ᠶᠠᠭᠠᠬᠢᠭᠠᠳ ᠵᠠᠷᠢᠮ ᠬᠦᠮᠦᠨ ᠬᠡᠴᠢᠨᠡᠨ ᠤᠤᠭᠤᠭᠰᠠᠨ ᠴᠦ ᠰᠤᠭᠳᠤᠳᠠᠭ ᠦᠭᠡᠢ ᠪᠤᠢ︖
ᠨᠡᠶᠢᠲᠡᠯᠡᠭᠰᠡᠨ ᠴᠠᠭ᠄
2022/9/2
      ᠵᠠᠷᠢᠮ ᠨᠢᠭᠡ ᠬᠦᠮᠦᠨ ᠳᠤ ᠡᠲ᠋ᠢᠯ ᠠᠯᠺᠤᠤᠯ ᠤᠨ ᠵᠠᠳᠠᠷᠠᠭᠤᠯᠬᠤ ᠢᠳᠡᠪᠬᠢ ᠢᠰᠦᠯ ᠲᠠᠢ ᠪᠦᠭᠡᠳ ᠪᠠᠰᠠ ᠡᠲ᠋ᠢᠯ ᠠᠯᠳᠧᠬᠢᠳ᠋ ᠢ ᠵᠠᠳᠠᠷᠠᠭᠤᠯᠬᠤ ᠢᠳᠡᠪᠬᠢ ᠢᠰᠦᠯ ᠲᠠᠢ ᠪᠠᠶᠢᠳᠠᠭ᠂ ᠡᠨᠡ ᠨᠢ ᠶᠠᠮᠠᠷ ᠤᠴᠢᠷ ᠠᠴᠠ ᠪᠤᠢ︖ ᠲᠡᠷᠡ ᠪᠤᠯ ᠤᠯᠠᠮᠵᠢᠯᠠᠯ ᠶᠠᠷᠢᠶᠠᠨ ᠳᠠᠬᠢ ᠠᠷᠢᠬᠢᠨ ᠪᠤᠳᠤᠩ ᠮᠦᠨ᠃ ᠡᠶᠢᠮᠦᠷᠬᠦ ᠬᠦᠮᠦᠨ ᠢ ᠡᠩ ᠤᠨ ᠲᠠᠪᠤ ᠠᠷᠪᠠᠨ ᠬᠦᠮᠦᠨ ᠨᠡᠶᠢᠯᠡᠭᠡᠳ ᠮᠦᠴᠡᠭᠡᠷᠭᠡᠵᠦ ᠲᠡᠶᠢᠯᠬᠦ ᠦᠭᠡᠢ᠃ ᠵᠤᠯ ᠢᠶᠠᠷ ᠡᠶᠢᠮᠦᠷᠬᠦ ᠬᠦᠮᠦᠨ ᠤᠯᠠᠨ ᠪᠢᠰᠢ᠂ ᠪᠠᠷᠤᠭ ᠠᠷᠪᠠᠨ ᠲᠦᠮᠡᠨ ᠤ ᠨᠢᠭᠡ ᠯᠠ ᠤᠷᠴᠢᠮ ᠪᠤᠢ᠃       ᠴᠢᠷᠠᠢ ᠤᠯᠠᠶᠢᠬᠤ ᠬᠡᠯᠪᠡᠷᠢ ᠶᠢᠨ ᠬᠦᠮᠦᠨ ᠠᠷᠢᠬᠢ ᠴᠢᠮᠠᠯᠠᠪᠠᠯ ᠤᠯᠠᠭᠠᠨ ᠬᠤᠭᠤᠯᠠᠢ ᠶᠢᠨ ᠦᠮᠠᠨ ᠤᠯᠵᠤ᠂ ᠴᠢᠷᠠᠢ ᠴᠠᠶᠢᠬᠤ ᠬᠡᠯᠪᠡᠷᠢ ᠶᠢᠨ ᠬᠦᠮᠦᠨ ᠠᠷᠢᠬᠢ ᠴᠢᠮᠠᠯᠠᠪᠠᠯ ᠡᠯᠢᠭᠡᠨ ᠤ ᠦᠮᠠᠨ ᠤᠯᠤᠨ᠎ᠠ᠃ ᠠᠷᠢᠬᠢ ᠤᠤᠭᠤᠭᠰᠠᠨ ᠤ ᠲᠠᠷᠠᠭ᠎ᠠ ᠴᠢᠷᠠᠢ ᠤᠯᠠᠶᠢᠳᠠᠭ ᠬᠦᠮᠦᠨ ᠤ ᠡᠯᠢᠭᠡ ᠠᠮᠠᠷᠬᠠᠨ ᠬᠡᠮᠳᠦᠬᠦ ᠦᠭᠡᠢ᠂ ᠬᠠᠷᠢᠨ ᠠᠷᠢᠬᠢ ᠤᠤᠭᠤᠭᠰᠠᠨ ᠤ ᠲᠠᠷᠠᠭ᠎ᠠ ᠴᠢᠷᠠᠢ ᠴᠠᠶᠢᠳᠠᠭ ᠬᠦᠮᠦᠨ ᠤ ᠡᠯᠢᠭᠡ ᠠᠮᠠᠷᠬᠠᠨ ᠬᠡᠮᠳᠦᠨ᠎ᠡ᠃ ᠴᠢᠷᠠᠢ ᠤᠯᠠᠶᠢᠳᠠᠭ ᠬᠦᠮᠦᠨ ᠢ ᠬᠦᠮᠦᠰ ᠬᠡᠳᠦ ᠱᠠᠯᠠᠬᠤ ᠦᠭᠡᠢ ᠪᠤᠯᠬᠤᠷ ᠠᠷᠢᠬᠢ ᠤᠤᠭᠤᠬᠤ ᠨᠢ ᠶᠠᠷᠢᠶᠠᠨ ᠦᠭᠡᠢ ᠪᠠᠭ᠎ᠠ ᠪᠠᠶᠢᠳᠠᠭ᠃ ᠠᠷᠢᠬᠢ ᠤᠤᠭᠤᠭᠰᠠᠨ ᠤ ᠲᠠᠷᠠᠭ᠎ᠠ ᠨᠦᠢᠷ ᠬᠦᠷᠳᠡᠭ ᠪᠤᠯᠬᠤᠷ 15-30 ᠮᠢᠨᠦ᠋ᠲ ᠤᠷᠴᠢᠮ ᠤᠨᠳᠠᠭᠠᠳ ᠠᠪᠤᠪᠠᠯ ᠴᠤᠭ ᠵᠢᠪᠬᠤᠭ᠎ᠠ ᠨᠢ ᠰᠡᠷᠬᠦᠵᠦ ᠴᠢᠳᠠᠳᠠᠭ᠃ ᠬᠡᠳᠡᠯ᠎ᠡ᠂ ᠴᠢᠷᠠᠢ ᠨᠢ ᠴᠠᠶᠢᠳᠠᠭ ᠬᠦᠮᠦᠨ ᠦᠪᠡᠷ ᠢᠶᠠᠨ ᠬᠡᠳᠦᠢ ᠠᠷᠢᠬᠢ ᠲᠠᠭᠠᠭᠠᠵᠤ       ᠲᠡᠶᠢᠯᠬᠦ ᠪᠠᠨ ᠮᠡᠳᠡᠬᠦ ᠦᠭᠡᠢ ᠪᠤᠯᠬᠤᠷ ᠬᠦᠭᠰᠡᠨ ᠪᠠᠶᠠᠷᠯᠠᠬᠤ ᠲᠤᠮᠳᠠ ᠬᠡᠳᠦ ᠢᠯᠡᠬᠦᠦ ᠤᠤᠭᠤᠵᠤ ᠱᠠᠯ ᠰᠤᠭᠳᠤᠳᠠᠭ ᠃ ᠲᠡᠳᠡᠨ ᠤ ᠪᠡᠶ᠎ᠡ ᠲᠤᠳᠤᠷᠠᠬᠢ ᠠᠷᠢᠬᠢᠨ ᠤ ᠰᠫᠢᠷᠲ ᠨᠢ ᠢᠳᠡᠪᠬᠢᠳᠦ ᠢᠰᠦᠯ ᠤᠨ ᠵᠠᠳᠠᠷᠠᠭᠤᠯᠤᠯ ᠦᠭᠡᠢ ᠠᠴᠠ ᠪᠤᠯᠵᠤ ᠪᠡᠶ᠎ᠡ ᠲᠤᠳᠤᠷ᠎ᠠ ᠨᠢ ᠲᠤᠭᠳᠠᠵᠤ᠂ ᠡᠯᠢᠭᠡ ᠶᠢ ᠬᠡᠮᠳᠦᠭᠡᠳᠡᠭ᠃ ᠠᠷᠢᠬᠢᠨ ᠤ ᠰᠫᠢᠷᠲ ᠤᠨ ᠴᠢᠨᠠᠷᠳᠠᠢ ᠡᠯᠢᠭᠡᠨ ᠤ ᠬᠡᠮᠳᠦᠯ ᠶᠡᠷᠦᠳᠡᠭᠡᠨ ᠡᠶᠢᠮᠦᠷᠬᠦ ᠬᠦᠮᠦᠰ ᠤᠨ ᠪᠡᠶ᠎ᠡ ᠲᠡᠭᠡᠷ᠎ᠡ ᠢᠯᠡᠷᠡᠨ᠎ᠡ᠃ ᠴᠢᠷᠠᠢ ᠤᠯᠠᠶᠢᠳᠠᠭ ᠬᠦᠮᠦᠰ ᠪᠦᠭᠡᠯᠵᠢᠳᠡᠯ᠎ᠡ ᠠᠷᠢᠬᠢ ᠤᠤᠭᠤᠭᠰᠠᠨ ᠪᠠᠶᠢᠳᠠᠯ᠎ᠠ ᠪᠠᠨ ᠬᠡᠳᠦᠨ ᠡᠳᠦᠷ ᠵᠠᠯᠭᠠᠭᠠᠳ ᠤᠤᠭᠤᠵᠤ ᠲᠡᠶᠢᠯᠦᠨ᠎ᠡ᠂ ᠬᠡᠳᠡᠯ᠎ᠡ᠂ ᠴᠢᠷᠠᠢ ᠴᠠᠶᠢᠳᠠᠭ ᠬᠦᠮᠦᠨ ᠨᠡᠩ ᠤᠯᠠᠨ ᠴᠠᠭ ᠢᠶᠠᠷ ᠠᠮᠤᠰᠬᠢᠨᠬᠤ ᠴᠢᠬᠤᠯᠠᠳᠠᠢ᠃ ᠤᠴᠢᠷ ᠨᠢ ᠠᠷᠢᠬᠢᠨ ᠤ ᠰᠫᠢᠷᠲ ᠤᠨ ᠬᠤᠤᠷ᠎ᠠ ᠶᠢᠨ ᠭᠠᠳᠠᠭᠰᠢᠯᠠᠯᠳᠠ ᠎ ᠨᠢ ᠨᠢᠭᠡ ᠠᠴᠠ ᠬᠤᠶᠠᠷ ᠡᠳᠦᠷ ᠤᠨ ᠴᠠᠭ ᠢ ᠬᠡᠷᠡᠭᠰᠡᠨ᠎ᠡ᠃        ᠲᠠᠭᠠᠤ ᠳᠤᠨᠢ ᠲᠤᠷᠠᠳᠬᠤ ᠨᠢ᠂ ᠵᠠᠷᠢᠮ ᠰᠤᠳᠤᠯᠭᠠᠨ ᠢ ᠦᠨᠳᠦᠰᠦᠯᠡᠪᠡᠯ᠂ ᠵᠢᠶᠠᠩᠰᠢ᠂ ᠵᠧᠵᠢᠶᠠᠩ ᠬᠤᠶᠠᠷ ᠮᠤᠵᠢ ᠎ ᠶᠢᠨ ᠬᠦᠮᠦᠰ ᠪᠤᠯ ᠴᠢᠷᠠᠢ ᠤᠯᠠᠶᠢᠬᠤ ᠤᠳᠤᠮᠰᠢᠯ ᠤᠨ ᠭᠧᠨ ᠤ ᠡᠬᠦᠰᠦᠭᠰᠡᠨ ᠭᠠᠵᠠᠷ ᠪᠤᠯᠤᠯᠳᠠᠢ᠃ ᠲᠠᠷᠤᠢ᠂ ᠡᠨᠡ ᠬᠤᠶᠠᠷ ᠭᠠᠵᠠᠷ ᠤᠨ ᠬᠦᠮᠦᠰ ᠤᠨ ᠤᠯᠠᠩᠬᠢ ᠨᠢ ᠡᠲ᠋ᠢᠯ ᠠᠯᠺᠤᠤᠯ ᠢ ᠵᠠᠳᠠᠷᠠᠭᠤᠯᠬᠤ ᠢᠰᠦᠯ ᠢ ᠦᠨᠳᠦᠷ ᠠᠭᠤᠯᠵᠤ ᠪᠠᠶᠢᠳᠠᠭ᠃ ᠡᠬᠦᠨ ᠎ ᠲᠠᠢ ᠬᠠᠷᠢᠴᠠᠭᠤᠯᠪᠠᠯ᠂ ᠤᠮᠠᠷᠠᠳᠤ ᠤᠷᠤᠨ ᠤ ᠬᠦᠮᠦᠰ ᠤᠨ ᠤᠯᠠᠩᠬᠢ ᠨᠢ ᠴᠢᠷᠠᠢ ᠴᠠᠶᠢᠬᠤ ᠬᠡᠯᠪᠡᠷᠢ ᠶᠢᠨ ᠪᠠᠶᠢᠳᠠᠭ᠃       ᠬᠡᠳᠡᠯ᠎ᠡ᠂ ᠴᠢ ᠤᠮᠠᠷᠠᠳᠤ ᠤᠷᠤᠨ ᠳᠤ ᠲᠦᠷᠦᠭᠰᠡᠨ ᠪᠦᠭᠡᠳ ᠪᠠᠰᠠ ᠴᠢᠷᠠᠢ ᠤᠯᠠᠶᠢᠬᠤ ᠬᠡᠯᠪᠡᠷᠢ ᠶᠢᠨ ᠪᠠᠶᠢᠳᠠᠭ ᠨᠢ ᠶᠠᠭᠤ ᠶᠢ ᠬᠠᠷᠠᠭᠤᠯᠵᠤ ᠪᠠᠶᠢᠭ᠎ᠠ ᠪᠤᠢ︖ ᠬᠡᠪᠡᠯ᠂ ᠴᠢᠷᠠᠢ ᠤᠯᠠᠶᠢᠬᠤ ᠭᠧᠨ ᠪᠤᠯ ᠢᠯᠡᠷᠡᠮᠡᠳᠡᠭᠡᠢ ᠰᠢᠨᠵᠢ ᠲᠠᠢ ᠭᠧᠨ ᠪᠤᠯᠬᠤ ᠎ ᠠᠴᠠ ᠶᠤᠮ᠃        ᠲᠤᠰ ᠰᠢᠨᠵᠢᠯᠡᠬᠦ ᠤᠬᠠᠭᠠᠨ ᠤ ᠰᠤᠳᠤᠯᠭᠠᠨ ᠨᠢ ᠬᠤᠶᠠᠷ ᠳ᠋ᠦᠩᠨᠡᠯᠳᠡ ᠶᠢ ᠭᠠᠷᠭᠠᠪᠠ᠄ ᠴᠢᠷᠠᠢᠢ ᠤᠯᠠᠶᠢᠬᠤ ᠬᠡᠯᠪᠡᠷᠢ ᠎ ᠶᠢᠨ ᠬᠦᠮᠦᠨ ᠠᠷᠢᠬᠢ ᠠᠷᠪᠢᠨ ᠤᠤᠭᠤᠪᠠᠯ ᠠᠮᠠᠷᠬᠠᠨ ᠤᠯᠠᠭᠠᠨ ᠬᠤᠭᠤᠯᠠᠢ ᠶᠢᠨ ᠦᠷᠪᠢᠰᠦᠯ ᠳᠤ ᠨᠡᠷᠪᠡᠭᠳᠡᠵᠦ᠂ ᠴᠷᠢᠠᠢ ᠴᠠᠶᠢᠬᠤ ᠬᠡᠯᠪᠡᠷᠢ ᠶᠢᠨ ᠬᠦᠮᠦᠨ ᠠᠷᠢᠬᠢ ᠠᠷᠪᠢᠨ ᠤᠤᠭᠤᠪᠠᠯ ᠡᠯᠢᠭᠡᠨ ᠤ ᠦᠮᠠᠨ ᠳᠤ ᠨᠡᠷᠪᠡᠭᠳᠡᠨ᠎ᠡ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号