| | | ᠬᠡᠵᠢᠬᠡ ᠴᠠᠶᠢᠬᠤ ᠶᠢ ᠰᠡᠷᠬᠡᠶᠢᠯᠡᠶ᠎ᠡ ᠬᠡᠪᠡᠯ ᠬᠠᠷ᠎ᠠ ᠦᠩᠭᠡ ᠲᠠᠢ ᠲᠤᠳᠤᠷᠭ᠎ᠠ᠂ ᠬᠠᠷ᠎ᠠ ᠪᠤᠷᠴᠠᠭ᠂ ᠤᠯᠠᠭᠠᠨ ᠪᠤᠷᠴᠠᠭ | ᠂ ᠬᠠᠷ᠎ᠠ ᠮᠠᠭᠠᠵᠢ᠂ ᠬᠤᠰᠢᠭ᠎ᠠ ᠵᠡᠷᠬᠡ ᠶᠢ ᠪᠠᠶᠢᠩᠭᠤ ᠢᠳᠡᠪᠡᠯ ᠰᠠᠶᠢᠨ᠃ ᠪᠠᠰᠠ ᠲᠠᠬᠢᠶᠠᠨ ᠮᠢᠬ᠎ᠠ᠂ ᠦᠬᠡᠷ ᠤᠨ ᠮᠢᠬ᠎ᠠ᠂ | ᠬᠤᠨᠢᠨ ᠮᠢᠬ᠎ᠠ᠂ ᠭᠠᠭ᠋ᠠᠢ ᠶᠢᠨ ᠡᠯᠢᠬᠡ᠂ ᠬᠢᠵᠢᠮᠢ ᠵᠡᠷᠬᠡ ᠶᠢ ᠦᠷᠬᠦᠯᠵᠢ ᠢᠳᠡᠪᠡᠯ ᠰᠠᠶᠢᠨ᠃ ᠡᠬᠦᠨ ᠠᠴᠠ ᠭᠠᠳᠠᠨ᠎ᠠ | ᠬᠤᠯᠤᠤᠪᠠᠩ᠂ ᠦᠷᠬᠡᠰᠣᠳᠣ ᠨᠤᠭᠤᠭ᠎ᠠ᠂ ᠦᠨᠦᠷᠳᠣ ᠮᠦᠬᠦ᠂ ᠲᠠᠯᠳᠠᠣ ᠵᠡᠷᠬᠡ ᠶᠢ ᠦᠷᠬᠦᠯᠵᠢ ᠢᠳᠡᠨ᠎ᠡ᠃ | ᠮᠠᠩᠨᠠᠢ ᠠᠴᠠ ᠡᠬᠢᠯᠡᠵᠤ ᠴᠠᠶᠢᠬᠤ — ᠲᠡᠯᠢᠬᠦᠦ ᠪᠤᠯᠤᠨ ᠬᠤᠳᠤᠭᠤᠳᠤ ᠵᠤᠬᠢᠴᠠᠯ ᠢᠶᠠᠨ | ᠠᠯᠳᠠᠭᠰᠠᠨ᠄ ᠮᠠᠩᠨᠠᠢ ᠶᠢᠨ ᠲᠤᠬᠢᠷᠠᠯᠴᠠᠭᠰᠠᠨ ᠡᠷᠬᠡᠳᠡᠨ ᠪᠤᠯ ᠲᠡᠯᠢᠬᠦᠦ ᠪᠤᠯᠤᠨ ᠬᠤᠳᠤᠭᠤᠳᠤ ᠪᠤᠯᠤᠨ᠎ᠠ᠃ | ᠬᠤᠳᠤᠭᠤᠳᠤ ᠪᠤᠯᠤᠨ ᠲᠡᠯᠢᠬᠦᠦ ᠪᠠᠨ ᠰᠠᠶᠢᠳᠣᠷ ᠰᠤᠪᠢᠯᠠᠬᠤ ᠨᠢ ᠭᠡᠵᠢᠬᠡ ᠮᠠᠩᠨᠠᠢ ᠠᠴᠠ ᠡᠬᠢᠯᠡᠵᠤ ᠴᠠᠶᠢᠬᠤ ᠶᠢ ᠰᠡᠷᠬᠡᠶᠢᠯᠡᠬᠦ | ᠳᠤ ᠶᠡᠭᠡ ᠲᠤᠰᠠᠳᠠᠢ᠃ ᠬᠤᠳᠤᠭᠤᠳᠤ ᠪᠤᠯᠤᠨ ᠲᠡᠯᠢᠬᠦᠦ ᠮᠠᠭᠤ ᠬᠦᠮᠦᠨ ᠦᠷᠬᠦᠯᠵᠢ ᠬᠡᠳᠡᠰᠣ ᠬᠦᠬᠡᠬᠡᠬᠦ᠂ ᠬᠡᠳᠡᠰᠣ ᠡᠪᠡᠳᠬᠦ | ᠂ ᠰᠢᠷ᠎ᠠ ᠬᠤᠰᠤᠬᠤ᠂ ᠬᠦᠴᠦ ᠲᠠᠮᠢᠷ ᠮᠠᠭᠤᠳᠠᠬᠤ᠂ ᠰᠢᠩᠭᠡᠨ ᠢᠶᠠᠷ ᠭᠠᠳᠠᠭᠠᠯᠠᠬᠤ ᠢᠯᠡᠷᠡᠯ ᠲᠠᠢ᠃ ᠵᠠᠷᠢᠮ ᠬᠦᠮᠦᠨ ᠤ ᠠᠮᠠᠨ | ᠠᠴᠠ ᠦᠮᠡᠬᠡᠢ ᠦᠨᠦᠷ ᠭᠠᠷᠴᠤ᠂ ᠢᠳᠡᠬᠡᠨ ᠤ ᠲᠤᠷᠠᠰᠢᠯ ᠮᠠᠭᠤᠳᠠᠬᠤ ᠪᠤᠶᠤ ᠬᠦᠯ ᠭᠠᠷ ᠨᠢ ᠬᠠᠪᠤᠳᠴᠤ᠂ ᠪᠡᠬᠡᠷᠡᠮᠡᠳᠡᠬᠡᠢ | ᠪᠤᠯᠵᠤ ᠤᠯᠠᠨ ᠰᠢᠬᠡᠯᠬᠡᠨᠡ᠃ ᠡᠳᠡᠬᠡᠷ ᠪᠤᠯ ᠬᠤᠳᠤᠭᠤᠳᠤ ᠲᠡᠯᠢᠬᠦᠦ ᠰᠡᠷᠢᠬᠦᠳᠡᠭᠰᠡᠨ ᠤ ᠢᠯᠡᠷᠡᠯ ᠮᠦᠨ᠃ | ᠡᠮᠨᠡᠬᠦ ᠠᠷᠭ᠎ᠠ᠄ ᠬᠤᠳᠤᠭᠤᠳᠤ ᠲᠡᠯᠢᠬᠦᠦ ᠰᠡᠷᠢᠬᠦᠨ ᠬᠦᠮᠦᠨ 3~5 ᠬᠤᠨᠤᠭ ᠲᠤ ᠨᠢᠬᠡ | ᠤᠳᠠᠭ᠎ᠠ ᠭᠠ ᠪᠤᠴᠠᠯᠭᠠᠵᠤ ᠤᠤᠭᠤᠪᠠᠯ ᠰᠠᠶᠢᠨ᠃60g ᠲᠤᠳᠤᠷᠭ᠎ᠠ ᠶᠢ ᠨᠠᠷᠢᠨ ᠬᠡᠷᠴᠢᠭᠰᠡᠨ ᠰᠢᠨ᠎ᠡ ᠰᠤᠷᠭᠤᠭ | 3g ᠭᠠ ᠲᠠᠢ ᠰᠢᠯᠵᠠᠷᠠᠳᠠᠯᠠ ᠴᠢᠨᠠᠨ᠎ᠠ᠃ ᠡᠷᠳᠡ ᠶᠢᠨ ᠬᠤᠭᠤᠯᠠ ᠪᠤᠶᠤ ᠤᠷᠤᠢ ᠶᠢᠨ ᠬᠤᠭᠤᠯᠠᠨ ᠲᠡᠭᠡᠷ᠎ᠡ ᠪᠠᠨ | ᠬᠠᠯᠠᠭᠤᠯᠤᠭᠠᠳ1~2 ᠠᠶᠠᠭ᠎ᠠ ᠤᠤᠭᠤᠨ᠎ᠠ᠃ ᠢᠳᠡᠬᠦ ᠦᠶ᠎ᠡ ᠳᠤ ᠲᠤᠷᠠᠰᠢᠯ ᠢᠶᠠᠨ ᠦᠨᠳᠦᠰᠦᠯᠡᠵᠤ ᠮᠠᠭᠠᠵᠢ ᠪᠤᠶᠤ | ᠲᠠᠪᠤᠰᠤ ᠬᠢᠵᠤ ᠪᠤᠯᠤᠨ᠎ᠠ᠃ ᠭᠠ ᠪᠤᠯ ᠬᠠᠯᠠᠭᠤᠨ ᠴᠢᠨᠠᠷᠳᠠᠢ᠂ ᠰᠡᠷᠢᠬᠦᠨ ᠢ ᠬᠦᠬᠡᠬᠡᠵᠤ ᠬᠦᠯᠦᠰᠤ ᠭᠠᠷᠭᠠᠨ᠂ ᠬᠤᠳᠤᠭᠤᠳᠤ | ᠶᠢ ᠲᠤᠯᠠᠭᠠᠯᠠᠵᠤ ᠡᠪᠡᠳᠬᠦ ᠶᠢ ᠵᠤᠭᠰᠤᠭᠠᠨ᠂ ᠪᠠᠺᠲ᠋ᠧᠷᠢ ᠶᠢ ᠠᠯᠠᠵᠤ ᠦᠷᠪᠢᠰᠦᠯ ᠢ ᠲᠠᠷᠤᠬᠤ ᠤᠶᠢᠯᠡᠳᠦᠯ ᠲᠠᠢ᠃ ᠲᠤᠰ | ᠠᠷᠭ᠎ᠠ ᠪᠠᠨ ᠰᠡᠷᠢᠬᠦᠨ ᠴᠢᠨᠠᠷᠳᠠᠢ ᠬᠤᠳᠤᠭᠤᠳᠤᠨ ᠦᠷᠪᠢᠰᠦᠯ᠂ ᠰᠢᠷᠬᠠᠯᠠᠭ᠎ᠠ ᠶᠢᠨ ᠬᠡᠯᠪᠡᠷᠢᠳᠠᠢ ᠬᠤᠳᠤᠭᠤᠳᠤᠨ ᠦᠷᠪᠢᠰᠦᠯ | ᠢ ᠡᠮᠨᠡᠪᠡᠯ ᠮᠦᠨ ᠬᠦ᠋ ᠨᠡᠯᠢᠶᠡᠳ ᠰᠠᠶᠢᠨ ᠡᠮᠴᠢᠯᠡᠬᠡᠨ ᠤ ᠠᠴᠢ ᠲᠤᠰᠠ ᠲᠠᠢ ᠶᠤᠮ᠃ | | ᠵᠠᠵᠢ ᠴᠠᠶᠢᠬᠤ— ᠡᠯᠢᠬᠡᠨ ᠬᠠᠯᠠᠭᠤᠨ᠄ ᠬᠤᠶᠠᠷ ᠵᠠᠵᠢ ᠶᠢᠨ ᠲᠤᠬᠢᠷᠠᠯᠴᠠᠭᠰᠠᠨ ᠡᠷᠬᠡᠳᠡᠨ ᠪᠤᠯ ᠡᠯᠢᠬᠡ ᠪᠠ ᠰᠦᠰᠦ | ᠪᠤᠯᠤᠨ᠎ᠠ᠃ ᠡᠯᠢᠬᠡ ᠰᠦᠰᠦ ᠶᠢᠨ ᠬᠠᠯᠠᠭᠤᠨ ᠲᠠᠢ ᠬᠦᠮᠦᠨ ᠲᠤᠯᠬᠢᠨ ᠠᠭᠠᠰᠢ ᠲᠠᠢ ᠪᠦᠬᠡᠳ ᠪᠤᠬᠢᠨᠠᠳᠤᠵᠤ ᠠᠭᠤᠷᠯᠠᠮᠠᠳᠠᠭᠠᠢ᠃ | ᠠᠮᠠ ᠬᠠᠳᠠᠬᠤ᠂ ᠠᠮᠠ ᠭᠠᠰᠢᠭᠤ ᠤᠷᠬᠢᠬᠤ᠂ ᠬᠡᠯᠡ ᠬᠠᠭᠤᠷᠠᠶᠢᠳᠠᠬᠤ᠂ ᠨᠢᠳᠣ ᠴᠢᠯᠡᠬᠦ ᠵᠡᠷᠬᠡ ᠢᠯᠡᠷᠡᠯ ᠲᠠᠢ᠃ ᠡᠨᠡ ᠪᠤᠯ | ᠡᠯᠢᠬᠡᠨ ᠬᠠᠯᠠᠭᠤᠨ ᠠᠴᠠ ᠪᠤᠯᠵᠠᠢ᠂ ᠴᠢᠨᠠᠭᠰᠢᠯᠠᠨ ᠲᠡᠯᠢᠬᠦᠦ ᠪᠤᠯᠤᠨ ᠬᠤᠳᠤᠭᠤᠳᠤ ᠬᠡᠮᠳᠦᠭᠰᠡᠨ ᠴᠦ ᠪᠠᠶᠢᠵᠤ ᠮᠡᠳᠡᠨ᠎ᠡ᠃ | ᠡᠮᠨᠡᠬᠦ ᠠᠷᠭ᠎ᠠ᠄ ᠮᠢᠬ᠎ᠠ ᠱᠦᠯᠦ ᠲᠤᠳᠠᠭᠤ ᠢᠳᠡᠵᠤ᠂ ᠡᠯᠳᠡᠪ ᠠᠮᠤ ᠶᠢᠨ ᠰᠢᠩᠭᠡᠨ ᠪᠤᠳᠠᠭ᠎ᠠ᠂ ᠯᠢᠩᠬᠤᠸ᠎ᠠ ᠶᠢᠨ | ᠦᠷ᠎ᠡ ᠶᠢᠨ ᠰᠢᠩᠭᠡᠨ ᠪᠤᠳᠠᠭ᠎ᠠ᠂ ᠯᠢᠩᠬᠤᠸ᠎ᠠ ᠶᠢᠨ ᠦᠷ᠎ᠡ ᠪᠡ ᠴᠠᠭᠠᠨ ᠲᠠᠯᠳᠠᠣ ᠶᠢ ᠨᠡᠶᠢᠯᠡᠬᠦᠯᠵᠤ ᠴᠢᠨᠠᠭᠰᠠᠨ ᠰᠢᠩᠭᠡᠨ | ᠪᠤᠳᠠᠭ᠎ᠠ ᠶᠢ ᠦᠷᠬᠦᠯᠵᠢ ᠢᠳᠡᠵᠤ᠂ ᠰᠠᠷᠭᠠᠢ ᠴᠡᠴᠡᠭ ᠤᠨ ᠴᠠᠢ᠂ ᠲᠤᠯᠤᠭᠤᠨ᠎ᠠ ᠶᠢᠨ ᠴᠠᠢ ᠶᠢ ᠢᠯᠡᠬᠦᠬᠡᠨ ᠤᠤᠭᠤᠪᠠᠯ | ᠰᠠᠶᠢᠨ᠃ ᠠᠮᠠ ᠭᠠᠰᠢᠭᠤ ᠤᠷᠬᠢᠵᠤ᠂ ᠠᠮᠠ ᠬᠠᠳᠠᠬᠤ ᠨᠢ ᠬᠡᠴᠡᠬᠦᠦ ᠪᠤᠯ ᠭᠠᠰᠢᠭᠤᠨ ᠭᠤᠸ᠎ᠠ ᠢᠯᠡᠬᠦᠦ ᠢᠳᠡᠪᠡᠯ | ᠲᠤᠰᠠᠯᠠᠨ᠎ᠠ᠃ ᠪᠠᠰᠠ ᠡᠯᠢᠬᠡᠨ ᠬᠠᠯᠠᠭᠤᠨ ᠢ ᠪᠠᠭᠤᠷᠠᠭᠤᠯᠬᠤ ᠯᠦᠩ ᠳ᠋ᠠᠨ ᠦᠷᠢᠯ᠂ ᠡᠯᠢᠬᠡ ᠰᠦᠰᠦ ᠳᠤ ᠲᠤᠰᠠᠳᠠᠢ ᠡᠮ ᠢ | ᠤᠤᠭᠤᠵᠤ ᠪᠤᠯᠤᠨ᠎ᠠ᠃ ᠶᠠᠷᠢᠶᠠᠨ ᠦᠭᠡᠢ ᠤᠷᠮ᠎ᠠ ᠰᠡᠳᠬᠢᠯᠬᠡ ᠮᠠᠭᠤ ᠪᠠᠶᠢᠬᠤ ᠨᠢ ᠴᠢᠬᠤᠯᠠ ᠨᠢᠬᠡ ᠰᠢᠯᠳᠠᠭᠠᠨ ᠮᠦᠨ᠃ | ᠡᠶᠢᠮᠤ ᠠᠴᠠ ᠵᠠᠵᠢ ᠴᠠᠶᠢᠭᠰᠠᠨ ᠬᠦᠮᠦᠨ ᠤᠷᠮ᠎ᠠ ᠰᠡᠳᠬᠢᠯᠬᠡ ᠪᠠᠨ ᠪᠠᠶᠠᠰᠤᠩᠭᠤᠢ ᠪᠠᠶᠢᠯᠭᠠᠵᠤ᠂ ᠤᠷᠮ᠎ᠠ ᠪᠠᠬ᠎ᠠ ᠶᠢ | ᠰᠠᠶᠢᠵᠢᠷᠠᠭᠤᠯᠬᠤ ᠲᠠᠮᠢᠷ ᠤᠷᠠᠯᠢᠭ ᠤᠨ ᠬᠦᠳᠡᠯᠬᠡᠬᠡᠨ ᠳᠤ ᠢᠯᠡᠬᠦᠦ ᠤᠷᠤᠯᠴᠠᠪᠠᠯ ᠰᠠᠶᠢᠨ᠃ | ᠲᠤᠬᠤ ᠴᠠᠶᠢᠬᠤ— ᠪᠦᠬᠡᠷ᠎ᠡ ᠶᠢᠨ ᠬᠡᠢ ᠬᠦᠢᠴᠡᠳ ᠦᠭᠡᠢ᠄ ᠲᠤᠬᠤ ᠲᠠᠢ ᠲᠤᠬᠢᠷᠠᠯᠴᠠᠬᠤ | ᠡᠷᠬᠡᠳᠡᠨ ᠪᠤᠯ ᠲᠠᠪᠤᠰᠠᠩ ᠪᠤᠯᠤᠨ᠎ᠠ᠃ ᠲᠠᠪᠤᠰᠠᠩ ᠤᠨ ᠲᠠᠮᠢᠷ ᠮᠠᠭᠤ ᠬᠦᠮᠦᠨ ᠪᠤᠯ ᠤᠯᠠᠨ ᠰᠢᠬᠡᠵᠤ᠂ ᠰᠢᠬᠡᠰᠣ | ᠠᠯᠳᠠᠬᠤ ᠪᠤᠶᠤ ᠰᠢᠬᠡᠰᠣ ᠪᠠᠨ ᠬᠤᠷᠢᠭᠯᠠᠵᠤ ᠴᠢᠳᠠᠬᠤ ᠦᠭᠡᠢ᠂ ᠰᠢᠬᠡᠬᠦ ᠳᠤ ᠬᠦᠴᠢᠷᠳᠡᠬᠦ ᠵᠡᠷᠬᠡ ᠢᠯᠡᠷᠡᠯ ᠭᠠᠷᠳᠠᠭ᠃ | ᠤᠴᠢᠷ ᠨᠢ ᠲᠠᠪᠤᠰᠠᠩ ᠤᠨ ᠭᠤᠤᠯ ᠴᠢᠳᠠᠪᠤᠷᠢ ᠪᠤᠯ ᠰᠢᠬᠡᠰᠣ ᠶᠢ ᠬᠠᠳᠠᠭᠠᠯᠠᠬᠤ ᠪᠠ ᠰᠢᠬᠡᠰᠣ ᠶᠢ ᠭᠠᠳᠠᠭᠰᠢᠯᠠᠭᠤᠯᠤᠨ᠎ᠠ᠃ | ᠡᠶᠢᠮᠤ ᠠᠴᠠ ᠡᠶᠢᠮᠤᠷᠬᠦ ᠢᠯᠡᠷᠡᠯ ᠲᠠᠢ ᠬᠦᠮᠦᠰ ᠡᠷᠡᠬᠦᠯ ᠬᠦᠮᠦᠰ ᠰᠢᠭ ᠰᠢᠬᠡᠰᠤ ᠪᠠᠨ ᠬᠤᠷᠢᠬᠤ ᠦᠭᠡᠢ ᠪᠤᠯ ᠰᠠᠶᠢᠨ᠃ | ᠲᠠᠪᠤᠰᠠᠩ ᠤᠨ ᠰᠢᠬᠡᠰᠣ ᠭᠠᠳᠠᠭᠰᠢᠯᠠᠭᠤᠯᠬᠤ ᠴᠢᠳᠠᠪᠤᠷᠢ ᠨᠢ ᠪᠦᠬᠡᠷ᠎ᠡ ᠶᠢᠨ ᠬᠡᠢ ᠶᠢᠨ ᠰᠠᠶᠢᠨ ᠮᠠᠭᠤ ᠲᠠᠢ ᠬᠠᠷᠢᠴᠠᠭ᠎ᠠ ᠲᠠᠢ᠃ | | ᠡᠮᠨᠡᠬᠦ ᠠᠷᠭ᠎ᠠ᠄ ᠪᠦᠬᠡᠷᠡᠨ ᠳᠤ ᠲᠤᠰᠠᠳᠠᠢ ᠢᠳᠡᠬᠡᠨ ᠢ ᠢᠳᠡᠨ᠎ᠡ᠃ ᠡᠷᠡᠭᠳᠠᠶᠢᠴᠤᠳ ᠠᠮᠢᠳᠠᠨ ᠤ ᠪᠦᠬᠡᠷ᠎ᠡ᠂ | ᠨᠤᠬᠠᠢ ᠶᠢᠨ ᠮᠢᠬ᠎ᠠ᠂ ᠬᠤᠨᠢᠨ ᠮᠢᠬ᠎ᠠ᠂ ᠪᠤᠭᠤ ᠶᠢᠨ ᠮᠢᠬ᠎ᠠ᠂ ᠪᠢᠯᠵᠤᠬᠠᠢ᠂ ᠵᠢᠷᠠᠭᠠᠬᠠᠢ᠂ ᠡᠷᠡᠭᠴᠢᠨ ᠲᠠᠬᠢᠶᠠᠨ ᠤ ᠮᠢᠬ᠎ᠠ᠂ | ᠬᠤᠰᠢᠭ᠎ᠠ᠂ ᠬᠠᠷ᠎ᠠ ᠪᠤᠷᠴᠠᠭ ᠵᠡᠷᠬᠡ ᠶᠢ ᠢᠳᠡᠨ᠎ᠡ᠃ ᠡᠮᠡᠭᠳᠠᠶᠢᠴᠤᠳ ᠪᠤᠯ ᠬᠠᠳᠠᠭᠠᠮᠠᠯ ᠬᠢᠰᠤᠭ᠎ᠠ᠂ ᠠᠯᠠᠭᠠᠨ᠎ᠠ᠂ ᠲᠠᠣᠯᠠᠢ ᠶᠢᠨ | ᠪᠦᠬᠡᠷ᠎ᠡ᠂ ᠴᠢᠨ᠋ᠸ᠎ᠠ ᠶᠢᠨ ᠬᠠᠷᠮᠠᠭ ᠵᠡᠷᠬᠡ ᠶᠢ ᠢᠳᠡᠨ᠎ᠡ᠃ ᠶᠠᠷᠢᠶᠠᠨ ᠦᠭᠡᠢ ᠲᠡᠬᠡᠷ᠎ᠡ ᠲᠤᠷᠠᠳᠤᠭᠰᠠᠨ ᠢᠳᠡᠬᠡᠨ ᠢ ᠪᠠᠰᠠ | ᠪᠦᠬᠡᠷ᠎ᠡ ᠶᠢᠨ ᠠᠷᠭ᠎ᠠ ᠬᠤᠭᠤᠰᠤᠷᠠᠭᠰᠠᠨ ᠪᠤᠶᠤ ᠪᠢᠯᠢᠭ ᠬᠤᠭᠤᠰᠤᠷᠠᠭᠰᠠᠨ ᠡᠰᠡᠬᠦ ᠪᠠᠨ ᠦᠨᠳᠦᠰᠦᠯᠡᠵᠤ ᠰᠤᠩᠭᠤᠨ ᠢᠳᠡᠵᠤ | ᠪᠤᠯᠤᠨ᠎ᠠ᠃ | | ᠲᠡᠬᠡᠪᠡᠯ᠂ ᠶᠠᠭᠤ ᠢᠳᠡᠪᠡᠯ ᠰᠠᠶ᠋ᠢ ᠬᠡᠵᠢᠬᠡ ᠠᠯᠠᠭᠯᠠᠵᠤ ᠴᠠᠶᠢᠬᠤ ᠶᠢ ᠰᠡᠷᠬᠡᠶᠢᠯᠡᠵᠤ ᠴᠢᠳᠠᠬᠤ ᠪᠤᠢ︖ ᠬᠡᠵᠢᠬᠡ | ᠤᠷᠭᠤᠬᠤ ᠪᠠ ᠤᠨᠠᠬᠤ᠂ ᠦᠩᠭᠡ ᠬᠢᠯᠪᠠᠭ᠎ᠠ ᠲᠠᠢ ᠪᠠᠶᠢᠬᠤ ᠪᠠ ᠴᠠᠶᠢᠬᠤ ᠨᠢ ᠭᠤᠤᠯᠳᠠᠭᠤ ᠪᠦᠬᠡᠷ᠎ᠡ ᠶᠢᠨ ᠲᠠᠮᠢᠷ ᠪᠤᠯᠤᠨ | ᠡᠯᠢᠬᠡᠨ ᠴᠢᠰᠤᠨ ᠤ ᠲᠡᠵᠢᠬᠡᠯ ᠳᠤ ᠲᠦᠰᠢᠭᠯᠡᠳᠡᠭ᠃ ᠠᠮᠤ ᠪᠤᠳᠠᠭ᠎ᠠ ᠪᠤᠯᠤᠨ ᠪᠤᠷᠴᠠᠭ ᠤᠨ ᠲᠦᠷᠦᠯ ᠤᠨ ᠢᠳᠡᠬᠡᠨ ᠢ ᠢᠳᠡᠬᠦ | ᠦᠭᠡᠢ ᠪᠤᠶᠤ ᠪᠠᠭ᠎ᠠ ᠢᠳᠡᠬᠦ ᠨᠢ ᠲᠡᠯᠢᠬᠦᠦ ᠶᠢ ᠬᠡᠮᠳᠦᠬᠡᠵᠤ᠂ ᠠᠭᠠᠵᠢᠮ ᠳᠤ ᠪᠠᠨ ᠲᠠᠮ ᠢᠶᠠᠷ ᠡᠯᠢᠬᠡ ᠪᠦᠬᠡᠷ᠎ᠡ ᠶᠢ | ᠬᠡᠮᠳᠦᠬᠡᠨ᠎ᠡ᠃ ᠵᠠᠯᠠᠭᠤ ᠦᠶ᠎ᠡ ᠳᠤ ᠡᠯᠢᠬᠡᠨ ᠲᠠᠮᠢᠷ ᠪᠤᠯᠤᠨ ᠴᠢᠰᠤᠨ ᠬᠦᠶᠦᠳᠡᠯ ᠰᠠᠶᠢᠨ ᠤᠴᠢᠷ ᠠᠴᠠ ᠬᠡᠵᠢᠬᠡ ᠦᠰᠦ | ᠲᠦᠷᠬᠡᠨ ᠤᠷᠭᠤᠬᠤ ᠪᠦᠬᠡᠳ ᠦᠩᠭᠡ ᠬᠢᠯᠪᠠᠭ᠎ᠠ ᠲᠠᠢ ᠪᠠᠶᠢᠳᠠᠭ᠃ ᠬᠡᠳᠡᠯ᠎ᠡ ᠦᠳᠡᠯᠬᠦ ᠦᠶᠠᠷ ᠲᠠᠮᠢᠷ ᠬᠦᠴᠦ ᠮᠠᠭᠤᠳᠠᠵᠤ᠂ | ᠬᠡᠵᠢᠬᠡ ᠦᠰᠦ ᠴᠠᠶᠢᠳᠠᠭ ᠤᠨ ᠤᠴᠢᠷ ᠰᠢᠯᠳᠠᠭᠠᠨ ᠪᠤᠯ ᠬᠤᠳᠤᠭᠤᠳᠣ ᠲᠡᠯᠢᠬᠦᠦ ᠠᠴᠠ ᠬᠠᠩᠭᠠᠵᠤ ᠪᠦᠬᠦᠢ ᠰᠢᠮ᠎ᠡ ᠲᠡᠵᠢᠬᠡᠯ | ᠬᠦᠷᠦᠯᠴᠡᠬᠦ ᠦᠭᠡᠢ ᠠᠴᠠ ᠪᠤᠯᠵᠠᠢ᠃ ᠭᠤᠷᠪᠠᠨ ᠴᠠᠭ ᠤᠨ ᠭᠤᠤᠯ ᠢᠳᠡᠬᠡᠨ ᠳᠤ ᠴᠠᠷᠳᠠᠭᠤᠯ᠂ ᠰᠢᠬᠢᠷ᠂ ᠤᠭᠤᠷᠠᠭ᠂ | ᠸᠢᠲ᠋ᠠᠮᠢᠨ ᠪᠤᠯᠤᠨ ᠪᠢᠴᠢᠯ ᠡᠯᠧᠮᠧᠨ᠋ᠲ ᠡᠯᠪᠡᠭ ᠠᠭᠤᠯᠤᠭᠳᠠᠳᠠᠭ᠂ ᠡᠳᠡᠬᠡᠷ ᠪᠤᠯ ᠬᠡᠵᠢᠬᠡ ᠶᠢ ᠮᠠᠯ ᠬᠠᠷ᠎ᠠ ᠪᠠᠶᠢᠯᠭᠠᠬᠤ ᠴᠢᠬᠤᠯᠠ | ᠪᠦᠬᠦᠢ ᠰᠢᠮ᠎ᠡ ᠲᠡᠵᠢᠬᠡᠯ ᠤᠨ ᠪᠦᠷᠢᠯᠳᠦᠬᠦᠨ ᠪᠤᠯᠤᠨ᠎ᠠ᠃ ᠡᠳᠡᠬᠡᠷ ᠢ ᠭᠤᠤᠯ ᠢᠳᠡᠬᠡᠨ ᠪᠤᠯᠤᠨ ᠮᠢᠬᠠᠨ ᠲᠤᠳᠤᠷ᠎ᠠ ᠠᠴᠠ | ᠬᠦᠢᠴᠡᠳ ᠰᠢᠩᠭᠡᠭᠡᠨ ᠠᠪᠴᠤ ᠴᠢᠳᠠᠬᠤ ᠦᠭᠡᠢ ᠪᠤᠯᠪᠠᠯ ᠬᠡᠵᠢᠬᠡ ᠡᠷᠳᠡ ᠠᠴᠠ ᠴᠠᠶᠢᠨ᠎ᠠ᠃ ᠬᠡᠵᠢᠬᠡ ᠴᠠᠶᠢᠬᠤ ᠶᠢ | ᠰᠡᠷᠬᠡᠶᠢᠯᠡᠬᠦ ᠳᠤ ᠬᠠᠷ᠎ᠠ ᠦᠩᠭᠡ ᠲᠠᠢ ᠠᠮᠤ᠂ ᠬᠠᠷ᠎ᠠ ᠪᠤᠷᠴᠠᠭ᠂ ᠤᠯᠠᠭᠠᠨ ᠪᠤᠷᠴᠠᠭ᠂ ᠬᠠᠷ᠎ᠠ ᠮᠠᠭᠠᠵᠢ᠂ ᠬᠤᠰᠢᠭ᠎ᠠ ᠵᠡᠷᠬᠡ | ᠶᠢ ᠦᠷᠬᠦᠯᠵᠢ ᠢᠳᠡᠵᠤ ᠪᠤᠯᠤᠨ᠎ᠠ᠃ ᠪᠠᠰᠠ ᠲᠠᠬᠢᠶᠠᠨ ᠮᠢᠬ᠎ᠠ᠂ ᠦᠭᠡᠷ ᠤᠨ ᠮᠢᠬ᠎ᠠ᠂ ᠬᠤᠨᠢᠨ ᠮᠢᠬ᠎ᠠ᠂ ᠭᠠᠭ᠋ᠠᠢ ᠶᠢᠨ ᠡᠯᠢᠬᠡ | ᠂ ᠬᠢᠵᠢᠮᠢ ᠵᠡᠷᠬᠡ ᠶᠢ ᠢᠯᠡᠬᠦᠬᠡᠨ ᠢᠳᠡᠵᠤ ᠪᠤᠯᠤᠨ᠎ᠠ᠃ ᠡᠬᠦᠨ ᠠᠴᠠ ᠭᠠᠳᠠᠨ᠎ᠠ ᠪᠠᠰᠠ ᠬᠤᠯᠤᠤᠪᠠᠩ᠂ ᠦᠷᠬᠡᠰᠦᠳᠣ | ᠨᠤᠭᠤᠭ᠎ᠠ᠂ ᠦᠨᠦᠷᠳᠣ ᠮᠦᠬᠦ᠂ ᠬᠠᠷ᠎ᠠ ᠲᠠᠯᠳᠠᠤ ᠵᠡᠷᠬᠡ ᠶᠢ ᠦᠷᠬᠦᠯᠵᠢ ᠢᠳᠡᠪᠡᠯ ᠬᠡᠵᠢᠬᠡ ᠬᠠᠮᠠᠭᠠᠯᠠᠬᠤ ᠳᠤ ᠲᠤᠩ ᠲᠤᠰᠠᠳᠠᠢ | ᠃ | ᠲᠠᠰᠢᠶᠠᠷᠠᠯ᠄ ᠴᠠᠭᠠᠨ ᠬᠡᠵᠢᠬᠡ ᠶᠢ ᠨᠢᠬᠡ ᠰᠢᠷᠬᠡᠭ ᠦᠭᠳᠡᠬᠡᠪᠡᠯ ᠠᠷᠪᠠᠨ ᠰᠢᠷᠭᠡᠭ ᠤᠷᠭᠤᠨ᠎ᠠ ᠤᠤ︖ | ᠬᠡᠵᠢᠬᠡ ᠴᠠᠶᠢᠬᠤ ᠪᠤᠯ ᠭᠤᠤᠯᠳᠠᠭᠤ ᠡᠰ ᠤᠨ ᠣᠶᠢᠯᠡᠳᠬᠦ ᠴᠢᠳᠠᠪᠤᠷᠢ ᠮᠠᠭᠤᠳᠠᠭᠰᠠᠨ ᠠᠴᠠ ᠪᠤᠯᠵᠠᠢ᠂ | ᠡᠶᠢᠮᠤ ᠠᠴᠠ ᠴᠠᠭᠠᠨ ᠬᠡᠵᠢᠬᠡ ᠶᠢ ᠦᠭᠳᠡᠬᠡᠬᠦ ᠲᠤᠳᠤᠮ ᠤᠯᠠᠮ ᠤᠷᠭᠤᠨ᠎ᠠ᠂ ᠨᠢᠬᠡ ᠦᠭᠳᠡᠭᠡᠪᠡᠯ ᠠᠷᠪᠠ ᠤᠷᠭᠤᠨ᠎ᠠ ᠬᠡᠬᠦ | ᠬᠡᠯᠡᠯᠬᠡ ᠳᠤ ᠰᠢᠨᠵᠢᠯᠡᠬᠦ ᠤᠬᠠᠭᠠᠨᠴᠢ ᠬᠡᠷᠡᠴᠢ ᠪᠠᠷᠢᠮᠳᠠ ᠦᠭᠡᠢ ᠶᠤᠮ᠃ ᠬᠡᠳᠡᠯ᠎ᠡ ᠴᠠᠭᠠᠨ ᠬᠡᠵᠢᠬᠡ ᠶᠢ ᠦᠭᠳᠡᠬᠡᠬᠦ ᠨᠢ | ᠠᠷᠠᠰᠤᠨ ᠦᠷᠪᠢᠰᠦᠯ ᠡᠬᠦᠰᠬᠡᠬᠦ ᠶᠢᠨ ᠲᠠᠭᠠᠤ ᠪᠠᠰᠠ ᠨᠢᠬᠡ ᠦᠰᠦᠨ ᠤᠭᠤᠳᠠ ᠠᠴᠠ ᠬᠡᠳᠣ ᠬᠡᠳᠦᠨ ᠦᠰᠦ | ᠤᠷᠭᠤᠭᠤᠯᠳᠠᠭ᠃ ᠴᠠᠭᠠᠨ ᠬᠡᠵᠢᠬᠡ ᠶᠢ ᠦᠭᠳᠡᠬᠡᠪᠡᠯ ᠪᠤᠰᠤᠳ ᠡᠷᠡᠬᠦᠯ ᠬᠡᠵᠢᠬᠡ ᠶᠢᠨ ᠤᠷᠭᠤᠯᠳᠠ ᠶᠢ ᠨᠦᠯᠦᠬᠡᠯᠡᠵᠤ᠂ | ᠡᠴᠤᠰ ᠲᠤ ᠪᠠᠨ ᠬᠡᠵᠢᠬᠡ ᠤᠨᠠᠬᠤ ᠪᠤᠯᠭᠠᠨ᠎ᠠ᠃ ᠡᠶᠢᠮᠤ ᠠᠴᠠ ᠴᠠᠭᠠᠨ ᠬᠡᠵᠢᠭᠡ ᠶᠢ ᠦᠭᠳᠡᠭᠡᠭᠦ ᠶᠢ ᠰᠠᠨᠠᠭᠠᠴᠢᠯᠠᠬᠤ ᠦᠭᠡᠢ᠃ | |