ᠬᠦᠯ ᠤᠨ ᠬᠡᠰᠡᠭ ᠤᠨ ᠡᠷᠡᠬᠦᠯ ᠮᠡᠨᠳᠦ ᠶᠢ ᠨᠦᠯᠦᠭᠡᠯᠡᠬᠦ ᠠᠷᠪᠠᠨ ᠠᠰᠠᠭᠤᠳᠠᠯ
ᠨᠡᠶᠢᠲᠡᠯᠡᠭᠰᠡᠨ ᠴᠠᠭ᠄
2022/9/2
            ᠬᠦᠮᠦᠰ ᠬᠦᠯ ᠤᠨ ᠬᠡᠰᠡᠭ ᠤᠨ ᠡᠷᠡᠬᠦᠯ ᠮᠡᠨᠳᠦ ᠶᠢ ᠠᠮᠠᠷᠬᠠᠨ ᠤᠮᠳᠤᠭᠠᠢᠢᠯᠠᠳᠠᠭ᠂ ᠦᠨᠡᠨ ᠳᠡᠭᠡᠨ ᠬᠦᠯ ᠤᠨ ᠬᠡᠰᠡᠭ ᠪᠤᠯ ᠡᠳᠦᠷᠵᠢᠨ ᠬᠠᠮᠤᠭ ᠤᠨ ᠶᠡᠭᠡ ᠲᠠᠷᠤᠯᠳᠠ ᠶᠢ ᠬᠦᠯᠢᠴᠡᠵᠦ ᠪᠠᠶᠢᠳᠠᠭ ᠠᠴᠠ ᠬᠠᠮᠤᠭ ᠠᠮᠠᠷᠬᠠᠨ ᠶᠠᠳᠠᠷᠠᠳᠠᠭ᠃ ᠬᠦᠯ ᠤᠨ ᠬᠡᠰᠡᠭ ᠤᠨ ᠡᠷᠡᠬᠦᠯ ᠮᠡᠨᠳᠦ ᠶᠢ ᠬᠠᠮᠠᠭᠠᠯᠠᠬᠤ ᠨᠢ ᠲᠦᠢᠯ ᠤᠨ ᠴᠢᠬᠤᠯᠠ ᠶᠤᠮ᠃ ᠲᠤᠤᠷᠠᠬᠢ 10 ᠵᠦᠢᠯ ᠤᠨ ᠪᠠᠶᠢᠳᠠᠯ ᠬᠦᠯ ᠤᠨ ᠬᠡᠰᠡᠭ ᠤᠨ ᠡᠷᠡᠬᠦᠯ ᠮᠡᠨᠳᠦ ᠶᠢ ᠨᠦᠯᠦᠭᠡᠯᠡᠵᠦ ᠮᠡᠳᠡᠨ᠎ᠡ᠃       1᠂ ᠪᠡᠶ᠎ᠡ ᠶᠢᠨ ᠬᠦᠨᠳᠦ ᠪᠠᠷᠢᠮᠵᠢᠶ᠎ᠠ ᠠᠴᠠ ᠪᠠᠨ ᠬᠡᠳᠦᠷᠡᠬᠦ᠄ ᠬᠦᠯ ᠤᠨ ᠬᠡᠰᠡᠭ ᠤᠨ ᠬᠦᠯᠢᠴᠡᠬᠦ ᠴᠢᠳᠠᠪᠤᠷᠢ ᠪᠠᠷᠤᠭ ᠪᠡᠶ᠎ᠡ ᠶᠢᠨ ᠬᠦᠨᠳᠦ ᠶᠢᠨ 120% ᠪᠠᠶᠢᠳᠠᠭ᠃ ᠠᠮᠧᠷᠢᠺᠠ ᠶᠢᠨ ᠴᠢᠺᠠᠭᠤ᠋ ᠶᠡᠭᠡ ᠰᠤᠷᠭᠠᠭᠤᠯᠢ ᠶᠢᠨ ᠬᠦᠯ ᠤᠨ ᠡᠪᠡᠳᠴᠢᠨ ᠤ ᠲᠤᠰᠬᠠᠢ ᠮᠡᠷᠭᠡᠵᠢᠯᠳᠡᠨ ᠪᠠᠲᠭᠠᠢᠢᠰᠲᠸᠦᠰ ᠳ᠋ᠤᠺᠲ᠋ᠤᠷ ᠤᠨ ᠢᠯᠡᠷᠭᠡᠶᠢᠯᠡᠭᠰᠡᠨ ᠢᠶᠠᠷ᠂ ᠮᠠᠷᠢᠶ᠎ᠠ ᠶᠡᠭᠡ ᠨᠢ ᠬᠦᠯ ᠤᠨ ᠬᠡᠰᠡᠭ ᠤᠨ ᠬᠦᠯᠢᠴᠡᠬᠦ ᠲᠠᠷᠤᠯᠳᠠ ᠶᠢ ᠨᠡᠮᠡᠭᠳᠡᠬᠦᠯᠵᠦ᠂ ᠬᠦᠯ ᠤᠨ ᠤᠯᠠ ᠶᠢᠨ ᠰᠢᠷᠪᠦᠰᠦᠨ ᠤ ᠢᠯᠳᠠᠰᠤ ᠶᠢᠨ ᠦᠷᠪᠢᠰᠦᠯ ᠪᠠ ᠬᠦᠯ ᠤᠨ       ᠪᠤᠷᠪᠢ ᠡᠪᠡᠳᠬᠦ ᠡᠪᠡᠳᠴᠢᠨ ᠢ ᠡᠬᠦᠰᠭᠡᠨ᠎ᠡ᠃       2᠂ ᠰᠢᠬᠢᠷ ᠰᠢᠵᠢᠩ ᠡᠪᠡᠳᠴᠢᠨ᠄ ᠬᠦᠯ ᠤᠨ ᠬᠡᠰᠡᠭ ᠵᠢᠷᠦᠭᠡᠨ ᠠᠴᠠ ᠬᠠᠮᠤᠭ ᠬᠤᠯᠠ ᠪᠤᠯᠬᠤᠷ ᠬᠠᠮᠤᠭ ᠠᠮᠠᠷᠬᠠᠨ ᠴᠢᠰᠤᠨ ᠡᠷᠬᠢᠯᠳᠡ ᠮᠠᠭᠤᠳᠠᠬᠤ ᠪᠠ ᠮᠡᠳᠡᠷᠡᠯ ᠠᠯᠳᠠᠬᠤ ᠪᠤᠯᠤᠨ᠎ᠠ᠃ ᠡᠨᠡᠬᠦ ᠬᠤᠶᠠᠷ ᠵᠦᠢᠯ ᠤᠨ ᠡᠪᠡᠳᠴᠢᠨ ᠴᠤᠭ ᠡᠬᠦᠰᠪᠡᠯ ᠰᠢᠷᠬ᠎ᠠ ᠰᠤᠷᠪᠢ ᠠᠮᠠᠷᠬᠠᠨ ᠡᠳᠡᠭᠡᠷᠡᠬᠦ ᠦᠭᠡᠢ ᠪᠤᠶᠤ ᠬᠦᠯ ᠢ ᠤᠭᠳᠤᠯᠤᠭᠤᠯᠬᠤ ᠮᠡᠰᠡ ᠵᠠᠰᠠᠯ ᠬᠢᠯᠭᠡᠬᠦ ᠳᠤ ᠬᠦᠷᠦᠬᠦᠯᠦᠨ᠎ᠡ᠃ ᠡᠶᠢᠮᠦ ᠠᠴᠠ ᠰᠢᠬᠢᠷ ᠰᠢᠵᠢᠩ ᠡᠪᠡᠳᠴᠢᠳᠡᠨ ᠵᠢᠯ ᠪᠦᠷᠢ ᠡᠮᠨᠡᠯᠭᠡ ᠳᠤ ᠤᠴᠢᠵᠤ ᠬᠤᠶᠠᠷ ᠬᠦᠯ ᠢᠶᠠᠨ ᠪᠠᠶᠢᠴᠠᠭᠠᠯᠪᠠᠯ ᠵᠤᠬᠢᠨ᠎ᠠ ᠃ ᠡᠬᠦᠨ ᠠᠴᠠ ᠭᠠᠳᠠᠨ᠎ᠠ᠂ ᠲᠠᠭᠠᠳᠠᠢ ᠱᠠᠬᠠᠢ ᠡᠮᠦᠰᠴᠦ ᠬᠦᠯ ᠢ ᠰᠢᠬᠠᠵᠤ ᠲᠠᠷᠤᠬᠤ ᠪᠤᠶᠤ ᠱᠦᠷᠬᠦᠭᠡᠵᠦ ᠡᠪᠡᠳᠭᠡᠬᠦ ᠠᠴᠠ ᠵᠠᠶᠢᠯᠠᠰᠬᠢᠪᠠᠯ ᠵᠤᠬᠢᠨ᠎ᠠ᠃             3᠂ ᠴᠢᠰᠤᠨ ᠡᠷᠬᠢᠯᠳᠡ ᠮᠠᠭᠤ᠄ ᠠᠮᠧᠷᠢᠺᠠ ᠶᠢᠨ ᠬᠦᠯ ᠤᠨ ᠠᠨᠠᠭᠠᠬᠤ ᠤᠬᠠᠭᠠᠨ ᠤ ᠨᠡᠶᠢᠭᠡᠮᠯᠢᠭ ᠤᠨ ᠲᠠᠷᠤᠭ᠎ᠠ ᠲᠤᠤᠪᠦ᠋ᠮᠠᠨ ᠳ᠋ᠤᠺᠲ᠋ᠤᠷ ᠤᠨ ᠢᠯᠡᠷᠭᠡᠶᠢᠯᠡᠭᠰᠡᠨ ᠢᠶᠠᠷ᠂ ᠬᠦᠯ ᠤᠨ ᠬᠡᠰᠡᠭ ᠤᠨ ᠪᠦᠳᠦᠬᠦᠨ ᠴᠢᠰᠤᠨ ᠰᠤᠳᠠᠯ ᠢᠪᠴᠤᠤ ᠠᠴᠠ ᠪᠤᠯᠤᠭᠰᠠᠨ ᠴᠢᠰᠤᠨ ᠰᠤᠳᠠᠯ ᠤᠨ ᠡᠪᠡᠳᠴᠢᠨ ᠨᠢ ᠬᠦᠯ ᠤᠨ ᠡᠪᠡᠳᠴᠢᠨ ᠢ ᠡᠬᠦᠰᠭᠡᠬᠦ ᠨᠤᠷᠮ᠎ᠠ ᠶᠢ ᠶᠡᠭᠡᠪᠡᠷ ᠲᠡᠭᠡᠭᠰᠢᠯᠡᠬᠦᠯᠦᠨ᠎ᠡ᠃ ᠡᠬᠦᠨ ᠠᠴᠠ ᠭᠠᠳᠠᠨ᠎ᠠ᠂ ᠲᠠᠮᠠᠬᠢ ᠲᠠᠳᠠᠬᠤ ᠨᠢ ᠪᠠᠰᠠ ᠴᠢᠰᠤᠨ ᠰᠤᠳᠠᠯ ᠤᠨ ᠡᠷᠬᠢᠯᠳᠡ ᠶᠢ ᠨᠦᠯᠦᠭᠡᠯᠡᠳᠡᠭ᠃       4᠂ ᠡᠴᠢᠭᠡ ᠡᠭᠡ ᠨᠢ ᠬᠦᠯ ᠡᠪᠡᠳᠬᠦ ᠠᠰᠠᠭᠤᠳᠠᠯ ᠲᠠᠢ ᠬᠦᠮᠦᠰ᠄ ᠬᠦᠯ ᠤᠨ ᠡᠪᠡᠳᠴᠢᠨ ᠪᠠᠰᠠ ᠤᠯᠠᠮᠵᠢᠯᠠᠳᠠᠭ᠂ ᠡᠶᠢᠮᠦ ᠠᠴᠠ ᠡᠴᠢᠭᠡ ᠡᠭᠡ ᠨᠢ ᠬᠦᠯ ᠡᠪᠡᠳᠬᠦ ᠠᠰᠠᠭᠤᠳᠠᠯ ᠲᠠᠢ ᠬᠦᠮᠦᠰ ᠬᠦᠯ ᠤᠨ ᠡᠷᠡᠬᠦᠯ ᠮᠡᠨᠳᠦ ᠶᠢ ᠤᠨᠴᠠ ᠠᠩᠬᠠᠷᠪᠠᠯ ᠵᠤᠬᠢᠨ᠎ᠠ᠃             5᠂ ᠬᠦᠯ ᠤᠨ ᠤᠯᠠ ᠲᠡᠭᠰᠢ ᠪᠤᠶᠤ ᠦᠯᠡᠮᠡᠢ ᠪᠤᠰᠤᠬ᠎ᠠ ᠬᠦᠮᠦᠰ᠄ ᠬᠦᠯ ᠤᠨ ᠤᠯᠠ ᠲᠡᠭᠰᠢ ᠪᠤᠯ ᠪᠤᠯᠴᠢᠩ ᠪᠤᠯᠤᠨ ᠪᠤᠯᠴᠢᠩ ᠤᠨ ᠰᠢᠷᠪᠦᠰᠦ ᠲᠠᠳᠠᠬᠤ ᠬᠦᠴᠦᠨ ᠢ ᠪᠠᠭᠠᠰᠬᠠᠵᠤ᠂ ᠪᠤᠷᠪᠢ ᠶᠢᠨ ᠰᠢᠷᠪᠦᠰᠦᠨ ᠤ ᠦᠷᠪᠢᠰᠦᠯ ᠪᠤᠯᠤᠨ ᠦᠶ᠎ᠡ ᠬᠡᠰᠢᠬᠦᠦ ᠶᠢᠨ ᠬᠤᠶᠠᠩ ᠰᠢᠷ᠎ᠡ ᠤᠰᠤᠨ ᠤ ᠡᠪᠡᠳᠴᠢᠨ ᠢ ᠡᠬᠦᠰᠭᠡᠨ᠎ᠡ᠃ ᠦᠨᠳᠦᠷ ᠦᠯᠡᠮᠡᠢ ᠨᠢ ᠬᠦᠯ ᠤᠨ ᠬᠡᠰᠡᠭ ᠤᠨ ᠬᠦᠳᠡᠯᠦᠯ ᠢ ᠬᠦᠰᠢᠬᠦᠨ ᠪᠤᠯᠭᠠᠵᠤ᠂ ᠡᠪᠦᠳᠦᠭ ᠤᠨ ᠬᠡᠰᠡᠭ ᠪᠤᠯᠤᠨ ᠠᠷᠤ ᠲᠠᠯ᠎ᠠ ᠶᠢᠨ ᠲᠠᠷᠤᠯᠳᠠ ᠶᠢ ᠨᠡᠮᠡᠭᠳᠡᠬᠦᠯᠦᠨ᠎ᠡ᠃ ᠡᠮᠦᠨᠡᠭᠢ ᠨᠢ ᠱᠠᠬᠠᠢ ᠪᠠᠨ ᠵᠠᠰᠠᠬᠤ ᠪᠤᠶᠤ ᠬᠦᠯ ᠤᠨ ᠬᠡᠯᠪᠡᠷᠢ ᠪᠠᠨ ᠵᠠᠰᠠᠵᠤ ᠵᠠᠯᠠᠷᠠᠭᠤᠯᠬᠤ ᠮᠡᠰᠡ ᠵᠠᠰᠠᠯ ᠬᠢᠯᠭᠡᠵᠦ ᠪᠤᠯᠤᠨ᠎ᠠ︔ ᠬᠤᠶᠢᠨᠠᠬᠢ ᠨᠢ ᠠᠭᠤᠵᠢᠮ ᠲᠠᠭᠠᠯᠠᠮᠵᠢᠳᠠᠢ ᠱᠠᠬᠠᠢ ᠡᠮᠦᠰᠴᠦ᠂ ᠬᠦᠯ ᠤᠨ ᠬᠡᠰᠡᠭ ᠤᠨ ᠲᠠᠷᠤᠯᠳᠠ ᠶᠢ ᠪᠠᠭᠠᠰᠬᠠᠵᠤ ᠪᠤᠯᠤᠨ᠎ᠠ᠃       6᠂ ᠱᠠᠬᠠᠢ ᠬᠦᠯ ᠲᠠᠢ ᠵᠤᠬᠢᠴᠠᠬᠤ ᠦᠭᠡᠢ ᠪᠤᠯᠬᠤ᠄ ᠠᠮᠧᠷᠢᠺᠠ ᠶᠢᠨ ᠬᠦᠯ ᠤᠨ ᠬᠡᠰᠡᠭ ᠤᠨ ᠠᠨᠠᠭᠠᠬᠤ ᠤᠬᠠᠭᠠᠨ ᠤ ᠨᠡᠶᠢᠭᠡᠮᠯᠢᠭ ᠤᠨ ᠪᠠᠶᠢᠴᠠᠭᠠᠯᠳᠠ ᠳᠤ ᠢᠯᠡᠷᠡᠬᠦᠯᠦᠭᠰᠡᠨ ᠢᠶᠠᠷ᠂ 34% ᠭᠠᠷᠤᠢ ᠶᠢᠨ ᠡᠷᠡᠭᠳᠡᠶᠢᠴᠦᠳ ᠱᠠᠬᠠᠢ ᠨᠢ ᠬᠦᠯ ᠲᠠᠢ ᠎ ᠨᠢ ᠶᠠᠭ ᠰᠠᠶᠢᠬᠠᠨ ᠲᠤᠬᠢᠷᠠᠵᠤ ᠪᠠᠶᠢᠬᠤ ᠡᠰᠡᠬᠦ ᠶᠢ ᠬᠠᠮᠢᠶᠠᠷᠳᠠᠭ ᠦᠭᠡ︔ 20%᠎ ᠤᠨ ᠡᠮᠡᠭᠳᠡᠶᠢᠴᠦᠳ ᠭᠠᠷᠠᠭ ᠪᠦᠷᠢ ᠱᠠᠬᠠᠢ ᠳᠠᠭᠠᠨ ᠬᠦᠯ ᠢᠶᠠᠨ ᠰᠢᠷᠬᠠᠳᠤᠭᠤᠯᠵᠤ ᠪᠤᠢ︔ 8%᠎ ᠤᠨ ᠬᠦᠮᠦᠰ ᠱᠠᠬᠠᠢ ᠨᠢ ᠬᠦᠯ ᠲᠠᠢ ᠨᠢ ᠰᠠᠶᠢᠬᠠᠨ ᠲᠠᠭᠠᠷᠠᠬᠤ ᠦᠭᠡᠢ ᠠᠴᠠ ᠪᠤᠯᠵᠤ ᠭᠠᠴᠢᠭᠳᠠᠵᠤ ᠪᠠᠶᠢᠳᠠᠭ᠃ ᠦᠨᠡᠨ ᠳᠡᠭᠡᠨ ᠨᠠᠰᠤᠨ ᠤ ᠨᠡᠮᠡᠭᠳᠡᠬᠦ ᠶᠢ ᠲᠠᠭᠠᠯᠳᠤᠨ᠂ ᠬᠦᠮᠦᠨ ᠤ ᠬᠦᠯ ᠦᠷᠭᠡᠨ ᠪᠦᠭᠡᠳ ᠤᠷᠳᠤ ᠪᠤᠯᠳᠠᠭ᠂ ᠱᠠᠬᠠᠢ ᠬᠤᠳᠠᠯᠳᠤᠨ ᠠᠪᠬᠤ ᠠᠴᠠ ᠪᠠᠨ ᠡᠮᠦᠨ᠎ᠡ ᠢᠯᠡᠬᠦᠦ ᠬᠡᠳᠦ ᠤᠳᠠᠭ᠎ᠠ ᠲᠤᠷᠰᠢᠨ ᠡᠮᠦᠰᠴᠦ ᠦᠵᠡᠪᠡᠯ ᠵᠤᠬᠢᠨ᠎ᠠ᠃             7᠂ ᠤᠷᠳᠤ ᠬᠤᠭᠤᠴᠠᠭ᠎ᠠ ᠦᠨᠳᠦᠷ ᠪᠤᠷᠪᠢ ᠲᠠᠢ ᠱᠠᠬᠠᠢ ᠡᠮᠦᠰᠬᠦ᠄ ᠲᠤᠰᠬᠠᠢ ᠮᠡᠷᠭᠡᠵᠢᠯᠳᠡᠨ ᠤ ᠢᠯᠡᠷᠭᠡᠶᠢᠯᠡᠭᠰᠡᠨ ᠎ ᠢᠶᠠᠷ᠂ ᠦᠷᠬᠦᠯᠵᠢ ᠦᠨᠳᠦᠷ ᠪᠤᠷᠪᠢ ᠲᠠᠢ ᠱᠠᠬᠠᠢ ᠡᠮᠦᠰᠬᠦ ᠨᠢ ᠬᠦᠯ ᠤᠨ ᠲᠠᠷᠤᠯᠳᠠ ᠶᠢ ᠬᠦᠯ ᠤᠨ ᠪᠤᠷᠪᠢ ᠪᠤᠯᠤᠨ ᠬᠦᠯ ᠤᠨ ᠤᠯᠠ ᠶᠢᠨ ᠤᠷᠢᠳᠤ ᠬᠡᠰᠡᠭ ᠲᠤ ᠲᠦᠪᠯᠡᠷᠡᠬᠦᠯᠵᠦ᠂ ᠡᠬᠦᠨ ᠤ ᠤᠯᠠᠮ ᠢᠶᠠᠷ ᠮᠡᠳᠡᠷᠡᠯ ᠤᠨ ᠬᠠᠪᠤᠳᠠᠷ᠂ ᠡᠷᠡᠭᠡᠢ ᠬᠤᠷᠤᠭᠤᠨ ᠤ ᠦᠷᠪᠢᠰᠦᠯ ᠪᠤᠯᠤᠨ ᠬᠦᠯ ᠤᠨ ᠬᠢᠮᠤᠰᠤ ᠶᠢᠨ ᠠᠰᠠᠭᠤᠳᠠᠯ ᠢ ᠡᠬᠦᠰᠭᠡᠨ᠎ᠡ᠃ ᠡᠶᠢᠮᠦ ᠠᠴᠠ ᠤᠯᠠᠩᠬᠢ ᠪᠠᠶᠢᠳᠠᠯ ᠲᠤᠤᠷ᠎ᠠ       ᠱᠠᠬᠠᠢ ᠶᠢᠨ ᠦᠰᠦᠭᠡᠢ 6.35 ᠮᠢᠯᠢᠮᠧᠲᠷ ᠠᠴᠠ ᠬᠡᠳᠦᠷᠡᠬᠦ ᠦᠭᠡᠢ ᠪᠤᠯ ᠰᠠᠶᠢᠨ᠃       8᠂ ᠬᠤᠶᠠᠷ ᠬᠦᠯ ᠨᠠᠷᠠ ᠤᠯᠵᠤ ᠦᠵᠡᠬᠦ ᠦᠭᠡᠢ᠄ ᠲᠤᠯᠠᠭᠠᠨ ᠴᠢᠬᠢᠭ ᠲᠠᠢ ᠤᠷᠴᠢᠨ ᠲᠤᠭᠤᠷᠢᠨ ᠪᠤᠯ ᠪᠠᠺᠲ᠋ᠧᠷᠢ ᠦᠷᠡᠵᠢᠬᠦ ᠬᠠᠮᠤᠭ ᠰᠠᠶᠢᠨ ᠤᠷᠴᠢᠨ ᠲᠤᠭᠤᠷᠢᠨ ᠪᠤᠯᠤᠨ᠎ᠠ᠂ ᠡᠶᠢᠮᠦ ᠠᠴᠠ᠂ ᠬᠦᠯ ᠢᠶᠠᠨ ᠦᠷᠬᠦᠯᠵᠢ ᠨᠠᠷᠠᠨ ᠳᠤ ᠡᠭᠡᠵᠦ᠂ ᠭᠡᠷ ᠲᠡᠭᠡᠨ ᠬᠠᠷᠢᠭᠰᠠᠭᠠᠷ ᠤᠢᠢᠮᠤᠰᠤ ᠪᠠᠨ ᠲᠠᠶᠢᠯᠵᠤ ᠬᠦᠯ ᠢᠶᠠᠨ ᠨᠠᠷᠠᠨ ᠤ ᠬᠡᠷᠡᠯ ᠦᠵᠡᠬᠦᠯᠪᠡᠯ ᠵᠤᠬᠢᠨ᠎ᠠ᠃ ᠡᠬᠦᠨ ᠤ ᠬᠠᠮᠳᠤ ᠬᠦᠯᠦᠰᠦ ᠰᠢᠩᠭᠡᠭᠡᠬᠦ ᠤᠢᠢᠮᠤᠰᠤ ᠶᠢ ᠰᠤᠩᠭᠤᠪᠠᠯ ᠰᠠᠶᠢᠨ᠃             9᠂ ᠬᠦᠯ ᠤᠨ ᠡᠪᠡᠳᠴᠢᠨ ᠢᠶᠠᠨ ᠡᠮᠨᠡᠬᠦᠯᠦᠨ ᠵᠠᠰᠠᠭᠤᠯᠬᠤ ᠦᠭᠡᠢ᠄ ᠪᠡᠶ᠎ᠠ ᠮᠠᠬᠠᠪᠤᠳ ᠤᠨ ᠪᠤᠰᠤᠳ ᠬᠡᠰᠡᠭ ᠡᠪᠡᠳᠪᠡᠯ ᠬᠦᠮᠦᠰ ᠪᠦᠷ ᠡᠮᠴᠢ ᠪᠠᠷ ᠦᠵᠡᠬᠦᠯᠳᠡᠭ ᠪᠤᠯᠪᠠᠴᠤ ᠬᠦᠯ ᠤᠨ ᠬᠡᠰᠡᠭ ᠡᠪᠡᠳᠪᠡᠯ ᠶᠡᠷᠦᠳᠡᠭᠡᠨ ᠴᠢᠬᠤᠯᠠᠴᠢᠯᠠᠬᠤ ᠦᠭᠡᠢ ᠪᠠᠶᠢᠳᠠᠭ᠃ ᠦᠨᠡᠨ ᠳᠡᠭᠡᠨ ᠴᠠᠭ ᠲᠤᠬᠠᠢ ᠳᠤᠨᠢ ᠡᠮᠨᠡᠬᠦᠯᠦᠨ ᠵᠠᠰᠠᠭᠤᠯᠵᠤ᠂ ᠡᠮᠳᠦ ᠤᠯᠠᠪᠴᠢ ᠡᠰᠡᠬᠦᠯ᠎ᠡ ᠬᠦᠯ ᠤᠨ ᠬᠡᠰᠡᠭ ᠢ ᠵᠠᠰᠠᠵᠤ ᠵᠠᠯᠠᠷᠠᠭᠤᠯᠵᠤ ᠡᠪᠡᠳᠴᠢᠨ ᠤ ᠪᠠᠶᠢᠳᠠᠯ ᠢ ᠨᠠᠮᠬᠠᠷᠠᠭᠤᠯᠪᠠᠯ ᠵᠤᠬᠢᠨ᠎ᠠ᠃       10᠂ ᠬᠡᠳᠦ ᠴᠦᠭᠡᠨ ᠠᠯᠬᠤᠬᠤ᠄ ᠢᠯᠡᠬᠦᠦ ᠠᠯᠬᠤᠬᠤ ᠨᠢ ᠬᠦᠯ ᠤᠨ ᠬᠡᠰᠡᠭ ᠤᠨ ᠪᠤᠯᠴᠢᠩ ᠢ ᠪᠤᠯᠪᠠᠰᠤᠷᠠᠭᠤᠯᠳᠠᠭ ᠎ ᠠᠴᠠ᠂ ᠬᠤᠶᠠᠷ ᠬᠦᠯ ᠢ ᠬᠠᠮᠠᠭᠠᠯᠠᠬᠤ ᠬᠠᠮᠤᠭ ᠤᠨ ᠰᠠᠶᠢᠨ ᠠᠷᠭ᠎ᠠ ᠮᠦᠨ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号