| ᠪᠤᠴᠠᠯᠤᠭᠰᠠᠨ ᠪᠦᠯᠢᠶᠠᠨ ᠤᠰᠤ ᠭᠡᠳᠡᠭ ᠪᠤᠯ ᠤᠰᠤ ᠶᠢ ᠪᠤᠴᠠᠯᠭᠠᠭᠠᠳ ᠬᠦᠷᠦᠭᠡᠵᠤ 25 — 30 ᠭᠷᠡᠳᠦ᠋ᠰ | ᠪᠤᠯᠭᠠᠬᠤ ᠶᠢ ᠭᠡᠯᠡᠵᠤ ᠪᠠᠶᠢᠨ᠎ᠠ᠃ ᠪᠤᠴᠠᠯᠤᠭᠰᠠᠨ ᠪᠦᠯᠢᠶᠡᠨ ᠤᠰᠤ ᠶᠢ ᠦᠷᠬᠦᠯᠵᠢ ᠤᠤᠭᠤᠬᠤ ᠨᠢ ᠪᠡᠶ᠎ᠠ ᠳᠤ ᠲᠤᠰᠠᠳᠠᠢ | ᠪᠦᠭᠡᠳ ᠪᠠᠰᠠ ᠮᠠᠰᠢ ᠭᠠᠶᠢᠬᠠᠯᠳᠠᠢ ᠭᠡᠷᠡᠭᠴᠡᠭᠡ ᠲᠠᠢ ᠪᠠᠶᠢᠳᠠᠭ᠃ ᠤᠰᠤ ᠶᠢ ᠪᠤᠴᠠᠯᠭᠠᠭᠰᠠᠨ ᠤ ᠲᠠᠷᠠᠭ᠎ᠠ ᠾᠯᠤᠷ ᠵᠡᠷᠭᠡ | ᠬᠤᠤᠷᠳᠤ ᠪᠤᠳᠠᠰ ᠨᠢ ᠠᠭᠤᠷᠰᠢᠵᠤ ᠠᠷᠢᠯᠳᠠᠭ ᠪᠦᠭᠡᠳ ᠬᠦᠮᠤᠨ ᠤ ᠪᠠᠶ᠎ᠠ ᠮᠠᠬᠠᠪᠤᠳ ᠲᠤ ᠲᠤᠰᠠᠳᠠᠢ ᠰᠢᠮ᠎ᠡ ᠲᠡᠵᠢᠭᠡᠯᠳᠤ | ᠪᠤᠳᠠᠰ ᠨᠢ ᠬᠠᠷᠢᠨ ᠬᠤᠷᠤᠭᠳᠠᠬᠤ ᠦᠭᠡᠢ ᠪᠠᠶᠢᠳᠠᠭ᠃ ᠬᠦᠷᠦᠭᠡᠭᠰᠡᠨ ᠪᠤᠴᠠᠯᠤᠭᠰᠠᠨ ᠤᠰᠤ ᠲᠠᠢ ᠬᠠᠷᠢᠴᠠᠭᠤᠯᠪᠠᠯ ᠪᠦᠯᠢᠶᠠᠨ | ᠤᠰᠤ ᠪᠠᠷ ᠠᠮᠠ ᠪᠠᠨ ᠵᠠᠶᠢᠯᠪᠠᠯ ᠠᠮᠠᠨ ᠬᠦᠨᠳᠡᠢ ᠶᠢ ᠴᠡᠪᠡᠷᠰᠢᠬᠦᠯᠳᠡᠭ᠃ ᠪᠤᠴᠠᠯᠤᠭᠰᠠᠨ ᠪᠦᠯᠢᠶᠠᠨ ᠤᠰᠤ ᠨᠢ ᠴᠡᠪᠡᠷᠭᠡᠨ | ᠪᠦᠭᠡᠳ ᠲᠠᠭᠠᠳᠠᠢ ᠪᠠᠶᠢᠵᠤ᠂ | ᠰᠠᠶᠢᠨ ᠰᠠᠶᠢᠬᠠᠨ ᠬᠠᠮᠠᠭᠠᠯᠠᠬᠤ ᠰᠢᠩᠭᠡᠨ ᠪᠤᠯᠬᠤ ᠶᠤᠮ᠃ ᠲᠡᠷᠡ ᠨᠢ ᠠᠮᠠᠨ ᠬᠦᠨᠳᠡᠢ ᠪᠠ ᠬᠤᠭᠤᠯᠠᠢ ᠳᠤ | ᠰᠡᠳᠡᠯᠳᠡ ᠦᠭᠬᠦ ᠦᠭᠡᠢ ᠪᠢᠯᠡ᠃ ᠪᠤᠴᠠᠯᠤᠭᠰᠠᠨ ᠪᠦᠯᠢᠶᠠᠨ ᠤᠰᠤ ᠪᠠᠷ ᠠᠮᠠ ᠪᠠᠨ ᠵᠠᠶᠢᠯᠬᠤ ᠨᠢ ᠠᠮᠠᠨ ᠬᠦᠨᠳᠡᠢ ᠶᠢᠨ | ᠪᠠᠺᠲ᠋ᠧᠷᠢ᠂ ᠢᠳᠡᠭᠡᠨ ᠤ ᠰᠢᠭᠠᠷᠤ ᠶᠢ ᠠᠷᠢᠯᠭᠠᠬᠤ ᠦᠢᠯᠡᠳᠤᠯ ᠲᠠᠢ ᠶᠤᠮ᠃ | ᠪᠤᠴᠠᠯᠤᠭᠰᠠᠨ ᠪᠦᠯᠢᠶᠠᠨ ᠤᠰᠤ ᠪᠠᠷ ᠰᠢᠳᠤ ᠱᠤᠸᠠᠵᠠᠳᠠᠪᠠᠯ ᠰᠢᠳᠤᠨ ᠪᠤᠶᠢᠯᠠ ᠶᠢ ᠬᠠᠮᠠᠭᠠᠯᠠᠳᠠᠭ᠃ ᠠᠨᠠᠭᠠᠬᠤ | ᠤᠬᠠᠭᠠᠨ ᠤ ᠰᠤᠳᠤᠯᠭᠠᠨ ᠳᠤ ᠬᠠᠷᠠᠭᠤᠯᠤᠭᠰᠠᠨ ᠨᠢ ᠰᠢᠳᠤᠨ ᠤ ᠰᠢᠨ᠎ᠠ ᠬᠠᠭᠤᠴᠢᠨ ᠤ ᠰᠤᠯᠢᠭᠳᠠᠯ ᠭᠢᠳᠡᠭ ᠬᠠᠮᠤᠭ ᠤᠨ | ᠲᠤᠬᠢᠷᠠᠮᠵᠢᠳᠠᠢ ᠲᠤᠯᠠᠭᠠᠨ ᠤ ᠭᠡᠮᠵᠢᠶ᠎ᠠ ᠨᠢ 35 ᠭᠷᠡᠳᠦ᠋ᠰ ᠤᠷᠴᠢᠮ ᠪᠠᠶᠢᠳᠠᠭ᠃ ᠭᠡᠷᠪᠡ ᠰᠢᠳᠤ ᠱᠤᠸᠠᠵᠠᠳᠠᠬᠤ ᠳᠤ ᠪᠠᠨ | ᠤᠰᠤᠨ ᠤ ᠲᠤᠯᠠᠭᠠᠨ ᠢ ᠠᠩᠬᠠᠷᠬᠤ ᠦᠭᠡᠢ ᠪᠤᠯ ᠬᠢᠯᠪᠠᠷᠬᠠᠨ ᠢᠶᠠᠷ ᠰᠢᠳᠤᠨ ᠪᠦᠢᠯᠠ ᠠᠴᠠ ᠴᠢᠰᠤ ᠭᠠᠷᠬᠤ ᠪᠤᠶᠤ | ᠲᠠᠳᠠᠯᠳᠤᠵᠤ᠂ ᠰᠢᠳᠤ ᠶᠢ ᠡᠷᠳᠡ ᠤᠨᠠᠬᠤ ᠪᠤᠯᠭᠠᠳᠠᠭ᠃ ᠡᠷᠳᠡ ᠪᠤᠰᠤᠭᠠᠳ ᠪᠤᠴᠠᠯᠤᠭᠰᠠᠨ ᠪᠦᠯᠢᠶᠠᠨ | ᠤᠰᠤ ᠨᠢᠭᠡ ᠴᠤᠮᠤ ᠤᠤᠭᠤᠪᠠᠯ ᠡᠷᠳᠡ ᠶᠢᠨ ᠬᠤᠭᠤᠯᠠ ᠶᠢ ᠰᠢᠩᠭᠡᠭᠡᠬᠦ ᠳᠤ ᠰᠠᠶᠢᠨ ᠪᠠᠶᠢᠳᠠᠭ᠃ | ᠪᠤᠴᠠᠯᠤᠭᠰᠠᠨ ᠪᠦᠯᠢᠶᠠᠨ ᠤᠰᠤ ᠶᠢ ᠡᠷᠳᠡ ᠪᠤᠰᠤᠭᠠᠳ ᠤᠤᠭᠤᠪᠠᠯ ᠤᠰᠤ ᠬᠦᠷᠦᠭᠰᠡᠨ ᠭᠠᠵᠠᠷ ᠪᠤᠯᠭᠠᠨ ᠢ ᠴᠡᠪ | ᠴᠡᠪᠡᠷᠭᠡᠨ ᠠᠷᠢᠯᠭᠠᠳᠠᠭ᠃ ᠬᠤᠳᠤᠭᠤᠳᠤ ᠭᠡᠳᠡᠰᠤ᠂ ᠡᠯᠢᠭᠡ ᠪᠦᠭᠡᠷ᠎ᠠ ᠶᠢᠨ ᠲᠠᠷᠤᠯᠳᠠ ᠶᠢ ᠬᠦᠡᠭᠭᠡᠷᠡᠬᠦᠯᠤᠨ᠂ ᠦᠳᠭᠡᠨ ᠮᠦᠷ | ᠬᠠᠭᠠᠭᠳᠠᠬᠤ ᠶᠢ ᠬᠦᠡᠭᠭᠡᠷᠡᠬᠦᠯᠵᠤ᠂ ᠲᠠᠷᠢᠬᠢᠨ ᠰᠤᠳᠠᠯ ᠤᠨ ᠪᠦᠭᠯᠡᠷᠡᠯ ᠪᠠ ᠵᠢᠷᠤᠭᠡᠨ ᠪᠤᠯᠴᠢᠩ ᠤᠨ ᠲᠦᠭᠵᠢᠷᠠᠯ ᠡᠬᠦᠰᠬᠦ ᠶᠢ | ᠲᠤᠷᠤᠭᠰᠢᠯᠠᠭᠤᠯᠵᠤ᠂ ᠪᠠᠰᠠ ᠡᠷᠳᠡ ᠶᠢᠨ ᠬᠤᠭᠤᠯᠠ ᠪᠠᠨ ᠰᠢᠩᠭᠡᠭᠡᠨ ᠠᠪᠬᠤ ᠳᠤ ᠲᠤᠰᠠᠯᠠᠳᠠᠭ᠃ | ᠪᠤᠴᠠᠯᠤᠭᠰᠠᠨ ᠪᠦᠯᠢᠶᠠᠨ ᠤᠰᠤ ᠨᠢ ᠪᠠᠰᠠ ᠤᠯᠠᠭᠠᠨ ᠬᠤᠭᠤᠯᠠᠢ ᠳᠤ ᠨᠠᠭᠠᠯᠳᠤᠭᠰᠠᠨ ᠢᠳᠡᠭᠡᠨ ᠤ ᠰᠢᠭᠠᠷᠤ ᠶᠢ | ᠤᠷᠤᠰᠬᠠᠨ ᠠᠷᠢᠯᠭᠠᠬᠤ ᠤᠨᠴᠠ ᠦᠢᠯᠡᠳᠤᠯ ᠲᠠᠢ ᠪᠠᠶᠢᠳᠠᠭ᠃ | ᠠᠷᠢᠬᠢ ᠰᠡᠷᠬᠦᠭᠡᠬᠦ ᠦᠢᠯᠡᠳᠤᠯ ᠨᠢ ᠰᠠᠶᠢᠨ᠃ ᠠᠷᠢᠬᠢ ᠤᠤᠭᠤᠭᠠᠳ ᠰᠤᠭᠳᠤᠭᠰᠠᠨ ᠬᠦᠮᠤᠨ ᠳᠤ ᠭᠡᠳᠤᠨ ᠴᠤᠮᠤ | ᠪᠤᠴᠠᠯᠤᠭᠰᠠᠨ ᠪᠦᠯᠢᠶᠠᠨ ᠤᠰᠤ ᠤᠤᠭᠤᠯᠭᠠᠪᠠᠯ ᠰᠫᠢᠷᠲ ᠢ ᠰᠢᠩᠭᠡᠷᠡᠬᠦᠯᠵᠤ᠂ ᠡᠯᠢᠭᠡ ᠶᠢ ᠬᠠᠮᠠᠭᠠᠯᠠᠬᠤ ᠪᠦᠭᠡᠳ ᠪᠠᠰᠠ | ᠪᠦᠭᠡᠯᠵᠢᠬᠦ ᠠᠴᠠ ᠪᠤᠯᠵᠤ ᠠᠯᠳᠠᠭᠳᠠᠬᠤ ᠤᠰᠤ ᠶᠢ ᠨᠦᠬᠦᠪᠤᠷᠢᠯᠠᠵᠤ ᠪᠤᠯᠳᠠᠭ᠃ | |