ᠡᠮᠡᠭᠳᠡᠢ ᠶᠢᠨ ᠪᠡᠶ᠎ᠡ ᠶᠢᠨ ᠬᠡᠰᠡᠭ ᠭᠠᠵᠠᠷ ᠨᠢ ᠬᠡᠳᠦᠢ ᠮᠠᠭᠤᠬᠠᠢ ᠪᠤᠯ ᠲᠡᠳᠦᠢ ᠡᠷᠡᠬᠦᠯ ᠪᠠᠶᠢᠳᠠᠭ
ᠨᠡᠶᠢᠲᠡᠯᠡᠭᠰᠡᠨ ᠴᠠᠭ᠄
2022/9/2
        ᠨᠢᠬᠡ᠂ ᠬᠦᠬᠦ ᠨᠢ ᠵᠢᠵᠢᠭ — ᠨᠢᠷᠤᠭᠤ ᠰᠡᠬᠡᠷ ᠤᠨ ᠶᠠᠰᠤ ᠨᠢ ᠨᠡᠩ ᠠᠰᠬᠠᠨ ᠪᠠᠬᠢᠯᠢᠭ᠌        ᠰᠤᠳᠤᠯᠭᠠᠨ ᠢᠶᠠᠷ ᠤᠯᠵᠤ ᠮᠡᠳᠡᠭᠰᠡᠨ ᠨᠢ ᠬᠦᠬᠦ ᠨᠢ ᠬᠡᠳᠦᠢ ᠲᠤᠮᠤ ᠪᠤᠯ ᠬᠡᠳᠦᠢ ᠬᠢᠯᠪᠠᠷᠬᠠᠨ ᠢᠶᠠᠷ ᠨᠢᠷᠤᠭᠤᠨ ᠤ ᠲᠡᠬᠡᠳᠦ ᠬᠡᠰᠡᠭ ᠪᠤᠶᠤ ᠲᠠᠯᠤ ᠮᠦᠷᠦ ᠪᠠᠷ ᠡᠪᠡᠳᠬᠦ ᠪᠦᠬᠡᠳ ᠨᠢᠷᠤᠭᠤ ᠰᠡᠬᠡᠷ ᠤᠨ ᠶᠠᠰᠤ ᠬᠢᠯᠪᠠᠷᠬᠠᠨ ᠢᠶᠠᠷ ᠮᠤᠷᠦ᠋ᠢᠳᠠᠭ᠃ ᠬᠦᠬᠦ ᠨᠢ ᠵᠢᠵᠢᠭ ᠬᠦᠮᠦᠨ ᠳᠤ ᠡᠶᠢᠮᠦ ᠶᠠᠪᠤᠳᠠᠯ ᠲᠤᠬᠢᠶᠠᠯᠳᠤᠬᠤ ᠦᠬᠡᠢ᠃                    ᠬᠤᠶᠠᠷ᠂ ᠪᠦᠭᠰᠡ ᠨᠢ ᠲᠤᠮᠤ — ᠵᠢᠷᠦᠬᠡ ᠲᠠᠷᠢᠬᠢᠨ ᠴᠢᠰᠦᠨ ᠰᠤᠳᠠᠯ ᠨᠢ ᠰᠠᠶᠢᠨ             ᠤᠯᠠᠨ ᠵᠦᠢᠯ ᠤᠨ ᠰᠤᠳᠤᠯᠭᠠᠨ ᠢᠶᠠᠷ ᠢᠯᠡᠷᠡᠬᠦᠯᠦᠭᠰᠡᠨ ᠨᠢ ᠪᠦᠭᠰᠡ ᠨᠢ ᠲᠤᠮᠤ ᠬᠦᠮᠦᠨ ᠤ ᠪᠡᠶ᠎ᠠ ᠳᠠᠬᠢ ︽ᠰᠦᠰᠦᠨ ᠤ ᠮᠠᠭᠤ ᠠᠯᠺᠤᠤᠯ︾᠎ ᠤᠨ ᠲᠦᠪᠰᠢᠨ ᠲᠤᠤᠷ᠎ᠠ᠂ ︽ᠰᠦᠰᠦᠨ ᠤ ᠰᠠᠶᠢᠨ ᠠᠯᠺᠤᠤᠯ︾᠎ ᠤᠨ ᠲᠦᠪᠰᠢᠨ ᠦᠨᠳᠤᠷ ᠪᠠᠶᠢᠳᠠᠭ ᠢᠶᠠᠷ ᠵᠢᠷᠦᠬᠡ ᠲᠠᠷᠢᠬᠢᠨ ᠰᠤᠳᠠᠯ ᠤᠨ ᠬᠠᠳᠠᠭᠤᠷᠠᠯ ᠳᠤ ᠨᠡᠷᠪᠡᠭᠳᠡᠬᠦ ᠠᠶᠤᠯ ᠨᠢ ᠪᠠᠭ᠎ᠠ ᠪᠠᠶᠢᠳᠠᠭ᠃ ᠲᠡᠷᠡ ᠮᠦᠷᠳᠡᠬᠡᠨ ᠲᠤᠮᠤ ᠪᠦᠭᠰᠡ ᠲᠠᠢ ᠬᠦᠮᠦᠨ ᠤ ᠰᠢᠬᠢᠷ ᠰᠢᠵᠢᠩ ᠡᠪᠡᠳᠴᠢᠨ ᠳᠤ ᠨᠡᠷᠪᠡᠭᠳᠡᠬᠦ ᠨᠤᠷᠮ᠎ᠠ ᠨᠢ ᠮᠠᠰᠢ ᠲᠤᠤᠷ᠎ᠠ ᠪᠠᠶᠢᠳᠠᠭ᠃                   ᠭᠤᠷᠪᠠ᠂ ᠴᠢᠬᠢ ᠨᠢ ᠲᠤᠮᠤ — ᠦᠳᠡᠯᠵᠤ ᠬᠦᠭᠰᠢᠷᠡᠪᠡᠴᠤ ᠰᠤᠨᠤᠷ ᠨᠢ ᠰᠠᠶᠢᠨ             ᠠᠮᠢᠳᠤ ᠪᠤᠳᠠᠰ ᠤᠨ ᠠᠨᠠᠭᠠᠬᠤ ᠤᠬᠠᠭᠠᠨ ᠳᠤ ᠵᠢᠭᠠᠵᠤ ᠭᠠᠷᠭᠠᠬᠰᠠᠨ ᠨᠢ ᠬᠦᠮᠦᠨ ᠤ ᠭᠠᠳᠠᠷ ᠴᠢᠬᠢ ᠨᠢ ᠬᠡᠳᠦᠢ ᠪᠤᠵᠠᠭᠠᠢ ᠪᠤᠯ ᠴᠢᠬᠢᠨ ᠰᠤᠨᠤᠷ ᠤᠨ ᠬᠦᠷᠳᠡᠬᠦ ᠲᠠᠭᠤ ᠨᠢ ᠲᠡᠳᠦᠢ ᠲᠤᠳᠤ ᠪᠠᠶᠢᠳᠠᠭ ᠢᠶᠠᠷ ᠪᠤᠵᠠᠭᠠᠢ ᠴᠢᠬᠢ ᠲᠠᠢ ᠬᠦᠮᠦᠨ ᠦᠳᠡᠯᠵᠤ ᠬᠦᠭᠰᠢᠷᠡᠭᠰᠡᠨ ᠴᠤ ᠲᠦᠯᠡᠢ ᠪᠤᠯᠬᠤ ᠨᠢ ᠴᠦᠬᠡᠨ ᠶᠤᠮ᠃                   ᠲᠦᠷᠪᠡ᠂ ᠮᠡᠩᠭᠡ ᠠᠷᠪᠢᠨ — ᠦᠳᠡᠯᠬᠦ ᠨᠢ ᠤᠳᠠᠭᠠᠨ             ᠪᠠᠶ᠎ᠠ ᠲᠡᠬᠡᠷᠡᠬᠢ ᠮᠡᠩᠭᠡ ᠨᠢ ᠠᠷᠪᠢᠨ ᠪᠤᠯ ᠦᠵᠡᠬᠦ ᠳᠤ ᠮᠠᠭᠤᠬᠠᠢ ᠪᠦᠬᠡᠳ ᠪᠠᠰᠠ ᠠᠷᠠᠰᠤᠨ ᠤ ᠦᠮᠠᠨ ᠳᠤ ᠨᠡᠷᠪᠡᠭᠳᠡᠬᠦ ᠠᠶᠤᠯ ᠢ ᠠᠷᠪᠠᠨ ᠲᠠᠬᠢᠨ ᠨᠡᠮᠡᠭᠳᠡᠬᠦᠯᠳᠡᠭ᠃ ᠬᠡᠪᠡᠴᠤ ᠨᠦᠬᠦᠬᠡ ᠲᠠᠯ᠎ᠠ ᠠᠴᠠ ᠨᠢ ᠠᠪᠴᠤ ᠬᠡᠯᠡᠪᠡᠯ ᠰᠤᠳᠤᠯᠭᠠᠨ ᠳᠤ ᠬᠡᠷᠡᠴᠢᠯᠡᠭᠰᠡᠨ ᠨᠢ ᠮᠡᠩᠭᠡ ᠦᠬᠡᠢ ᠬᠦᠮᠦᠨ ᠲᠠᠢ ᠬᠠᠷᠢᠴᠠᠭᠤᠯᠪᠠᠯ ᠠᠷᠪᠢᠨ ᠮᠡᠩᠭᠡ ᠲᠠᠢ ᠬᠦᠮᠦᠨ ᠨᠢ ᠶᠡᠷᠦᠳᠡᠬᠡᠨ ᠪᠤᠳᠠᠳᠠᠢ ᠨᠠᠰᠤ ᠠᠴᠠ ᠪᠠᠨ 6 —7 ᠨᠠᠰᠤ ᠵᠠᠯᠠᠭᠤ ᠬᠠᠷᠠᠬᠳᠠᠬᠤ ᠪᠦᠬᠡᠳ ᠵᠢᠷᠦᠬᠡᠨ ᠡᠪᠡᠳᠴᠢᠨ ᠪᠡ ᠶᠠᠰᠤ       ᠰᠠᠶᠢᠷᠡᠭᠵᠢᠬᠦ ᠡᠪᠡᠳᠴᠢᠨ ᠵᠡᠷᠭᠡ ᠦᠳᠡᠯᠦᠭᠰᠡᠨ ᠠᠴᠠ ᠪᠤᠯᠤᠬᠰᠠᠨ ᠡᠪᠡᠳᠴᠢᠨ ᠳᠤ ᠨᠡᠷᠪᠡᠭᠳᠡᠬᠦ ᠨᠤᠷᠮ᠎ᠠ ᠨᠢ ᠮᠠᠰᠢ ᠲᠤᠤᠷ᠎ᠠ ᠪᠠᠶᠢᠳᠠᠭ᠃                   ᠲᠠᠪᠤ᠂ ᠬᠦᠯ ᠤᠨ ᠤᠯᠠ ᠨᠢ ᠲᠡᠭᠰᠢᠬᠡᠨ — ᠬᠦᠯ ᠨᠢ ᠰᠢᠷᠬᠠᠳᠤᠵᠤ ᠬᠡᠮᠳᠦᠬᠦ ᠨᠢ ᠴᠦᠬᠡᠨ             ᠬᠠᠮᠤᠭ ᠰᠢᠨ᠎ᠠ ᠰᠤᠳᠤᠯᠭᠠᠨ ᠳᠤ ᠭᠡᠷᠡᠴᠢᠯᠡᠭᠰᠡᠨ ᠨᠢ᠂ ᠬᠦᠯ ᠤᠨ ᠤᠯᠠ ᠨᠢ ᠲᠡᠭᠰᠢᠬᠡᠨ ᠬᠦᠮᠦᠨ ᠤ ᠬᠦᠯ ᠤᠨ ᠬᠡᠰᠡᠭ ᠤᠨ ᠰᠢᠷᠬᠠᠳᠤᠵᠤ ᠬᠡᠮᠳᠦᠬᠦ ᠨᠢ ᠴᠦᠬᠡᠨ ᠪᠠᠶᠢᠳᠠᠭ᠃ 20%᠎ ᠶᠢᠨ ᠬᠦᠯ ᠤᠨ ᠤᠯᠠ ᠨᠢ ᠬᠤᠳᠤᠭᠤᠷ ᠲᠠᠢ ᠬᠦᠮᠦᠨ ᠤ ᠰᠢᠷᠬᠠᠳᠤᠵᠤ ᠬᠡᠮᠳᠦᠬᠦ ᠠᠶᠤᠯ ᠨᠢ ᠬᠦᠯ ᠤᠨ ᠤᠯᠠ ᠨᠢ ᠲᠡᠭᠰᠢᠬᠡᠨ ᠬᠦᠮᠦᠨ ᠠᠴᠠ ᠵᠢᠷᠭᠤᠭᠠᠨ ᠲᠠᠬᠢᠨ ᠦᠨᠳᠤᠷ ᠪᠠᠢᠳᠢᠠᠭ᠃                   ᠵᠢᠷᠭᠤᠭ᠎ᠠ᠂ ᠬᠠᠮᠠᠷ ᠨᠢ ᠲᠤᠮᠤ — ᠬᠢᠮᠤᠷᠠᠭ᠎ᠠ ᠲᠠᠬᠰᠢᠭᠤᠷ ᠲᠤ ᠬᠢᠯᠪᠠᠷᠬᠠᠨ ᠢᠶᠠᠷ ᠤᠨᠤᠬᠳᠠᠬᠤ ᠦᠬᠡᠢ             ᠰᠤᠳᠤᠯᠭᠠᠨ ᠢᠶᠠᠷ ᠤᠯᠵᠤ ᠮᠡᠳᠡᠭᠰᠡᠨ ᠨᠢ ᠬᠠᠮᠠᠷ ᠨᠢ ᠬᠡᠳᠦᠢ ᠶᠡᠭᠡ ᠪᠤᠯ ᠲᠤᠭᠤᠰᠤ ᠤᠳᠤᠭ᠎ᠠ ᠵᠡᠷᠭᠡ ᠪᠤᠬᠢᠷᠳᠤᠯ ᠪᠤᠳᠠᠰ ᠢ ᠰᠢᠩᠭᠡᠭᠡᠨ ᠤᠷᠤᠭᠤᠯᠬᠤ ᠨᠢ ᠲᠡᠳᠦᠢ ᠪᠠᠭ᠎ᠠ ᠪᠠᠶᠢᠵᠤ᠂ ᠬᠤᠤᠷᠠᠳᠠᠢ ᠡᠪᠡᠳᠴᠢᠨ ᠤ ᠪᠠᠺᠲ᠋ᠧᠷᠢ ᠶᠢ ᠡᠰᠡᠷᠬᠦᠴᠡᠬᠦ ᠴᠢᠳᠠᠪᠤᠷᠢ ᠨᠢ ᠲᠡᠳᠦᠢ ᠴᠢᠩᠭ᠎ᠠ ᠪᠤᠯᠬᠤᠷ ᠲᠤᠮᠤ ᠬᠠᠮᠠᠷ ᠲᠠᠢ ᠬᠦᠮᠦᠨ ᠤ ᠬᠢᠮᠤᠷᠠᠭ᠎ᠠ ᠲᠠᠬᠰᠢᠭᠤᠷ ᠲᠤ ᠬᠢᠯᠪᠠᠷᠬᠠᠨ ᠢᠶᠠᠷ ᠤᠨᠤᠬᠳᠠᠬᠤ ᠨᠤᠷᠮ᠎ᠠ ᠨᠢ ᠴᠤ ᠲᠤᠩ ᠪᠠᠭ᠎ᠠ ᠶᠤᠮ᠃                    ᠲᠤᠯᠤᠭ᠎ᠠ᠂ ᠪᠦᠲᠦᠬᠦᠨ ᠭᠤᠶ᠎ᠠ ᠨᠢ ᠪᠦᠲᠦᠬᠦᠨ — ᠵᠢᠷᠦᠬᠡ ᠨᠢ ᠰᠠᠶᠢᠨ             ᠭᠠᠳᠠᠭᠠᠳᠤ ᠤᠯᠤᠰ ᠤᠨ ᠨᠢᠬᠡᠨ ᠵᠦᠢᠯ ᠤᠨ 12 ᠵᠢᠯ ᠤᠨ ᠬᠤᠭᠤᠴᠠᠭ᠎ᠠ ᠲᠠᠢ ᠪᠠᠷ 3000 ᠡᠷᠡᠭᠳᠡᠢ ᠳᠤ ᠬᠢᠭᠰᠡᠨ ᠰᠤᠳᠤᠯᠭᠠᠨ ᠠᠴᠠ ᠦᠵᠡᠪᠡᠯ ᠪᠦᠲᠦᠬᠦᠨ ᠭᠤᠶ᠎ᠠ ᠶᠢᠨ ᠲᠤᠭᠤᠷᠢᠬ ᠤᠨ ᠤᠷᠳᠤ ᠨᠢ 60 ᠮᠢᠯᠯᠢᠮᠧᠲᠷ ᠠᠴᠠ ᠲᠡᠭᠡᠭᠰᠢ᠂ ᠬᠦᠯ ᠤᠨ ᠪᠤᠯᠴᠢᠩ ᠮᠢᠬ᠎ᠠ ᠨᠢ ᠴᠢᠩᠭ᠎ᠠ ᠬᠦᠮᠦᠨ ᠤ ᠡᠷᠳᠡ ᠨᠦᠭᠴᠢᠬᠦ ᠪᠠ ᠵᠢᠷᠦᠬᠡᠨ ᠡᠪᠳᠴᠢᠨ ᠳᠤ ᠨᠡᠷᠪᠡᠭᠳᠡᠬᠦ ᠨᠤᠷᠮ᠎ᠠ ᠨᠢ ᠮᠠᠰᠢ ᠲᠤᠤᠷ᠎ᠠ ᠪᠠᠶᠢᠳᠠᠭ᠃                    ᠨᠠᠢᠮᠠ᠂ ᠬᠦᠯ ᠤᠨ ᠬᠤᠷᠤᠭᠤ ᠨᠢ ᠪᠤᠭᠤᠨᠢ — ᠬᠦᠶᠦᠬᠦ ᠨᠢ ᠬᠤᠷᠳᠤᠨ             ᠭᠠᠳᠠᠭᠠᠳᠤ ᠤᠯᠤᠰ ᠤᠨ ᠬᠠᠮᠤᠭ ᠰᠢᠨ᠎ᠠ ᠰᠤᠳᠤᠯᠭᠠᠨ ᠳᠤ ᠵᠢᠭᠠᠵᠤ ᠭᠠᠷᠭᠠᠬᠰᠠᠨ ᠨᠢ ᠬᠦᠮᠦᠨ ᠲᠦᠷᠦᠯᠬᠢᠳᠡᠨ ᠬᠤᠪᠢᠰᠬᠤ ᠶᠠᠪᠤᠴᠠ ᠳᠤ ᠬᠦᠯ ᠤᠨ ᠬᠤᠷᠤᠭᠤ ᠨᠢ ᠪᠤᠭᠤᠨᠢ ᠪᠤᠯᠤᠬᠰᠠᠨ ᠨᠢ ᠬᠦᠶᠦᠬᠦ ᠳᠤ ᠨᠡᠩ ᠬᠤᠷᠳᠤᠨ ᠪᠤᠯᠬᠤ ᠶᠢᠨ ᠲᠦᠯᠦᠬᠡ ᠶᠤᠮ᠃ ᠬᠦᠯ ᠤᠨ ᠬᠤᠷᠤᠭᠤ ᠨᠢ ᠤᠷᠳᠤ ᠪᠤᠯ ᠨᠡᠩ ᠤᠯᠠᠨ ᠪᠤᠯᠴᠢᠩ ᠮᠢᠬ᠎ᠠ ᠪᠤᠯᠤᠨ ᠠᠷᠠᠬ ᠶᠠᠰᠤ ᠲᠠᠢ ᠬᠤᠯᠪᠤᠬᠳᠠᠵᠤ᠂ ᠡᠬᠦᠨ ᠠᠴᠠ ᠪᠠᠨ ᠬᠦᠶᠦᠬᠦ ᠳᠤ ᠬᠦᠴᠢᠷᠳᠡᠬᠦ ᠪᠦᠬᠡᠳ ᠦᠷ᠎ᠠ ᠪᠦᠲᠦᠮᠵᠢ ᠨᠢ ᠴᠤ ᠭᠤᠷᠢ ᠦᠬᠡᠢ ᠶᠤᠮ᠃        
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号