠᠭᠠᠨ ᠪᠠ ᠰᠤᠩᠭᠠᠬᠤ ᠬᠦᠴᠦᠯᠡᠴᠡ ᠬᠤᠭᠤᠴᠠᠭ᠎ᠠ ᠶᠢ ᠨᠢᠮᠪᠠᠢ ᠠᠰᠠᠭᠤᠬᠤ ᠴᠢᠬᠤᠯᠠᠳᠠᠢ | ᠃ ᠬᠡᠷᠪᠡ ᠬᠦᠵᠦᠬᠦᠤ ᠰᠡᠬᠡᠷ ᠤᠨ ᠡᠪᠡᠳᠴᠢᠨ ᠨᠡᠯᠢᠶᠡᠳ ᠬᠦᠨᠳᠦᠷᠡᠭᠰᠡᠨ ᠪᠤᠯ ᠲᠡᠬᠡᠳᠤ ᠮᠦᠴᠡ ᠬᠦᠴᠦᠳᠠᠢ ᠡᠪᠡᠳᠴᠦ | ᠮᠢᠨᠴᠦᠬᠦᠷᠡᠬᠦ ᠪᠤᠶᠤ ᠲᠦᠷᠪᠡᠨ ᠮᠦᠴᠡ ᠬᠦᠴᠦ ᠠᠯᠳᠠᠵᠤ᠂ ᠵᠠᠮ ᠶᠠᠪᠤᠬᠤ ᠳᠠᠭᠠᠨ ᠲᠤᠭᠳᠠᠪᠤᠷᠢ ᠠᠯᠳᠠᠬᠤ ᠪᠤᠯᠤᠨ᠎ᠠ᠃ ᠡᠨᠡ | ᠦᠶᠡᠰ ᠮᠠᠰᠠ ᠵᠠᠰᠠᠯ ᠬᠢᠯᠬᠡᠬᠦ ᠴᠢᠬᠤᠯᠠᠳᠠᠢ᠃ | ᠲᠠᠪᠤ᠂ ᠬᠦᠵᠦᠬᠦᠤ ᠰᠡᠬᠡᠷ ᠤᠨ ᠰᠤᠩᠭᠠᠯᠳᠠ ᠶᠢ ᠪᠤᠯᠭᠤᠮᠵᠢᠳᠠᠢ ᠬᠢᠬᠦ ᠬᠡᠷᠡᠭᠳᠠᠢ᠃ ᠬᠦᠵᠦᠬᠦᠤ ᠰᠡᠬᠡᠷ ᠢ ᠰᠤᠩᠭᠠᠬᠤ | ᠪᠤᠯ ᠤᠳᠤᠬᠠᠨ ᠤ ᠬᠦᠵᠦᠬᠦᠤ ᠰᠡᠬᠡᠷ ᠤᠨ ᠡᠪᠡᠳᠴᠢᠨ ᠢ ᠵᠠᠰᠠᠬᠤ ᠨᠡᠯᠢᠶᠡᠳ ᠪᠦᠳᠦᠮᠵᠢᠳᠠᠢ ᠠᠷᠭ᠎ᠠ ᠪᠠᠷᠢᠯ ᠤᠨ ᠨᠢᠬᠡ | ᠪᠤᠯᠪᠠᠴᠦ ᠪᠤᠯᠭᠤᠮᠵᠢᠯᠠᠬᠤ ᠦᠬᠡᠢ ᠪᠤᠯ ᠬᠦᠵᠦᠬᠦᠤ ᠰᠡᠬᠡᠷ ᠳᠤ ᠡᠪᠡᠳᠴᠢᠨ ᠤ ᠬᠤᠪᠢᠷᠠᠯᠳᠠ ᠡᠬᠦᠰᠴᠦ᠂ ᠬᠦᠵᠦᠬᠦᠤ | ᠰᠡᠬᠡᠷ ᠤᠨ ᠲᠤᠯᠭᠠᠭᠤᠷᠢᠯᠠᠬᠤ ᠦᠢᠯᠡᠳᠤᠯ ᠮᠠᠭᠤᠳᠠᠵᠤ ᠮᠡᠳᠡᠨ᠎ᠠ᠃ | ᠵᠢᠷᠭᠤᠭ᠎ᠠ᠂ ᠪᠠᠶ᠎ᠠ ᠶᠢᠨ ᠪᠤᠯᠪᠠᠰᠤᠷᠠᠯᠳᠠ ᠪᠠᠨ ᠴᠢᠩᠭᠠᠳᠬᠠᠨ ᠬᠦᠵᠦᠬᠦᠨ ᠤ ᠪᠤᠯᠴᠢᠩ ᠢᠶᠠᠨ ᠴᠢᠩᠭᠠᠷᠠᠭᠤᠯᠬᠤ | ᠴᠢᠬᠤᠯᠠᠳᠠᠢ᠃ ᠡᠳᠤᠷ ᠪᠦᠷᠢ ᠠᠵᠢᠯ ᠤᠨ ᠴᠢᠯᠦᠬᠡ ᠵᠠᠪ ᠲᠠᠭᠠᠨ ᠬᠦᠵᠦᠬᠦᠤ ᠰᠡᠬᠡᠷ ᠤᠨ ᠲᠠᠮᠢᠷ ᠢ ᠬᠢᠵᠤ᠂ ᠬᠦᠵᠦᠬᠦᠤ ᠰᠡᠬᠡᠷ | ᠢᠶᠠᠨ ᠬᠠᠮᠠᠭᠠᠯᠠᠵᠤ ᠪᠤᠯᠤᠨ᠎ᠠ᠃ | |