| ᠨᠢᠭᠡ᠂ ᠡᠳᠣᠷ ᠪᠦᠷᠢ ᠰᠢᠮ᠎ᠡ ᠲᠡᠵᠢᠭᠡᠯ ᠲᠠᠢ ᠦᠷᠯᠥᠭᠡ ᠶᠢᠨ ᠬᠤᠭᠤᠯᠠ ᠢᠳᠡᠨ᠎ᠡ᠃ ᠢᠩᠬᠢᠬᠦ ᠨᠢ ᠣᠶᠣᠨ | ᠰᠡᠳᠬᠢᠴᠡ ᠶᠢ ᠰᠡᠷᠬᠦᠯᠡᠩ ᠪᠣᠯᠭᠠᠵᠦ᠂ ᠠᠵᠢᠯ ᠰᠣᠷᠣᠯᠭ᠎ᠠ ᠶᠢᠨ ᠦᠷ᠎ᠡ ᠪᠦᠳᠣᠮᠵᠢ ᠶᠢ ᠲᠡᠭᠡᠭᠰᠢᠯᠡᠬᠦᠯᠥᠨ᠎ᠡ᠃ | ᠬᠤᠶᠠᠷ᠂ ᠡᠳᠣᠷ ᠪᠦᠷᠢ 5 ᠵᠣᠶᠢᠯ ᠤᠨ ᠨᠣᠭᠤᠭ᠎ᠠ ᠵᠢᠮᠢᠰ ᠢᠳᠡᠨ᠎ᠡ᠃ ᠤᠯᠠᠨ ᠵᠣᠶᠢᠯ ᠤᠨ ᠨᠣᠭᠤᠭ᠎ᠠ ᠵᠢᠮᠢᠰ | ᠢᠳᠡᠬᠦ ᠨᠢ ᠬᠦᠮᠣᠨ ᠤ ᠪᠡᠶ᠎ᠡ ᠶᠢᠨ ᠡᠪᠡᠳᠴᠢᠨ ᠡᠰᠡᠷᠬᠦᠴᠡᠬᠦ ᠴᠢᠳᠠᠪᠣᠷᠢ ᠶᠢ ᠨᠡᠮᠡᠭᠳᠡᠬᠦᠯᠥᠨ᠎ᠡ᠃ | ᠭᠤᠷᠪᠠ᠂ ᠡᠳᠣᠷ ᠪᠦᠷᠢ 30 ᠮᠢᠨᠣᠲ ᠬᠦᠳᠡᠯᠭᠡᠭᠡᠨ ᠬᠢᠨ᠎ᠡ᠃ ᠡᠳᠣᠷ ᠪᠦᠷᠢ ᠲᠣᠭᠳᠠᠭᠰᠡᠨ ᠴᠠᠭ ᠲᠠᠢ | ᠬᠦᠳᠡᠯᠭᠡᠭᠡᠨ ᠬᠢᠬᠦ ᠨᠢ ᠵᠢᠷᠣᠬᠡᠨ ᠲᠠᠮᠢᠷ ᠢ ᠰᠠᠶᠢᠵᠢᠷᠠᠭᠤᠯᠵᠦ᠂ ᠰᠢᠬᠢᠷ ᠰᠢᠵᠢᠩ ᠡᠪᠡᠳᠴᠢᠨ᠂ ᠶᠠᠰᠣ ᠰᠢᠭᠤᠷᠠᠬᠤ ᠡᠪᠡᠳᠴᠢᠨ | ᠵᠡᠷᠭᠡ ᠶᠢ ᠰᠡᠷᠭᠡᠶᠢᠯᠡᠬᠦ ᠳᠤ ᠠᠰᠢᠭᠳᠠᠢ᠃ | ᠳᠥᠷᠪᠡ᠂ ᠮᠣᠳᠣᠨ ︵ᠬᠤᠯᠣᠰᠣᠨ︶ ᠰᠢᠬᠢᠴᠢᠯᠡᠬᠦᠷ ᠵᠡᠷᠭᠡ ᠶᠢ ᠣᠷᠬᠢᠵᠦ ᠣᠳᠠᠰᠣ ᠪᠠᠷ ᠰᠢᠳᠣ ᠪᠠᠨ ᠰᠢᠬᠢᠴᠢᠯᠡᠨᠡ | ᠃ ᠡᠮᠨᠡᠯᠭᠡ ᠶᠢᠨ ᠰᠢᠨᠵᠢᠯᠭᠡᠨ ᠳᠤ ᠢᠯᠡᠷᠡᠬᠦᠯᠥᠭᠰᠡᠨ ᠢᠶᠠᠷ᠂ ᠣᠳᠠᠰᠣ ᠪᠠᠷ ᠰᠢᠳᠣ ᠪᠠᠨ ᠰᠢᠬᠢᠴᠢᠯᠡᠬᠦ ᠨᠢ ᠰᠢᠳᠣ | ᠬᠤᠷᠣᠬᠠᠶᠢᠳᠠᠬᠤ ᠲᠣᠬᠢᠶᠠᠯ ᠢ ᠪᠠᠭᠠᠰᠬᠠᠵᠦ᠂ ᠵᠢᠷᠣᠬᠡ ᠶᠢ ᠬᠠᠮᠠᠭᠠᠯᠠᠬᠤ ᠣᠶᠢᠯᠡᠳᠣᠯ ᠲᠠᠢ᠃ | ᠲᠠᠪᠤ᠂ ᠡᠷᠣᠭᠡ ᠭᠡᠷ᠂ ᠠᠵᠢᠯᠯᠠᠬᠤ ᠭᠡᠷ ᠲᠡᠭᠡᠨ ᠬᠤᠸᠠᠷ ᠴᠡᠴᠡᠭ ᠣᠷᠭᠤᠭᠤᠯᠵᠦ᠂ ᠵᠢᠭᠠᠰᠣ ᠵᠢᠷᠭᠠᠬᠠᠢ ᠲᠡᠵᠢᠭᠡᠨ᠎ᠡ᠃ | ᠢᠩᠬᠢᠬᠦ ᠨᠢ ᠬᠦᠮᠤᠨ ᠤ ᠣᠶᠣᠨ ᠰᠠᠨᠠᠭ᠎ᠠ ᠶᠢ ᠠᠮᠣᠷᠵᠢᠭᠤᠯᠬᠤ ᠳᠤ ᠲᠣᠰᠠᠳᠠᠢ᠃ | ᠵᠢᠷᠭᠤᠭ᠎ᠠ᠂ ᠲᠠᠮᠠᠬᠢ ᠲᠠᠳᠠᠬᠤ ᠪᠠᠨ ᠵᠣᠭᠰᠣᠨ᠎ᠠ᠃ ᠲᠠᠮᠠᠬᠢᠨ ᠤ ᠲᠣᠳᠣᠷ᠎ᠠ 4000 ᠭᠠᠷᠣᠢ ᠵᠣᠶᠢᠯ ᠤᠨ ᠬᠤᠣᠷᠳᠣ | ᠪᠣᠳᠠᠰ ᠠᠭᠤᠯᠵᠦ᠂ ᠣᠯᠠᠨ ᠵᠣᠶᠢᠯ ᠤᠨ ᠡᠪᠡᠳᠴᠢᠨ ᠡᠮᠬᠡᠭ ᠢ ᠡᠬᠦᠰᠬᠡᠬᠦ ᠠᠶᠣᠯᠳᠠᠢ ᠪᠣᠯᠬᠤᠷ ᠲᠠᠮᠠᠬᠢ ᠲᠠᠳᠠᠬᠤ ᠪᠠᠨ | ᠲᠦᠷᠭᠡᠨ ᠵᠣᠭᠰᠤᠬᠤ ᠬᠡᠷᠡᠭᠳᠠᠢ᠃ | ᠳᠣᠯᠤᠭ᠎ᠠ᠂ ᠬᠤᠭᠤᠯᠠ ᠢᠳᠡᠬᠦ ᠦᠶᠡᠰ ᠲᠧᠯᠸᠢᠰ ᠦᠵᠡᠬᠦ ᠦᠭᠡᠢ ᠪᠣᠯ ᠰᠠᠶᠢᠨ᠃ ᠲᠧᠯᠸᠢᠰ ᠦᠵᠡᠵᠦ ᠪᠠᠶᠢᠭᠠᠳ | ᠬᠤᠭᠤᠯᠠ ᠢᠳᠡᠬᠦ ᠨᠢ ᠡᠷᠡᠬᠦᠯ ᠮᠡᠨᠳᠣ ᠳᠤ ᠠᠰᠢᠭ ᠦᠭᠡᠢ ᠪᠠᠶᠢᠳᠠᠭ᠃ | ᠨᠠᠢᠮᠠ᠂ ᠠᠵᠢᠯᠯᠠᠵᠦ ᠠᠮᠠᠷᠠᠬᠤ ᠪᠠᠨ ᠵᠣᠬᠢᠴᠠᠭᠤᠯᠬᠤ ᠬᠡᠷᠡᠭᠳᠠᠢ᠃ ᠬᠡᠳᠣᠷᠬᠡᠢ ᠶᠠᠳᠠᠷᠠᠬᠤ ᠨᠢ ᠡᠷᠡᠬᠦᠯ ᠮᠡᠨᠳᠣ ᠶᠢ | ᠬᠤᠬᠢᠷᠠᠭᠤᠯᠣᠨᠠ᠃ | ᠶᠢᠰᠦ᠂ ᠬᠡᠳᠣᠢ ᠶᠠᠭᠠᠷᠠᠤ ᠪᠠᠶᠢᠭᠰᠡᠨ ᠴᠦ ᠡᠳᠣᠷ ᠪᠦᠷᠢ ᠭᠡᠷ ᠤᠨ ᠬᠦᠮᠣᠰ ᠲᠠᠢ ᠪᠠᠨ ᠨᠡᠶᠢᠯᠡᠵᠦ ᠬᠡᠯᠡᠯᠴᠡᠵᠦ | ᠶᠠᠷᠢᠯᠴᠠᠵᠦ ᠵᠣᠭᠤᠭᠳᠠᠬᠤ ᠬᠡᠷᠡᠭᠳᠠᠢ᠃ ᠢᠩᠬᠢᠬᠦ ᠨᠢ ᠠᠵᠢᠯ ᠤᠨ ᠲᠠᠷᠣᠭᠠᠰᠣ ᠶᠢ ᠬᠦᠩᠭᠡᠯᠡᠵᠦ᠂ ᠶᠠᠳᠠᠷᠠᠭ᠎ᠠ ᠶᠢ ᠲᠠᠶᠢᠯᠠᠬᠤ | ᠳᠤ ᠲᠣᠰᠠᠳᠠᠢ ᠪᠠᠶᠢᠳᠠᠭ᠃ | ᠠᠷᠪᠠ᠂ ᠰᠠᠶᠢᠳᠣᠷ ᠣᠨᠳᠠᠵᠦ ᠠᠮᠠᠷᠠᠬᠤ ᠬᠡᠷᠡᠭᠳᠠᠢ᠃ ᠰᠠᠶᠢᠳᠣᠷ ᠣᠨᠳᠠᠵᠦ ᠠᠮᠠᠷᠠᠬᠤ ᠨᠢ ᠪᠡᠶ᠎ᠡ ᠶᠢᠨ ᠡᠷᠡᠬᠦᠯ ᠮᠡᠨᠳᠣ | ᠶᠢ ᠪᠠᠳᠣᠯᠠᠬᠤ ᠴᠢᠬᠤᠯᠠ ᠨᠢᠭᠡ ᠨᠦᠬᠦᠴᠡᠯ ᠪᠣᠯᠣᠨ᠎ᠠ᠃ |